|
|
|
|
|
2 ᠰᠠᠷ᠎ᠠ᠎ᠶ᠋ᠢᠨ 1 ᠤ ᠡᠳᠦᠷ
|
|
|
|
|
ᠡᠬᠢᠯᠡᠬᠦ᠌ ᠴᠠᠭ᠄
2018-02-01 16:13:54
|
ᠨᠠᠶ᠋ᠢᠷᠠᠭᠤᠯᠤᠭᠴᠢ ᠄
ᠲᠣᠲᠥᠷᠬᠠᠢ ᠦᠭᠡᠢ
|
ᠨᠡᠪᠲᠡᠷᠡᠬᠦᠯᠦᠭᠴᠢ ᠄
ᠲᠣᠲᠥᠷᠬᠠᠢ ᠦᠭᠡᠢ
|
|
|
ᠡᠷᠬᠢᠮ ᠬᠦᠨᠳᠦᠳᠦ ᠰᠦᠯᠵᠢᠶᠡᠨ ᠠᠨᠳᠠ ᠨᠠᠷ ᠮᠢᠨᠢ ᠰᠠᠢᠨ ᠪᠠᠢᠨᠠᠦ? ᠦᠨᠦᠳᠦᠷ ᠪᠤᠯ 2 ᠰᠠᠷ᠎ᠠ᠎ᠶ᠋ᠢᠨ 1 ᠤ ᠡᠳᠦᠷ᠂ ᠪᠢᠯᠢᠭ᠎ᠤᠨ ᠤᠯᠠᠷᠢᠯ᠎ᠤᠨ ᠤᠯᠠᠭ᠍ᠴᠢᠨ ᠲᠠᠬᠢᠶ᠎ᠠ ᠵᠢᠯ᠎ᠤᠨ 12 ᠰᠠᠷ᠎ᠠ᠎ᠶ᠋ᠢᠨ 16᠂ ᠭᠠᠷᠠᠭ᠎ᠤᠨ ᠳᠦᠷᠪᠡᠨ᠃ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ》 ᠳᠤ ᠵᠤᠷᠢᠭᠤᠯᠤᠭ᠍ᠰᠠᠨ ᠤᠨᠴᠠ ᠨᠡᠪᠲᠡᠷᠡᠭᠦᠯᠭᠡ᠎ᠳᠤ᠎ᠪᠠᠨ ᠠᠩᠬᠠᠷᠤᠯ᠎ᠢᠶᠠᠨ ᠬᠠᠨᠳᠤᠭᠤᠯᠤᠨ᠎ᠠ ᠤᠤ! ᠶᠠᠭᠤᠨ᠎ᠤ ᠡᠮᠥᠨ᠎ᠡ ᠴᠠᠭ ᠲᠦᠷᠦ᠎ᠶ᠋ᠢᠨ ᠮᠡᠳᠡᠭᠡ᠎ᠳᠤ ᠠᠩᠬᠠᠷᠤᠯ᠎ᠢᠶᠠᠨ ᠬᠠᠨᠳᠤᠭᠤᠯᠤᠶ᠎ᠠ ● ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ 2018 ᠤᠨ᠎ᠤ 3 ᠰᠠᠷ᠎ᠠ᠎ᠶ᠋ᠢᠨ 5 ᠤ ᠡᠳᠦᠷ ᠪᠡᠭᠡᠵᠢᠩ᠎ᠳᠤ ᠬᠤᠷᠠᠯᠲᠤᠨᠠ᠃ ● ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠩᠬᠠᠳᠤᠭᠠᠷ ᠬᠤᠷᠠᠯ 2018 ᠤᠨ᠎ᠤ 3 ᠰᠠᠷ᠎ᠠ᠎ᠶ᠋ᠢᠨ 3 ᠤ ᠡᠳᠦᠷ ᠪᠡᠬᠡᠵᠢᠩ᠎ᠳᠤ ᠬᠤᠷᠠᠯᠲᠤᠨᠠ᠃ ● ᠳᠦᠪ᠎ᠤᠨ ᠵᠤᠬᠢᠶᠠᠨ ᠪᠠᠢᠭᠤᠯᠬᠤ ᠬᠡᠯᠳᠡᠰ ᠳᠦᠪ ᠬᠤᠷᠢᠶ᠎ᠠ᠎ᠶ᠋ᠢ ᠤᠷᠤᠯᠠᠨ ᠬᠠᠮᠢᠶᠠᠷᠴᠤ᠌ ᠪᠠᠢᠭ᠎ᠠ ᠨᠠᠮ᠎ᠤᠨ ᠰᠦᠢᠳᠭᠡᠯ᠎ᠠᠴᠠ 15670 ᠳᠦᠮᠡᠨ ᠳᠦᠬᠦᠷᠢᠭ ᠭᠠᠷᠭᠠᠵᠤ᠂ ᠳᠤᠰᠭᠠᠢᠯᠠᠨ 2018 ᠤᠨ᠎ᠤ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ ᠠᠮᠢᠳᠤᠷᠠᠯ᠎ᠨᠢ ᠬᠦᠴᠢᠷᠳᠡᠯᠳᠡᠢ ᠨᠠᠮ᠎ᠤᠨ ᠬᠡᠱᠢᠬᠦᠨ ᠪᠤᠯᠤᠨ ᠠᠬᠠᠮᠠᠳ ᠨᠠᠮ᠎ᠤᠨ ᠬᠡᠱᠢᠬᠦᠨ᠎ᠢ ᠡᠷᠭᠢᠨ ᠦᠵᠡᠵᠥ᠍ ᠳᠤᠬᠤᠨᠢᠭᠤᠯᠬᠤ᠎ᠳᠤ ᠬᠡᠷᠡᠭ᠌ᠯᠡᠬᠦ᠌᠎ᠪᠠᠷ ᠪᠤᠯᠵᠠᠢ᠃ ᠤᠳᠤ ᠲᠠ ᠪᠦᠬᠦᠨ᠎ᠳᠤ 《ᠬᠤᠶᠠᠷ ᠬᠤᠷᠠᠯ》 ᠤᠨ ᠮᠡᠳᠡᠭᠡ᠎ᠶ᠋ᠢ ᠳᠠᠮᠵᠢᠭᠤᠯᠤᠶ᠎ᠠ ● 1 ᠰᠠᠷ᠎ᠠ᠎ᠶ᠋ᠢᠨ 31 ᠤ ᠡᠳᠦᠷ᠂ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ ᠬᠦᠬᠡᠬᠤᠲᠠ᠎ᠳᠤ ᠢᠯᠠᠯᠲᠠ᠎ᠲᠠᠢ᠎ᠪᠠᠷ ᠲᠡᠭᠦᠰᠦᠭ᠌ᠰᠡᠨ ᠪᠠᠢᠨ᠎ᠠ᠃ ● ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ ᠲᠠᠪᠤᠳᠤᠭᠠᠷ ᠣᠳᠠᠭ᠎ᠠ᠎ᠶ᠋ᠢᠨ ᠪᠦᠭᠦᠳᠡ ᠬᠤᠷᠠᠯ ᠬᠢᠵᠤ᠂ ᠪᠦ᠋ ᠱᠢᠶᠤᠤ ᠯᠢᠨ ᠦᠪᠡᠷᠳᠡᠭᠡᠨ ᠵᠠᠰᠠᠬᠤ ᠤᠷᠤᠨ᠎ᠤ ᠲᠡᠷᠢᠭᠦᠯᠡᠭ᠌ᠴᠢ᠎ᠪᠠᠷ᠂ ᠵᠠᠩ ᠵᠢᠶᠠᠨ ᠮᠢᠨ᠂ ᠪᠠᠢ ᠱᠢᠶᠠᠩ ᠴᠢᠶᠦ᠋ᠨ᠂ ᠠᠢ ᠯᠢ ᠬᠤᠸᠠ᠂ ᠵᠠᠩ ᠱᠤᠤ ᠴᠦᠨ᠂ ᠶᠠᠩ ᠸᠧᠢ ᠳ᠋ᠦᠡᠭ᠂ ᠳ᠋ᠤᠸᠠᠨ ᡁᠢ ᠴᠢᠶᠠᠩ᠂ ᠡᠸᠤ ᠶᠠᠩ ᠱᠢᠶᠤᠤ ᠬᠤᠢ᠂ ᠯᠢ ᠪᠢᠡᠭ ᠷᠦᠡᠭᠢ ᠦᠪᠡᠷᠳᠡᠭᠡᠨ ᠵᠠᠰᠠᠬᠤ ᠤᠷᠤᠨ᠎ᠤ ᠲᠡᠳ᠋ ᠲᠡᠷᠢᠭᠦᠯᠡᠭ᠌ᠴᠢ᠎ᠪᠠᠷ᠂ ᠯᠢᠤ ᠴᠢ ᠹᠠᠨ᠎ᠢ ᠦᠪᠡᠷᠳᠡᠭᠡᠨ ᠵᠠᠰᠠᠬᠤ ᠤᠷᠤᠨ᠎ᠤ ᠬᠢᠨᠠᠨ ᠪᠠᠢᠴᠠᠭᠠᠬᠤ ᠵᠦᠪᠯᠡᠯ᠎ᠤᠨ ᠡᠷᠬᠢᠯᠡᠭ᠌ᠴᠢ᠎ᠪᠠᠷ᠂ ᠶᠠᠩ ᠽᠦᠡᠭ ᠷᠧᠨᠢ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠦᠨᠳᠤᠷ ᠵᠡᠷᠭᠡ᠎ᠶ᠋ᠢᠨ ᠱᠢᠭᠦᠭᠦ᠌ ᠬᠤᠷᠢᠶ᠎ᠠ᠎ᠶ᠋ᠢᠨ ᠲᠠᠷᠤᠭ᠎ᠠ᠎ᠪᠠᠷ᠂ ᠯᠢ ᠴᠢ ᠯᠢᠨ᠎ᠢ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠪᠠᠢᠴᠠᠭᠠᠬᠤ ᠬᠤᠷᠢᠶ᠎ᠠ᠎ᠶ᠋ᠢᠨ ᠪᠠᠢᠴᠠᠭᠠᠬᠤ ᠲᠠᠷᠤᠭ᠎ᠠ᠎ᠪᠠᠷ ᠰᠤᠩᠭᠤᠨ ᠭᠠᠷᠭᠠᠵᠠᠢ᠃ ᠵᠠᠯᠭᠠᠭᠠᠳ ᠪᠤᠰᠤᠳ ᠰᠤᠨᠢᠨ ᠮᠡᠳᠡᠭᠡᠨ᠎ᠠᠴᠠ ᠤᠢ᠍ᠢᠯᠠᠭᠠᠶ᠎ᠠ ● ᠰᠠᠷ᠎ᠠ ᠱᠢᠨ᠎ᠡ᠎ᠶ᠋ᠢᠨ ᠳᠠᠷᠠᠭ᠎ᠠ ᠵᠥᠬᠡᠬᠡᠪᠦᠷᠢᠶ᠋ᠢᠨ ᠪᠠᠰᠠ ᠨᠢᠬᠡᠨ ᠤᠷᠬᠢᠯ᠎ᠤᠨ ᠬᠤᠭᠤᠴᠠᠭ᠎ᠠ ᠪᠤᠯᠬᠤ᠎ᠨᠢ ᠲᠠᠮᠵᠢᠭ ᠦᠬᠡᠢ᠃ ᠪᠢᠳᠡᠬᠦᠨ᠎ᠠᠴᠠ ᠰᠡᠬᠦᠯᠡᠷᠬᠢ ᠭᠠᠯᠲᠤ ᠲᠡᠷᠭᠡᠨ᠎ᠤ ᠪᠢᠯᠧᠲ᠎ᠢ ᠬᠤᠳᠠᠯᠳᠤᠭ᠍ᠰᠠᠨ ᠲᠤᠭ᠎ᠠ 6 ᠡᠳᠦᠷ ᠳᠠᠷᠠᠭᠠᠯᠠᠨ 1000 ᠲᠦᠮᠡ᠎ᠶ᠋ᠢ ᠳᠠᠪᠠᠵᠤ᠂ ᠰᠦᠯᠵᠢᠶ᠎ᠡ᠎ᠪᠠᠷ ᠬᠤᠳᠠᠯᠳᠤᠭ᠍ᠰᠠᠨ ᠭᠠᠯᠲᠤ ᠲᠡᠷᠭᠡᠨ᠎ᠤ ᠪᠢᠯᠧᠲ 80% ᠣᠷᠴᠢᠮ᠎ᠢ ᠡᠵᠡᠯᠡᠭ᠌ᠰᠡᠨ ᠪᠠᠢᠨ᠎ᠠ᠃ ● ᠤᠢ᠍ᠢᠷ᠎ᠠ᠎ᠳᠤ᠂ ᠮᠤᠩᠭᠤᠯ ᠡᠮ ᠡᠮᠨᠡᠯᠭᠡ᠎ᠶ᠋ᠢᠨ ᠤᠯᠠᠮᠵᠢᠯᠠᠯᠲᠤ ᠵᠠᠰᠠᠯ᠎ᠤᠨ ᠱᠢᠨᠵᠢᠯᠡᠭᠡ ᠰᠤᠳᠤᠯᠤᠯ᠎ᠤᠨ ᠴᠢᠭᠤᠯᠭᠠᠨ ᠱᠢᠯᠢᠩᠬᠤᠲᠠ᠎ᠳᠤ ᠶᠠᠪᠤᠭ᠍ᠳᠠᠵᠤ᠂ ᠱᠢᠨᠵᠢᠶᠠᠩ᠂ ᠬᠦᠬᠡᠬᠤᠲᠠ᠂ ᠱᠢᠯᠢ᠎ᠶ᠋ᠢᠨ ᠭᠤᠤᠯ᠂ ᠠᠯᠠᠱᠠ᠂ ᠤᠯᠠᠭᠠᠨᠬᠠᠳᠠ ᠵᠡᠷᠭᠡ ᠭᠠᠵᠠᠷ᠎ᠠᠴᠠ ᠬᠦᠷᠦᠯᠴᠡᠨ ᠢᠷᠡᠭ᠌ᠰᠡᠨ ᠨᠡᠷᠡᠳᠦ ᠡᠮᠴᠢ᠂ ᠠᠬᠠᠮᠠᠳ ᠡᠮᠴᠢ᠂ ᠤᠯᠠᠮᠵᠢᠯᠠᠯᠲᠤ ᠵᠠᠰᠠᠯ᠎ᠤᠨ ᠡᠮᠴᠢ᠂ ᠠᠨᠠᠭᠠᠬᠤ ᠤᠬᠠᠭᠠᠨ᠎ᠤ ᠮᠡᠷᠬᠡᠵᠢᠯ᠎ᠤᠨ ᠪᠠᠭ᠍ᠰᠢ ᠤᠶᠤᠲᠠᠨ ᠭᠤᠴᠢᠭᠠᠳ ᠬᠦᠮᠤᠨ ᠤᠷᠤᠯᠴᠠᠵᠠᠢ᠃ ● ᠱᠢᠯᠤᠭᠤᠨ ᠬᠦᠬᠡ ᠬᠤᠱᠢᠭᠤᠨ᠎ᠤ 《ᠨᠠᠢ᠍ᠮᠠᠨ ᠱᠢᠷᠭ᠎ᠠ》 ᠤᠯᠠᠮᠵᠢᠯᠠᠯᠲᠤ ᠠᠷᠠᠰᠤ ᠨᠤᠤᠰᠤ ᠡᠳ᠋ᠱᠢᠭᠦᠯᠦᠨ ᠪᠤᠯᠪᠠᠰᠤᠷᠠᠭᠤᠯᠬᠤ ᠦᠢᠯᠡᠳᠪᠦᠷᠢ᠎ᠶ᠋ᠢᠨ ᠱᠢᠵᠢᠷ᠂ ᠬᠤᠷᠸ᠎ᠠ ᠨᠠᠷ᠎ᠤᠨ ᠤᠯᠠᠮᠵᠢᠯᠠᠯᠲᠤ ᠠᠷᠭ᠎ᠠ᠎ᠪᠠᠷ ᠪᠤᠯᠪᠠᠰᠤᠷᠠᠭᠤᠯᠤᠭ᠍ᠰᠠᠨ ᠠᠷᠠᠰᠤᠨ ᠴᠠᠭᠠᠰᠤ᠎ᠨᠢ ᠪᠤᠷᠤᠯᠠᠭᠤᠯᠭ᠎ᠠ ᠰᠠᠢᠲᠠᠢ ᠪᠠᠢᠵᠤ᠂ ᠮᠠᠯᠴᠢᠳ᠎ᠤᠨ ᠪᠤᠭ ᠮᠠᠯ᠎ᠤᠨ ᠠᠷᠠᠰᠤ ᠱᠢᠷᠢ᠎ᠶ᠋ᠢᠨ ᠪᠤᠷᠤᠯᠠᠭᠤᠯᠭ᠎ᠠ᠎ᠳᠤ ᠱᠢᠨ᠎ᠡ ᠵᠠᠮ ᠨᠡᠭᠡᠭᠡᠵᠤ ᠦᠭ᠌ᠭᠦᠯ᠎ᠡ᠃ ● ᠮᠤᠩᠭᠤᠯ ᠤᠯᠤᠰ᠎ᠤᠨ 《ᠬᠠᠷᠠᠩᠭ᠎ᠠ》 ᠬᠠᠮᠲᠤᠯᠢᠭ᠎ᠤᠨ ᠪᠡᠶ᠎ᠡ ᠳᠠᠭᠠᠭᠠᠭ᠍ᠰᠠᠨ ᠲᠤᠭ᠍ᠯᠠᠯᠲᠠ 2 ᠰᠠᠷ᠎ᠠ᠎ᠶ᠋ᠢᠨ 3 ᠤ ᠡᠳᠦᠷ᠎ᠤᠨ 19᠄ 30 ᠲᠤ ᠤᠷᠳᠤᠰ ᠬᠤᠲᠠ᠎ᠶ᠋ᠢᠨ ᠬᠢᠶ᠎ᠠ ᠪᠠᠭ᠍ᠰᠢ ᠲᠤᠭᠤᠷᠢᠭ᠎ᠲᠤ ᠶᠠᠪᠤᠭ᠍ᠳᠠᠬᠤ᠎ᠪᠠᠷ ᠪᠤᠢ᠃ ● ᠤᠢ᠍ᠢᠷ᠎ᠠ᠎ᠳᠤ᠂ ᠱᠢᠯᠤᠭᠤᠨ ᠬᠦᠬᠡ ᠬᠤᠱᠢᠭᠤᠨ᠎ᠤ ᠱᠠᠩᠳᠤ ᠪᠠᠯᠭᠠᠰᠤᠨ᠎ᠳᠤ ᠡᠪᠦᠯ᠎ᠤᠨ ᠤᠯᠠᠷᠢᠯ᠎ᠤᠨ ᠴᠠᠰᠤᠨ᠎ᠳᠤ ᠭᠤᠯᠭᠤᠬᠤ ᠵᠤᠭᠠᠴᠠᠯ᠎ᠤᠨ ᠭᠠᠵᠠᠷ ᠪᠠᠢᠭᠤᠯᠤᠭ᠍ᠳᠠᠵᠤ᠂ ᠡᠪᠦᠯ᠎ᠤᠨ ᠤᠯᠠᠷᠢᠯ᠎ᠳᠤ ᠭᠠᠳᠠᠨ᠎ᠠ ᠬᠦᠳᠡᠯᠭᠡᠭᠡᠨ ᠬᠢᠬᠦ᠌ ᠲᠤᠷᠠᠳᠠᠢ ᠬᠦᠮᠥᠰ᠎ᠤᠨ ᠲᠠᠭᠠᠱᠢᠶᠠᠯ᠎ᠢ ᠤᠯᠪᠠ᠃ ● ᠲᠦᠷᠦᠭᠦᠬᠡᠨ᠂ ᠤᠯᠠᠭᠠᠨᠬᠠᠳᠠ᠎ᠶ᠋ᠢᠨ ᠮᠤᠩᠭᠤᠯ ᠶᠡᠷᠦᠩᠬᠡᠢᠯᠡᠭ᠌ᠰᠡᠨ ᠷᠠᠳᠢᠣ᠋ 2018 ᠤᠨ᠎ᠤ ᠱᠢᠨ᠎ᠡ ᠵᠢᠯ ᠴᠠᠭᠠᠨ ᠰᠠᠷ᠎ᠠ᠎ᠶ᠋ᠢᠨ ᠪᠠᠶᠠᠷᠲᠤ ᠵᠤᠷᠢᠭᠤᠯᠤᠭ᠍ᠰᠠᠨ ᠷᠠᠳᠢᠣ᠋ ᠤᠳᠭ᠎ᠠ ᠤᠷᠠᠯᠢᠭ᠎ᠤᠨ 5 ᠲᠠᠯᠠᠪᠠᠢ ᠤᠷᠠᠨ ᠰᠠᠢᠬᠠᠨ᠎ᠤ ᠦᠳᠡᠱᠢᠯᠡᠭᠡ᠎ᠪᠠᠨ ᠠᠮᠵᠢᠯᠲᠠ᠎ᠲᠠᠢ ᠱᠢᠩᠭᠡᠭᠡᠨ ᠦᠢᠯᠡᠳᠦᠭ᠌ᠰᠡᠨ ᠪᠠᠢᠨ᠎ᠠ᠃ ● 1 ᠰᠠᠷ᠎ᠠ᠎ᠶ᠋ᠢᠨ 31 ᠤ ᠡᠳᠦᠷ᠂ ᠠᠩᠬᠠᠳᠤᠭᠠᠷ ᠬᠤᠭᠤᠴᠠᠭᠠᠨ᠎ᠤ 《ᠦᠨᠳᠦᠰᠦᠲᠡᠨ᠎ᠤ ᠪᠦᠯᠬᠦᠮᠳᠡᠯ ᠬᠤᠨᠳᠠᠭᠠᠲᠤ》 ᠮᠤᠩᠭᠤᠯ ᠱᠢᠲᠠᠷ᠎ᠠ᠎ᠶ᠋ᠢᠨ ᠤᠷᠤᠯᠳᠤᠭᠠᠨ ᠭᠡᠱᠢᠭ᠌ᠲᠡᠨ ᠬᠤᠱᠢᠭᠤᠨ᠎ᠳᠤ ᠠᠮᠵᠢᠯᠲᠠ᠎ᠲᠠᠢ ᠶᠠᠪᠤᠭ᠍ᠳᠠᠪᠠ᠃ ● ᠦᠨᠦᠳᠦᠷ᠎ᠠᠴᠠ ᠡᠬᠢᠯᠡᠵᠤ ᠮᠠᠨ᠎ᠤ ᠤᠷᠤᠨ ᠬᠦᠢᠲᠡᠨ ᠠᠭᠤᠷ ᠠᠮᠢᠰᠭᠤᠯ᠎ᠳᠤ ᠲᠠᠬᠢᠨᠳᠠ ᠨᠦᠯᠦᠭᠡᠯᠡᠭ᠌ᠳᠡᠵᠤ᠂ ᠶᠡᠬᠡᠩᠬᠢ ᠭᠠᠵᠠᠷ ᠤᠷᠤᠨ᠎ᠤ ᠳᠤᠯᠠᠭᠠᠨ᠎ᠤ ᠬᠡᠮᠵᠢᠶ᠎ᠡ 6 — 8 ᠭᠷᠠᠳᠦ᠋ᠰ ᠪᠠᠭᠤᠷᠠᠬᠤ ᠪᠤᠯᠬᠤᠷ ᠲᠠ᠎ᠨᠠᠷ ᠮᠢᠨᠢ ᠬᠤᠪᠴᠠᠰᠤ ᠬᠤᠨᠠᠷ᠎ᠢᠶᠠᠨ ᠵᠤᠵᠠᠭᠠᠯᠠᠵᠤ ᠪᠠᠢᠭᠠᠷᠠᠢ᠃ ᠡᠷᠬᠢᠮ ᠬᠦᠨᠳᠦ᠎ᠲᠤ ᠰᠦᠯᠵᠢᠶᠡᠨ ᠠᠨᠳᠠ ᠨᠠᠷ᠂ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ》 ᠳᠤ ᠵᠤᠷᠢᠭᠤᠯᠤᠭ᠍ᠰᠠᠨ ᠤᠨᠴᠠ ᠨᠡᠪᠲᠡᠷᠡᠭᠦᠯᠭᠡ ᠡᠭᠦᠪᠡᠷ ᠦᠨᠳᠦᠷᠯᠡᠵᠤ ᠪᠠᠢᠨ᠎ᠠ᠃ ᠲᠠ ᠪᠦᠬᠦᠨ᠎ᠤ᠎ᠪᠠᠨ ᠬᠥᠯᠢᠶᠡᠨ ᠠᠪᠴᠤ᠌ ᠰᠤᠨᠤᠰᠤᠭ᠍ᠰᠠᠨ᠎ᠳᠤ ᠮᠠᠰᠢ ᠶᠡᠭᠡ ᠪᠠᠶᠠᠷᠯᠠᠯ᠎ᠠ᠃ ᠪᠠᠶᠠᠷᠲᠠᠢ! ᠨᠠᠢᠷᠠᠭᠤᠯᠤᠨ ᠨᠡᠪᠲᠡᠷᠡᠭᠦᠯᠦᠭ᠌ᠴᠢ᠄ ᠨᠠᠮᠤᠭ ᠮᠡᠷᠭᠡᠵᠢᠯ᠄ ᠰᠦᠮᠪᠦᠷ ᠬᠢᠨᠠᠭ᠍ᠴᠢ᠄ ᠴᠡᠴᠡᠭ ᠶᠡᠷᠦᠩᠬᠡᠢ ᠬᠢᠨᠠᠭ᠍ᠴᠢ᠄ ᠤᠷᠲᠤᠨᠠᠰᠤᠲᠤ |
|
|
|
|
|
|
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6659832
ᠢᠮᠧᠯ᠄tn@mgyxw.net 蒙ICP备10000005号
|