ᠤᠳᠤ ᠲᠠᠢ ᠪᠤᠯᠵᠤᠭ᠎ᠠ (247) — ᠠᠮᠠᠯᠠᠯᠲᠠ
ᠡᠬᠢᠯᠡᠬᠦ᠌ ᠴᠠᠭ᠄
2026-08-10 11:29:42
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄

ᠤᠩᠰᠢᠭᠰᠠᠨ ᠤᠳᠠᠭ᠎ᠠ᠄

ᠠᠮᠠᠯᠠᠯᠲᠠ

          ᠨᠠ᠊·ᠠᠮᠢᠨᠬᠡᠰᠢᠭ


— ᠳᠠᠸᠠ᠎ᠶᠢᠨ ᠬᠦᠦ ᠵᠣᠭᠰᠣᠯᠪᠠᠲᠤ ᠭᠤᠴᠢ ᠬᠦᠷᠲᠡᠯ᠎ᠡ᠎ᠪᠡᠨ ᠰᠤᠷᠤᠯᠴᠠᠭᠠᠳ ᠡᠨᠳᠡ᠎ᠪᠠᠨ ᠬᠠᠷᠢᠭᠠᠳ ᠢᠷᠡᠴᠢᠬᠡᠵᠦ ᠭᠡᠨ᠎ᠡ᠃

— ᠲᠡᠢᠮᠦ ᠭᠡᠨ᠎ᠡ᠃ ᠢᠷᠡᠬᠦ᠎ᠪᠡᠨ ᠮᠡᠳᠡᠭᠰᠡᠨ ᠶᠤᠮ ᠪᠣᠯ ᠶᠡᠬᠡ ᠰᠤᠷᠭᠠᠭᠤᠯᠢ᠎ᠪᠠᠨ ᠲᠡᠭᠦᠰᠦᠮᠡᠭᠴᠡ ᠢᠷᠡᠨ᠎ᠡ ᠪᠢᠵᠡ᠂ ᠶᠠᠭᠤᠨ᠎ᠤ ᠬᠢᠨᠢ ᠮᠠᠰᠲᠧᠷ  ᠳ᠋ᠣᠺᠲ᠋ᠣᠷ ᠭᠡᠳ ᠬᠠᠷᠢ ᠬᠦᠷᠦᠨ ᠬᠦᠷᠲᠡᠯ᠎ᠡ ᠶᠠᠪᠤᠭᠠᠳ᠃

— ᠡᠵᠢ ᠨᠢ ᠵᠦᠭᠡᠷ ᠪᠣᠯᠤᠭᠰᠠᠨ ᠴᠢᠨᠢ ᠡᠨᠡ ᠬᠦᠦ ᠵᠣᠷᠢᠭ᠋ ᠣᠷᠣᠴᠢᠬᠠᠵᠤ ᠰᠢᠤ᠃ ᠰᠤᠷᠬᠤ ᠨᠢ ᠳᠠᠭᠠᠷᠠᠨ᠎ᠠ ᠰᠢᠳᠡ᠂ ᠳᠠᠸᠠ᠎ᠶᠢᠨ ᠠᠮᠢᠳᠤᠷᠠᠯ ᠡᠨᠡ ᠬᠡᠳᠦᠨ ᠵᠢᠯ ᠶᠡᠬᠡ ᠳᠡᠭᠡᠷᠡᠲᠡᠯ᠎ᠡ ᠭᠡᠵᠦ ᠪᠠᠢᠭᠰᠠᠨ᠃ ᠪᠣᠯᠵᠤ ᠳᠠ᠂ ᠬᠥᠭᠡᠷᠦᠬᠦᠢ᠃

ᠡᠭᠡᠪᠦᠷ ᠭᠠᠵᠠᠷ ᠨᠡᠷᠡᠯᠡᠵᠦ ᠰᠠᠭᠤᠬᠤ ᠬᠡᠳᠦᠨ ᠨᠠᠰᠤᠲᠠᠢ ᠡᠵᠢ ᠵᠣᠭᠣᠭ ᠳᠡᠯᠭᠡᠨ᠎ᠡ᠃ ᠬᠥᠮᠥᠨ ᠴᠢᠨᠢ ᠥᠲᠡᠯᠦᠭᠡᠳ ᠢᠷᠡᠪᠡᠯ ᠬᠡᠦᠬᠡᠳ ᠰᠢᠭ ᠪᠣᠯᠴᠢᠬᠠᠳᠠᠭ ᠦᠨᠡᠨ ᠭᠡᠯᠲᠡᠢ᠃ ᠢᠨᠢᠶᠡᠯᠴᠡᠵᠦ ᠢᠷᠡᠭᠡᠳ ᠠᠭᠤᠷ ᠤᠴᠠᠭᠠᠷ ᠬᠦᠷᠦᠭᠡᠳ ᠰᠠᠯᠳᠠᠭ᠎ᠴᠤ ᠤᠳᠠᠭ᠎ᠠ ᠲᠠᠢ᠃ ᠡᠨᠡ ᠡᠳᠦᠷ ᠶᠠᠷᠢᠭᠰᠠᠭᠠᠷ ᠪᠠᠢᠭᠠᠳ ᠵᠣᠭᠰᠣᠯᠪᠠᠲᠤ᠎ᠶᠢᠨ ᠭᠠᠴᠠᠭᠠᠨ᠎ᠤ᠎ᠪᠠᠨ ᠡᠮᠴᠢᠯᠡᠭᠡ᠎ᠶᠢᠨ ᠭᠠᠵᠠᠷ ᠠᠵᠢᠯᠯᠠᠭᠰᠠᠨ᠎ᠢ ᠰᠣᠨᠢᠨ ᠪᠣᠯᠭᠠᠵᠤ ᠶᠠᠷᠢᠯᠴᠠᠨ᠎ᠠ᠃

ᠵᠣᠭᠰᠣᠯᠪᠠᠲᠤ᠎ᠶᠢ ᠳᠡᠭᠡᠳᠦ ᠳᠤᠮᠳᠠᠳᠤ ᠲᠡᠭᠦᠰᠬᠦ ᠲᠡᠷᠡ ᠵᠢᠯ ᠪᠢᠯᠡ᠃ 《ᠭᠠᠢ ᠭᠠᠵᠠᠷ ᠳᠣᠣᠷ᠎ᠠ᠎ᠠᠴᠠ》 ᠭᠡᠳᠡᠭ ᠵᠢᠠᠷ ᠬᠡᠳᠦᠨ ᠵᠢᠯ ᠴᠥᠷᠬᠡᠯᠡᠭᠰᠡᠨ ᠭᠠᠩ ᠭᠠᠴᠢᠭ᠋ ᠬᠥᠳᠡᠭᠡ ᠠᠮᠢᠳᠤᠷᠠᠯ᠎ᠢ ᠬᠥᠯ ᠠᠯᠳᠠᠭᠤᠯᠵᠤ ᠪᠠᠢᠭᠰᠠᠨ ᠬᠡᠴᠡᠭᠦᠦ ᠦᠶ᠎ᠡ᠎ᠳᠦ᠂ ᠵᠣᠭᠰᠣᠯᠪᠠᠲᠤ᠎ᠶᠢᠨ ᠡᠵᠢ ᠪᠠᠳᠮ᠎ᠠ ᠭᠡᠨᠡᠳᠲᠡ᠎ᠶᠢᠨ ᠬᠦᠨᠳᠦ ᠡᠪᠡᠳᠴᠢᠨ᠎ᠳᠦ ᠨᠡᠷᠪᠡᠭᠳᠡᠨ ᠭᠡᠭᠡᠨ ᠴᠠᠭᠠᠨ ᠡᠳᠦᠷ᠎ᠢᠶᠡᠷ ᠲᠡᠭᠷᠢ ᠬᠠᠷᠠᠩᠭᠤᠢᠯᠠᠭᠰᠠᠨ ᠪᠣᠯᠵᠤ ᠪᠢᠯᠡ᠃ ᠵᠣᠯ᠎ᠢᠶᠠᠷ ᠠᠢᠯ ᠠᠢᠮᠠᠭ᠂ ᠰᠠᠳᠤᠨ ᠲᠥᠷᠥᠯ᠂ ᠬᠥᠷᠰᠢ ᠵᠡᠷᠭᠡᠯᠡᠳᠡᠭᠡ ᠵᠢᠨ ᠲᠠᠯ᠎ᠠ ᠲᠠᠯ᠎ᠠ᠎ᠠᠴᠠ ᠲᠤᠰᠠᠯᠠᠭᠰᠠᠨ᠎ᠠᠴᠠ ᠪᠠᠳᠮ᠎ᠠ ᠰᠠᠢᠨ ᠡᠮᠴᠢᠯᠡᠭᠡ ᠠᠪᠤᠨ ᠬᠤᠷᠳᠤᠨ ᠢᠯᠠᠷᠢ ᠪᠣᠯᠵᠤ ᠬᠦᠦ ᠵᠣᠭᠰᠣᠯᠪᠠᠲᠤ ᠨᠢ ᠴᠦ᠍ ᠰᠡᠳᠬᠢᠯ ᠠᠮᠤᠷ ᠤᠯᠤᠰ᠎ᠤᠨ ᠰᠢᠯᠭᠠᠯᠲᠠ᠎ᠳᠤ ᠣᠷᠣᠯᠴᠠᠭᠰᠠᠨ ᠪᠠᠢᠪᠠ᠃ ᠲᠡᠷᠡ ᠴᠠᠭ᠎ᠡᠴᠡ ᠡᠮᠴᠢ ᠪᠣᠯᠬᠤ ᠬᠠᠲᠠᠭᠤ ᠰᠢᠢᠳᠦᠯ ᠡᠪᠦᠷᠯᠡᠭᠰᠡᠨ ᠵᠣᠭᠰᠣᠯᠪᠠᠲᠤ ᠬᠠᠨᠳᠢᠪ᠎ᠤᠨ ᠠᠵᠢᠯᠯᠠᠭ᠎ᠠ᠎ᠳᠤ ᠬᠠᠨᠳᠤᠭᠤᠯᠤᠨ᠄ 《ᠲᠠ ᠨᠠᠷ ᠎ᠤᠨ ᠬᠠᠪᠰᠤᠷᠤᠯᠭ᠎ᠠ ᠎ᠶᠢ ᠡᠭᠦᠷᠢᠳᠡ ᠮᠠᠷᠲᠠᠬᠤ ᠦᠭᠡᠢ ᠶᠤᠮ᠂ ᠬᠣᠢᠰᠢᠳᠠ ᠎ᠶᠢᠨ ᠬᠢᠴᠢᠶᠡᠯ ᠰᠤᠷᠤᠯᠭ᠎ᠠ᠎ᠳᠤ᠎ᠪᠠᠨ ᠮᠡᠷᠡᠢᠨ ᠴᠢᠷᠮᠠᠢᠵᠤ ᠰᠣᠷᠣᠭᠰᠠᠨ ᠮᠡᠳᠡᠯᠭᠡ᠎ᠪᠡᠷ ᠵᠢᠡᠨ ᠲᠠ ᠨᠠᠷ᠎ᠲᠤ᠎ᠪᠠᠨ ᠦᠢᠯᠡᠴᠢᠯᠡᠵᠦ ᠠᠴᠢ ᠲᠤᠰᠠ ᠎ᠶᠢ ᠴᠢᠨᠢ ᠬᠠᠷᠢᠭᠤᠯᠠᠬᠤ ᠪᠣᠯᠣᠨ᠎ᠠ》 ᠭᠡᠵᠦ ᠵᠣᠷᠢᠭ᠍ᠲᠠᠢ ᠶᠠᠷᠢᠭ᠍ᠰᠠᠨ᠎ᠢ ᠨᠢ ᠣᠳᠣ᠌ ᠪᠣᠯᠬᠤ᠎ᠳᠤ ᠬᠡᠨ ᠪᠣᠯᠭᠠᠨ ᠴᠡᠭᠡᠵᠢᠯᠡᠭᠡᠳ ᠪᠠᠢᠬᠤ ᠪᠢᠰᠢ ᠳᠡ᠃

— ᠬᠥᠬᠡᠬᠣᠲᠠ᠎ᠳᠤ ᠦᠯᠡᠳᠡᠴᠢᠬᠡ᠂ ᠬᠠᠮᠤᠭ᠎ᠤᠨ ᠰᠠᠢᠨ ᠡᠮᠨᠡᠯᠭᠡ᠎ᠶᠢᠨ ᠬᠣᠷᠢᠶᠠᠨ᠎ᠳᠤ ᠠᠵᠢᠯᠯᠠᠬᠤ ᠪᠣᠯᠣᠨ᠎ᠠ᠃ ᠣᠷᠣᠨ ᠰᠠᠭᠤᠴᠠ᠂ ᠰᠤᠳᠤᠯᠭᠠᠨ᠎ᠤ ᠳᠠᠰᠤᠭ ᠵᠡᠷᠭᠡ ᠴᠢᠬᠤᠯᠠ ᠨᠥᠬᠥᠴᠡᠯ᠎ᠢ ᠪᠦᠷᠢᠨ ᠬᠠᠩᠭᠠᠨ᠎ᠠ ᠭᠡᠰᠡᠨ ᠤᠳᠤᠷᠢᠳᠤᠯᠭ᠎ᠠ᠎ᠶᠢᠨ ᠵᠥᠪᠯᠡᠮᠵᠢ᠎ᠳᠦ ᠲᠠᠯᠠᠷᠬᠠᠨ ᠪᠤᠴᠠᠭᠰᠠᠨ ᠵᠣᠭᠰᠣᠯᠪᠠᠲᠤ ᠠᠷᠪᠠᠨ ᠵᠢᠯ᠎ᠦᠨ ᠡᠮᠤᠨᠡᠬᠢ ᠠᠢᠯ ᠭᠣᠣᠯ᠎ᠳᠤ᠎ᠪᠠᠨ ᠲᠠᠯᠪᠢᠭ᠍ᠰᠠᠨ ᠠᠮᠠᠯᠠᠯᠲᠠ᠎ᠪᠠᠨ ᠳᠡᠭᠡᠳᠦᠯᠡᠭᠰᠡᠭᠡᠷ ᠬᠠᠷᠢᠵᠤ ᠢᠷᠡᠵᠦ ᠡᠮᠴᠢᠯᠡᠭᠡᠳ ᠵᠢᠯ᠎ᠦᠨ ᠨᠢᠭᠤᠷ ᠦᠵᠡᠴᠢᠬᠡᠵᠡᠢ᠃

— ᠡᠨᠡ ᠬᠦᠦ ᠢᠷᠡᠭᠰᠡᠨ᠎ᠡᠴᠡ ᠠᠪᠤᠭᠠᠳ ᠮᠠᠨ᠎ᠤ ᠭᠠᠴᠠᠭᠠᠨ᠎ᠤ ᠡᠮᠴᠢ᠎ᠵᠢᠨ ᠭᠡᠷ ᠰᠠᠢᠵᠢᠷᠠᠭᠰᠠᠨ᠂ ᠥᠭᠡᠷ᠎ᠡ ᠭᠠᠴᠠᠭᠠᠨ᠎ᠤ ᠬᠢ ᠪᠠᠰᠠ ᠢᠷᠡᠵᠦ ᠦᠵᠡᠭᠦᠯᠵᠦ ᠪᠠᠢᠨ᠎ᠠ᠃

— ᠬᠠᠷᠢᠨ ᠭᠡᠮ᠂ ᠣᠳᠣ᠌ ᠴᠢᠨᠢ ᠠᠢᠯ᠎ᠤᠨ ᠬᠣᠲᠣᠭᠣᠷ᠎ᠠᠴᠠ᠎ᠪᠠᠨ ᠭᠠᠷᠬᠤ ᠦᠭᠡᠢ ᠡᠮᠨᠡᠭᠦᠯᠴᠢᠬᠡᠨ᠎ᠡ᠃ ᠨᠡᠢᠭᠡᠮ ᠰᠠᠢᠵᠢᠷᠠᠵᠠᠢ᠂ ᠬᠡᠦᠬᠡᠳ᠎ᠦᠳ ᠪᠢᠴᠢᠭ ᠰᠣᠶᠣᠯ ᠰᠣᠷᠣᠭᠠᠳ ᠰᠠᠢᠬᠠᠨ ᠪᠠᠢᠨ᠎ᠠ ᠭᠡᠵᠦ ᠬᠠᠭᠤᠷᠠᠢ ᠵᠡᠭᠦᠦ ᠬᠠᠳᠬᠤᠭᠤᠯᠵᠤ ᠰᠠᠭᠤᠭ᠎ᠠ ᠬᠡᠳᠦᠨ ᠨᠠᠰᠤᠲᠠᠨ ᠱᠠᠭ᠍ᠰᠢᠨ ᠪᠠᠬᠠᠳᠤᠨ᠎ᠠ᠃

— ᠵᠣᠭᠰᠣᠯᠪᠠᠲᠤ ᠡᠮᠴᠢ ᠪᠠᠢᠨ᠎ᠠ ᠦᠦ? ᠬᠦᠦ ᠨᠠᠭᠠᠳᠴᠤ ᠪᠠᠢᠭᠠᠳ ᠰᠠᠨᠳᠠᠯᠢ ᠳᠡᠭᠡᠷ᠎ᠡ᠎ᠡᠴᠡ ᠣᠢᠴᠢᠭᠠᠳ ᠪᠥᠭᠡᠯᠵᠢᠭᠡᠳ ᠪᠠᠢᠨ᠎ᠠ᠃

— ᠬᠤᠷᠳᠤᠨ ᠠᠪᠤᠭᠠᠳ ᠢᠷ᠎ᠡ᠂ ᠲᠠᠷᠢᠬᠢ ᠳᠣᠷᠭᠢᠭ᠍ᠰᠠᠨ ᠪᠠᠢᠪᠠᠯ ᠡᠮ ᠳᠠᠩ᠎ᠢᠶᠠᠷ ᠭᠣᠷᠢ ᠦᠭᠡᠢ᠂ ᠤᠯᠠᠮᠵᠢᠯᠠᠯᠲᠤ ᠠᠷᠭ᠎ᠠ᠎ᠪᠠᠷ ᠵᠠᠰᠠᠴᠢᠬᠠᠨ᠎ᠠ ᠭᠡᠵᠦ ᠵᠣᠭᠰᠣᠯᠪᠠᠲᠤ ᠭᠠᠷ ᠤᠲᠠᠰᠤ᠎ᠪᠠᠷ ᠶᠠᠷᠢᠬᠤ᠎ᠶᠢᠨ ᠳᠠᠭᠠᠤ ᠪᠤᠮᠪᠠ ᠰᠣᠷᠣᠭᠤᠯ ᠲᠠᠯᠪᠢᠭᠤᠯᠵᠤ ᠪᠠᠢᠭ᠎ᠠ ᠡᠪᠡᠳᠴᠢᠲᠡᠨ᠎ᠦ ᠪᠠᠢᠳᠠᠯ᠎ᠢ ᠰᠢᠨᠵᠢᠨ᠎ᠡ᠃

— ᠰᠠᠢᠨ ᠪᠠᠢᠨ᠎ᠠ᠎ᠤᠤ?ᠭᠡᠬᠦ ᠳᠠᠭᠤᠨ᠎ᠳᠤ ᠤᠭᠲᠤᠨ ᠬᠠᠷᠠᠪᠠᠯ ᠰᠠᠷ᠎ᠠ᠎ᠶᠢᠨ ᠡᠮᠦᠨ᠎ᠡ ᠪᠢᠴᠢᠬᠠᠨ ᠬᠦᠦ᠎ᠳᠦ᠎ᠪᠡᠨ ᠰᠡᠪᠡᠰᠦᠯᠡᠬᠦ ᠵᠠᠰᠠᠯ ᠬᠢᠯᠭᠡᠬᠦ ᠰᠠᠨᠠᠭᠤᠯᠭ᠎ᠠ ᠠᠪᠤᠭᠰᠠᠨ ᠬᠣᠢᠲᠤ ᠭᠣᠣᠯ᠎ᠤᠨ ᠬᠥᠭᠵᠢᠯ ᠵᠠᠯᠠᠭᠤ ᠢᠷᠡᠭᠡᠳ ᠪᠠᠢᠯ᠎ᠠ᠃ ᠬᠠᠰᠢᠶᠠᠯᠠᠭ᠎ᠠ᠎ᠶᠢᠨ ᠬᠤᠭᠤᠴᠠᠭ᠎ᠠ ᠳᠠᠭᠤᠰᠴᠤ ᠴᠢᠯᠦᠭᠡ ᠵᠠᠪ᠎ᠲᠠᠢ ᠪᠣᠯᠤᠭᠰᠠᠨ ᠲᠡᠷᠡ᠂ ᠬᠦᠦ ᠎ᠶᠢᠨ᠎ᠢᠶᠡᠨ ᠠᠷᠬᠠᠭ᠎ᠢ ᠲᠠᠲᠠᠭᠤᠯᠬᠤ ᠭᠡᠵᠦ ᠡᠮᠴᠢ᠎ᠶᠢᠨ ᠵᠠᠯᠠᠯᠭ᠎ᠠ᠎ᠳᠤ ᠶᠠᠪᠤᠭ᠎ᠠ ᠨᠢ ᠡᠨᠡ ᠠᠵᠢ᠃

— ᠰᠡᠪᠡᠰᠦᠯᠡᠬᠦ ᠵᠠᠰᠠᠯ᠂ ᠠᠢᠷᠠᠭ᠎ᠤᠨ ᠷᠠᠰᠢᠶᠠᠨ ᠵᠠᠰᠠᠯ᠂ ᠪᠠᠢᠭᠠᠯᠢᠯᠢᠭ᠋ ᠷᠠᠰᠢᠶᠠᠨ ᠵᠠᠰᠠᠯ᠂ ᠪᠠᠷᠢᠬᠤ ᠵᠠᠰᠠᠯ ᠭᠡᠳ ᠪᠦᠷ ᠯᠡ ᠴᠡᠭᠡᠷ ᠰᠤᠢᠯᠠᠭ᠎ᠠ ᠴᠢᠩᠭ᠎ᠠ ᠵᠠᠰᠠᠯ᠃ ᠰᠡᠪᠡᠰᠦᠯᠡᠬᠦ ᠵᠠᠰᠠᠯ᠎ᠢ ᠭᠣᠣᠯ ᠨᠢ ᠵᠤᠨ᠂ ᠨᠠᠮᠤᠷ ᠬᠢᠨ᠎ᠡ᠃ ᠪᠢᠯᠢᠭ᠎ᠦᠨ ᠲᠣᠭᠠᠯᠠᠯ᠎ᠤᠨ ᠠᠷᠪᠠᠨ ᠲᠠᠪᠤᠨ᠂ ᠭᠤᠴᠢᠨ᠎ᠳᠤ ᠬᠢᠳᠡᠭ ᠦᠭᠡᠢ᠂ ᠤᠯᠠᠭᠠᠨ᠂ ᠤᠯᠠᠭᠠᠭ᠍ᠴᠢᠨ ᠡᠳᠦᠷ᠎ᠢ ᠴᠡᠭᠡᠷᠯᠡᠳᠡᠭ᠃ ᠬᠣᠨᠢ᠂ ᠢᠮᠠᠭ᠎ᠠ ᠠᠯᠢ᠎ᠶᠢ ᠨᠢ ᠬᠡᠷᠡᠭᠯᠡᠭᠰᠡᠨ ᠴᠦ᠍ ᠪᠣᠯᠣᠨ᠎ᠠ᠂ ᠡᠷᠡᠭᠲᠡᠢ ᠬᠥᠮᠥᠨ᠎ᠳᠦ ᠡᠮ᠎ᠡ ᠮᠠᠯ ᠵᠠᠷᠤᠵᠤ᠂ ᠡᠮᠡᠭᠲᠡᠢ ᠬᠥᠮᠥᠨ᠎ᠳᠦ ᠡᠷ᠎ᠡ ᠮᠠᠯ ᠵᠠᠷᠤᠳᠠᠭ᠂ ᠪᠦᠷ ᠨᠠᠰᠤ ᠭᠦᠢᠴᠡᠭᠰᠡᠨ ᠲᠠᠷᠭᠤ ᠬᠦᠴᠦ ᠰᠠᠢᠲᠠᠢ ᠮᠠᠯ ᠵᠠᠷᠤᠨ᠎ᠠ᠃ ᠵᠢᠪᠠᠷ ᠰᠠᠯᠬᠢᠨ ᠦᠭᠡᠢ᠂ ᠨᠣᠢᠲᠠᠨ ᠴᠢᠭᠢᠭ ᠦᠭᠡᠢ᠂ ᠪᠦᠷᠬᠦᠭ ᠰᠡᠷᠢᠭᠦᠬᠡᠨ ᠡᠳᠦᠷ ᠪᠢᠰᠢ ᠪᠣᠯ ᠪᠦᠷ ᠪᠣᠯᠣᠨ᠎ᠠ᠃ ᠵᠠᠷᠤᠬᠤ ᠡᠮ ᠳᠠᠩ᠎ᠢᠶᠠᠨ ᠪᠡᠯᠡᠬᠡᠨ ᠪᠣᠯᠭᠠᠴᠢᠬᠠᠶ᠎ᠠ᠂ ᠲᠠ ᠡᠳᠦᠷ᠎ᠢᠶᠡᠨ ᠲᠣᠭᠲᠠᠪᠠᠯ ᠨᠠᠳᠠ ᠤᠷᠤᠭᠤ ᠶᠠᠷᠢᠴᠢᠬ᠎ᠠ᠃ ᠲᠠ ᠪᠠᠰᠠ ᠨᠠᠭᠠᠰᠢ ᠴᠠᠭᠠᠰᠢ ᠭᠦᠶᠦᠭᠡᠳ ᠶᠠᠭᠠᠬᠢᠬᠤ ᠪᠣᠢ ᠭᠡᠵᠦ ᠵᠣᠭᠰᠣᠯᠪᠠᠲᠤ ᠨᠠᠷᠢᠯᠢᠭ᠋ ᠰᠠᠢᠬᠠᠨ ᠶᠠᠷᠢᠬᠤ᠎ᠳᠤ᠂ ᠪᠠᠭ᠍ᠰᠢ᠎ᠶᠢᠨ ᠬᠢᠴᠢᠶᠡᠯ᠎ᠢ ᠰᠣᠨᠣᠰᠴᠤ ᠪᠠᠢᠬᠤ ᠰᠢᠭ᠋ ᠰᠡᠳᠬᠢᠯ ᠲᠠᠯᠪᠢᠨ ᠴᠢᠩᠨᠠᠭᠰᠠᠨ ᠰᠠᠶᠢᠬᠢ ᠵᠠᠯᠠᠭᠤ᠄

— ᠡᠮᠴᠢ᠎ᠳᠦ ᠲᠠᠯᠠᠷᠬᠠᠵᠤ ᠪᠠᠢᠨ᠎ᠠ᠂ ᠦᠷ᠎ᠡ᠎ᠡᠴᠡ ᠲᠡᠭᠷᠢ ᠵᠣᠬᠢᠷᠠᠬᠤ ᠪᠠᠢᠬ᠎ᠠ᠂ ᠡᠳᠦᠷ᠎ᠢᠶᠡᠨ ᠲᠣᠭᠲᠠᠭᠠᠳ ᠲᠠᠨ᠎ᠲᠠᠢ ᠬᠠᠷᠢᠴᠠᠶ᠎ᠠ ᠭᠡᠳ ᠪᠠᠶᠠᠷᠲᠠᠢ ᠨᠢ ᠠᠷᠭ᠎ᠠ ᠦᠭᠡᠢ ᠮᠦᠰᠢᠶᠡᠵᠦ ᠪᠠᠢᠯ᠎ᠠ᠃ 

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号