ᠣᠳᠣ ᠲᠠᠢ ᠪᠣᠯᠵᠣᠭ᠎ᠠ (238) ᠠᠢᠯ ᠤᠰᠤ ᠠᠢᠮᠠᠭ ᠬᠠᠵᠠᠭᠤ
ᠡᠬᠢᠯᠡᠬᠦ᠌ ᠴᠠᠭ᠄
2026-06-08 17:42:11
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄

ᠤᠩᠰᠢᠭᠰᠠᠨ ᠤᠳᠠᠭ᠎ᠠ᠄

ᠠᠢᠯ ᠤᠰᠤ ᠠᠢᠮᠠᠭ ᠬᠠᠵᠠᠭᠤ

                  ·ᠮ·ᠬᠠᠰᠪᠠᠭᠠᠨ᠎ᠠ     

- ᠶᠠᠪᠤᠵᠠᠭᠠᠶ᠎ᠠ! ᠬᠠᠤᠯᠢ᠎ᠳᠤ ᠶᠠᠪᠤᠵᠠᠭᠠᠶ᠎ᠠ!

- ᠶᠠᠪᠤᠪᠠᠯ ᠶᠠᠪᠤᠵᠠᠭᠠᠶ᠎ᠠ! ᠪᠢᠳᠡ ᠴᠢᠮ᠎ᠠ᠎ᠠᠴᠠ ᠠᠶᠤᠬᠤ ᠶᠤᠮ ᠦᠦ! ᠭᠡᠵᠦ ᠤᠷᠢᠲᠠᠢ ᠬᠣᠢᠲᠠᠢ ᠰᠠᠭᠤᠭᠰᠠᠨ ᠬᠣᠶᠠᠷ ᠠᠢᠯ᠎ᠤᠨ ᠬᠢ ᠵᠠᠷᠭᠤ ᠬᠢᠬᠦ᠎ᠪᠡᠷ ᠪᠣᠯᠵᠤ ᠪᠠᠢᠨ᠎ᠠ᠃


 0.jpg


ᠵᠠᠷᠭᠤ᠎ᠶᠢᠨ ᠤᠴᠢᠷ᠄ ᠬᠣᠢᠲᠤ ᠠᠢᠯ᠎ᠤᠨ ᠬᠢ ᠨᠢ ᠬᠣᠶᠠᠷ ᠠᠢᠯ᠎ᠤᠨ ᠭᠣᠣᠯ᠎ᠢᠶᠠᠷ ᠲᠡᠮᠦᠷ ᠤᠲᠠᠰᠤᠨ ᠲᠣᠣᠷ ᠲᠠᠲᠠᠬᠤ᠎ᠳᠤ ᠎ᠪᠠᠨ ᠤᠷᠲᠤ ᠠᠢᠯ ᠎ᠤᠨ ᠪᠡᠯᠴᠢᠭᠡᠷ ᠎ᠢ ᠠᠷᠪᠠᠨ ᠠᠯᠲᠠ ᠥᠷᠭᠡᠨ ᠎ᠢᠶᠡᠷ ᠡᠯᠭᠦᠭᠳᠡᠭᠦᠯᠦᠨ ᠠᠪᠤᠭᠰᠠᠨ᠎ᠳᠤ ᠤᠷᠲᠤ ᠠᠢᠯ᠎ᠤᠨ ᠬᠢ ᠨᠢ ᠵᠥᠪᠰᠢᠭᠡᠷᠢ ᠠᠯᠳᠠᠵᠤ ᠬᠡᠯᠡᠯᠴᠡᠭᠰᠡᠭᠡᠷ ᠪᠠᠢᠭᠠᠳ ᠴᠤᠤᠭᠢᠯᠴᠠᠵᠤ᠂ ᠴᠤᠤᠭᠢᠯᠴᠠᠵᠤ ᠪᠠᠢᠭᠰᠠᠭᠠᠷ ᠵᠣᠳᠣᠯᠴᠠᠵᠤ᠂ ᠤᠷᠲᠤ ᠠᠢᠯ᠎ᠤᠨ ᠬᠢᠨᠢ ᠰᠣᠶᠣᠯᠲᠤ ᠬᠣᠢᠲᠤ ᠠᠢᠯ᠎ᠤᠨ ᠳᠠᠪᠰᠢᠯᠲᠤ᠎ᠶᠢᠨ ᠲᠣᠯᠣᠭᠠᠢ᠎ᠶᠢ ᠨᠢ ᠰᠢᠷᠬᠠᠲᠤᠭᠤᠯᠵᠤ ᠶᠠᠪᠤᠳᠠᠯ ᠪᠣᠯᠵᠠᠢ᠃

ᠭᠠᠴᠠᠭᠠᠨ᠎ᠤ ᠬᠢᠨᠢ ᠤᠳᠤᠷᠢᠳᠤᠯᠭ᠎ᠠ ᠨᠥᠯᠥᠭᠡ᠎ᠪᠡᠨ ᠪᠣᠳᠣᠵᠤ ᠡᠨᠡ ᠵᠠᠷᠭᠤ ᠎ᠶᠢ ᠬᠠᠤᠯᠢ᠎ᠳᠤ ᠣᠷᠣᠭᠤᠯᠬᠤ ᠰᠠᠨᠠᠭ᠎ᠠ ᠦᠭᠡᠢ ᠪᠣᠯᠬᠤ᠎ᠳᠤ ᠨᠠᠮ᠎ᠤᠨ ᠡᠭᠦᠷ᠎ᠦᠨ ᠡᠪᠦᠭᠡᠨ ᠱᠦᠵᠢ ᠡᠨᠡ ᠶᠠᠪᠤᠳᠠᠯ᠎ᠢ ᠳᠣᠲᠣᠷ᠎ᠠ᠎ᠪᠠᠨ ᠰᠢᠢᠳᠪᠦᠷᠢᠯᠡᠬᠦ ᠭᠡᠵᠦ ᠬᠣᠰᠢᠭᠤᠨ᠎ᠳᠤ ᠠᠴᠢ ᠵᠢᠭᠡ ᠳ᠋ᠦ ᠪᠠᠨ ᠪᠤᠳᠠᠭ᠎ᠠ ᠴᠢᠨᠠᠳᠠᠭ ᠬᠣᠶᠠᠷ ᠠᠢᠯ᠎ᠤᠨ ᠶᠡᠬᠡᠮᠡᠳ᠎ᠢ ᠳᠠᠭᠤᠳᠠᠬᠤ᠎ᠪᠠᠷ ᠪᠣᠯᠵᠠᠢ᠃

ᠬᠣᠶᠠᠷ ᠠᠢᠯ᠎ᠤᠨ ᠶᠡᠬᠡᠮᠡᠳ᠂ ᠰᠣᠶᠣᠯᠲᠤ᠎ᠶᠢᠨ ᠡᠴᠢᠭᠡ ᠡᠬᠡ ᠪᠠᠯᠳᠠᠨ᠂ ᠪᠠᠳᠮᠠᠴᠡᠴᠡᠭ ᠬᠣᠶᠠᠭᠤᠯᠠ ᠤᠷᠢᠳ᠎ᠢᠶᠠᠷ ᠢᠷᠡᠵᠡᠢ᠃

ᠳᠠᠷᠠᠭ᠎ᠠ᠎ᠪᠠᠷ ᠨᠢ ᠳᠠᠪᠰᠢᠯᠲᠤ ᠎ᠶᠢᠨ ᠡᠴᠢᠭᠡ ᠠᠮᠤᠷᠵᠠᠶᠠᠭ᠎ᠠ᠂ ᠡᠬᠡ ᠨᠢ ᠰᠠᠷᠠᠨᠭᠡᠷᠡᠯ ᠢᠷᠡᠭᠰᠡᠨ ᠪᠥᠭᠡᠳ ᠠᠮᠤᠷᠵᠠᠶᠠᠭ᠎ᠠ ᠡᠭᠦᠳᠡ ᠎ᠪᠡᠷ ᠣᠷᠣᠵᠤ ᠢᠷᠡᠮᠡᠭᠴᠡ ᠪᠠᠨ ᠪᠠᠯᠳᠠᠨ ᠎ᠢ ᠬᠠᠷᠠᠵᠤ ᠪᠦᠰᠡᠨ᠎ᠳᠦ ᠰᠦᠢᠷᠠᠭᠰᠠᠨ ᠮᠥᠩᠭᠥᠨ ᠴᠡᠭᠡᠵᠢ᠂ ᠹᠧᠢ᠍ᠢᠼᠦᠢ᠍ᠢ ᠰᠢᠯᠪᠢ᠎ᠲᠠᠢ ᠲᠠᠮᠠᠬᠢᠨ ᠲᠣᠭᠣᠭ᠎ᠠ᠎ᠪᠠᠨ ᠰᠤᠭᠤᠯᠵᠤ ᠠᠪᠤᠩᠭᠤᠲᠠ᠎ᠪᠠᠨ ᠪᠠᠯᠳᠠᠨ᠎ᠢᠶᠠᠨ ᠣᠷᠣᠢ ᠲᠦᠷᠦᠭᠦᠦ ᠦᠭᠡᠢ ᠴᠣᠬᠢᠪᠠᠯ ᠪᠠᠯᠳᠠᠨ ᠨᠢ ᠭᠠᠷ᠎ᠢᠶᠠᠷ᠎ᠢᠶᠠᠨ ᠲᠣᠯᠣᠭᠠᠢ᠎ᠪᠠᠨ ᠬᠠᠮᠠᠭᠠᠯᠠᠵᠤ᠄

- ᠬᠥᠶᠢ! ᠶᠠᠭᠠᠬᠢᠬᠤ ᠶᠤᠮ ᠠ᠋? ᠶᠣ! ᠴᠢ ᠦᠨᠡᠬᠡᠷ ᠡᠪᠡᠳᠬᠡᠵᠦ ᠪᠠᠢᠨ᠎ᠠ ᠭᠡᠪᠡᠯ ᠠᠮᠤᠷᠵᠠᠶᠠᠭ᠎ᠠ ᠨᠢ᠄

- ᠡᠪᠡᠳᠳᠡᠭ ᠶᠤᠮ ᠪᠠᠢᠨ᠎ᠠ᠎ᠤᠤ? ᠬᠡᠨ ᠴᠢᠮ᠎ᠠ ᠵᠢ ᠡᠪᠡᠳ ᠭᠡᠰᠡᠨ ᠶᠤᠮ?ᠴᠢ ᠶᠡᠷᠦ᠎ᠳᠦ᠎ᠪᠡᠨ ᠳ᠋ᠠᠳᠢᠩ(ᠰᠦᠷᠡᠬᠡᠢ) ᠡᠷ᠎ᠡ ᠶᠤᠮ ᠠ! ᠴᠢ ᠨᠠᠮ᠎ᠠ᠎ᠶᠢ ᠶᠠᠭᠠᠬᠢᠵᠤ ᠪᠠᠢᠳᠠᠭ ᠪᠢᠯᠡ? ᠭᠡᠭᠰᠡᠭᠡᠷ ᠲᠣᠯᠣᠭᠠᠢ᠎ᠪᠠᠨ ᠬᠠᠯᠬᠠᠯᠠᠭᠰᠠᠨ ᠭᠠᠷ᠎ᠤᠨ ᠴᠠᠷᠪᠠᠭᠤ᠂ ᠬᠤᠷᠤᠭᠤ᠎ᠶᠢ ᠨᠢ ᠴᠣᠬᠢᠪᠠ᠃ ᠪᠠᠯᠳᠠᠨ ᠨᠢ᠄

- ᠬᠥᠶᠢ᠂ ᠪᠠᠢᠶ᠎ᠠ! ᠪᠠᠢᠶ᠎ᠠ ᠬᠥ! ᠦᠨᠡᠬᠡᠷ ᠡᠪᠡᠳᠴᠦ ᠪᠠᠢᠨ᠎ᠠ ᠰᠢᠤ ᠭᠡᠬᠦ᠎ᠳᠦ ᠠᠮᠤᠷᠵᠠᠶᠠᠭ᠎ᠠ᠎ᠶᠢᠨ ᠪᠦᠰᠡᠭᠦᠢ ᠰᠠᠷᠠᠠᠭᠡᠷᠡᠯ᠄

 - ᠡᠨᠡ ᠨᠢᠭᠡ ᠬᠣᠶᠠᠷ ᠶᠠᠭᠤᠮ᠎ᠠ ᠬᠡᠵᠢᠶ᠎ᠡ ᠴᠦ᠍ ᠲᠡᠭᠡᠵᠦ ᠯᠠ ᠪᠠᠢᠳᠠᠭ ᠶᠤᠮ᠃ ᠬᠥᠭᠰᠢᠷᠡᠵᠦ ᠪᠠᠢᠨ᠎ᠠ ᠰᠢᠤ ᠲᠠᠨ ᠎ᠤ ᠬᠣᠶᠠᠭᠤᠯᠠ! ᠴᠠᠢ ᠎ᠶᠢᠨ ᠳᠡᠪᠦᠷ᠎ᠡ ᠣᠩᠬᠣᠯᠢᠭᠤᠯ᠂ ᠲᠠᠨ᠎ᠤ ᠬᠣᠶᠠᠷ!ᠭᠡᠪᠡᠯ ᠠᠮᠤᠷᠵᠠᠶᠠᠭ᠎ᠠ ᠨᠢ ᠪᠣᠯᠢᠵᠤ᠂ ᠵᠣᠳᠣᠭᠳᠠᠵᠤ ᠰᠠᠨᠳᠤᠷᠤᠭᠰᠠᠨ ᠨᠥᠭᠥᠭᠡ ᠪᠠᠨ ᠬᠠᠷᠠᠨ᠄

- ᠵᠠ᠂ ᠰᠠᠢᠨ ᠪᠠᠢᠨ᠎ᠠ ᠦᠦ? ᠪᠡᠶ᠎ᠡ ᠲᠡᠩᠬᠡᠭᠡ ᠰᠠᠢᠨ? ᠭᠡᠯ᠎ᠡ᠃ ᠪᠠᠯᠳᠠᠨ ᠨᠢ ᠡᠪᠡᠳᠦᠭᠰᠡᠨ ᠬᠤᠷᠤᠭᠤ᠎ᠪᠠᠨ ᠪᠠᠷᠢᠵᠤ᠄

- ᠰᠠᠢᠨ᠂ ᠰᠠᠢᠨ! ᠶᠡᠷᠦ ᠰᠠᠢᠨ! ᠭᠡᠯ᠎ᠡ᠃ ᠠᠮᠤᠷᠵᠠᠶᠠᠭ᠎ᠠ ᠨᠢ᠄

- ᠮᠠᠯ ᠰᠠᠢᠨ ᠪᠠ? ᠭᠡᠪᠡᠯ ᠪᠠᠯᠳᠠᠨ ᠨᠢ᠄

- ᠰᠠᠢᠨ! ᠰᠠᠢᠨ! ᠮᠠᠯ ᠭᠡᠬᠦᠯᠡᠷ ᠮᠠᠨᠤᠰ ᠣᠳᠣ᠌ ᠮᠠᠯ᠎ᠠᠴᠠ᠎ᠪᠠᠨ ᠰᠠᠯᠤᠭᠰᠠᠨ ᠬᠥᠮᠥᠰ ᠮᠡᠳᠡᠬᠦ ᠦᠭᠡᠢ ᠪᠠᠢᠨ᠎ᠠ! ᠰᠤᠷᠠᠭ᠎ᠢ ᠨᠢ ᠰᠣᠨᠤᠰᠬᠤᠯᠠᠷ ᠮᠠᠯ᠎ᠳᠤ ᠨᠢᠭᠡ ᠰᠦᠷᠡᠬᠡᠢ ᠬᠠᠮᠠᠭᠤ ᠶᠠᠪᠤᠵᠤ ᠪᠠᠢᠨ᠎ᠠ ᠭᠡᠵᠦ ᠪᠠᠢᠨ᠎ᠠ᠃ ᠬᠠᠮᠠᠭᠤ ᠭᠡᠬᠦᠯᠡᠷ ᠨᠢ ᠤᠳᠤᠭᠠᠷᠢ᠎ᠶᠢᠨ ᠨᠦᠬᠡᠨ᠎ᠳᠦ ᠬᠠᠭᠠᠵᠤ ᠣᠲᠣᠭᠰᠠᠭᠠᠷ ᠯᠠ ᠠᠮᠠᠷᠬᠠᠨ ᠡᠳᠡᠭᠡᠷᠡᠳᠡᠭ ᠶᠤᠮ ᠡ᠃ ᠴᠢ ᠴᠡᠭᠡᠵᠢᠯᠡᠵᠦ ᠪᠠᠢᠨ᠎ᠠ ᠦᠦ? ᠲᠠᠨ᠎ᠤ ᠶᠡᠬᠡ ᠨᠠᠰᠤᠲᠤ (ᠡᠴᠢᠭᠡ) ᠯᠠ ᠰᠠᠢᠬᠠᠨ ᠣᠳᠣᠳᠠᠭ ᠬᠥᠮᠥᠨ ᠪᠠᠢᠯ᠎ᠠ᠃ ᠮᠠᠯ ᠎ᠤᠨ ᠤᠳᠤᠭᠠᠷᠢᠨ ᠳ᠋ᠦ ᠶᠠᠭᠤ ᠤᠷᠤᠳᠠᠭ ᠪᠢᠯᠡ? ᠮᠢᠨᠤ ᠮᠡᠳᠡᠬᠦ᠎ᠪᠡᠷ ᠤᠯᠠᠭᠠᠨ ᠯᠠᠵᠤᠤ᠂ ᠮᠦᠭᠡᠢ (ᠦᠮᠡᠬᠡᠢ) ᠬᠤᠷᠤᠬᠠᠢ᠂ ᠦᠬᠦᠭᠰᠡᠨ ᠬᠦᠮᠦᠨ᠎ᠤ ᠭᠠᠪᠠᠯᠠ᠎ᠵᠢᠨ ᠶᠠᠰᠤ᠂ ᠮᠤᠭᠠᠢ ᠵᠢᠨ ᠵᠤᠯᠪᠤᠳᠠᠰᠤ (ᠬᠠᠯᠢᠰᠤ)᠂ ᠳᠠᠯᠠᠨ ᠲᠦᠷᠦᠭᠦᠦ᠎ᠵᠢᠨ ᠤᠯᠠᠭᠠᠨ ᠬᠤᠷᠤᠬᠠᠢ ᠯᠠ ᠤᠷᠤᠳᠠᠭ ᠰᠢᠭ᠋ ᠪᠢᠯᠡ ᠭᠡᠪᠡ᠃


微信图片_2026-06-05_104929_328.jpg


ᠠᠮᠤᠷᠵᠠᠶᠠᠭ᠎ᠠ᠄

— ᠪᠢ ᠮᠠᠷᠲᠠᠴᠢᠬᠠᠭᠰᠠᠨ᠂ ᠮᠠᠷᠲᠠᠴᠢᠬᠠᠭᠰᠠᠨ᠂ ᠠᠪᠠᠢ ᠬᠡᠯᠡᠬᠦ᠎ᠳᠦ᠎ᠪᠡᠨ ᠬᠠᠮᠠᠭᠤᠲᠠᠢ ᠠᠢᠯ᠎ᠤᠨ ᠮᠠᠯ᠎ᠲᠠᠢ ᠨᠡᠢᠯᠡᠬᠦ᠎ᠶᠢ ᠯᠠ ᠬᠢᠴᠢᠶᠡ ᠭᠡᠳᠡᠭ ᠶᠤᠮ᠂ ᠴᠢ ᠰᠣᠨᠣᠰᠪᠠ ᠦᠦ? ᠮᠠᠨ᠎ᠤ ᠰᠠᠶᠢᠬᠢ ᠴᠡᠩᠭᠡᠯᠴᠢᠯᠠᠭᠤ᠎ᠶᠢᠨ ᠮᠣᠷᠢ ᠬᠤᠷᠳᠤᠨ ᠪᠣᠯᠣᠯ᠎ᠠ ᠭᠡᠵᠦ ᠪᠠᠢᠨ᠎ᠠ᠃ ᠨᠢᠭᠡ ᠬᠡᠯᠡᠶ᠎ᠡ ᠭᠡᠰᠡᠨ ᠨᠢ ᠬᠣᠨᠣᠭ᠎ᠤᠨ ᠡᠪᠡᠰᠦ ᠪᠣᠷᠣ᠌ ᠪᠤᠷᠴᠠᠭ ᠵᠢᠡᠷ ᠲᠦᠭᠵᠢᠵᠦ ᠪᠠᠢᠭᠠᠳ ᠪᠣᠬᠢᠯᠤᠭᠤᠯᠵᠤ (ᠲᠡᠩᠬᠡᠭᠡ ᠬᠡᠲᠦᠷᠡᠭᠦᠯᠵᠦ) ᠤᠨᠤᠵᠤ ᠶᠠᠪᠤᠵᠤ ᠪᠠᠢᠭᠠᠳ ᠭᠡᠨᠡᠳᠲᠡ ᠲᠤᠢᠯᠡᠵᠤ᠂ ᠮᠠᠭᠤ ᠴᠡᠩᠭᠡᠯᠴᠢᠯᠠᠭᠤ᠎ᠶᠢ ᠲᠣᠯᠣᠭᠠᠢ᠎ᠪᠠᠷ ᠨᠢ ᠭᠠᠵᠠᠷ ᠬᠠᠳᠬᠤᠨ᠂ ᠬᠣᠶᠠᠷ ᠬᠥᠯ ᠨᠢ ᠲᠡᠮᠡᠭᠡᠨ ᠣᠩᠭᠣ᠌ ᠪᠣᠰᠴᠤ ᠬᠦᠵᠦᠭᠦᠦ᠎ᠪᠡᠨ ᠬᠤᠭᠤᠯᠴᠢᠬᠠᠬᠤ ᠰᠢᠬᠠᠯ᠎ᠠ ᠭᠡᠵᠦ  ᠪᠠᠢᠨ᠎ᠠ᠃ ᠴᠢ ᠤᠵᠠᠭᠤᠷ᠎ᠲᠤ ᠬᠣᠯᠠ ᠮᠣᠷᠢ᠎ᠪᠠᠨ ᠪᠣᠬᠢᠯᠤᠭᠤᠯᠵᠤ ᠴᠢᠮ᠎ᠠ᠎ᠶᠢ ᠰᠢᠪᠠᠭ ᠬᠠᠷᠭᠠᠨ᠎ᠠ᠎ᠶᠢᠨ ᠳᠡᠭᠡᠭᠦᠷ ᠴᠢᠷᠦᠯ᠎ᠡ ᠭᠡᠰᠡᠨ ᠪᠢᠰᠢ ᠪᠢᠯᠡ ᠦᠦ? ᠰᠡᠭᠦᠯ᠎ᠳᠦ ᠴᠢ ᠶᠠᠭᠠᠬᠢᠵᠤ ᠨᠤᠭᠤᠯᠵᠤ ᠠᠪᠤᠪᠠ? ᠭᠡᠬᠦ᠎ᠳᠦ ᠪᠠᠯᠳᠠᠨ᠄

— ᠲᠡᠭᠡᠬᠦ ᠦᠭᠡᠢ ᠶᠠᠭᠠᠬᠢᠬᠤ ᠪᠣᠢ? ᠮᠢᠨᠤ ᠡᠪᠦᠭᠡ ᠡᠴᠢᠭᠡ᠎ᠶᠢᠨ ᠡᠯ ᠯᠢᠶᠠᠨ ᠲᠣᠬᠣᠮ᠎ᠢ ᠦᠭᠡᠢ ᠬᠢᠴᠢᠬᠡᠳᠡᠭ ᠪᠢᠯᠡ! ᠬᠥᠮᠥᠨ ᠴᠦ᠍ ᠮᠠᠯ ᠴᠦ᠍ ᠲᠠᠷᠭᠤ᠎ᠪᠠᠨ ᠳᠠᠭᠠᠭᠠᠳᠠᠭ ᠦᠭᠡᠢ ᠶᠠᠭᠤᠮ᠎ᠠ᠂ ᠲᠡᠭᠡᠬᠦᠯᠡᠷ ᠠᠳᠤᠭᠤᠴᠢᠨ ᠪᠠᠶᠠᠷ ᠨᠠᠳᠠ᠎ᠳᠤ ᠵᠣᠯᠭᠠᠭᠠᠳ᠄ 《ᠣᠳᠣᠢᠨ! ᠴᠢ ᠲᠡᠷᠡ ᠡᠴᠢᠭᠡ᠎ᠪᠡᠨ ᠰᠠᠢᠨ ᠡᠩᠬᠦᠷᠡᠢᠯᠡᠳᠡᠭ ᠦᠭᠡᠢ ᠶᠤᠮ ᠎ᠤᠤ? ᠥᠭᠡᠬᠦᠨ᠎ᠳᠦ ᠴᠤᠭᠯᠠᠭᠰᠠᠨ ᠪᠦᠭᠡᠷ᠎ᠡ᠎ᠰᠢᠭ ᠠᠢᠯ ᠥᠩᠭᠡᠷᠡᠪᠡᠯ ᠬᠥᠲᠥᠯᠥᠭᠡᠳ ᠶᠠᠪᠤᠭᠰᠠᠨ ᠮᠤᠷᠢ ᠪᠠᠢᠨ᠎ᠠ ᠯᠠᠢ᠃ ᠪᠢ ᠪᠠᠯᠠᠷ᠎ᠡᠴᠡ ᠳᠥᠴᠢᠭᠡᠳ ᠪᠤᠭᠤᠳᠠᠭ ᠪᠤᠷᠭᠠᠰᠤ ᠠᠴᠢᠶ᠎ᠠ ᠭᠡᠰᠡᠨ ᠶᠤᠮ᠃ ᠨᠠᠳᠠ ᠎ᠳᠦ ᠥᠭᠴᠢᠬᠡ᠂ ᠪᠢ ᠴᠢᠮ᠎ᠠ᠎ᠳᠤ ᠨᠤᠭᠤᠯᠤᠭᠠᠳ ᠥᠭᠭᠦᠶ᠎ᠡ》ᠭᠡᠵᠦ ᠪᠠᠢᠬᠤᠯᠠᠷ ᠨᠢᠭᠡᠨᠲᠡ ᠬᠦᠴᠦᠷᠡᠬᠦ᠎ᠪᠡᠨ ᠪᠠᠢᠭᠰᠠᠨ ᠶᠠᠭᠤᠮ᠎ᠠ᠎ᠶᠢ ᠥᠭᠴᠢᠬᠡᠭᠰᠡᠨ ᠶᠤᠮ! ᠲᠡᠷᠡ ᠡᠷ᠎ᠡ ᠲᠠᠬ᠎ᠠ᠎ᠶᠢ ᠨᠢ ᠰᠤᠭᠤᠯᠵᠤ ᠬᠠᠶᠠᠭᠠᠳ ᠨᠢᠭᠡ ᠤᠳᠠᠭ᠎ᠠ᠎ᠳᠤ ᠳᠥᠷᠪᠡᠨ ᠪᠣᠭᠣᠳᠠᠭ ᠨᠣᠢᠲᠠᠨ ᠪᠤᠷᠭᠠᠰᠤ ᠠᠴᠢᠵᠤ ᠮᠠᠩᠬ᠎ᠠ ᠬᠠᠵᠠᠭᠤ ᠦᠭᠡᠢ ᠵᠢᠳᠬᠦᠭᠦᠯᠦᠭᠡᠳ᠂ ᠪᠤᠷᠭᠠᠰᠤ ᠠᠴᠢᠬᠤ᠎ᠪᠠᠷ ᠶᠠᠪᠤᠬᠤ᠎ᠳᠤ᠎ᠪᠠᠨ ᠬᠣᠶᠠᠷ ᠬᠥᠮᠥᠨ ᠰᠤᠨᠳᠠᠯᠠᠵᠤ ᠪᠠᠢᠭᠠᠳ ᠵᠣᠪᠬᠢ᠎ᠶᠢ ᠨᠢ ᠪᠠᠭᠤᠯᠭᠠᠭᠠᠳ ᠲᠡᠭᠡᠭᠡᠳ ᠯᠠ ᠨᠤᠭᠤᠯᠵᠤ ᠠᠪᠤᠭᠰᠠᠨ ᠶᠤᠮ᠃ ᠬᠠᠢᠷᠠᠯᠠᠬᠤ᠎ᠳᠤ᠎ᠪᠠᠨ ᠬᠠᠢᠷᠠᠯᠠᠵᠤ ᠬᠠᠶᠠ ᠪᠠᠰᠠ ᠬᠠᠯᠠᠨ᠎ᠳᠤ ᠲᠤᠰᠢᠶᠠᠵᠤ ᠪᠠᠢᠮᠠᠨ᠂ ᠦᠭᠡᠢ ᠪᠣᠯ ᠪᠣᠬᠢᠯᠤᠨ᠎ᠠ ᠰᠢᠤ ᠭᠡᠯ᠎ᠡ᠃


微信图片_2026-06-05_105115_955.jpg


ᠭᠡᠷ᠎ᠲᠦ ᠪᠠᠢᠭᠰᠠᠨ ᠰᠣᠶᠣᠯᠲᠤ ᠳᠠᠪᠰᠢᠯᠲᠤ ᠡᠷ᠎ᠡ ᠡᠮ᠎ᠡ ᠳᠥᠷᠪᠡᠨ ᠬᠥᠮᠥᠨ ᠰᠠᠭᠤᠵᠤ ᠲᠣᠭᠲᠠᠬᠤ ᠦᠭᠡᠢ ᠪᠣᠯᠵᠤ ᠭᠠᠳᠠᠭ᠍ᠰᠢ ᠭᠠᠷᠤᠯ᠎ᠠ᠃ ᠡᠨᠡ ᠬᠣᠶᠠᠷ ᠨᠠᠰᠤᠲᠠᠨ᠎ᠤ ᠳᠣᠮ᠎ᠲᠠᠢ ᠳᠤᠤᠭᠠᠷᠳᠠᠭ(ᠳᠠᠭᠠᠷᠢᠭᠤᠯᠤᠨ ᠬᠡᠯᠡᠬᠦ)᠎ᠢ ᠳᠦᠷᠪᠡᠨ ᠵᠠᠯᠠᠭᠤ ᠪᠦᠷ ᠮᠡᠳᠡᠨ᠎ᠡ᠃ ᠪᠠᠯᠳᠠᠨ᠎ᠤ ᠬᠡᠯᠡᠭᠰᠡᠨ ᠬᠠᠮᠠᠭᠤᠲᠠᠢ ᠠᠢᠯ᠎ᠤᠨ ᠮᠠᠯ ᠭᠡᠰᠡᠨ ᠦᠭᠡᠨ᠎ᠳᠦ ᠡᠨᠡ ᠤᠳᠠᠭ᠎ᠠ ᠎ᠶᠢᠨ ᠵᠣᠳᠣᠭᠠᠨ᠎ᠢ ᠥᠳᠥᠭᠡᠭᠰᠡᠨ ᠳᠠᠪᠰᠢᠯᠲᠤ᠎ᠶᠢᠨ ᠡᠮ᠎ᠡ ᠯᠡ ᠰᠦᠷᠡᠬᠡᠢ ᠳᠠᠭᠠᠷᠢᠭ᠍ᠳᠠᠵᠤ ᠪᠢᠯᠡ᠃

ᠳᠥᠷᠪᠡᠭᠦᠯᠡ ᠰᠠᠶᠢᠬᠢ ᠲᠣᠣᠷ ᠲᠠᠲᠠᠬᠤ᠎ᠪᠠᠷ ᠪᠣᠰᠬᠠᠭᠰᠠᠨ ᠮᠣᠳᠣ᠌᠎ᠪᠠᠨ ᠰᠤᠭᠤᠯᠵᠤ ᠨᠦᠬᠡ᠎ᠪᠡᠨ ᠪᠤᠯᠠᠵᠤ ᠪᠠᠢᠨ᠎ᠠ᠃ ᠰᠣᠶᠣᠯᠲᠤ ᠨᠢᠭᠡ ᠮᠣᠳᠣ᠌᠎ᠶᠢ ᠰᠤᠭᠤᠯᠵᠤ ᠳᠡᠢᠯᠬᠦ ᠦᠭᠡᠢ ᠢᠨᠴᠠᠭ ᠪᠠᠭᠠᠰᠤ ᠠᠯᠳᠠᠪᠠᠯ ᠳᠠᠪᠰᠢᠯᠲᠤ ᠨᠢ ᠢᠷᠡᠵᠦ᠄

- ᠴᠢ ᠴᠣᠬᠣᠮ ᠯᠤᠪᠠᠶ ᠪᠠᠢᠨ᠎ᠠ᠂ ᠡᠭᠦᠨ᠎ᠢ ᠢᠩᠭᠢᠰᠬᠢᠭᠡᠳ ᠰᠤᠭᠤᠯᠴᠢᠬᠠᠳᠠᠭ ᠦᠭᠡᠢ ᠶᠤᠮ ᠦᠦ? ᠭᠡᠳ ᠰᠤᠭᠤ ᠲᠠᠲᠠᠪᠠ ᠭᠡᠭᠴᠢ ᠨᠢ ᠮᠣᠳᠣ᠌ ᠰᠤᠭᠤᠷᠠᠬᠤ᠎ᠳᠤ ᠳᠠᠪᠰᠢᠯᠲᠤ ᠬᠣᠭᠣᠰᠤᠳᠠᠵᠤ ᠯᠠᠭ ᠬᠢᠲᠡᠯ᠎ᠡ ᠰᠠᠭᠤᠪᠠᠯ ᠳᠥᠷᠪᠡᠭᠦᠯᠡ᠎ᠪᠡᠨ ᠬᠠ ᠬᠠ ᠬᠢ ᠬᠢ ᠢᠨᠢᠶᠡᠯᠳᠦᠯ᠎ᠡ᠃

ᠡᠪᠦᠭᠡᠨ ᠱᠦᠵᠢ ᠲᠡᠳᠡᠨ ᠎ᠦ ᠳᠡᠷᠭᠡᠳᠡᠭᠦᠷ ᠥᠩᠭᠡᠷᠡᠬᠦ᠎ᠳᠦ᠎ᠪᠡᠨ᠄

- ᠵᠠ᠂ ᠶᠠᠭᠠᠬᠢᠬᠤ ᠪᠢᠯᠡ ᠲᠠᠨᠤᠰ? ᠬᠠᠤᠯᠢ᠎ᠳᠤ ᠶᠠᠪᠤᠬᠤ ᠪᠢᠯᠡ᠎ᠤᠤ? ᠭᠡᠪᠡᠯ ᠳᠥᠷᠪᠡᠭᠦᠯᠡ ᠬᠡᠨ ᠨᠢ ᠴᠦ᠍ ᠳᠤᠤᠭᠠᠷᠤᠭᠰᠠᠨ ᠦᠭᠡᠢ ᠪᠣᠯᠪᠠᠴᠤ ᠳᠣᠲᠣᠷ᠎ᠠ ᠪᠠᠨ 《ᠵᠠ᠂ ᠡᠨᠡ ᠡᠪᠦᠭᠡᠳ᠎ᠦᠨ ᠥᠩᠭᠡᠨ᠎ᠳᠦ ᠴᠦ᠍ ᠳᠡᠢᠯᠦᠭᠡᠳ ᠭᠠᠷᠬᠤ ᠦᠭᠡᠢ ᠶᠤᠮ ᠪᠠᠢᠨ᠎ᠠ᠂ ᠡᠳᠡᠨ᠎ᠦ ᠳᠠᠷᠠᠭ᠎ᠠ ᠮᠠᠨ᠎ᠤ ᠥᠩᠭᠡᠨ ᠳᠡᠭᠡᠷ᠎ᠡ ᠴᠣᠬᠣᠮ ᠶᠠᠭᠠᠬᠢᠳᠠᠭ ᠪᠢᠯᠡ᠎ᠤᠤ》 ᠭᠡᠵᠦ ᠪᠣᠳᠤᠵᠠᠭᠠᠲᠠᠯ᠎ᠠ ᠡᠪᠦᠭᠡᠨ ᠱᠦᠵᠢ᠄

- ᠵᠠ! ᠲᠡᠷᠡ ᠲᠡᠷᠡ᠎ᠪᠡᠨ ᠠᠬᠤᠢᠯᠠᠭᠠᠳ ᠭᠡᠷ ᠭᠡᠷ᠎ᠲᠦ᠎ᠪᠡᠨ ᠬᠠᠷᠢᠵᠠᠭ᠎ᠠ᠂ ᠪᠦᠷ ᠠᠢᠯ ᠤᠰᠤ ᠠᠢᠮᠠᠭ ᠬᠠᠵᠠᠭᠤ! ᠭᠡᠯ᠎ᠡ᠃


 (《2024·ᠪᠤᠭᠤᠨᠢ ᠦᠭᠦᠯᠡᠯᠭᠡ》 ᠨᠤᠮ᠎ᠠᠴᠠ ᠰᠣᠩᠭᠣᠪᠠ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号