



ᠴᠠᠭ ᠲᠦᠷᠦ
✦ᠳᠤᠮᠳᠠᠳᠤ ᠤᠯᠤᠰ᠎ᠤᠨ ᠡᠪ ᠬᠠᠮᠲᠤ ᠨᠠᠮ ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ
ᠳᠦᠷᠪᠡᠳᠦᠭᠡᠷ ᠪᠥᠬᠥᠳᠡ ᠬᠤᠷᠠᠯ 20 ᠤ ᠦᠳᠡ᠎ᠶᠢᠨ ᠡᠮᠦᠨ᠎ᠡ ᠪᠡᠭᠡᠵᠢᠩ᠎ᠳᠦ ᠬᠤᠷᠠᠯᠳᠤᠵᠤ ᠡᠬᠢᠯᠡᠪᠡ᠃ ᠲᠥᠪ
ᠬᠣᠷᠢᠶ᠎ᠠ ᠵᠢᠨ ᠶᠡᠷᠦᠩᠬᠡᠢ ᠱᠦᠵᠢ ᠰᠢ ᠵᠢᠨ ᠫᠢᠩ ᠲᠥᠪ ᠬᠣᠷᠢᠶ᠎ᠠ ᠵᠢᠨ ᠤᠯᠤᠰ ᠲᠥᠷᠥ᠎ᠶᠢᠨ ᠲᠣᠪᠴᠢᠶ᠎ᠠ ᠵᠢ
ᠲᠦᠯᠦᠭᠡᠯᠡᠨ ᠪᠥᠬᠥᠳᠡ ᠬᠤᠷᠠᠯ᠎ᠳᠤ ᠠᠵᠢᠯ᠎ᠤᠨ ᠢᠯᠡᠳᠬᠡᠯ ᠬᠢᠵᠤ᠂ 《ᠤᠯᠤᠰ
ᠠᠷᠠᠳ᠎ᠤᠨ ᠠᠵᠤ ᠠᠬᠤᠢ ᠪᠠ ᠨᠡᠢᠭᠡᠮ᠎ᠦᠨ ᠬᠥᠭᠵᠢᠯᠲᠡ᠎ᠶᠢᠨ ᠠᠷᠪᠠᠨ ᠲᠠᠪᠤᠳᠤᠭᠠᠷ ᠲᠠᠪᠤᠨ ᠵᠢᠯ᠎ᠦᠨ
ᠲᠥᠯᠦᠪᠵᠢᠭᠦᠯᠭᠡ᠎ᠶᠢ ᠲᠣᠭᠲᠠᠭᠠᠬᠤ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ
ᠰᠠᠨᠠᠭᠤᠯᠭ᠎ᠠ (ᠶᠠᠷᠢᠯᠴᠠᠬᠤ
ᠨᠣᠣᠷᠠᠭ)》 ᠵᠢᠨ
ᠲᠤᠬᠠᠢ ᠪᠥᠬᠥᠳᠡ ᠬᠤᠷᠠᠯ᠎ᠳᠤ ᠲᠣᠳᠣᠷᠬᠠᠢᠯᠠᠯᠲᠠ ᠬᠢᠪᠡ᠃

ᠨᠡᠢᠭᠡᠮ
✦ᠳᠥᠭᠥᠮ ᠳᠥᠲᠡ ᠥᠨᠳᠥᠷ ᠪᠦᠲᠦᠮᠵᠢᠲᠡᠶ ᠲᠠᠷᠢᠶᠠᠯᠠᠩ ᠤᠨ ᠨᠡᠢᠭᠡᠮᠴᠢᠯᠡᠭᠰᠡᠨ ᠦᠢᠯᠡᠴᠢᠯᠡᠭᠡᠨ᠎ᠦ ᠰᠢᠰᠲᠧᠮ ᠢ
ᠪᠦᠷᠢᠨᠰᠢᠭᠦᠯᠬᠦ᠎ᠶᠢᠨ ᠲᠥᠯᠥᠭᠡ᠂ ᠬᠦᠳᠡᠭᠡ ᠠᠵᠤ ᠠᠬᠤᠢ ᠬᠥᠳᠡᠭᠡ ᠲᠣᠰᠬᠣᠨ᠎ᠤ ᠶᠠᠮᠤᠨ ᠵᠡᠷᠭᠡ 6 ᠰᠠᠯᠠᠭ᠎ᠠ ᠮᠥᠴᠢᠷ
ᠡᠴᠡ ᠣᠲᠣ᠌ ᠦᠶ᠎ᠡ᠎ᠶᠢᠨ ᠲᠠᠷᠢᠶᠠᠯᠠᠩ᠎ᠤᠨ ᠶᠠᠪᠤᠳᠠᠯ᠎ᠤᠨ ᠶᠡᠷᠦᠩᠬᠡᠢᠯᠡᠭᠰᠡᠨ ᠦᠢᠯᠡᠴᠢᠯᠡᠭᠡᠨ᠎ᠦ ᠲᠥᠪ᠎ᠦᠨ ᠪᠠᠢᠭᠤᠯᠤᠯᠲᠠ᠎ᠶᠢ
ᠴᠢᠩᠭᠠᠳᠬᠠᠬᠤ ᠲᠤᠬᠠᠢ ᠵᠢᠯᠤᠭᠣᠳᠬᠤ ᠰᠠᠨᠠᠯ᠎ᠢ ᠨᠡᠢᠲᠡᠯᠡᠪᠡ᠃

✦ᠳᠤᠮᠳᠠᠳᠤ ᠤᠯᠤᠰ ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠦᠨ ᠤᠯᠤᠰ ᠤᠨ ᠣᠳᠣᠨ ᠣᠷᠣᠨ᠎ᠤ ᠥᠷᠲᠡᠭᠡ᠎ᠡᠴᠡ
ᠭᠣᠣᠯᠯᠠᠨ ᠪᠠᠢᠭᠤᠯᠤᠭᠰᠠᠨ ᠳᠡᠯᠡᠬᠡᠢ᠎ᠶᠢᠨ ᠠᠩᠬᠠᠳᠠᠭ᠍ᠴᠢ ᠨᠡᠷᠡᠨ ᠦ ᠰᠣᠷᠢᠨᠵᠢᠨ ᠣᠷᠣᠨ ᠤ ᠨᠠᠷᠢᠯᠢᠭ᠋ ᠬᠡᠮᠵᠢᠯᠲᠡ᠎ᠳᠡᠬᠢ
ᠤᠯᠠᠭᠠᠨ ᠤ ᠭᠠᠳᠠᠨᠠᠬᠢ ᠲᠤᠶᠠᠭᠠᠨᠤ ᠠᠵᠢᠭ᠍ᠯᠠᠯᠲᠠ᠎ᠶᠢᠨ ᠰᠢᠰᠲᠧᠮ (AIMS ᠳᠤᠷᠠᠨ) ᠣᠢᠷ᠎ᠠ᠎ᠳᠤ ᠤᠯᠤᠰ᠎ᠤᠨ ᠰᠢᠯᠭᠠᠨ ᠪᠠᠢᠴᠠᠭᠠᠯᠲᠠ ᠳ᠋ᠤ ᠬᠢᠷᠢ ᠲᠡᠩᠴᠡᠭᠰᠡᠨ
ᠪᠥᠭᠡᠳ ᠵᠢᠩᠬᠢᠨᠢ᠎ᠪᠡᠷ ᠠᠰᠢᠭ᠍ᠯᠠᠯᠲᠠ᠎ᠳᠤ ᠣᠷᠣᠪᠠ᠃ ᠲᠤᠰ ᠳᠤᠷᠠᠨ ᠨᠢ ᠳᠡᠯᠡᠬᠡᠢ᠎ᠶᠢᠨ ᠳᠤᠮᠳᠠ ᠤᠯᠠᠭᠠᠨ ᠤ ᠭᠠᠳᠠᠨᠠᠬᠢ
ᠨᠡᠷᠡᠨ ᠦ ᠰᠣᠷᠢᠨᠵᠢᠨ ᠣᠷᠣᠨ ᠤ ᠠᠵᠢᠭ᠍ᠯᠠᠯᠲᠠ ᠶᠢᠨ ᠬᠣᠭᠣᠰᠤᠨ ᠢ ᠨᠥᠬᠥᠪᠦᠷᠢᠯᠡᠭᠰᠡᠨ ᠪᠠᠢᠨ᠎ᠠ᠃
✦ᠬᠦᠳᠡᠭᠡ ᠠᠵᠤ ᠠᠬᠤᠢ ᠬᠥᠳᠡᠭᠡ ᠲᠣᠰᠬᠣᠨ᠎ᠤ ᠶᠠᠮᠤᠨ᠎ᠤ ᠬᠠᠮᠤᠭ ᠤᠨ ᠰᠢᠨ᠎ᠡ ᠲᠠᠷᠢᠶᠠᠯᠠᠩ᠎ᠤᠨ ᠪᠠᠢᠳᠠᠯ᠎ᠤᠨ
ᠲᠣᠬᠢᠷᠠᠭᠤᠯᠤᠯᠲᠠ᠎ᠠᠴᠠ ᠦᠵᠡᠪᠡᠯ᠂ 2025 ᠣᠨ ᠤ᠋ ᠪᠥᠬᠥ ᠤᠯᠤᠰ᠎ᠤᠨ ᠨᠠᠮᠤᠷ᠎ᠤᠨ ᠠᠮᠤ ᠪᠤᠳᠠᠭᠠᠨ᠎ᠤ ᠬᠤᠷᠢᠶᠠᠯᠲᠠ
ᠠᠷᠪᠠᠨ᠎ᠤ ᠲᠤᠯᠤᠭᠠᠨ ᠬᠤᠪᠢ ᠰᠢᠬᠠᠮ ᠪᠣᠯᠵᠠᠢ᠃
✦ᠣᠢᠷ᠎ᠠ᠎ᠳᠤ ᠣᠯᠠᠨ ᠪᠠᠩᠬᠢ ᠵᠢᠨ ᠬᠢᠨ ᠠᠯᠪᠠᠨ ᠵᠠᠷᠯᠠᠯ ᠨᠡᠢᠲᠡᠯᠡᠵᠦ᠂ ᠬᠤᠪᠢ ᠬᠥᠮᠥᠨᠪᠠ
ᠪᠠᠢᠭᠤᠯᠭ᠎ᠠ ᠨᠢᠭᠡᠴᠢ ᠶᠢᠨ ᠣᠷᠳᠣ᠌ ᠬᠤᠭᠤᠴᠠᠭ᠎ᠠ᠎ᠪᠠᠷ ᠥᠯᠥ ᠬᠥᠳᠡᠯᠦᠭᠰᠡᠨ ᠳᠠᠨᠭᠰᠠᠨ ᠡᠷᠦᠬᠡ᠎ᠶᠢ ᠢᠯᠭᠠᠷᠠᠭᠤᠯᠤᠨ
ᠳᠢᠭᠯᠡᠨ᠎ᠡ ᠭᠡᠵᠡᠢ᠃

✦10 ᠰᠠᠷ᠎ᠠ᠎ᠶᠢᠨ 20᠎ᠤ ᠡᠳᠦᠷ ᠪᠣᠯ ᠳᠡᠯᠡᠬᠡᠢ᠎ᠶᠢᠨ ᠡᠪᠡᠷᠰᠢᠶᠡᠯ ᠢ ᠨᠠᠮᠳᠠᠭᠠᠬᠤ ᠡᠳᠦᠷ ᠪᠤᠯᠤᠨ᠎ᠠ᠃
ᠤᠢᠯᠠᠭᠠᠭᠰᠠᠨ ᠵᠢᠡᠷ᠂ ᠮᠠᠨ᠎ᠤ ᠤᠯᠤᠰ᠎ᠤᠨ ᠤᠳᠠᠭᠠᠨ ᠴᠢᠨᠠᠷᠲᠠᠢ ᠡᠪᠡᠷᠰᠢᠶᠡᠯ᠎ᠤᠨ ᠡᠪᠡᠳᠴᠢᠲᠡᠨ 3 ᠳ᠋ᠦᠩᠰᠢᠭᠤᠷ ᠢ
ᠳᠠᠪᠠᠵᠠᠢ᠃ ᠣᠢᠷ᠎ᠠ᠎ᠶᠢᠨ ᠵᠢᠯ᠎ᠦᠳ᠎ᠲᠦ ᠮᠠᠨ᠎ᠤ ᠤᠯᠤᠰ᠎ᠤᠨ 3316 ᠡᠮᠨᠡᠯᠭᠡ ᠶ᠋ᠢᠨ ᠬᠣᠷᠢᠶ᠎ᠠ ᠡᠪᠡᠷᠰᠢᠶᠡᠯ ᠢ
ᠨᠠᠮᠳᠠᠭᠠᠬᠤ ᠰᠠᠯᠠᠭ᠎ᠠ ᠭᠠᠷᠭᠠᠵᠤ᠂ ᠡᠪᠡᠳᠴᠢᠲᠡᠨ᠎ᠳᠦ ᠨᠡᠶ᠋ᠢᠲᠡ 2 ᠳ᠋ᠦᠩᠰᠢᠭᠤᠷ ᠭᠠᠷᠤᠢ ᠬᠥᠮᠥᠨ ᠤᠳᠠᠭ᠎ᠠ ᠦᠢᠯᠡᠴᠢᠯᠡᠵᠦ᠂
ᠤᠳᠠᠭᠠᠨ ᠴᠢᠨᠠᠷᠲᠠᠢ ᠡᠪᠡᠷᠰᠢᠶᠡᠯ᠂ ᠥᠮᠡᠨ᠎ᠢᠶᠡᠷ ᠡᠪᠡᠳᠬᠦ ᠵᠡᠷᠭᠡ ᠣᠯᠠᠨ ᠬᠦᠷᠢᠶ᠎ᠡ ᠴᠠᠷᠠᠭ᠎ᠠ ᠶᠢ ᠬᠠᠮᠤᠷᠤᠭᠰᠠᠨ
ᠡᠮᠴᠢᠯᠡᠭᠡᠨ᠎ᠦ ᠰᠢᠰᠲᠧᠮ᠎ᠢ ᠪᠣᠶ ᠪᠣᠯᠭᠠᠭᠰᠠᠨ ᠪᠠᠢᠨ᠎ᠠ᠃
✦ᠳᠣᠲᠣᠭᠠᠳᠤ ᠶ᠋ᠢ ᠬᠠᠮᠠᠭᠠᠯᠠᠬᠤ ᠶᠠᠮᠤᠨ ᠤ᠋ ᠮᠡᠳᠡᠭᠡ ᠵᠢ ᠦᠨᠳᠦᠰᠦᠯᠡᠪᠡᠯ᠂ ᠡᠨᠡ ᠵᠢᠯ᠎ᠦᠨ 9 ᠰᠠᠷ᠎ᠠ
ᠶ᠋ᠢᠨ ᠰᠡᠭᠦᠯᠴᠢ ᠪᠣᠯᠲᠠᠯ᠎ᠠ ᠪᠦᠬᠦ ᠤᠯᠤᠰ᠎ᠤᠨ ᠮᠠᠰᠢᠨ ᠬᠥᠳᠡᠯᠭᠡᠭᠦᠷᠲᠦ ᠲᠡᠷᠭᠡᠨ᠎ᠦ ᠲᠣᠭ᠎ᠠ 4.65 ᠳ᠋ᠦᠩᠰᠢᠭᠤᠷ᠎ᠲᠤ
ᠬᠦᠷᠴᠦ᠂ ᠡᠭᠦᠨᠳ᠋ᠤ ᠮᠠᠰᠢᠨ ᠲᠡᠷᠭᠡ 3.63 ᠳ᠋ᠦᠩᠰᠢᠭᠤᠷ᠎ᠲᠤ ᠬᠦᠷᠴᠦ᠂ ᠵᠢᠯᠣᠭᠣᠴᠢ 5.56 ᠳ᠋ᠦᠩᠰᠢᠭᠤᠷ ᠲᠦ᠍
ᠬᠦᠷᠴᠦ᠂ ᠮᠠᠰᠢᠨ ᠬᠥᠳᠡᠯᠭᠡᠭᠦᠷᠲᠦ ᠲᠡᠷᠭᠡ ᠪᠠ ᠵᠢᠯᠣᠭᠣᠴᠢ᠎ᠶᠢᠨ ᠶᠡᠷᠦᠩᠬᠡᠢ ᠲᠣᠭ᠎ᠠ ᠴᠥᠮ ᠳᠡᠯᠡᠬᠡᠢ᠎ᠶᠢᠨ ᠨᠢᠭᠡᠳᠦᠭᠡᠷ᠎ᠲᠦ
ᠣᠷᠣᠪᠠ᠃

✦ᠳᠤᠮᠳᠠᠳᠤ ᠤᠯᠤᠰ᠎ᠤᠨ
ᠴᠠᠭ ᠠᠭᠤᠷ᠎ᠤᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠮᠠᠨ ᠤ ᠤᠯᠤᠰ᠎ᠤᠨ ᠴᠠᠭ ᠠᠭᠤᠷ᠎ᠤᠨ ᠠᠭᠠᠷ ᠰᠢᠨᠵᠢᠯᠡᠭᠡᠨ
ᠤ᠋ ᠲᠤᠬᠠᠢᠯᠠᠭᠰᠠᠨ ᠠᠵᠢᠯ ᠤᠨ ᠰᠢᠰᠲᠧᠮ ᠨᠢᠭᠡᠨᠲᠡ L ᠳᠣᠯᠭᠢᠶᠠᠨ ᠲᠠᠰᠤᠯᠪᠤᠷᠢ ᠵᠢᠨ ᠠᠭᠠᠷ ᠰᠢᠨᠵᠢᠯᠡᠭᠡᠨ᠎ᠡᠴᠡ ᠳᠣᠬᠢᠭᠤᠷ ᠲᠤᠯᠤᠭᠠᠨ ᠣᠲᠣ᠌
ᠵᠦᠭ ᠪᠥᠬᠥ ᠲᠠᠯ᠎ᠠ᠎ᠪᠠᠷ ᠲᠠᠰ ᠳᠠᠪᠰᠢᠵᠤ᠂ ᠮᠠᠨ᠎ᠤ ᠤᠯᠤᠰ ᠥᠨᠳᠥᠷ ᠣᠭᠲᠠᠷᠭᠤᠢ᠎ᠶᠢᠨ ᠴᠠᠭ ᠠᠭᠤᠷ᠎ᠤᠨ ᠠᠵᠢᠭ᠍ᠯᠠᠯᠲᠠ᠎ᠶᠢᠨ
ᠬᠦᠷᠢᠶᠡᠨ᠎ᠳᠦ ᠳᠡᠯᠡᠬᠡᠢ᠎ᠶᠢᠨ ᠲᠡᠷᠢᠭᠦᠨ᠎ᠦ ᠡᠩᠨᠡᠭᠡᠨ᠎ᠳᠦ ᠣᠷᠣᠭᠰᠠᠨ᠎ᠢ ᠬᠠᠷᠠᠭᠤᠯᠵᠤ ᠪᠠᠢᠨ᠎ᠠ᠃ ᠳᠣᠬᠢᠭᠤᠷ
ᠲᠤᠯᠤᠭᠠᠨ ᠣᠲᠣ᠌ ᠣᠭᠲᠠᠷᠭᠤᠢ᠎ᠶᠢ ᠬᠠᠢᠬᠤ ᠰᠢᠰᠲᠧᠮ᠎ᠦᠨ ᠪᠦᠬᠦᠯᠢ ᠴᠣᠭᠴᠠ᠎ᠶᠢᠨ ᠠᠵᠢᠭ᠍ᠯᠠᠯᠲᠠ ᠶ᠋ᠢᠨ ᠲᠣᠭ᠎ᠠ
ᠪᠠᠷᠢᠮᠲᠠ᠎ᠶᠢᠨ ᠣᠨᠣᠪᠴᠢ᠎ᠶᠢᠨ ᠬᠡᠮᠵᠢᠶ᠎ᠡ ᠨᠢ 99%᠎ᠶᠢ ᠳᠠᠪᠠᠪᠡ᠃
✦ᠪᠤᠭᠤᠲᠤ᠎ᠠᠴᠠ ᠢᠷᠭᠠᠢ ᠬᠦᠷᠬᠦ ᠲᠦᠷᠭᠡᠨ᠎ᠤ ᠲᠡᠮᠦᠷ ᠵᠠᠮ᠎ᠤᠨ ᠠᠯᠠᠱᠠ ᠵᠡᠭᠦᠨ ᠬᠣᠰᠢᠭᠤ ᠵᠢᠨ ᠬᠡᠰᠡᠭ᠎ᠦᠨ
ᠵᠠᠮ᠎ᠤᠨ ᠰᠠᠭᠤᠷᠢ᠂ ᠬᠥᠭᠥᠷᠭᠡ᠂ ᠥᠷᠲᠡᠭᠡᠨ᠎ᠦ ᠭᠡᠷ᠎ᠦᠨ ᠭᠣᠣᠯ ᠪᠠᠷᠢᠯᠭ᠎ᠠ᠎ᠶᠢ ᠨᠢᠭᠡᠨᠲᠡ ᠪᠦᠬᠦᠨ᠎ᠢ ᠳᠠᠭᠤᠰᠬᠠᠪᠠ᠃
ᠠᠯᠠᠱᠠ ᠠᠭᠤᠯᠠ ᠵᠢᠨ ᠨᠦᠬᠡᠨ ᠵᠠᠮ᠎ᠤᠨ ᠭᠣᠣᠯ ᠴᠣᠭᠴᠠ᠎ᠶᠢ ᠨᠡᠶ᠋ᠢᠲᠡ 7575 ᠮᠧᠲᠷ ᠮᠠᠯᠲᠠᠵᠤ᠂ ᠭᠣᠣᠯ ᠪᠠᠷᠢᠯᠭ᠎ᠠ᠎ᠶᠢᠨ
ᠬᠡᠮᠵᠢᠶ᠎ᠡ ᠶᠢ 100% ᠪᠠᠷ ᠪᠡᠶᠡᠯᠡᠭᠦᠯᠵᠦ᠂ ᠣᠳᠣ᠌ ᠶᠠᠭ ᠳᠠᠭᠠᠯᠲᠠ ᠪᠠᠷᠢᠯᠭ᠎ᠠ᠎ᠶᠢᠨ ᠠᠵᠢᠯ ᠢ ᠥᠷᠨᠢᠭᠦᠯᠵᠦ
ᠪᠠᠢ᠍ᠨ᠎ᠠ᠃

✦ᠣᠢᠷ᠎ᠠ ᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ
ᠲᠣᠪᠴᠢᠶ᠎ᠠ 2025 ᠣᠨ᠎ᠤ ᠥᠪᠡᠷᠲᠡᠭᠡᠨ ᠵᠠᠰᠠᠬᠤ ᠣᠷᠣᠨ᠎ᠤ ᠥᠨᠳᠥᠷ ᠥᠷᠲᠡᠭᠲᠦ ᠲᠤᠰᠬᠠᠢ ᠠᠰᠢᠭ᠋᠎ᠤᠨ ᠡᠷᠬᠡ
ᠵᠢ ᠪᠣᠢᠵᠢᠭᠤᠯᠬᠤ ᠲᠥᠪ ᠢ ᠮᠠᠭᠠᠳᠯᠠᠨ ᠲᠣᠭᠲᠠᠭᠠᠭᠰᠠᠨ ᠦᠷ᠎ᠡ ᠳ᠋ᠦᠩ ᠢ ᠨᠡᠢᠲᠡᠯᠡᠵᠦ᠂ ᠥᠪᠥᠷ ᠮᠣᠩᠭᠣᠯ ᠤᠨ ᠠᠵᠤ
ᠦᠢᠯᠡᠳᠪᠦᠷᠢ᠎ᠶᠢᠨ ᠶᠡᠬᠡ ᠰᠤᠷᠭᠠᠭᠤᠯᠢ ᠵᠡᠷᠭᠡ 6 ᠨᠢᠭᠡᠴᠢ ᠰᠣᠩᠭᠣᠭᠳᠠᠭᠰᠠᠨᠢ ᠮᠠᠭᠠᠳᠯᠠᠨ ᠲᠣᠭᠲᠠᠭᠠᠪᠠ᠃
✦ᠣᠢᠷ᠎ᠠ᠎ᠳᠤ ᠪᠠᠶᠠᠨᠨᠠᠭᠤᠷ ᠬᠤᠲᠠ᠎ᠶᠢᠨ ᠭᠡᠷ ᠪᠦᠯᠢ ᠰᠤᠷᠭᠠᠭᠤᠯᠢ ᠨᠡᠢᠭᠡᠮ ᠬᠠᠮᠵᠢᠯᠴᠠᠨ ᠬᠥᠮᠥᠨ ᠬᠥᠮᠥᠵᠢᠭᠦᠯᠬᠦ
ᠭᠡᠷ ᠪᠦᠯᠢ ᠶᠢᠨ ᠰᠤᠷᠭᠠᠨ ᠬᠥᠮᠦᠵᠢᠯ ᠢ ᠴᠢᠨᠠᠷ ᠰᠠᠢᠲᠠᠢ ᠬᠥᠭᠵᠢᠭᠦᠯᠬᠦ ᠭᠤᠷᠪᠠᠨ ᠵᠢᠯ ᠦᠨ ᠠᠵᠢᠯᠯᠠᠭ᠎ᠠ᠎ᠶᠢᠨ
ᠨᠡᠶ᠋ᠢᠲᠡ᠎ᠶᠢᠨ ᠠᠰᠠᠷᠠᠮᠵᠢ᠎ᠶᠢᠨ ᠲᠥᠯᠥᠪᠯᠡᠭᠡ᠎ᠶᠢ ᠯᠢᠨᠾᠧ ᠲᠣᠭᠣᠷᠢᠭ᠋᠎ᠲᠤ ᠡᠬᠢᠯᠡᠭᠦᠯᠪᠡ᠃

✦ᠣᠢᠷ᠎ᠠ ᠳᠤ ᠣᠩᠨᠢᠭᠤᠳ ᠬᠣᠰᠢᠭᠤᠨ ᠤ ᠪᠣᠷᠣᠬᠤᠲᠠ
ᠪᠠᠯᠭᠠᠰᠤ ᠵᠢᠨ ᠷᠠᠰᠢᠶᠠᠨ ᠭᠠᠴᠠᠭ᠎ᠠ ᠶᠢᠨ 《ᠷᠠᠰᠢᠶᠠᠨ ᠡᠯᠡᠰᠦᠨ ᠵᠢᠭᠤᠯᠴᠢᠯᠠᠯ᠎ᠤᠨ ᠬᠣᠷᠰᠢᠶ᠎ᠠ》
ᠨᠢ 2025 ᠣᠨ᠎ᠦ ᠠᠰᠢᠭ᠋ ᠣᠷᠣᠯᠭ᠎ᠠ᠎ᠪᠠᠨ ᠬᠤᠪᠢᠶᠠᠷᠢᠯᠠᠬᠤ ᠬᠤᠷᠠᠯ ᠬᠢᠵᠤ᠂ ᠮᠠᠯᠴᠢᠳ᠎ᠲᠠᠭᠠᠨ
534 ᠲᠦᠮᠡᠨ ᠲᠥᠭᠥᠷᠢᠭ ᠦᠨ ᠠᠰᠢᠭ᠋ ᠣᠷᠣᠯᠭ᠎ᠠ ᠬᠤᠪᠢᠶᠠᠷᠢᠯᠠᠯ᠎ᠠ᠃
ᠠᠵᠤ ᠠᠬᠤᠢ
✦2025 ᠣᠨ ᠤ 6 ᠰᠠᠷ᠎ᠠ ᠪᠣᠯᠲᠠᠯ᠎ᠠ ᠮᠠᠨ᠎ᠤ ᠤᠯᠤᠰ᠎ᠤᠨ ᠵᠣᠬᠢᠶᠠᠮᠠᠯ ᠣᠶᠤᠨ ᠴᠢᠳᠠᠪᠤᠷᠢ ᠵᠢᠨ ᠬᠡᠷᠡᠭᠯᠡᠭᠴᠢ᠎ᠶᠢᠨ
ᠬᠡᠪᠴᠢᠶ᠎ᠡ 5.15 ᠳ᠋ᠦᠩᠰᠢᠭᠤᠷ᠎ᠲᠤ ᠬᠦᠷᠴᠦ᠂ 2024 ᠣᠨ᠎ᠤ 12 ᠰᠠᠷ᠎ᠠ᠎ᠶᠢᠨ ᠬᠢ᠎ᠡᠴᠡ 2.66 ᠳ᠋ᠦᠩᠰᠢᠭᠤᠷ ᠬᠥᠮᠥᠨ
ᠨᠡᠮᠡᠭᠳᠡᠵᠦ᠂ ᠬᠡᠷᠡᠭᠯᠡᠭᠴᠢ᠎ᠶᠢᠨ ᠬᠡᠪᠴᠢᠶ᠎ᠡ ᠬᠠᠭᠠᠰ ᠵᠢᠯ᠎ᠳᠦ ᠳᠠᠬᠢᠨ᠎ᠢᠶᠠᠷ ᠨᠡᠮᠡᠭᠳᠡᠵᠦ᠂ ᠲᠦᠭᠡᠮᠡᠯᠵᠢᠭᠰᠡᠨ ᠨᠣᠷᠮ᠎ᠠ 36.5% ᠳ᠋ᠤ ᠬᠦᠷᠪᠡ᠃
✦ᠡᠨᠡ ᠵᠢᠯ ᠦᠨ 9 ᠰᠠᠷ᠎ᠠ᠎ᠳᠤ ᠪᠣᠯᠣᠳ ᠪᠣᠯᠪᠠᠰᠤᠷᠠᠭᠤᠯᠬᠤ ᠠᠵᠢᠯ ᠲᠥᠷᠥᠯ ᠦᠨ PPI ᠵᠢᠨ ᠢᠯᠡᠳᠬᠡᠭᠴᠢ ᠲᠣᠭ᠎ᠠ 99.5% ᠪᠠᠢᠵᠤ᠂ ᠲᠦᠷᠦᠭᠦᠸ᠋
ᠰᠠᠷ᠎ᠠ᠎ᠶᠢᠨ ᠠᠳᠠᠯᠢ ᠬᠤᠭᠤᠴᠠᠭᠠᠨ᠎ᠤ ᠬᠢ᠎ᠡᠴᠡ ᠵᠠᠭᠤᠨ᠎ᠤ ᠬᠠᠷᠢᠴᠠᠯ ᠵᠢᠡᠷ 3.9 ᠬᠤᠪᠢ ᠳᠡᠭᠡᠭᠰᠢᠯᠡᠵᠡᠢ᠃

ᠲᠠᠮᠢᠷ
✦ᠦᠢᠷ᠎ᠡ ᠳᠦ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠷᠠᠭᠤᠨ ᠳᠣᠯᠣᠭᠠᠨ ᠠᠢᠮᠠᠭ ᠬᠤᠲᠠ᠎ᠶᠢᠨ
ᠳᠥᠷᠪᠡᠳᠦᠭᠡᠷ ᠬᠤᠭᠤᠴᠠᠭᠠᠨ᠎ᠤ ᠤᠯᠠᠮᠵᠢᠯᠠᠯᠲᠤ ᠨᠤᠮᠤ ᠬᠠᠷᠪᠤᠯᠲᠠ ᠶᠢᠨ ᠬᠣᠯᠪᠣᠭᠠᠲᠤ ᠤᠷᠤᠯᠳᠤᠭᠠᠨ ᠣᠲᠤᠭ ᠬᠣᠰᠢᠭᠤᠨ ᠳᠤ
ᠶᠠᠪᠤᠭᠳᠠᠪᠠ᠃ ᠲᠤᠰ ᠬᠤᠭᠤᠴᠠᠭᠠᠨ᠎ᠤ ᠤᠷᠤᠯᠳᠤᠭᠠᠨ ᠳᠤ 18 ᠲᠥᠯᠥᠭᠡᠯᠡᠭᠴᠢ ᠵᠢᠨ ᠠᠩᠭᠢ᠎ᠶᠢᠨ 240 ᠲᠠᠮᠢᠷᠴᠢᠨ
ᠣᠷᠣᠯᠴᠠᠪᠠ᠃

ᠲᠡᠯᠡᠬᠡᠢ
✦ᠲᠦᠪ ᠲᠸᠯᠸᠢᠰ ᠤᠨ ᠮᠡᠳᠡᠭᠡ ᠵᠢ
ᠦᠨᠳᠦᠰᠦᠯᠡᠪᠡᠯ᠂ ᠲᠤᠬᠠᠢ ᠶ᠋ᠢᠨ ᠭᠠᠵᠠᠷ᠎ᠤᠨ ᠴᠠᠭ᠎ᠢᠶᠠᠷ 19᠎ᠦ ᠡᠳᠦᠷ ᠹᠷᠠᠨᠼᠢ ᠶ᠋ᠢᠨ ᠯᠦᠥᠷᠸ ᠣᠷᠳᠣᠨ᠎ᠳᠤ ᠵᠡᠪᠰᠡᠭ
ᠠᠳᠬᠤᠨ ᠳᠡᠭᠡᠷᠡᠮᠳᠡᠭᠰᠡᠨ ᠬᠡᠷᠡᠭ ᠭᠠᠷᠴᠤ᠂ ᠨᠢᠭᠤᠷ᠎ᠢᠶᠠᠨ ᠪᠦᠲᠡᠭᠡᠭᠰᠡᠨ ᠬᠡᠳᠦᠨ ᠰᠡᠵᠢᠭᠲᠡᠨ ᠨᠠᠫᠣᠯᠢᠶᠣᠨᠤ
ᠦᠶ᠎ᠡ ᠶ᠋ᠢᠨ 9 ᠰᠤᠪᠤᠳ ᠡᠷᠳᠡᠨᠢ ᠶ᠋ᠢ ᠬᠤᠯᠠᠭᠠᠢᠯᠠᠭᠠᠳ ᠳᠤᠲᠠᠭᠠᠵᠠᠢ᠃
✦ᠲᠦᠪ ᠲᠸᠯᠸᠢᠰ ᠤᠨ ᠮᠡᠳᠡᠭᠡ ᠵᠢ
ᠦᠨᠳᠦᠰᠦᠯᠡᠪᠡᠯ᠂ ᠲᠤᠬᠠᠢ ᠶ᠋ᠢᠨ ᠭᠠᠵᠠᠷ᠎ᠤᠨ ᠴᠠᠭ᠎ᠢᠶᠠᠷ 19᠎ᠦ ᠡᠳᠦᠷ ᠺᠠᠲ᠋ᠠᠷ ᠤᠨ ᠭᠠᠳᠠᠭᠠᠳᠤ ᠬᠠᠷᠢᠯᠴᠠᠭᠠᠨ᠎ᠤ
ᠶᠠᠮᠤᠨ ᠢᠯᠡᠷᠬᠡᠢᠯᠡᠯᠲᠡ ᠨᠡᠢᠲᠡᠯᠡᠵᠦ᠂ ᠺᠠᠲ᠋ᠠᠷ ᠪᠣᠯᠣᠨ ᠲᠦᠷᠺ᠎ᠦᠨ ᠡᠶᠡᠳᠡᠭᠦᠯᠭᠡ ᠪᠡᠷ ᠫᠠᠺᠢᠰᠲ᠋ᠠᠨ ᠪᠣᠯᠣᠨ
ᠠᠹᠭᠠᠨᠢᠰᠲ᠋ᠠᠨ ᠳᠠᠢᠲᠤᠬᠤ᠎ᠪᠠᠨ ᠳᠠᠷᠤᠢᠬᠠᠨ ᠵᠣᠭᠰᠣᠬᠤ ᠶ᠋ᠢ ᠵᠥᠪᠰᠢᠶᠡᠷᠡᠭᠰᠡᠨ ᠪᠥᠭᠡᠳ ᠵᠣᠬᠢᠴᠠᠩᠭᠤᠢ ᠲᠣᠭᠲᠠᠴᠠ ᠶ᠋ᠢ ᠪᠠᠢᠭᠤᠯᠵᠤ᠂ ᠬᠣᠶᠠᠷ ᠤᠯᠤᠰ᠎ᠤᠨ ᠥᠨᠢ ᠤᠳᠠᠭᠠᠨ ᠡᠩᠬᠡ ᠲᠠᠢᠪᠤᠩ
ᠪᠣᠯᠣᠨ ᠲᠣᠭᠲᠠᠭᠤᠨ ᠪᠠᠢᠳᠠᠯ ᠢ᠋ ᠪᠡᠬᠢᠵᠢᠭᠦᠯᠬᠦ᠎ᠪᠡᠷ ᠲᠣᠭᠲᠠᠵᠠᠢ᠃
ᠦᠢᠯᠡᠴᠢᠯᠡᠭᠡ
✦ᠥᠪᠥᠷ ᠮᠣᠩᠭᠣᠯ ᠤᠨ ᠪᠠᠭ᠍ᠰᠢ᠎ᠶᠢᠨ ᠶᠡᠬᠡ ᠰᠤᠷᠭᠠᠭᠤᠯᠢ ᠶᠢᠨ ᠬᠠᠷᠢᠶᠠᠲᠤ ᠶᠦᠨ ᠬᠥ ᠰᠤᠷᠭᠠᠭᠤᠯᠢ
ᠠᠵᠢᠯᠲᠠᠨ ᠡᠯᠰᠡᠵᠦ ᠪᠠᠢᠨ᠎ᠠ᠃

ᠲᠠᠨ ᠤ ᠲᠤᠰᠡ ᠳ᠋ᠤ
✦ ᠳᠡᠯᠢᠭᠦᠦ ᠬᠣᠳᠣᠭᠣᠳᠤ ᠵᠢ ᠰᠠᠢᠵᠢᠷᠠᠭᠤᠯᠬᠤ 5
ᠠᠷᠭ᠎ᠠ᠄
1. ᠣᠷᠣᠢ ᠶᠢᠨ ᠬᠣᠭᠣᠯᠠ ᠪᠠᠨ ᠡᠷᠲᠡ ᠢᠳᠡᠬᠦ ᠬᠡᠷᠡᠭᠲᠡᠢ᠂ ᠳᠡᠩᠳᠡᠭᠦᠦ ᠣᠷᠣᠢ ᠢᠳᠡᠵᠦ
ᠪᠣᠯᠬᠤ ᠦᠭᠡᠢ᠃
2. ᠤᠷᠤᠢ ᠳ᠋ᠠᠭᠠᠨ ᠲᠣᠰᠣᠯᠢᠭ᠋ ᠢᠳᠡᠭᠡᠨ ᠢ ᠪᠠᠭ᠎ᠠ ᠢᠳᠡᠨ᠎ᠡ᠂ ᠢᠯᠠᠩᠭᠤᠶ᠎ᠠ ᠰᠢᠷᠠᠮᠠᠯ᠂
ᠬᠠᠯᠠᠭᠤᠨ ᠲᠣᠭᠣᠭ᠎ᠠ᠂ ᠰᠢᠷᠠᠭᠰᠠᠨ ᠲᠠᠬᠢᠶᠠᠨ ᠭᠤᠶ᠎ᠠ ᠵᠡᠷᠭᠡ ᠢᠳᠡᠭᠡᠨ ᠢ ᠢᠳᠡᠵᠦ ᠪᠣᠯᠬᠤ ᠦᠭᠡᠢ᠃
3. ᠣᠷᠣᠢ ᠶᠢᠨ ᠬᠣᠭᠣᠯᠠᠨ ᠵᠢ ᠳᠣᠯᠣᠭᠠᠨ ᠬᠤᠪᠢ ᠴᠠᠳᠲᠠᠯ᠎ᠠ ᠢᠳᠡᠪᠡᠯ ᠬᠠᠮᠤᠭ ᠰᠠᠢᠨ᠂
ᠡᠰᠡ ᠲᠡᠭᠡᠪᠡᠯ ᠠᠮᠠᠷᠬᠠᠨ ᠭᠡᠳᠡᠰᠦ ᠬᠥᠭᠡᠭᠡᠬᠦ ᠪᠤᠶᠤ ᠨᠣᠢᠷ ᠬᠤᠯᠵᠢᠨ᠎ᠠ᠃
4. ᠰᠢᠷ᠎ᠠ ᠬᠤᠰᠤᠬᠤ
ᠬᠦᠮᠦᠰ ᠤᠷᠤᠢ ᠳ᠋ᠠᠭᠠᠨ ᠬᠠᠮᠤᠭ ᠰᠠᠢᠨ ᠨᠢ ᠰᠢᠩᠭᠡᠨ ᠪᠤᠳᠠᠭ᠎ᠠ ᠱᠥᠯᠥ ᠵᠡᠷᠭᠡ ᠶᠢ ᠢᠳᠡᠬᠦ ᠦᠭᠡᠢ ᠪᠣᠯ ᠰᠠᠢᠨ᠃
5. ᠤᠷᠤᠢ ᠳ᠋ᠠᠭᠠᠨ ᠲᠦᠭᠦᠬᠡᠢ ᠬᠦᠢᠲᠡᠨ ᠢᠳᠡᠭᠡᠨ᠎ᠢ ᠪᠠᠭ᠎ᠠ ᠢᠳᠡᠪᠡᠯ ᠰᠠᠢᠨ᠃
ᠵᠠᠯᠭᠠᠭᠠᠳ 《ᠬᠦᠨᠳᠡᠯᠡᠨ ᠠᠭᠤᠯᠠ ᠵᠢᠨ
ᠪᠤᠳᠠᠡᠭ》 ᠬᠡᠬᠦ ᠲᠠᠭᠤᠤ
ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ ᠳᠦ
ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ ᠪᠢᠳᠡᠨ᠎ᠳᠤ ᠤᠷᠮ᠎ᠠ ᠬᠠᠢᠷᠠᠯᠠᠭᠠᠷᠠᠢ!ᠲᠠ ᠪᠦᠬᠦᠨ᠎ᠤ
ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)