3 ᠰᠠᠷ᠎ᠠ᠎ᠶ᠋ᠢᠨ 17 ᠎ᠤ ᠡᠳᠦᠷ
ᠡᠬᠢᠯᠡᠬᠦ᠌ ᠴᠠᠭ᠄
2018-03-17 12:13:20
ᠨᠠᠶ᠋ᠢᠷᠠᠭᠤᠯᠤᠭᠴᠢ ᠄
ᠲᠣᠲᠥᠷᠬᠠᠢ ᠦᠭᠡᠢ
ᠨᠡᠪᠲᠡᠷᠡᠬᠦᠯᠦᠭᠴᠢ ᠄
ᠲᠣᠲᠥᠷᠬᠠᠢ ᠦᠭᠡᠢ
ᠮᠡᠷᠭᠡᠵᠢᠯ ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄

      ᠡᠷᠭᠢᠮ ᠭᠦᠨᠳᠦᠳᠦ ᠰᠦᠯᠵᠢᠶᠠᠨ ᠠᠨᠳᠠ ᠨᠠᠷ ᠮᠢᠨᠢ ᠰᠠᠢᠨ ᠪᠠᠢᠨᠠᠦ?
     ᠦᠨᠦᠳᠦᠷ ᠪᠤᠯ 2018 ᠤᠨ᠎ᠤ 3 ᠰᠠᠷ᠎ᠠ᠎ᠶ᠋ᠢᠨ 17᠂ ᠪᠢᠯᠢᠭ᠎ᠤᠨ ᠤᠯᠠᠷᠢᠯ᠎ᠤᠨ ᠱᠢᠷ᠎ᠠ ᠨᠤᠬᠠᠢ ᠵᠢᠯ᠎ᠤᠨ 2 ᠰᠠᠷ᠎ᠠ᠎ᠶ᠋ᠢᠨ 1᠂ ᠭᠠᠷᠠᠭ᠎ᠤᠨ ᠵᠢᠷᠭᠤᠭᠠᠨ᠃ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠪᠦᠬᠦ᠌ ᠤᠯᠣᠰ᠎ᠤᠨ ᠬᠤᠶᠠᠷ ᠬᠤᠷᠠᠯ》 ᠎ᠳᠤ ᠵᠣᠷᠢᠭᠤᠯᠣᠬ᠍ᠰᠠᠨ ᠤᠠᠴᠠ ᠨᠡᠪᠲᠡᠷᠡᠭᠦᠯᠭᠡ ᠲᠠ ᠪᠦᠬᠦᠨ᠎ᠳᠡᠭᠡᠨ ᠬᠦᠷᠴᠥ᠍ ᠪᠠᠢᠨ᠎ᠠ᠂ ᠠᠩᠬᠠᠷᠤᠯ᠎ᠢᠶᠠᠨ ᠬᠠᠨᠳᠤᠭᠤᠯᠬᠤ ᠪᠤᠯᠪᠠᠦ!
     ᠤᠷᠢᠳᠠᠪᠡᠷ ᠬᠤᠶᠠᠷ ᠬᠤᠷᠠᠯ᠎ᠤᠨ ᠮᠡᠳᠡᠭᠡ᠎ᠶ᠋ᠢ ᠳᠠᠮᠵᠢᠭᠤᠯᠣᠶ᠎ᠠ
     • ᠦᠨᠦᠳᠦᠷ᠎ᠤᠨ ᠦᠳᠡ᠎ᠶ᠋ᠢᠨ ᠡᠮᠦᠨᠡᠬᠢ 9᠄ 00 ᠴᠠᠭ᠎ᠲᠤ᠌᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠣᠰ᠎ᠤᠨ ᠠᠷᠠᠳ᠎ᠤᠨ ᠲᠦᠯᠥᠭᠡᠯᠡᠭ᠌ᠴᠢᠳ᠎ᠤᠨ ᠶᠡᠭᠡ ᠬᠤᠷᠠᠯ᠎ᠤᠨ ᠲᠠᠪᠤᠳᠤᠭᠠᠷ ᠤᠳᠠᠭ᠋ ᠎ᠠ᠎ᠶ᠋ᠢᠨ ᠪᠦᠬᠦᠳᠡ ᠬᠤᠷᠠᠯ ᠬᠤᠷᠠᠯᠳᠤᠨ᠋ ᠎ᠠ᠃ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠪᠠᠢᠭᠤᠯᠤᠮᠵᠢ᠎ᠶ᠋ᠢᠨ ᠦᠭᠡᠷᠡᠴᠢᠯᠡᠯᠲᠡ᠎ᠶ᠋ᠢᠨ ᠲᠦᠰᠦᠯ᠎ᠢ ᠵᠥᠪᠱᠢᠶᠡᠷᠡᠬᠦ᠌ ᠲᠤᠬᠠᠢ ᠲᠤᠭ᠍ᠳᠠᠭᠠᠯ᠎ᠤᠨ ᠲᠦᠰᠤᠯ᠎ᠢ ᠪᠠᠲᠤᠯᠠᠨ᠋ ᠎ᠠ; ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ᠎ᠤᠨ ᠰᠤᠩᠭᠤᠭᠤᠯᠢ ᠬᠢᠬᠦ᠌ ᠪᠠ ᠲᠤᠱᠢᠶᠠᠯ᠎ᠳᠤ ᠲᠤᠮᠢᠯᠠᠬᠤ᠎ᠪᠠᠷ ᠲᠤᠭ᠍ᠲᠠᠬᠤ ᠠᠷᠭ᠋ ᠎ᠠ᠎ᠶ᠋ᠢᠨ ᠲᠦᠰᠦᠯ᠎ᠢ ᠪᠠᠲᠤᠯᠠᠨ᠎ᠠ; ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠬᠤᠷᠢᠶᠠᠨ ᠳᠠᠷᠤᠭ᠋ ᠎ᠠ᠂ ᠳᠡᠳ᠋ ᠬᠤᠷᠢᠶᠠᠨ ᠳᠠᠷᠤᠭ᠋ ᠎ᠠ᠂ ᠨᠠᠷᠢᠨ ᠪᠢᠴᠢᠭ᠎ᠤᠨ ᠳᠠᠷᠤᠭ᠋ ᠎ᠠ᠎ᠶ᠋ᠢ ᠰᠤᠩᠭᠤᠨ ᠭᠠᠷᠭᠠᠨ᠋ ᠎ᠠ; ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠭᠡᠱᠢᠭᠦᠨ᠎ᠢ ᠰᠤᠩᠭᠤᠨ ᠭᠠᠷᠭᠠᠨ᠋ ᠎ᠠ; ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭ᠌ᠴᠢ᠂ ᠳᠡᠳ᠋ ᠲᠡᠷᠢᠭᠦᠯᠡᠭ᠌ᠴᠢ᠎ᠶ᠋ᠢ ᠰᠤᠩᠭᠤᠨ ᠭᠠᠷᠭᠠᠨ᠋ ᠎ᠠ; ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭ᠌ᠴᠢ᠎ᠶ᠋ᠢ ᠰᠤᠩᠭᠤᠨ ᠭᠠᠷᠭᠠᠨ᠋ ᠎ᠠ; ᠦᠨᠳᠦᠰᠦᠨ ᠬᠠᠤᠯᠢ᠎ᠳᠤ ᠲᠠᠩᠭᠠᠷᠢᠭ᠍ᠯᠠᠬᠤ ᠶᠤᠰᠤᠯᠠᠯ ᠶᠠᠪᠤᠭ᠍ᠳᠠᠭᠤᠯᠤᠨ᠋ ᠎ᠠ᠃
     • ᠦᠨᠦᠳᠦᠷ᠎ᠤᠨ ᠦᠳᠡ᠎ᠶ᠋ᠢᠨ ᠬᠤᠢᠨᠠᠬᠢ 3᠄ 00 ᠴᠠᠭ᠎ᠲᠤ᠌᠂ ᠪᠦᠬᠦ᠌ ᠪᠦᠯᠬᠦᠮ᠎ᠤᠨ ᠬᠤᠷᠠᠯ ᠬᠢᠵᠥ᠍᠂ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠶᠡᠷᠦᠩᠭᠡᠢ ᠰᠠᠢᠳ᠎ᠤᠨ ᠵᠢᠱ᠌ᠢᠭ᠌ᠳᠡᠭ᠌ᠴᠢ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠳᠡᠳ᠋ ᠲᠡᠷᠢᠭᠦᠯᠡᠭ᠌ᠴᠢ᠂ ᠭᠡᠱᠢᠭᠦᠨ᠎ᠤ ᠵᠢᠱ᠌ᠢᠭ᠌ᠳᠡᠭ᠌ᠴᠢ᠎ᠶ᠋ᠢ ᠶᠠᠷᠢᠯᠴᠠᠨ ᠵᠥᠪᠳᠡᠬᠦ᠌ ᠪᠤᠯᠤᠨ᠎ᠠ; ᠤᠯᠤᠰ᠎ᠤᠨ ᠬᠢᠨᠠᠨ ᠪᠠᠢᠴᠠᠭᠠᠬᠤ ᠵᠥᠪᠯᠡᠯ᠎ᠤᠨ ᠡᠷᠬᠢᠯᠡᠭ᠌ᠴᠢ᠂ ᠠᠷᠠᠳ᠎ᠤᠨ ᠳᠡᠭᠡᠳᠤ ᠱᠢᠬᠦᠬᠦ᠌ ᠬᠤᠷᠢᠶᠠᠨ᠎ᠤ ᠬᠤᠷᠢᠶᠠᠨ ᠳᠠᠷᠤᠭ᠋ ᠎ᠠ᠂ ᠠᠷᠠᠳ᠎ᠤᠨ ᠳᠡᠭᠡᠳᠤ ᠪᠠᠢᠴᠠᠭᠠᠬᠤ ᠬᠤᠷᠢᠶᠠᠨ᠎ᠤ ᠪᠠᠢᠴᠠᠭᠠᠬᠤ ᠳᠠᠷᠤᠭ᠋ ᠎ᠠ᠎ᠶ᠋ᠢᠨ ᠵᠢᠱ᠌ᠢᠭ᠌ᠳᠡᠭ᠌ᠴᠢ᠎ᠶ᠋ᠢ ᠶᠠᠷᠢᠯᠴᠠᠨ ᠵᠦᠪᠳᠡᠬᠦ᠌ ᠪᠤᠯᠤᠨ᠋ ᠎ᠠ᠃
     ᠳᠠᠷᠠᠭ᠎ᠠ᠎ᠨᠢ ᠴᠠᠭ ᠲᠦᠷᠥ᠎ᠶ᠋ᠢᠨ ᠮᠡᠳᠡᠭᠡ᠎ᠳᠤ ᠠᠩᠬᠠᠷᠤᠯ᠎ᠢᠶᠠᠨ ᠬᠠᠨᠳᠤᠭᠤᠯᠤᠶ᠎ᠠ
     • ᠪᠦᠬᠦ᠌ ᠣᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠩᠬᠠᠳᠤᠭᠠᠷ ᠬᠤᠷᠠᠯ᠎ᠤᠨ ᠬᠤᠭᠤᠴᠠᠭᠠᠨ᠎ᠳᠤ᠂ ᠮᠠᠨ᠎ᠤ ᠤᠷᠤᠨ᠎ᠳᠤ ᠰᠠᠭᠤᠭ᠎ᠠ 29 ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠬᠡᠱᠢᠭᠦᠨ ᠶᠡᠭᠡ ᠬᠤᠷᠠᠯ᠎ᠳᠤ 99 ᠬᠤᠪᠢ ᠰᠠᠨᠠᠯ ᠲᠤᠷᠠᠳᠤᠯᠭ᠎ᠠ ᠲᠡᠪᠱᠢᠭᠦᠯᠵᠤ᠂ ᠬᠢᠨᠠᠨ ᠪᠠᠢᠴᠠᠭᠠᠬᠤ᠎ᠪᠠᠷ ᠲᠠᠮᠵᠢᠨ 87 ᠬᠤᠪᠢ ᠰᠠᠨᠠᠯ ᠲᠤᠷᠠᠳᠤᠯᠭ᠎ᠠ᠎ᠨᠢ ᠵᠢᠩᠬᠢᠨᠢ ᠰᠠᠨᠠᠯ ᠲᠤᠷᠠᠳᠤᠯᠭ᠎ᠠ᠎ᠪᠠᠷ ᠳᠠᠩᠰᠠᠯᠠᠬ᠍ᠳᠠᠪᠠ᠃
     ᠵᠠᠯᠭᠠᠭᠠᠳ ᠪᠢᠳᠠ ᠪᠤᠰᠣᠳ ᠰᠤᠨᠢᠨ ᠮᠡᠳᠡᠭᠡ᠎ᠠᠴᠠ ᠤᠢ᠍ᠢᠯᠠᠭᠠᠶ᠎ᠠ
     • 2017 ᠤᠨ᠎ᠳᠤ᠂ ᠥᠪᠦᠷ ᠮᠤᠩᠭᠤᠯ᠎ᠤᠨ ᠥᠪᠡᠷᠲᠡᠬᠡᠨ ᠵᠠᠰᠠᠬᠤ ᠤᠷᠤᠨ᠎ᠤ ᠥᠢᠯᠡᠳᠪᠤᠷᠢ ᠬᠤᠳᠠᠯᠳᠤᠭ᠎ᠠ᠎ᠶ᠋ᠢᠨ ᠬᠠᠮᠢᠶᠠᠷᠤᠯᠲᠠ᠎ᠶ᠋ᠢᠨ ᠰᠠᠯᠠᠭ᠎ᠠ ᠮᠦᠴᠢᠷ᠎ᠤᠨ᠎ᠬᠢᠨ 12315 ᠱᠢᠰᠲ᠋ᠧᠮ᠎ᠢᠶᠠᠷ ᠳᠠᠮᠵᠢᠨ 135478 ᠤᠳᠠᠭᠠᠨ᠎ᠤ ᠬᠡᠷᠡᠭ᠌ᠯᠡᠭ᠌ᠴᠢᠳ᠎ᠤᠨ ᠠᠰᠠᠭᠤᠨ ᠯᠠᠪᠯᠠᠭ᠎ᠠ᠂ ᠵᠠᠭᠠᠯᠳᠤᠯᠭ᠎ᠠ᠂ ᠢᠯᠡᠴᠢᠯᠡᠨ ᠮᠡᠳᠡᠬᠦᠯᠬᠦ᠌ ᠬᠡᠷᠡᠭ᠎ᠢ ᠲᠤᠰᠪᠠ᠂ ᠡᠨᠡ᠎ᠨᠢ ᠦᠩᠭᠡᠷᠡᠭ᠌ᠰᠡᠨ ᠵᠢᠯ᠎ᠤᠨ᠎ᠬᠢ᠎ᠠᠴᠠ 9.9% ᠎ᠢᠶᠠᠷ ᠪᠠᠭᠤᠷᠠᠬ᠍ᠰᠠᠨ ᠪᠠᠢᠨ᠎ᠠ᠃
     • 2018 ᠣᠨ᠎ᠤ ᠮᠠᠨ᠎ᠤ ᠤᠷᠣᠨ᠎ᠤ ᠦᠠᠳᠦᠷ ᠵᠡᠷᠭᠡ᠎ᠶ᠋ᠢᠨ ᠳᠤᠮᠳᠠᠲᠦ ᠰᠤᠷᠭᠠᠭᠤᠯᠢ᠎ᠳᠤ ᠳᠠᠪᠱᠢᠬᠤ ᠱᠢᠯᠭᠠᠯᠲᠠ 3 ᠰᠠᠷ᠎ᠠ᠎ᠶ᠋ᠢᠨ 21 ᠎ᠤ ᠡᠳᠦᠷ᠎ᠤᠨ 9᠄ 00 ᠴᠠᠭ᠎ᠠᠴᠠ 3 ᠰᠠᠷ᠎ᠠ᠎ᠶ᠋ᠢᠨ 31 ᠎ᠤ ᠡᠳᠦᠷ᠎ᠤᠨ 17᠄ 00 ᠴᠠᠭ ᠪᠤᠯᠲᠠᠯ᠎ᠠ ᠨᠡᠷ᠎ᠡ ᠮᠡᠳᠡᠭᠦᠯᠥᠨ᠎ᠡ᠃
     • ᠤᠢᠯᠠᠭᠠᠬ᠍ᠰᠠᠨ᠎ᠢᠶᠠᠷ᠂ ᠬᠦᠬᠡᠬᠤᠲᠠ᠎ᠠᠴᠠ ᠺᠦᠠᠮᠢᠩ ᠬᠦᠷᠬᠦ᠌ ᠠᠶᠠᠠᠴᠢᠨ᠎ᠤ ᠨᠢᠰᠭᠡᠯ 3 ᠰᠠᠷ᠎ᠠ᠎ᠶ᠋ᠢᠨ 25 ᠎ᠠᠴᠠ ᠡᠬᠢᠯᠡᠵᠥ᠍ ᠳᠠᠬᠢᠨᠲᠠ ᠨᠡᠪᠲᠡᠷᠡᠬᠦ᠌᠎ᠪᠠᠷ ᠪᠤᠢ᠃ ᠬᠦᠬᠡᠬᠤᠲᠠ᠎ᠠᠴᠠ 20᠄ 15 ᠴᠠᠭ᠎ᠲᠤ ᠨᠢᠰᠴᠦ᠍ 23᠄ 35 ᠴᠠᠭ᠎ᠲᠤ ᠺᠦᠠᠮᠢᠩ ᠬᠦᠷᠦᠨ᠎ᠡ᠃ ᠺᠦᠠᠮᠢᠩ᠎ᠠᠴᠠ 16᠄ 00 ᠴᠠᠭ᠎ᠲᠤ ᠨᠢᠰᠴᠦ᠍ 19᠄ 15 ᠴᠠᠭ᠎ᠲᠤ ᠬᠦᠬᠡᠬᠤᠲᠠ ᠬᠦᠷᠦᠨ᠎ᠡ᠃ ᠨᠢᠭᠡ ᠭᠠᠷᠠᠭ᠎ᠲᠤ ᠨᠢᠭᠡ ᠤᠳᠠᠭ᠎ᠠ ᠠᠶᠠᠯᠠᠨ᠎ᠠ᠃
     • ᠣᠢᠷ᠎ᠠ᠎ᠳᠤ᠂ ᠪᠠᠭᠠᠷᠢᠨ ᠪᠠᠷᠠᠭᠤᠨ ᠬᠤᠱᠢᠭᠤᠨ᠎ᠤ 《ᠬᠠᠯᠠᠮᠵᠢ᠎ᠶ᠋ᠢᠨ ᠤᠳᠣᠨ》 ᠰᠠᠢᠨ ᠳᠤᠷᠠᠴᠤᠳ᠎ᠤᠨ ᠨᠡᠢᠭᠡᠮᠯᠢᠭ᠎ᠤᠨ ᠬᠡᠰᠡᠭ ᠭᠡᠱᠢᠭᠦᠨ ᠳ᠋ᠠᠪᠠᠨ᠎ᠤ ᠨᠢᠭᠡᠳᠦᠭᠡᠷ ᠳᠤᠮᠳᠠᠲᠦ ᠰᠣᠷᠭᠠᠭᠤᠯᠢ ᠪᠠ ᠮᠤᠩᠭᠤᠯ ᠦᠠᠳᠦᠰᠦᠲᠡᠨ᠎ᠤ ᠰᠤᠷᠭᠠᠭᠤᠯᠢ᠎ᠳᠤ ᠬᠦᠷᠴᠥ᠍ ᠲᠤᠰ ᠨᠡᠢᠭᠡᠮᠯᠢᠭ᠎ᠤᠨ ᠬᠠᠨᠳᠢᠪᠯᠠᠬ᠍ᠰᠠᠨ 12800 ᠲᠦᠭᠦᠷᠢᠭ᠎ᠢ ᠠᠮᠢᠳᠤᠷᠠᠯ ᠬᠦᠴᠢᠷᠳᠡᠯᠲᠡᠢ 10 ᠰᠤᠷᠣᠬ᠍ᠴᠢ᠎ᠳᠤ ᠭᠠᠷᠳᠠᠭᠤᠯᠣᠬ᠍ᠰᠠᠨ ᠪᠠᠢᠨ᠎ᠠ᠃
     • ᠤᠢᠷ᠎ᠠ᠎ᠳᠤ᠂ ᠮᠠᠨ᠎ᠤ ᠤᠷᠣᠨ᠎ᠤ ᠱᠢᠯᠢ᠎ᠶ᠋ᠢᠨ ᠭᠤᠣᠯ ᠠᠢᠮᠠᠭ᠎ᠤᠨ ᠱᠢᠯᠤᠭᠤᠨ ᠬᠥᠬᠡ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠬᠤᠷᠢᠶᠠᠨ᠎ᠤ ᠳᠡᠳ᠋ ᠳᠠᠷᠤᠭ᠎ᠠ ᠰᠡᠷᠭᠦᠯᠡᠩ ᠪᠦᠬᠦ᠌ ᠤᠯᠣᠰ᠎ᠤᠨ 《3•8》 ᠎ᠤ ᠤᠯᠠᠭᠠᠨ ᠳᠤᠬ᠍ᠴᠢ᠎ᠶ᠋ᠢᠨ ᠢᠷᠡᠭᠤ ᠠᠯᠳᠠᠷ᠎ᠢ ᠬᠦᠷᠲᠡᠪᠡ᠃
     • ᠤᠢᠷ᠎ᠠ᠎ᠳᠤ᠂ ᠮᠠᠨ᠎ᠤ ᠣᠷᠣᠨ᠎ᠤ ᠲᠦᠩᠯᠢᠶᠣᠣ ᠬᠤᠲᠠ ᠮᠣᠩᠭᠤᠯ ᠣᠯᠣᠰ᠎ᠤᠨ ᠬᠡᠨᠲᠡᠢ ᠠᠢᠮᠠᠭ᠎ᠲᠠᠢ ᠨᠦᠬᠦᠷᠰᠡᠭ ᠬᠤᠲᠠ ᠪᠣᠯᠪᠠ᠂ ᠢᠩᠭᠢᠭᠡᠳ ᠮᠠᠨ᠎ᠤ ᠣᠷᠣᠨ᠎ᠤ ᠲᠦᠩᠯᠢᠶᠣᠣ ᠬᠤᠲᠠ᠂ ᠣᠯᠠᠭᠠᠨᠬᠠᠲᠠ ᠬᠤᠲᠠ᠂ ᠱᠢᠯᠢ᠎ᠶ᠋ᠢᠨ ᠭᠤᠣᠯ ᠠᠢᠮᠠᠭ᠂ ᠮᠣᠩᠭᠤᠯ ᠣᠯᠣᠰ᠎ᠤᠨ ᠬᠡᠨᠲᠡᠢ ᠠᠢᠮᠠᠭ᠂ ᠰᠦᠬᠡᠪᠠᠭᠠᠲᠣᠷ ᠠᠢᠮᠠᠭ᠂ ᠲᠣᠷᠣᠨᠠᠲᠣ ᠠᠢᠮᠠᠭ᠎ᠤᠨ ᠣᠷᠣᠨ ᠪᠦᠰᠡ᠎ᠶ᠋ᠢᠨ ᠬᠠᠮᠲᠣᠷᠠᠯᠴᠠᠭ᠎ᠠ ᠱᠢᠨ᠎ᠡ ᠱᠠᠲᠣᠨ᠎ᠳᠤ ᠣᠷᠣᠭ᠍ᠰᠠᠨ ᠪᠠᠢᠨ᠎ᠠ᠃
     • ᠳᠤᠮᠳᠠᠲᠦ ᠮᠤᠩᠭᠤᠯ ᠬᠤᠶᠠᠷ ᠤᠯᠣᠰ᠎ᠤᠨ ᠬᠠᠮᠲᠤᠷᠠᠵᠥ᠍ ᠰᠡᠭᠦᠳᠡᠷᠯᠡᠭ᠌ᠰᠡᠨ 《ᠤᠯᠠᠭᠠᠠᠪᠠᠭᠠᠳᠤᠷ᠎ᠤᠨ ᠨᠦᠢᠷ ᠦᠭᠡᠢ ᠦᠳᠡᠰᠢ》 ᠳᠤᠮᠳᠠᠲᠦ ᠤᠯᠣᠰ᠎ᠢ ᠲᠦᠯᠥᠭᠡᠯᠡᠨ 2018 ᠣᠨ᠎ᠤ ᠠᠷᠪᠠᠨ ᠲᠠᠪᠣᠳᠤᠭᠠᠷ ᠬᠤᠭᠤᠴᠠᠭᠠᠨ᠎ᠤ ᠳᠡᠯᠡᠬᠡᠢ᠎ᠶ᠋ᠢᠨ ᠦᠠᠳᠦᠰᠦᠲᠡᠨ᠎ᠤ ᠺᠢᠨᠣ᠋᠎ᠶ᠋ᠢᠨ ᠨᠠᠢᠷ᠎ᠲᠤ ᠤᠷᠣᠯᠴᠠᠬᠤ᠎ᠪᠠᠷ ᠪᠤᠢ᠃ ᠲᠤᠰ ᠺᠢᠨᠣ᠋ ᠡᠨᠡ ᠵᠢᠯ᠎ᠤᠨ 6 — 8 ᠰᠠᠷ᠎ᠠ᠎ᠳᠤ ᠮᠠᠨ᠎ᠤ ᠤᠯᠣᠰ᠎ᠤᠨ ᠦᠵᠡᠭ᠌ᠴᠢᠳ᠎ᠲᠠᠢ ᠵᠤᠯᠭᠠᠬᠤ ᠪᠤᠯᠣᠨ᠎ᠠ᠃
     • ᠦᠪᠡᠷᠲᠡᠭᠡᠨ ᠵᠠᠰᠠᠬᠤ ᠤᠷᠣᠨ᠎ᠤ ᠴᠠᠭ ᠠᠭᠤᠷ᠎ᠤᠨ ᠲᠤᠪᠴᠢᠶᠡᠨ᠎ᠤ ᠮᠡᠳᠡᠭᠡᠯᠡᠭ᠌ᠰᠡᠨ᠎ᠢᠶᠠᠷ᠂ ᠢᠷᠡᠬᠦ᠌ ᠭᠤᠷᠪᠠᠨ ᠬᠤᠨᠤᠭ᠎ᠲᠤ ᠮᠠᠨ᠎ᠤ ᠤᠷᠣᠨ᠎ᠤ ᠤᠯᠠᠩᠬᠢ ᠭᠠᠵᠠᠷ᠎ᠲᠤ ᠴᠠᠰᠦ ᠪᠤᠷᠣᠭᠠᠨ ᠤᠷᠣᠨ᠎ᠠ᠃ ᠡᠭᠦᠨ᠎ᠳᠤ ᠤᠷᠳᠣᠰ᠎ᠤᠨ ᠵᠡᠭᠦᠨ ᠬᠤᠢᠲᠦ ᠬᠡᠰᠡᠭ᠂ ᠬᠦᠬᠡᠬᠤᠲᠠ᠎ᠶ᠋ᠢᠨ ᠡᠮᠦᠨ᠎ᠡ ᠬᠡᠰᠡᠭ᠎ᠲᠤ ᠳᠤᠮᠳᠠ ᠵᠡᠷᠭᠡ᠎ᠶ᠋ᠢᠨ ᠪᠤᠷᠣᠭᠠᠨ ᠪᠣᠶᠤ ᠴᠠᠰᠦ ᠪᠤᠷᠣᠭᠠᠨ ᠬᠤᠯᠢᠯᠳᠤᠨ ᠤᠷᠣᠨ᠎ᠠ᠃ ᠵᠡᠭᠦᠨ ᠬᠡᠰᠡᠭ᠎ᠤᠨ ᠬᠤᠢᠲᠦ ᠪᠡᠶ᠎ᠡ᠎ᠪᠠᠷ ᠠᠭᠠᠷ᠎ᠤᠨ ᠳᠤᠯᠠᠭᠠᠨ 6 — 8 ᠭᠷᠠᠳᠦ᠋ᠰ ᠳᠤᠷᠣᠬ᠍ᠰᠢᠯᠠᠨ᠎ᠠ᠃
     • ᠲᠦᠷᠦ᠎ᠶ᠋ᠢᠨ ᠶᠠᠪᠣᠳᠠᠯ᠎ᠤᠨ ᠬᠤᠷᠢᠶᠠᠨ᠎ᠤ ᠠᠯᠪᠠᠨ ᠲᠢᠩᠬᠢᠮ᠎ᠤᠨ ᠮᠡᠳᠡᠭ᠌ᠳᠡᠯ᠎ᠢ ᠦᠨᠳᠦᠰᠦᠯᠡᠪᠡᠯ᠂ 2018 ᠣᠨ᠎ᠤ ᠬᠠᠩᠰᠢ᠎ᠶ᠋ᠢᠨ ᠠᠮᠠᠷᠠᠯᠲᠠ᠎ᠶ᠋ᠢ 4 ᠰᠠᠷ᠎ᠠ᠎ᠶ᠋ᠢᠨ 5 — 7 ᠎ᠤ ᠡᠳᠦᠷ ᠪᠣᠯᠲᠠᠯ᠎ᠠ 3 ᠡᠳᠦᠷ᠎ᠢᠶᠠᠷ ᠲᠣᠬᠢᠷᠠᠭᠤᠯᠪᠠ᠃ 4 ᠰᠠᠷ᠎ᠠ᠎ᠶ᠋ᠢᠨ 8 ᠎ᠤ ᠡᠳᠦᠷ (ᠭᠠᠷᠠᠭ᠎ᠤᠨ ᠡᠳᠦᠷ) ᠠᠯᠪᠠᠨ᠎ᠳᠤ ᠭᠠᠷᠬᠤ ᠪᠣᠯᠣᠨ᠎ᠠ᠃
     ᠡᠷᠭᠢᠮ ᠭᠦᠨᠳᠦᠳᠦ ᠰᠤᠨᠤᠰᠤᠭ᠍ᠴᠢᠳ ᠡ᠂ ᠦᠨᠦᠳᠦᠷ᠎ᠤᠨ ᠨᠡᠪᠳᠡᠷᠡᠭᠦᠯᠭᠡ ᠮᠠᠨᠢ ᠡᠢᠨᠭᠦ᠌ ᠦᠨᠳᠦᠷᠯᠡᠵᠤ ᠪᠠᠢᠨ᠎ᠠ᠃ ᠲᠠ ᠪᠦᠭᠦᠨ᠎ᠤ ᠭᠦᠯᠢᠶᠠᠨ ᠠᠪᠴᠦ᠍ ᠰᠤᠨᠤᠰᠤᠭ᠍ᠰᠠᠨ᠎ᠳᠤ ᠪᠠᠶᠠᠷᠯᠡᠯ᠎ᠡ᠃ ᠲᠠᠷᠠᠭᠠᠴᠢ᠎ᠶ᠋ᠢᠨ ᠳ᠋ᠤᠭᠠᠷ᠎ᠲᠠᠭᠠᠨ ᠲᠠᠭᠢᠨ ᠵᠤᠯᠭᠠᠶ᠎ᠠ᠂ ᠪᠠᠶᠠᠷᠳᠠᠢ!

     ᠨᠠᠢᠷᠠᠭᠤᠯᠤᠨ ᠨᠡᠪᠳᠡᠷᠡᠭᠦᠯᠦᠭ᠌ᠴᠢ᠄ ᠦᠯᠵᠡᠢᠪᠠᠳᠤ
     ᠮᠡᠷᠭᠡᠵᠢᠯ᠄ ᠬᠦᠬᠡᠪᠠᠷᠰ
     ᠭᠢᠨᠠᠭ᠍ᠴᠢ᠄ ᠴᠡᠴᠡᠭ


ᠬᠤᠪᠢᠶᠠᠯᠴᠠᠬᠤ᠄
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号