


ᠨᠡᠢ᠌ᠭᠡᠮ
✦ ᠪᠠᠢᠭᠠᠯᠢ᠎ᠶᠢᠨ ᠡᠬᠢ
ᠪᠠᠶᠠᠯᠢᠭ᠋᠎ᠤᠨ ᠶᠠᠮᠤᠨ᠎ᠤ ᠮᠡᠳᠡᠭᠡ᠎ᠶᠢ ᠦᠨᠳᠦᠰᠦᠯᠡᠪᠡᠯ᠂ ᠮᠠᠨ᠎ᠤ ᠤᠯᠤᠰ᠎ᠤᠨ ᠲᠡᠯᠡᠶ᠎ᠶᠢᠨ ᠤᠰᠤ᠎ᠶᠢ ᠴᠡᠩᠭᠡᠭᠵᠢᠭᠦᠯᠬᠦ
ᠡᠳᠦᠷ᠎ᠦᠨ ᠦᠢᠯᠡᠳᠪᠦᠷᠢᠯᠡᠬᠦ ᠴᠢᠳᠠᠪᠤᠷᠢ ᠨᠢᠭᠡᠨᠲᠡ 300 ᠲᠦᠮᠡᠨ ᠲᠣᠨ᠎ᠢ ᠳᠠᠪᠠᠵᠤ᠂ 1500 ᠲᠦᠮᠡᠨ ᠬᠥᠮᠥᠨ
ᠤ᠋ ᠡᠳᠦᠷ ᠪᠦᠷᠢ᠎ᠶᠢᠨ ᠠᠮᠢᠳᠤᠷᠠᠯ᠎ᠳᠤ ᠬᠡᠷᠡᠭᠯᠡᠬᠦ ᠤᠰᠤᠨ᠎ᠤ ᠬᠡᠮᠵᠢᠶ᠎ᠡ᠎ᠲᠠᠢ ᠲᠡᠩᠴᠡᠵᠦ᠂ ᠲᠠᠯᠠᠢ ᠳᠠᠭᠠᠤ
ᠣᠷᠣᠨ᠎ᠤ ᠠᠷᠠᠳ ᠤᠯᠠᠨ᠎ᠤ ᠠᠮᠢᠳᠤᠷᠠᠯ᠎ᠤᠨ ᠬᠡᠷᠡᠭᠴᠡᠭᠡ᠎ᠶᠢ ᠪᠠᠲᠤᠯᠠᠵᠤ ᠪᠠᠢᠨ᠎ᠠ᠃
✦ ᠲᠦᠷᠦᠭᠦᠬᠡᠨ ᠰᠤᠷᠭᠠᠨ
ᠬᠥᠮᠦᠵᠢᠯ᠎ᠦᠨ ᠶᠠᠮᠤᠨ ᠵᠡᠷᠭᠡ 8 ᠰᠠᠯᠠᠭ᠎ᠠ ᠮᠥᠴᠢᠷ ᠮᠡᠳᠡᠭᠳᠡᠯ ᠳᠠᠷᠤᠮᠠᠯᠯᠠᠨ ᠲᠠᠷᠬᠠᠭᠠᠵᠤ᠂ 5 ᠰᠠᠷ᠎ᠠ ᠠ᠋ᠴᠠ
12 ᠰᠠᠷ᠎ᠠ ᠪᠣᠯᠲᠠᠯ᠎ᠠ ᠠᠵᠢᠯᠲᠠᠨ ᠡᠯᠰᠡᠬᠦ ᠠᠵᠢᠯᠯᠠᠭ᠎ᠠ ᠬᠠᠮᠲᠤᠷᠠᠨ ᠥᠷᠨᠢᠭᠦᠯᠵᠦ᠂ 2026 ᠤᠨ᠎ᠤ ᠶᠡᠬᠡ ᠳᠡᠭᠡᠳᠦ
ᠰᠤᠷᠭᠠᠭᠤᠯᠢ ᠲᠡᠭᠦᠰᠦᠭᠰᠡᠳ ᠪᠠ 2024᠂ 2025 ᠤᠨ᠎ᠤ ᠰᠤᠷᠭᠠᠭᠤᠯᠢ᠎ᠪᠠᠨ ᠲᠡᠭᠦᠰᠦᠭᠡᠳ ᠠᠵᠢᠯ ᠣᠯᠣᠭᠠᠳᠤᠢ ᠰᠣᠷᠣᠭ᠍ᠴᠢᠳ
ᠤ᠋ᠨ ᠡᠷᠲᠡᠬᠡᠨ ᠠᠵᠢᠯ ᠣᠯᠬᠤ᠎ᠶᠢ ᠪᠥᠬᠥ ᠬᠦᠴᠦᠨ᠎ᠢᠶᠡᠷ᠎ᠢᠶᠡᠨ ᠠᠬᠢᠭᠤᠯᠤᠨ᠎ᠠ ᠭᠡᠪᠡ᠃
✦ ᠰᠤᠷᠭᠠᠨ ᠬᠥᠮᠦᠵᠢᠯ᠎ᠦᠨ
ᠶᠠᠮᠤᠨ ᠲᠦᠷᠦᠭᠦᠭᠡᠨ ᠣᠢᠷ᠎ᠠ᠎ᠶᠢᠨ ᠵᠢᠯ᠎ᠦᠨ ᠲᠤᠷᠰᠢᠬᠢ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ
ᠤᠯᠤᠰ᠎ᠤᠨ ᠨᠢᠭᠡᠳᠦᠯᠳᠡᠢ ᠰᠢᠯᠭᠠᠯᠲᠠ᠎ᠶᠢᠨ ᠮᠡᠬᠡᠯᠡᠯ᠎ᠦᠨ ᠨᠡᠢᠲᠡᠯᠢᠭ ᠵᠢᠱ᠌ᠢᠶ᠎ᠡ ᠪᠠ ᠴᠤᠦᠷᠬᠠᠯᠢ ᠡᠮᠬᠢᠯᠡᠨ
ᠬᠤᠷᠢᠶᠠᠩᠭᠤᠢᠯᠠᠵᠤ᠂ ᠥᠷᠭᠡᠨ ᠣᠯᠠᠨ ᠰᠢᠯᠭᠠᠭᠤᠯᠤᠭ᠍ᠴᠢ ᠵᠢᠴᠢ ᠭᠡᠷ᠎ᠦᠨ ᠠᠬᠠᠮᠠᠳ᠎ᠲᠤ ᠰᠣᠨᠣᠷ ᠰᠡᠷᠡᠮᠵᠢ᠎ᠪᠡᠨ
ᠳᠡᠭᠡᠭᠰᠢᠯᠡᠭᠦᠯᠵᠦ᠂ ᠦᠨᠡᠨ ᠬᠤᠳᠠᠯ᠎ᠢ ᠢᠯᠭᠠᠨ ᠲᠣᠳᠣᠯᠠᠵᠤ᠂ ᠦᠨᠡᠨᠴᠢ ᠢᠲᠡᠭᠡᠮᠵᠢᠲᠡᠢ᠎ᠪᠡᠷ ᠰᠢᠯᠭᠠᠯᠲᠠ᠎ᠳᠤ
ᠣᠷᠣᠯᠴᠠᠵᠤ᠂ ᠬᠠᠤᠯᠢ ᠴᠠᠭᠠᠵᠠ᠎ᠶᠢᠨ ᠬᠣᠷᠢᠭ᠎ᠠ ᠱᠤᠭᠤᠮ᠎ᠢ ᠴᠢᠩᠭ᠎ᠠ ᠰᠠᠬᠢᠵᠤ᠂ ᠮᠡᠬᠡᠯᠡᠭᠳᠡᠬᠦ᠎ᠡᠴᠡ ᠰᠡᠷᠡᠮᠵᠢᠯᠡᠨ
ᠰᠢᠯᠭᠠᠯᠲᠠ᠎ᠶᠢᠨ ᠠᠮᠤᠷ ᠲᠦᠪᠰᠢᠨ ᠪᠠ ᠬᠤᠪᠢ ᠬᠥᠮᠥᠨ᠎ᠦ ᠡᠷᠬᠡ ᠠᠰᠢᠭ᠋᠎ᠢ ᠪᠠᠲᠤᠯᠠᠬᠤ ᠬᠡᠷᠡᠭᠲᠡᠢ ᠭᠡᠵᠦ ᠰᠠᠨᠠᠭᠤᠯᠪᠠ᠃
✦ ᠣᠢᠷ᠎ᠠ᠎ᠳᠤ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠠᠯᠪᠠᠨ ᠭᠡᠷ《ᠰᠠᠭᠤᠭᠠᠯᠢ
ᠲᠣᠭᠣᠷᠢᠭ᠋᠎ᠤᠨ ᠠᠳᠠᠯ ᠠᠬᠤᠢ᠎ᠶᠢᠨ ᠦᠢᠯᠡᠴᠢᠯᠡᠭᠡᠨ᠎ᠦ ᠶᠠᠰᠤ ᠴᠢᠨᠠᠷ᠎ᠢ ᠳᠡᠭᠡᠭᠰᠢᠯᠡᠭᠦᠯᠬᠦ ᠠᠵᠢᠯᠯᠠᠭᠠᠨ᠎ᠤ
ᠲᠥᠰᠥᠯ (2026 — 2028 ᠣᠨ)》᠎ᠢ ᠳᠠᠷᠤᠮᠠᠯᠯᠠᠨ ᠲᠠᠷᠬᠠᠭᠠᠵᠤ ᠂ 2028 ᠣᠨ᠎ᠤ
ᠰᠡᠭᠦᠯᠴᠢ ᠪᠣᠯᠲᠠᠯ᠎ᠠ ᠠᠳᠠᠯ ᠠᠬᠤᠢ ᠶᠢᠨ ᠲᠥᠷᠥᠯ᠎ᠦᠨ ᠵᠠᠭᠠᠯᠳᠤᠯᠭ᠎ᠠ᠎ᠶᠢᠨ ᠬᠡᠮᠵᠢᠶ᠎ᠡ᠎ᠶᠢ 2025 ᠣᠨ᠎ᠤ ᠬᠢ᠎ᠡᠴᠡ 30%᠎ᠪᠠᠷ
ᠪᠠᠭᠤᠷᠠᠭᠤᠯᠵᠤ᠂ ᠪᠥᠬᠥ ᠣᠷᠣᠨ᠎ᠤ ᠲᠤᠰᠬᠠᠢᠵᠢᠭ᠍ᠰᠠᠨ ᠠᠳᠠᠯ ᠠᠬᠤᠢ᠎ᠶᠢᠨ ᠦᠢᠯᠡᠴᠢᠯᠡᠭᠡᠨ᠎ᠦ ᠰᠠᠭᠤᠭᠠᠯᠢ
ᠲᠣᠭᠣᠷᠢᠭ᠋᠎ᠤᠨ ᠮᠡᠳᠡᠭᠡ ᠵᠠᠩᠭᠢ᠎ᠶᠢ ᠢᠯᠡ ᠨᠡᠢᠲᠡᠯᠡᠬᠦ᠎ᠶᠢ ᠪᠦᠬᠦᠨ᠎ᠢ ᠪᠦᠷᠬᠦᠭᠦᠯᠬᠦ᠎ᠶᠢ
ᠪᠡᠶᠡᠯᠡᠭᠦᠯᠦᠨ᠎ᠠ ᠭᠡᠪᠡ᠃
✦ 3᠎ᠤ ᠡᠳᠦᠷ᠂ ᠥᠪᠥᠷ
ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠣᠷᠲᠤ ᠡᠳ᠋᠎ᠢ ᠴᠠᠭᠠᠵᠠᠯᠠᠬᠤ ᠵᠥᠪᠯᠡᠯ᠎ᠡᠴᠡ ᠭᠣᠣᠯᠯᠠᠨ ᠡᠷᠭᠢᠯᠡᠭᠰᠡᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2026 ᠣᠨ᠎ᠤ ᠪᠥᠬᠥ ᠠᠷᠠᠳ᠎ᠤᠨ ᠬᠣᠣᠷᠲᠤ ᠡᠳ᠋᠎ᠢ ᠴᠠᠭᠠᠵᠠᠯᠠᠬᠤ
ᠤᠬᠠᠭᠤᠯᠭ᠎ᠠ᠎ᠶᠢᠨ ᠰᠠᠷ᠎ᠠ᠎ᠶᠢᠨ ᠡᠬᠢᠯᠡᠯᠲᠡ᠎ᠶᠢᠨ ᠶᠣᠰᠣᠯᠠᠯ ᠵᠢᠴᠢ ᠬᠣᠣᠷᠲᠤ ᠡᠳ᠋᠎ᠢ ᠲᠥᠪᠯᠡᠷᠡᠭᠦᠯᠦᠨ ᠨᠢᠭᠡᠳᠦᠯᠲᠡᠢ
ᠤᠰᠠᠳᠬᠠᠬᠤ ᠶᠣᠰᠣᠯᠠᠯ ᠬᠥᠬᠡᠬᠣᠲᠠ᠎ᠳᠤ ᠶᠠᠪᠤᠭᠳᠠᠵᠦ᠂ ᠨᠡᠢᠳᠡ 9700 ᠭᠠᠷᠤᠢ ᠺᠢᠯᠣᠭ᠌ᠷᠠᠮ ᠬᠣᠣᠷᠲᠤ ᠡᠳ᠋᠎ᠢ
ᠤᠰᠠᠳᠬᠠᠵᠠᠢ᠃
✦ ᠣᠢᠷ᠎ᠠ᠎ᠶᠢᠨ ᠬᠤᠭᠤᠴᠠᠭᠠᠨ᠎ᠳᠤ
ᠥᠪᠥᠷ ᠮᠣᠩᠭᠣᠯ᠎ᠤᠨ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ ᠢᠳᠡᠭᠡᠨ᠎ᠦ ᠠᠮᠤᠷ
ᠲᠦᠪᠰᠢᠨ᠎ᠳᠦ ᠬᠢᠨᠠᠯᠲᠠ ᠲᠠᠯᠪᠢᠵᠤ ᠰᠤᠭᠤᠴᠢᠨ ᠪᠠᠢᠴᠠᠭᠠᠬᠤ ᠠᠵᠢᠯ᠎ᠢ ᠦᠷᠭᠦᠯᠵᠢᠯᠡᠨ ᠥᠷᠨᠢᠭᠦᠯᠵᠦ᠂ ᠨᠡᠶ᠋ᠢᠲᠡ
19 ᠶᠡᠬᠡ ᠲᠥᠷᠥᠯ᠎ᠦᠨ ᠢᠳᠡᠭᠡᠨ ᠵᠢᠴᠢ ᠢᠳᠡᠭᠡᠨ᠎ᠦ ᠬᠠᠮᠢᠶ᠎ᠠ ᠪᠦᠬᠦᠢ ᠪᠦᠲᠦᠭᠡᠭᠳᠡᠬᠦᠨ ᠡᠴᠡ 877 ᠪᠦᠯᠦᠭ ᠤᠳᠠᠭ᠎ᠠ᠎ᠶᠢᠨ ᠥᠯᠢᠭᠡᠷ ᠡᠳ᠋᠎ᠢ ᠰᠤᠭᠤᠴᠢᠨ ᠠᠪᠴᠤ
ᠪᠠᠢᠴᠠᠭᠠᠭᠠᠳ᠂ 28 ᠪᠦᠯᠦᠭ ᠤᠳᠠᠭ᠎ᠠ᠎ᠶᠢᠨ ᠬᠢᠷᠢ ᠲᠡᠩᠴᠡᠬᠦ ᠦᠭᠡᠢ ᠥᠯᠢᠭᠡᠷ ᠡᠳ᠋᠎ᠢ ᠪᠠᠢᠴᠠᠭᠠᠵᠤ ᠭᠠᠷᠭᠠᠪᠠ᠃
✦ ᠣᠢᠷ᠎ᠠ᠎ᠶᠢᠨ
ᠵᠢᠯ᠎ᠡᠴᠡ ᠪᠠᠶᠠᠨᠨᠠᠭᠤᠷ ᠬᠣᠲᠠ ᠨᠡᠢᠳᠡᠮ ᠬᠠᠷᠠᠭᠠᠯᠵᠠᠬᠤ ᠬᠡᠦᠬᠡᠳ ᠰᠠᠭᠠᠲᠠᠭᠤᠯᠬᠤ ᠦᠢᠯᠡᠴᠢᠯᠡᠭᠡᠨ ᠦ
ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ ᠪᠠᠭᠲᠠᠭᠠᠮᠵᠢ᠎ᠶᠢ ᠥᠷᠭᠡᠳᠬᠡᠬᠦ᠎ᠶᠢ ᠦᠷᠭᠦᠯᠵᠢᠯᠡᠨ
ᠠᠬᠢᠭᠤᠯᠵᠤ᠂ ᠨᠢᠯᠬ᠎ᠠ ᠬᠡᠦᠬᠡᠳ᠎ᠢ ᠬᠠᠷᠠᠭᠠᠯᠵᠠᠨ ᠠᠰᠠᠷᠠᠬᠤ ᠦᠢᠯᠡᠴᠢᠯᠡᠭᠡᠨ᠎ᠦ ᠰᠢᠰᠲᠧᠮ᠎ᠢ ᠲᠠᠰᠤᠷᠠᠯᠲᠠ
ᠦᠭᠡᠢ ᠲᠡᠭᠦᠯᠳᠡᠷᠵᠢᠭᠦᠯᠵᠦ᠂ ᠣᠳᠣᠬᠠᠨ᠎ᠳᠤ ᠪᠥᠬᠥ ᠬᠣᠲᠠ᠎ᠳᠤ ᠬᠡᠦᠬᠡᠳ ᠰᠠᠭᠠᠲᠠᠭᠤᠯᠬᠤ ᠪᠠᠢᠭᠤᠯᠤᠮᠵᠢ 97᠂
ᠳᠠᠨᠭᠰᠠᠯᠠᠭᠤᠯᠤᠭᠰᠠᠨ ᠪᠠᠢᠭᠤᠯᠤᠮᠵᠢ 85 ᠪᠠᠢᠵᠦ᠂
ᠨᠡᠢᠳᠡᠮ ᠬᠠᠷᠠᠭᠠᠯᠵᠠᠬᠤ ᠬᠠᠷᠢᠴᠠᠯ 70% ᠬᠦᠷᠴᠦ᠂ ᠡᠯ᠎ᠡ ᠬᠣᠰᠢᠭᠤ ᠰᠢᠶᠠᠨ ᠲᠣᠭᠣᠷᠢᠭ᠋᠎ᠢ ᠪᠦᠬᠦᠨ᠎ᠢ
ᠬᠠᠮᠤᠷᠬᠤ᠎ᠶᠢ ᠪᠡᠶᠡᠯᠡᠭᠦᠯᠪᠡ᠃
✦ 3᠎ᠤ ᠡᠳᠦᠷ᠂
ᠠᠯᠠᠱᠠ ᠠᠢᠮᠠᠭ᠎ᠤᠨ ᠨᠠᠰᠤᠲᠠᠢᠴᠤᠳ᠎ᠤᠨ ᠰᠤᠷᠭᠠᠨ ᠬᠥᠮᠦᠵᠢᠯ᠎ᠦᠨ ᠪᠡᠶᠡᠴᠢᠯᠡᠨ ᠣᠢᠯᠠᠭᠠᠬᠤ ᠰᠠᠭᠤᠷᠢᠨ
ᠠᠰᠢᠭ᠍ᠯᠠᠯᠲᠠ᠎ᠳᠤ ᠣᠷᠣᠪᠠ᠃ ᠲᠣᠰ ᠰᠠᠭᠤᠷᠢᠨ ᠪᠣᠯ ᠣᠶᠤᠨᠳᠤ ᠰᠤᠷᠤᠯᠴᠠᠯᠭ᠎ᠠ᠂ ᠣᠶᠤᠨᠴᠢ ᠪᠡᠶ᠎ᠡ
ᠴᠢᠭᠢᠷᠠᠭᠵᠢᠭᠤᠯᠬᠤ᠂ ᠰᠣᠶᠣᠯ᠎ᠤᠨ ᠦᠵᠡᠭᠦᠯᠭᠡ ᠲᠣᠭᠯᠠᠯᠲᠠ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠢ
ᠤᠢᠯᠠᠭᠠᠬᠤ ᠵᠡᠷᠭᠡ ᠶᠡᠷᠦᠩᠬᠡᠢᠯᠡᠭᠰᠡᠨ ᠴᠢᠨᠠᠷᠲᠠᠢ ᠨᠠᠰᠤᠲᠠᠢᠴᠤᠳ᠎ᠤᠨ ᠦᠢᠯᠡᠴᠢᠯᠡᠭᠡᠨ᠎ᠦ ᠭᠠᠵᠠᠷ
ᠪᠤᠯᠤᠨ᠎ᠠ᠃
✦ ᠰᠢᠯᠢ᠎ᠶᠢᠨ
ᠭᠣᠣᠯ ᠠᠢᠮᠠᠭ᠎ᠤᠨ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ 《ᠠᠳᠠᠯ
ᠠᠬᠤᠢ᠎ᠶᠢᠨ ᠦᠢᠯᠡᠴᠢᠯᠡᠭᠡᠨ᠎ᠤ ᠰᠦᠢᠳᠬᠡᠯ ᠬᠤᠷᠢᠶᠠᠬᠤ ᠦᠶ᠋ᠯᠡ ᠠᠵᠢᠯᠯᠠᠭ᠎ᠠ᠎ᠶᠢ ᠵᠢᠷᠤᠮᠵᠢᠭᠤᠯᠬᠤ ᠲᠤᠬᠠᠢ
ᠰᠠᠨᠠᠭᠤᠯᠤᠨ ᠰᠡᠷᠡᠮᠵᠢᠯᠡᠭᠦᠯᠬᠦ ᠪᠢᠴᠢᠭ》᠎ᠢ ᠨᠡᠢᠲᠡᠯᠡᠵᠦ᠂ ᠠᠳᠠᠯ ᠠᠬᠤᠢ᠎ᠶᠢᠨ
ᠦᠢᠯᠡᠴᠢᠯᠡᠭᠡᠨ᠎ᠦ ᠠᠵᠢᠯ ᠲᠥᠷᠥᠯ᠎ᠦᠨ ᠰᠦᠢᠳᠬᠡᠯ ᠬᠤᠷᠢᠶᠠᠬᠤ ᠡᠮᠬᠢ ᠳᠢᠭ᠌ᠯᠢᠮ᠎ᠢ ᠤᠯᠠᠮ ᠨᠢᠭᠡ ᠠᠯᠬᠤᠮ
ᠵᠢᠷᠤᠮᠵᠢᠭᠤᠯᠪᠠ᠃
✦ ᠣᠢᠷ᠎ᠠ᠎ᠳᠤ ᠲᠦᠨᠭᠯᠢᠶᠤᠤ
ᠬᠤᠳᠠ ᠵᠢᠨ ᠬᠣᠷᠴᠢᠨ ᠲᠣᠭᠣᠷᠢᠭ᠋᠎ᠤᠨ ᠠᠷᠠᠳ᠎ᠤᠨ ᠰᠢᠭᠦᠬᠦ ᠬᠣᠷᠢᠶ᠎ᠠ ᠨᠠᠰᠤᠨ᠎ᠳᠤ ᠥᠯᠥ ᠭᠦᠷᠦᠭᠰᠡᠳ᠎ᠢ ᠠᠰᠠᠷᠠᠨ
ᠲᠡᠵᠢᠭᠡᠬᠦ ᠵᠠᠷᠤᠳᠠᠯ᠎ᠢ ᠲᠤᠰᠬᠠᠢ ᠭᠦᠢᠴᠡᠳᠬᠡᠬᠦ ᠠᠵᠢᠯᠯᠠᠭ᠎ᠠ ᠥᠷᠨᠢᠭᠦᠯᠵᠦ᠂ ᠬᠠᠤᠯᠢ ᠴᠠᠭᠠᠵᠠᠲᠠᠢᠯᠪᠤᠷᠢᠯᠠᠬᠤ᠂
ᠬᠣᠯᠪᠤᠭᠠᠯᠠᠨ ᠬᠥᠳᠡᠯᠦᠯᠴᠡᠵᠦ ᠬᠥᠮᠥᠨ ᠡᠷᠢᠬᠦ᠂ ᠡᠶᠡᠯᠳᠡᠭ᠎ᠢᠶᠡᠷ ᠡᠶᠡᠳᠡᠭᠦᠯᠬᠦ ᠵᠡᠷᠭᠡ ᠠᠷᠭ᠎ᠠ ᠮᠠᠶᠢᠭ᠋᠎ᠢᠶᠠᠷ
ᠳᠠᠮᠵᠢᠭᠤᠯᠤᠨ ᠳᠠᠷᠤᠭᠳᠠᠮᠠᠯ ᠬᠡᠷᠡᠭ᠎ᠢ ᠰᠢᠢᠳᠪᠦᠷᠢᠯᠡᠨ ᠳᠠᠭᠤᠰᠬᠠᠵᠤ᠂ ᠬᠣᠶᠠᠷ ᠭᠦᠢᠴᠡᠳᠬᠡᠭᠳᠡᠭᠴᠢ ᠵᠢᠨ ᠤᠯᠠᠨ
ᠵᠢᠯ᠎ᠦᠨ ᠲᠤᠷᠰᠢ ᠥᠷᠢᠲᠦᠵᠦ ᠪᠠᠢᠭᠰᠠᠨ 7.8 ᠲᠦᠮᠡᠨ ᠲᠥᠭᠥᠷᠢᠭ ᠪᠠ 4.3 ᠲᠦᠮᠡᠨ ᠲᠥᠭᠥᠷᠢᠭ᠎ᠦᠨ ᠠᠰᠠᠷᠠᠨ ᠲᠡᠵᠢᠭᠡᠬᠦ
ᠵᠠᠷᠤᠳᠠᠯ᠎ᠢ ᠨᠢᠭᠡ ᠯᠡ ᠤᠳᠠᠭᠠᠳ᠋ᠤ ᠲᠥᠯᠥᠭᠦᠯᠵᠦ ᠳᠠᠭᠤᠰᠬᠠᠪᠠ᠃
✦ ᠣᠢᠷ᠎ᠠ᠎ᠳᠤ ᠬᠥᠪᠡᠭᠡᠲᠦ
ᠰᠢᠷ᠎ᠠ ᠬᠣᠰᠢᠭᠤ ᠨᠤᠭᠤ ᠭᠠᠵᠠᠷ᠎ᠤᠨ ᠴᠡᠴᠡᠷᠯᠢᠭ ᠦ᠋ᠨ ᠴᠡᠴᠡᠭ ᠡᠪᠡᠰᠦ ᠳᠠᠷᠢᠬᠤ ᠲᠤᠰᠬᠠᠢ ᠠᠵᠢᠯᠯᠠᠭ᠎ᠠ᠎ᠶᠢ ᠪᠥᠬᠥ
ᠲᠠᠯ᠎ᠠ᠎ᠪᠠᠷ ᠡᠬᠢᠯᠡᠭᠦᠯᠵᠦ᠂ ᠴᠡᠴᠡᠷᠯᠢᠭ᠎ᠦᠨ ᠭᠣᠣᠯᠳᠠᠯᠭ᠎ᠠ᠎ᠲᠠᠢ ᠣᠷᠣᠨ ᠪᠦᠰᠡ᠎ᠳᠦ ᠠᠮᠢ ᠠᠬᠤᠢ᠎ᠶᠢᠨ ᠨᠣᠭᠣᠭᠠᠷᠠᠭᠤᠯᠤᠯᠲᠠ᠎ᠶᠢ
ᠨᠥᠬᠥᠪᠦᠷᠢᠯᠡᠬᠦ᠂ ᠦᠵᠡᠮᠵᠢ᠎ᠶᠢᠨ ᠶᠠᠰᠤ ᠴᠢᠨᠠᠷ᠎ᠢ ᠳᠡᠭᠡᠭᠰᠢᠯᠡᠭᠦᠯᠬᠦ ᠠᠵᠢᠯᠯᠠᠭ᠎ᠠ ᠥᠷᠨᠢᠭᠦᠯᠵᠦ᠂ ᠨᠤᠭᠤ ᠭᠠᠵᠠᠷ᠎ᠤᠨ
ᠠᠮᠢ ᠠᠬᠤᠢ᠎ᠶᠢᠨ ᠣᠷᠴᠢᠨ ᠲᠣᠭᠣᠷᠢᠨ᠎ᠤ ᠶᠠᠰᠤ ᠴᠢᠨᠠᠷ᠎ᠢ ᠦᠷᠭᠦᠯᠵᠢᠯᠡᠨ ᠰᠠᠢᠵᠢᠷᠠᠭᠤᠯᠵᠤ᠂ ᠣᠯᠠᠨ ᠲᠦᠮᠡᠨ᠎ᠦ
ᠰᠡᠯᠡᠭᠦᠴᠡᠨ ᠵᠤᠭᠠᠯᠠᠬᠤ ᠣᠷᠣᠨ ᠵᠠᠢ᠎ᠶᠢ ᠰᠢᠯᠢᠳᠡᠭᠵᠢᠭᠦᠯᠪᠠ᠃
✦ ᠣᠢᠷ᠎ᠠ᠎ᠳᠤ ᠵᠠᠯᠠᠢᠳ
ᠬᠣᠰᠢᠭᠤᠨ᠎ᠤ ᠵᠠᠮ ᠬᠠᠷᠢᠯᠴᠠᠭᠠᠨ᠎ᠤ ᠬᠠᠮᠢᠶᠠᠷᠤᠯᠲᠠ ᠶ᠋ᠢᠨ ᠶᠡᠬᠡ ᠠᠩᠭᠢ᠎ᠶᠢᠨ ᠬᠢᠨ ᠰᠣᠷᠣᠭ᠍ᠴᠢᠲᠤᠰᠴᠤ ᠬᠦᠷᠭᠡᠬᠦ
ᠲᠡᠷᠭᠡ ᠬᠥᠰᠬᠡ ᠶᠢᠨ ᠲᠤᠰᠬᠠᠢ ᠪᠠᠢᠴᠠᠭᠠᠯᠲᠠᠥᠷᠨᠢᠭᠦᠯᠵᠦ᠂ ᠰᠤᠷᠭᠠᠭᠤᠯᠢ᠎ᠶᠢᠨ ᠬᠦᠷᠢᠶᠡᠨ᠎ᠦ ᠡᠷᠬᠢᠨ ᠲᠣᠭᠣᠷᠢᠨ᠎ᠤ
ᠭᠣᠣᠯ ᠳᠡᠳ᠋ ᠵᠠᠮ᠂ ᠭᠣᠣᠯᠳᠠᠯᠭ᠎ᠠ᠎ᠲᠠᠢ ᠵᠠᠮ ᠤ᠋ᠨ ᠠᠭᠤᠯᠵᠠᠷ᠂ ᠰᠣᠷᠣᠭ᠍ᠴᠢᠲᠤᠰᠴᠤ ᠬᠦᠷᠭᠡᠬᠦ ᠲᠡᠷᠭᠡ ᠬᠥᠰᠬᠡ
ᠲᠥᠪᠯᠡᠷᠡᠭᠰᠡᠨ ᠭᠠᠵᠠᠷ᠎ᠲᠤ ᠠᠮᠤᠷ ᠲᠦᠪᠰᠢᠨ᠎ᠦ ᠪᠠᠢᠴᠠᠭᠠᠯᠲᠠ ᠬᠢᠵᠦ᠂ ᠰᠣᠷᠣᠭ᠍ᠴᠢ᠎ᠶᠢᠨ ᠶᠠᠪᠤᠵᠤ ᠰᠠᠭᠤᠬᠤ ᠠᠮᠤᠷ
ᠲᠦᠪᠰᠢᠨ᠎ᠦ ᠬᠠᠯᠬᠠᠪᠴᠢ᠎ᠶᠢ ᠪᠡᠬᠢᠵᠢᠭᠦᠯᠪᠡ᠃
ᠠᠵᠤ ᠠᠬᠤᠢ
✦ ᠡᠳ᠋᠎ᠦᠨ ᠵᠠᠰᠠᠭ᠎ᠤᠨ
ᠶᠠᠮᠤᠨ ᠣᠢᠷ᠎ᠠ᠎ᠳᠤ 2026 ᠣᠨ᠎ᠤ ᠬᠡᠦᠬᠡᠳ ᠪᠣᠢᠵᠢᠭᠤᠯᠬᠤ ᠨᠥᠬᠥᠪᠦᠷᠢ ᠮᠥᠩᠭᠥ᠎ᠶᠢ 999 ᠳ᠋ᠦᠩᠰᠢᠭᠤᠷ ᠲᠥᠭᠥᠷᠢᠭ
ᠪᠠᠭᠤᠯᠭᠠᠵᠤ᠂ ᠳᠡᠭᠡᠷ᠎ᠠ ᠵᠢᠯ᠎ᠦᠨ ᠬᠢ᠎ᠡᠴᠡ 10.6% ᠪᠡᠷ ᠨᠡᠮᠡᠭᠳᠡᠵᠦ᠂ ᠡᠯ᠎ᠡ ᠭᠠᠵᠠᠷ᠎ᠤᠨ ᠨᠥᠬᠥᠴᠡᠯ᠎ᠳᠦ ᠨᠡᠢᠴᠡᠬᠦ
ᠨᠢᠯᠬ᠎ᠠ ᠬᠡᠦᠬᠡᠳ᠎ᠲᠦ ᠬᠡᠦᠬᠡᠳ ᠪᠣᠢᠵᠢᠭᠤᠯᠬᠤ ᠨᠥᠬᠥᠪᠦᠷᠢ ᠣᠯᠭᠣᠬᠤ᠎ᠶᠢ ᠳᠡᠮᠵᠢᠪᠡ᠃ ᠵᠢᠱ᠌ᠢᠯᠲᠡ᠎ᠪᠡᠷ ᠪᠦᠬᠦ
ᠵᠢᠯ᠎ᠳᠦ ᠡᠯ᠎ᠡ ᠱᠠᠲᠤᠨ᠎ᠤ ᠡᠳ᠋᠎ᠦᠨ ᠵᠠᠰᠠᠭ᠎ᠠᠴᠠ ᠨᠡᠢ᠍ᠢᠳᠡ 1100 ᠳ᠋ᠦᠩᠰᠢᠭᠤᠷ ᠲᠥᠭᠥᠷᠢᠭ᠎ᠦᠨ ᠨᠥᠬᠥᠪᠦᠷᠢ
ᠮᠥᠩᠭᠥ ᠲᠣᠬᠢᠷᠠᠭᠤᠯᠬᠤ ᠪᠣᠯᠣᠨ᠎ᠠ᠃
ᠰᠣᠶᠣᠯ
✦ ᠰᠧᠴᠦᠸᠠᠨ
ᠮᠤᠵᠢ᠎ᠶᠢᠨ ᠲᠡᠦᠬᠡ ᠰᠣᠶᠣᠯ᠎ᠤᠨ ᠳᠤᠷᠠᠰᠬᠠᠯᠲᠤ ᠵᠦᠢᠯᠡᠰ᠎ᠦᠨ ᠬᠠᠭᠤᠴᠢ ᠰᠤᠳᠤᠯᠤᠯ᠎ᠤᠨ ᠬᠦᠷᠢᠶᠡᠯᠡᠩ᠎ᠦᠨ
ᠨᠡᠢᠲᠡᠯᠡᠭᠰᠡᠨ ᠬᠠᠮᠤᠭ ᠤ᠋ᠨ ᠰᠢᠨ᠎ᠡ ᠰᠤᠳᠤᠯᠭᠠᠨ᠎ᠤ ᠦᠷ᠎ᠡ ᠪᠦᠲᠦᠭᠡᠯ᠎ᠡᠴᠡ ᠦᠵᠡᠪᠡᠯ᠂ ᠰᠠᠨ ᠰᠢᠩ
ᠳ᠋ᠦᠢ᠎ᠶᠢᠨ ᠳᠠᠬᠢᠯᠭ᠎ᠠ᠎ᠶᠢᠨ ᠪᠠᠭᠤᠷᠢ ᠵᠢᠨ ᠨᠦᠬᠡᠨ᠎ᠡᠴᠡ ᠣᠯᠳᠠᠭᠰᠠᠨ 11 ᠤᠯᠠᠭᠠᠨ ᠬᠠᠰ ᠰᠤᠪᠤᠳ ᠪᠣᠯ
ᠠᠳᠠᠯᠢ ᠬᠤᠭᠤᠴᠠᠭᠠᠨ᠎ᠤ ᠳᠤᠮᠳᠠᠳᠤ ᠤᠯᠤᠰ᠎ᠤᠨ ᠬᠢᠯᠢ᠎ᠶᠢᠨ ᠳᠣᠲᠣᠷᠠᠬᠢ ᠨᠢᠭᠡᠨᠲᠡ ᠢᠯᠡᠷᠡᠭᠦᠯᠦᠭᠰᠡᠨ ᠬᠠᠮᠤᠭ᠎ᠤᠨ
ᠡᠮᠦᠨ᠎ᠡ ᠦᠵᠦᠭᠦᠷ᠎ᠦᠨ ᠤᠯᠠᠭᠠᠨ ᠬᠠᠰᠤᠨ ᠲᠡᠦᠬᠡ ᠶ᠋ᠢᠨ ᠳᠤᠷᠠᠰᠬᠠᠯᠲᠤ ᠵᠦᠢᠯ ᠪᠠᠢᠵᠦ᠂ ᠡᠨᠡ ᠨᠢ ᠡᠷᠲᠡ
ᠦᠶ᠎ᠡ᠎ᠶᠢᠨ ᠳᠤᠮᠳᠠᠳᠤ ᠤᠯᠤᠰ᠎ᠤᠨ ᠣᠷᠣᠨ ᠪᠦᠰᠡ ᠠᠯᠤᠰᠯᠠᠭᠰᠠᠨ ᠰᠣᠯᠢᠯᠴᠠᠭ᠎ᠠ ᠶ᠋ᠢ ᠭᠡᠷᠡᠴᠢᠯᠡᠵᠦ᠂
ᠳᠤᠮᠳᠠᠳᠤ ᠤᠯᠤᠰ᠎ᠤᠨ ᠬᠦᠷᠡᠯ ᠵᠡᠪᠰᠡᠭ᠎ᠦᠨ ᠦᠶ᠎ᠡ᠎ᠶᠢᠨ ᠠᠷᠠᠯᠵᠢᠶᠠᠨ᠎ᠤ ᠲᠣᠣᠷ ᠬᠢᠭᠡᠳ ᠰᠣᠶᠣᠯ᠎ᠤᠨ
ᠰᠤᠯᠢᠯᠴᠠᠭ᠎ᠠ ᠵᠢ ᠢᠯᠡᠷᠡᠭᠦᠯᠦᠭᠰᠡᠨ ᠪᠠᠢᠨ᠎ᠠ᠃
✦ 2026 ᠣᠨ᠎ᠤ
ᠥᠪᠥᠷ ᠮᠣᠩᠭᠣᠯ᠎ᠤᠨ ᠰᠣᠶᠣᠯ᠎ᠤᠨ ᠠᠵᠢᠯᠯᠠᠭ᠎ᠠ᠎ᠶᠢᠨ ᠤᠯᠠᠷᠢᠯ ᠡᠬᠢᠯᠡᠭᠰᠡᠨ᠎ᠡᠴᠡ 5 ᠰᠠᠷ᠎ᠠ᠎ᠶᠢᠨ ᠰᠡᠭᠦᠯᠴᠢ
ᠪᠣᠯᠲᠠᠯ᠎ᠠ 7 ᠰᠣᠶᠣᠯ ᠵᠢᠭᠤᠯᠴᠢᠯᠠᠯ᠎ᠤᠨ ᠤᠷᠠᠯᠢᠭ᠋᠎ᠤᠨ ᠲᠣᠭᠯᠠᠯᠲᠠ ᠪᠦᠬᠦ ᠣᠷᠣᠨ᠎ᠤ ᠭᠣᠣᠯᠳᠠᠯᠭ᠎ᠠ᠎ᠲᠠᠢ
ᠦᠵᠡᠮᠵᠢ᠎ᠶᠢᠨ ᠣᠷᠣᠨ᠎ᠳᠤ ᠨᠢᠭᠡᠨᠳᠡ 150 ᠭᠠᠷᠤᠢ ᠲᠠᠯᠠᠪᠠᠢ ᠲᠣᠭᠯᠠᠯᠲᠠ ᠭᠠᠷᠭᠠᠵᠤ᠂ ᠦᠵᠡᠭᠴᠢᠳ ᠨᠢ 13
ᠲᠦᠮᠡᠨ ᠬᠥᠮᠥᠨ ᠤᠳᠠᠭ᠎ᠠ᠎ᠵᠢ ᠳᠠᠪᠠᠵᠠᠢ᠃
ᠲᠠᠮᠢᠷ
✦ ᠪᠡᠭᠡᠵᠢᠩ᠎ᠦᠨ ᠴᠠᠭ᠎ᠢᠶᠠᠷ
2026 ᠣᠨ᠎ᠤ 6 ᠰᠠᠷ᠎ᠠ᠎ᠶᠢᠨ 12᠎ᠤᠨ ᠡᠳᠦᠷ᠎ᠦᠨ 3 ᠴᠠᠭ ᠲᠦ᠍᠂ ᠠᠮᠧᠷᠢᠺᠠ ᠺᠠᠨᠠᠳᠠ ᠮᠧᠺᠰᠢᠺᠦ᠎ᠶᠢᠨ ᠳᠡᠯᠡᠬᠡᠢ᠎ᠶᠢᠨ
ᠬᠤᠨᠳᠠᠭᠠᠲᠤ ᠬᠥᠯ ᠪᠥᠮᠪᠥᠭᠡ᠎ᠶᠢᠨ ᠤᠷᠤᠯᠳᠤᠭᠠᠨ ᠪ ᠬᠦᠰᠢᠭᠡ ᠵᠢ ᠰᠡᠬᠦᠬᠦ ᠮᠧᠺᠰᠢᠺᠦ ᠪᠠ ᠡᠮᠦᠨᠡᠲᠦ ᠠᠹᠷᠢᠺᠠ ᠵᠢᠨ ᠠᠨᠭᠬᠢ ᠵᠢᠨ ᠤᠷᠤᠯᠳᠤᠭᠠᠨ ᠮᠧᠺᠰᠢᠺᠦ᠎ᠶᠢᠨ ᠨᠡᠢᠰᠯᠡᠯ᠎ᠤᠨ ᠠᠽᠲ᠋ᠥᠺ ᠲᠠᠮᠢᠷ᠎ᠤᠨ
ᠲᠠᠯᠠᠪᠠᠢ᠎ᠳᠤ ᠶᠠᠪᠤᠭᠳᠠᠨ᠎ᠠ᠃
ᠳᠡᠯᠡᠬᠡᠢ
✦ ᠰᠢᠨᠬᠤᠸᠠ
ᠬᠣᠷᠢᠶ᠎ᠠ ᠵᠢᠨ ᠮᠡᠳᠡᠭᠡ᠎ᠶᠢ ᠦᠨᠳᠦᠰᠦᠯᠡᠪᠡᠯ᠂ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠶᠡᠬᠡ
ᠬᠤᠷᠠᠯ 3᠎ᠤ ᠡᠳᠦᠷ ᠠᠦ᠋ᠰᠲᠷᠢᠶ᠎ᠠ᠂ ᠺᠢᠷᠭᠢᠽᠰᠲ᠋ᠠᠨ᠂ ᠫᠣᠷᠲ᠋ᠦ᠋ᠭᠠᠯ᠂ ᠲᠷᠢᠨᠢᠳᠠᠳ᠋ ᠪᠠ ᠲᠤᠪᠠᠭᠣ᠋᠂
ᠽᠢᠮᠪᠠᠪᠦ᠋ᠸᠧᠶ ᠵᠡᠷᠭᠡ ᠤᠯᠤᠰ᠎ᠢ ᠠᠶᠤᠯᠭᠦᠢ᠎ᠶᠢᠨ ᠵᠥᠪᠯᠡᠯ᠎ᠦᠨ ᠪᠠᠢᠩᠭᠤ᠎ᠶᠢᠨ ᠪᠤᠰᠤ ᠬᠡᠷᠡᠭ ᠡᠷᠬᠢᠯᠡᠭᠴᠢ
ᠤᠯᠤᠰ᠎ᠢᠶᠠᠷ ᠰᠣᠩᠭᠣᠪᠠ᠃ ᠡᠭᠦᠨ᠎ᠳᠦ ᠺᠢᠷᠬᠢᠽᠰᠲ᠋ᠠᠠ ᠠᠩᠬ᠎ᠠ ᠤᠳᠠᠭ᠎ᠠ ᠰᠣᠩᠭᠣᠭᠳᠠᠵᠦ ᠪᠠᠢᠭ᠎ᠠ ᠶᠤᠮ᠃
✦ ᠡᠸᠦ᠋ᠷᠦᠫᠡ
ᠶ᠋ᠢᠨ ᠲᠥᠪ ᠪᠠᠩᠬᠢ ᠵᠢᠨ 2᠎ᠤᠨ ᠡᠳᠦᠷ ᠨᠡᠢᠲᠡᠯᠡᠭᠰᠡᠨ ᠮᠡᠳᠡᠭᠦᠯᠦᠯᠲᠡ ᠳ᠋ᠤ ᠢᠯᠡᠷᠡᠬᠦᠯᠦᠭᠰᠡᠨ ᠵᠢᠡᠷ᠂
ᠠᠯᠲᠠᠨ᠎ᠤ ᠨᠥᠭᠡᠴᠡ ᠶ᠋ᠢᠨ ᠡᠵᠡᠯᠡᠬᠦ ᠬᠠᠷᠢᠴᠠᠯ ᠨᠢ ᠠᠮᠧᠷᠢᠺᠠ ᠤᠯᠤᠰ᠎ᠤᠨ ᠵᠢᠭᠡᠯᠡᠯᠭᠡ᠎ᠡᠴᠡ ᠳᠠᠪᠠᠵᠤ᠂
ᠡᠯ᠎ᠡ ᠤᠯᠤᠰ᠎ᠤᠨ ᠲᠥᠪ ᠪᠠᠩᠬᠢ ᠶ᠋ᠢᠨ ᠬᠠᠮᠤᠭ᠎ᠤᠨ ᠲᠣᠮᠣ᠌ ᠨᠥᠭᠡᠴᠡ ᠬᠥᠷᠥᠩᠭᠡ ᠪᠣᠯᠵᠠᠢ᠃ 2025 ᠣᠨ᠎ᠤ
ᠡᠴᠦᠰ ᠪᠣᠯᠲᠠᠯ᠎ᠠ ᠪᠥᠬᠥ ᠳᠡᠯᠡᠬᠡᠢ᠎ᠶᠢᠨ ᠠᠯᠪᠠᠨ᠎ᠤ ᠲᠠᠯ᠎ᠠ᠎ᠶᠢᠨ ᠠᠯᠲᠠᠨ᠎ᠤ ᠨᠥᠭᠡᠴᠡ ᠵᠢᠨ ᠪᠦᠬᠦ
ᠬᠥᠷᠥᠩᠭᠡᠳ᠋ᠡᠬᠢ ᠡᠵᠡᠯᠡᠬᠦ ᠬᠠᠷᠢᠴᠠᠯ 27% ᠪᠣᠯᠲᠠᠯ᠎ᠠ ᠳᠡᠭᠡᠭᠰᠢᠯᠡᠵᠡᠢ᠃
ᠦᠢ᠍ᠯᠡᠴᠢᠯᠡᠭᠡ
✦ ᠴᠠᠬᠠᠷ ᠪᠠᠷᠠᠭᠤᠨ
ᠭᠠᠷᠤᠨ ᠡᠮᠦᠨᠡᠲᠦ ᠬᠣᠰᠢᠭᠤᠨ᠎ᠤ ᠤᠯᠠᠭᠠᠨᠮᠥ᠋ᠴᠢᠷ 9 ᠲᠣᠭᠯᠠᠭ᠍ᠴᠢᠡᠯᠰᠡᠵᠦ ᠪᠤᠢ᠃
ᠲᠠᠨ᠎ᠤ ᠲᠤᠰᠠ᠎ᠳᠤ
✦ ᠶᠡᠬᠡ ᠳᠡᠭᠡᠳᠦ
ᠰᠤᠷᠭᠠᠭᠤᠯᠢ᠎ᠳᠤ ᠰᠣᠷᠣᠭ᠍ᠴᠢ ᠡᠯᠰᠡᠬᠦ ᠤᠯᠤᠰ᠎ᠤᠨ ᠨᠢᠭᠡᠳᠦᠯᠳᠡᠢ ᠰᠢᠯᠭᠠᠯᠲᠠ᠎ᠶᠢᠨ ᠬᠤᠭᠤᠴᠠᠭᠠᠨ᠎ᠳᠤ
ᠢᠳᠡᠭᠡᠨ ᠤᠮᠳᠠᠭᠠᠨ ᠵᠢᠡᠨ ᠵᠤᠬᠢᠰᠳᠠᠢ ᠪᠠᠢᠯᠭᠠᠵᠤ᠂ ᠭᠤᠷᠪᠠᠨ ᠴᠠᠭ᠎ᠤᠨ ᠬᠣᠭᠣᠯᠠᠨ ᠳ᠋ᠤ ᠪᠦᠳᠦᠭᠦᠯᠢᠭ ᠠᠮᠤ᠂
ᠥᠨᠳᠡᠭᠡ᠂ ᠰᠦ᠂ ᠵᠢᠮᠢᠰ᠂ ᠨᠣᠭᠣᠭ᠎ᠠ ᠵᠡᠷᠭᠡ ᠵᠢ ᠠᠮᠢᠳᠤᠯᠢᠭ ᠵᠢᠡᠷ ᠳᠤᠬᠢᠷᠠᠭᠤᠯᠬᠤ ᠬᠡᠷᠡᠭᠳᠡᠢ᠃ ᠲᠦᠭᠦᠬᠡᠢ᠂
ᠬᠦᠢᠲᠡᠨ᠂ ᠲᠣᠰᠣᠯᠢᠭ᠋ ᠵᠦᠢᠯ ᠪᠠ ᠡᠯᠳᠡᠪ ᠵᠦᠢᠯ᠎ᠤᠨ ᠰᠤᠨᠢᠨ ᠬᠠᠴᠢᠨ ᠰᠢᠮ᠎ᠠ ᠳᠡᠵᠢᠭᠡᠯ ᠨᠦᠬᠦᠬᠦ
ᠢᠳᠡᠭᠡᠨ᠎ᠢ ᠪᠠᠭ᠎ᠠ ᠢᠳᠡᠵᠦ᠂ ᠴᠠᠭ᠎ᠤᠨ ᠬᠤᠭᠤᠯᠠ ᠪᠡᠨ ᠳᠣᠯᠣᠭᠠᠨ ᠬᠤᠪᠢ ᠵᠢᠨ ᠴᠠᠳᠬᠤᠯᠠᠡᠭ ᠵᠢᠡᠷ
ᠪᠠᠷᠢᠮᠵᠢᠶ᠎ᠠ ᠪᠤᠯᠭᠠᠬᠤ ᠪᠦᠭᠡᠳ ᠣᠷᠣᠢ᠎ᠶᠢᠨ ᠬᠣᠭᠣᠯᠠ ᠵᠢ ᠪᠠᠭ᠎ᠠ ᠢᠳᠡᠪᠡᠯ ᠵᠤᠬᠢᠨ᠎ᠠ᠃
ᠵᠠᠯᠭᠠᠭᠠᠳ 《ᠬᠠᠢᠷ᠎ᠠ ᠵᠢᠨ ᠠᠭᠤᠯᠠ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)