|
|
|
|
|
1 ᠰᠠᠷ᠎ᠠ᠎ᠶ᠋ᠢᠨ 31 ᠤ ᠡᠳᠦᠷ
|
|
|
|
|
ᠡᠬᠢᠯᠡᠬᠦ᠌ ᠴᠠᠭ᠄
2018-01-31 10:20:27
|
ᠨᠠᠶ᠋ᠢᠷᠠᠭᠤᠯᠤᠭᠴᠢ ᠄
ᠲᠣᠲᠥᠷᠬᠠᠢ ᠦᠭᠡᠢ
|
ᠨᠡᠪᠲᠡᠷᠡᠬᠦᠯᠦᠭᠴᠢ ᠄
ᠲᠣᠲᠥᠷᠬᠠᠢ ᠦᠭᠡᠢ
|
|
|
ᠡᠷᠬᠢᠮ ᠬᠦᠨᠳᠦᠳᠦ ᠰᠦᠯᠵᠢᠶᠡᠨ ᠠᠨᠳᠠ ᠨᠠᠷ ᠮᠢᠨᠢ ᠰᠠᠢᠨ ᠪᠠᠢᠨᠠᠦ? ᠦᠨᠦᠳᠦᠷ ᠪᠤᠯ 1 ᠰᠠᠷ᠎ᠠ᠎ᠶ᠋ᠢᠨ 31 ᠤ ᠡᠳᠦᠷ᠂ ᠪᠢᠯᠢᠭ᠎ᠤᠨ ᠤᠯᠠᠷᠢᠯ᠎ᠤᠨ ᠤᠯᠠᠭᠠᠭ᠍ᠴᠢᠨ ᠲᠠᠬᠢᠶ᠎ᠠ ᠵᠢᠯ᠎ᠤᠨ 12 ᠰᠠᠷ᠎ᠠ᠎ᠶ᠋ᠢᠨ 15᠂ ᠭᠠᠷᠠᠭ᠎ᠤᠨ ᠭᠤᠷᠪᠠᠨ᠃ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ》 ᠳᠤ ᠵᠤᠷᠢᠭᠤᠯᠤᠭ᠍ᠰᠠᠨ ᠤᠨᠴᠠ ᠨᠡᠪᠲᠡᠷᠡᠭᠦᠯᠭᠡ᠎ᠳᠤ᠎ᠪᠠᠨ ᠠᠩᠬᠠᠷᠤᠯ᠎ᠢᠶᠠᠨ ᠬᠠᠨᠳᠤᠭᠤᠯᠤᠨ᠎ᠠ ᠤᠤ! ᠤᠷᠢᠳᠠᠪᠡᠷ ᠲᠠ ᠪᠦᠬᠦᠨ᠎ᠳᠤ 《ᠬᠤᠶᠠᠷ ᠬᠤᠷᠠᠯ》 ᠤᠨ ᠮᠡᠳᠡᠭᠡ᠎ᠶ᠋ᠢ ᠳᠠᠮᠵᠢᠭᠤᠯᠤᠶ᠎ᠠ ● ᠥᠪᠦᠷ ᠮᠤᠩᠭᠤᠯ ᠠᠷᠪᠡᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠎ᠶ᠋ᠢ ᠰᠤᠩᠭᠤᠨ ᠭᠠᠷᠭᠠᠵᠦ᠍᠂ ᠰᠢ᠎ᠶ᠋ᠢᠨ ᠫᠢᠩ ᠪᠦᠷᠢᠨ ᠪᠢᠯᠧᠲ᠎ᠢᠶᠠᠷ ᠰᠤᠩᠭᠤᠭ᠍ᠳᠠᠪᠠ᠃ ● 2018 ᠤᠨ᠎ᠤ 1 ᠰᠠᠷ᠎ᠠ᠎ᠶ᠋ᠢᠨ 30 ᠤ ᠡᠳᠦᠷ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ᠎ᠠᠴᠠ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠳᠤ ᠤᠷᠤᠯᠴᠠᠬᠤ 58 ᠲᠦᠯᠦᠬᠡᠯᠡᠭ᠌ᠴᠢ᠎ᠶ᠋ᠢ ᠰᠤᠩᠭᠤᠪᠠ᠂ ᠰᠤᠩᠭᠤᠭᠤᠯᠢ᠎ᠶ᠋ᠢᠨ ᠦᠷ᠎ᠠ ᠳ᠋ᠦᠩ᠎ᠢ ᠲᠤᠭ᠍ᠳᠠᠭᠠᠯ ᠶᠤᠰᠤᠭᠠᠷ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶ᠋ᠢᠨ ᠲᠦᠯᠦᠭᠡᠯᠡᠭ᠌ᠴᠢᠳ᠎ᠤᠨ ᠬᠢᠷᠢ ᠬᠡᠮ᠎ᠢ ᠬᠢᠨᠠᠨ ᠪᠠᠢᠴᠠᠭᠠᠬᠤ ᠵᠦᠪᠯᠡᠯ᠎ᠳᠤ ᠮᠡᠳᠡᠬᠦᠯᠵᠦ᠍ ᠬᠢᠨᠠᠨ ᠪᠠᠢᠴᠠᠭᠠᠯᠭᠠᠵᠦ᠍ ᠨᠣᠳᠠᠯᠠᠭᠤᠯᠣᠨᠠ᠃ ● ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠤᠩᠭᠤᠨ ᠭᠠᠷᠭᠠᠬ᠍ᠰᠠᠨ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠎ᠶ᠋ᠢᠨ ᠨᠡᠷᠡᠰ᠄ ● ᠰᠢ᠎ᠶ᠋ᠢᠨ ᠫᠢᠩ᠂ ᠤᠷᠳᠤ (ᠮᠤᠩᠭᠤᠯ ᠦᠨᠳᠦᠰᠦᠳᠡᠨ)᠂ ᠹᠦ᠋ ᠶᠢᠩ (ᠡᠮᠡᠭ᠌ᠳᠡᠢ᠂ ᠮᠤᠩᠭᠤᠯ ᠦᠨᠳᠦᠰᠦᠳᠡᠨ)᠂ ᠢᠤᠢ ᠱᠢᠤᠢ ᠪᠦᠸᠧ᠂ ᠶᠠᠩ ᠹᠧᠢ ᠶᠦᠨ᠂ ᠢᠤᠢ ᠯᠢ ᠱᠢᠨ (ᠮᠤᠩᠭᠤᠯ ᠦᠨᠳᠦᠰᠦᠳᠡᠨ)᠂ ᠮᠠ ᠴᠦᠨ ᠢᠤᠢ᠂ ᠸᠠᠩ ᠪᠦᠸᠧ᠂ ᠸᠠᠩ ᠱᠢᠨ ᠬᠤᠢ (ᠡᠮᠡᠭ᠌ᠳᠡᠢ)᠂ ᠸᠠᠩ ᠵᠢᠶᠦ᠋ᠨ ᠱᠢᠶᠠᠩ (ᠮᠤᠩᠭᠤᠯ ᠦᠨᠳᠦᠰᠦᠳᠡᠨ)᠂ ᠸᠠᠩ ᠱᠢᠶᠤᠤ ᠬᠤᠩ (ᠡᠮᠡᠭ᠌ᠳᠡᠢ)᠂ ᠭᠧ ᠮᠢᠩ (ᠮᠤᠩᠭᠤᠯ ᠦᠨᠳᠦᠰᠦᠳᠡᠨ)᠂ ᠪᠦ᠋ ᠱᠢᠶᠤᠤ ᠯᠢᠨ (ᠡᠮᠡᠭ᠌ᠳᠡᠢ᠂ ᠮᠤᠩᠭᠤᠯ ᠦᠨᠳᠦᠰᠦᠳᠡᠨ)᠂ ᠱ᠌ᠢ ᠢᠤᠢ ᠳ᠋ᠦᠩ᠂ ᠳ᠋ᠠᠢ ᠰᠢ ᠶᠤᠸᠠᠨ (ᠤᠷᠴᠤᠨ ᠦᠨᠳᠦᠰᠦᠳᠡᠨ)᠂ ᠹᠧᠩ ᠢᠤᠢ ᠵᠧᠨ᠂ ᠹᠧᠩ ᠶᠠᠨ ᠯᠢ (ᠡᠮᠡᠭ᠌ᠳᠡᠢ)᠂ ᠱᠢᠩ ᠵᠢᠶᠧ ᠬᠤᠩ (ᠡᠮᠡᠭ᠌ᠳᠡᠢ)᠂ ᠯᠢᠦ ᠶᠠ ᠱᠧᠩ (ᠡᠮᠡᠭ᠌ᠳᠡᠢ)᠂ ᠯᠢᠦ ᠬᠤᠢ ᠴᠧᠩ᠂ ᠯᠢᠦ ᠯᠢ ᠹᠧᠨ (ᠡᠮᠡᠭ᠌ᠳᠡᠢ)᠂ ᠯᠢᠦ ᠴᠢ ᠹᠠᠨ᠂ ᠨᠠᠰᠤᠨᠮᠦᠩᠬᠡ (ᠮᠤᠩᠭᠤᠯ ᠦᠨᠳᠦᠰᠦᠳᠡᠨ)᠂ ᠯᠢ ᠢᠤᠢ ᠯᠢᠶᠠᠩ᠂ ᠯᠢ ᠴᠢᠤᠧᠠᠨ ᠸᠧᠨ᠂ ᠯᠢ ᠵᠶ᠋ᠢ ᠾᠧᠩ᠂ ᠯᠢ ᠬᠦᠸᠧ ᠴᠢᠨ (ᠡᠮᠡᠭ᠌ᠳᠡᠢ)᠂ ᠯᠢ ᠷᠦᠩ ᠰᠢ᠂ ᠯᠢ ᠴᠢ ᠯᠢᠨ᠂ ᠯᠢ ᠼᠦᠢ ᡁᠢ (ᠡᠮᠡᠭ᠌ᠳᠡᠢ)᠂ ᠶᠠᠩ ᠽᠦᠩ ᠷᠧᠨ (ᠮᠤᠩᠭᠤᠯ ᠦᠨᠳᠦᠰᠦᠳᠡᠨ)᠂ ᠦ᠋ ᠶᠢᠩ (ᠡᠮᠡᠭ᠌ᠳᠡᠢ)᠂ ᠦ᠋ ᠶᠦᠨ ᠪᠦᠸᠧ (ᠮᠤᠩᠭᠤᠯ ᠦᠨᠳᠦᠰᠦᠳᠡᠨ)᠂ ᠵᠠᠩ ᠯᠧᠢ᠂ ᠵᠠᠩ ᠵᠢᠶᠠᠨ ᠮᠢᠨ᠂ ᠵᠠᠩ ᠱᠢᠶᠤᠤ ᠪᠢᠩ᠂ ᠵᠠᠩ ᠵᠶ᠋ᠢ ᠱᠢᠨ᠂ ᠵᠠᠩ ᠵᠶ᠋ᠢ ᠵᠶ᠋ᠢ᠂ ᠴᠧᠨ ᠯᠢᠶᠠᠩ (ᠮᠤᠩᠭᠤᠯ ᠦᠨᠳᠦᠰᠦᠳᠡᠨ)᠂ ᠴᠢ᠊ • ᠪᠠᠳᠤ (ᠮᠤᠩᠭᠤᠯ ᠦᠨᠳᠦᠰᠦᠳᠡᠨ)᠂ ᠬᠦᠬᠡᠪᠠᠭᠠᠳᠤᠷ (ᠮᠤᠩᠭᠤᠯ ᠦᠨᠳᠦᠰᠦᠳᠡᠨ)᠂ ᠵᠧᠤ ᠢ ᠵᠧ᠂ ᠮᠦᠩᠬᠡ (ᠮᠤᠩᠭᠤᠯ ᠦᠨᠳᠦᠰᠦᠳᠡᠨ)᠂ ᠮᠧᠩ ᠱᠢᠶᠠᠨ ᠳ᠋ᠦᠩ᠂ ᠵᠤᠤ ᠬᠤᠢ ᠵᠢᠶᠧ (ᠡᠮᠡᠭ᠌ᠳᠡᠢ᠂ ᠮᠠᠨᠵᠦ᠍ ᠦᠨᠳᠦᠰᠦᠳᠡᠨ)᠂ ᠵᠤᠤ ᠵᠢᠶᠠᠩ ᠲᠤᠤ (ᠮᠤᠩᠭᠤᠯ ᠦᠨᠳᠦᠰᠦᠳᠡᠨ)᠂ ᠬᠤᠤ ᠮᠤᠤ ᠷᠦᠩ (ᠮᠤᠩᠭᠤᠯ ᠦᠨᠳᠦᠰᠦᠳᠡᠨ)᠂ ᠹᠧᠢ ᠳ᠋ᠦᠩ ᠪᠢᠨ᠂ ᠨᠠᠷᠠᠨᠲᠤᠶᠠᠭ᠎ᠠ (ᠡᠮᠡᠭ᠌ᠳᠡᠢ᠂ ᠮᠤᠩᠭᠤᠯ ᠦᠨᠳᠦᠰᠦᠳᠡᠨ)᠂ ᠰᠦᠸᠧ ᠱᠦ᠍ ᠬᠤᠢ (ᠲᠠᠭᠤᠷ ᠦᠨᠳᠦᠰᠦᠳᠡᠨ)᠂ ᠵᠢᠶᠠ ᠷᠦᠨ ᠠᠨ᠂ ᠭᠤᠤ ᠱ᠌ᠢ ᠬᠤᠩ᠂ ᠬᠦᠸᠧ ᠶᠠᠨ ᠯᠢᠩ (ᠡᠮᠡᠭ᠌ᠳᠡᠢ)᠂ ᠮᠧᠢ ᠬᠤᠧᠠ (ᠡᠮᠡᠭ᠌ᠳᠡᠢ᠂ ᠡᠸᠡᠩᠬᠢ ᠦᠨᠳᠦᠰᠦᠳᠡᠨ)᠂ ᠬᠦᠩ ᠮᠢᠩ ᠵᠦ᠍ (ᠮᠤᠩᠭᠤᠯ ᠦᠨᠳᠦᠰᠦᠳᠡᠨ)᠂ ᠴᠤᠯᠮᠤᠨ (ᠮᠤᠩᠭᠤᠯ ᠦᠨᠳᠦᠰᠦᠳᠡᠨ)᠂ ᠱᠢᠤᠸᠠᠢ ᡁᠢ ᠬᠦᠸᠧ᠂ ᠾᠦᠸᠧ ᠵᠤᠤ ᠯᠢᠶᠠᠩ (ᠮᠤᠩᠭᠤᠯ ᠦᠨᠳᠦᠰᠦᠳᠡᠨ) ● 1 ᠰᠠᠷ᠎ᠠ᠎ᠶ᠋ᠢᠨ 30 ᠤ ᠦᠳᠡ᠎ᠶ᠋ᠢᠨ ᠬᠤᠢᠨ᠎ᠠ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ ᠦᠪᠤᠷ ᠮᠤᠩᠭᠤᠯ᠎ᠤᠨ ᠠᠷᠠᠳ᠎ᠤᠨ ᠬᠤᠷᠠᠯ᠎ᠤᠨ ᠲᠠᠩᠭᠢᠮ᠎ᠳᠤ ᠲᠦᠷᠪᠡᠳᠦᠭᠡᠷ ᠣᠳᠠᠭ᠎ᠠ᠎ᠶ᠋ᠢᠨ ᠪᠦᠭᠦᠳᠡ ᠬᠤᠷᠠᠯ ᠬᠢᠵᠦ᠍᠂ ᠦᠪᠡᠷᠳᠡᠭᠡᠨ ᠵᠠᠰᠠᠬᠤ ᠤᠷᠤᠨ᠎ᠠᠴᠠ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠭᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠳᠤ ᠤᠷᠤᠯᠴᠠᠬᠤ ᠲᠦᠯᠦᠭᠡᠯᠡᠭ᠌ᠴᠢᠳ᠎ᠢ ᠰᠤᠩᠭᠤᠨ ᠭᠠᠷᠭᠠᠪᠠ᠃ ᠶᠡᠭᠡ ᠬᠤᠷᠠᠯ᠎ᠠᠴᠠ ᠯᠢ ᠵᠶ᠋ᠢ ᠾᠸᠡᠭᠢ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶ᠎ᠠ᠎ᠶ᠋ᠢᠨ ᠡᠷᠬᠢᠯᠡᠭ᠌ᠴᠢ᠎ᠪᠠᠷ ᠰᠣᠩᠭᠤᠵᠣ᠂ ᠨᠠᠰᠤᠨᠮᠦᠡᠭ᠌ᠭᠡ᠂ ᠡᠤ ᠲᠤᠸᠠᠨ ᠶᠢᠩ᠂ ᠯᠢ ᠷᠦᠡᠭ ᠰᠢ᠂ ᠯᠢᠶᠠᠨ ᠰᠥ᠂ ᠸᠠᠩ ᠪᠦᠸᠧ᠂ ᠾᠧ ᠶᠠᠨ ᠯᠢᠩ᠎ᠢ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶ᠎ᠠ᠎ᠶ᠋ᠢᠨ ᠲᠡᠳ᠋ ᠡᠷᠬᠢᠯᠡᠭ᠌ᠴᠢ᠎ᠪᠠᠷ ᠰᠣᠩᠭᠤᠵᠣ᠂ ᠱ᠌ᠢ ᠸᠧᠨ ᠱᠢᠤᠸᠠᠢ᠎ᠶ᠋ᠢ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶ᠋ᠢᠨ ᠨᠠᠷᠢᠨ ᠪᠢᠴᠢᠭ᠎ᠤᠨ ᠲᠠᠷᠤᠭ᠎ᠠ᠎ᠪᠠᠷ ᠰᠤᠩᠭᠤᠪᠠ᠃ ᠵᠠᠯᠭᠠᠭᠠᠳ ᠪᠤᠰᠤᠳ ᠰᠤᠨᠢᠨ ᠮᠡᠳᠡᠭᠡᠨ᠎ᠠᠴᠠ ᠤᠢ᠍ᠢᠯᠠᠭᠠᠶ᠎ᠠ ● ᠰᠤᠯᠤᠩᠭ᠎ᠠ ᠊ 2018 ᠳᠤᠮᠳᠠᠳᠤ ᠮᠤᠩᠭᠤᠯ᠎ᠤᠨ ᠰᠦᠯᠵᠢᠶᠡᠨ᠎ᠤ ᠴᠠᠭᠠᠨ ᠰᠠᠷ᠎ᠠ᠎ᠶ᠋ᠢᠨ ᠦᠳᠡᠱᠢᠯᠡᠭᠡ᠎ᠶ᠋ᠢ 2 ᠰᠠᠷ᠎ᠠ᠎ᠶ᠋ᠢᠨ 2 ᠤ ᠤᠷᠤᠢ᠎ᠶ᠋ᠢᠨ 7 ᠴᠠᠭ᠎ᠲᠤ ᠦᠪᠦᠷ ᠮᠤᠩᠭᠤᠯ᠎ᠤᠨ ᠤᠷᠠᠯᠢᠭ᠎ᠤᠨ ᠲᠢᠶᠠᠳ᠋ᠷ᠎ᠤᠨ ᠬᠦᠭ᠌ᠵᠢᠮ᠎ᠤᠨ ᠲᠢᠩᠬᠢᠮ᠎ᠳᠤ ᠱᠢᠩᠭᠡᠭᠡᠨ ᠦᠢᠯᠡᠳᠬᠦ᠌᠎ᠪᠠᠷ ᠪᠤᠢ᠃ ● 1 ᠰᠠᠷ᠎ᠠ᠎ᠶ᠋ᠢᠨ 27 ᠤ ᠡᠳᠦᠷ᠂ ᠳᠤᠮᠳᠠᠳᠤ ᠤᠯᠤᠰ᠎ᠤᠨ ᠴᠦᠬᠡᠨ ᠲᠤᠭᠠᠳᠤ ᠦᠨᠳᠦᠰᠦᠳᠡᠨ᠎ᠤ 20 ᠵᠦᠢᠯ᠎ᠤᠨ ᠤᠳᠭ᠎ᠠ ᠵᠤᠬᠢᠶᠠᠯ᠎ᠤᠨ ᠠᠷᠠᠪ ᠬᠡᠯᠡᠨ᠎ᠤ ᠬᠡᠪᠯᠡᠯ᠎ᠢ ᠺᠠᠢᠷᠣ᠌ᠶ᠋ᠢᠨ ᠨᠤᠮ ᠪᠢᠴᠢᠭ᠎ᠤᠨ ᠦᠵᠡᠰᠭᠦᠯᠡᠩᠳᠤ ᠠᠩᠬ᠎ᠠ ᠲᠠᠷᠬᠠᠭᠠᠪᠠ᠃ ● ᠤᠢ᠍ᠢᠷ᠎ᠠ᠎ᠳᠤ᠂ ᠱᠢᠯᠤᠭᠤᠨ ᠬᠦᠪᠡᠭᠡᠲᠤ ᠴᠠᠭᠠᠨ ᠬᠤᠱᠢᠭᠤᠨ᠎ᠤ ᠤᠯᠠᠭᠠᠨᠴᠠᠪ ᠰᠤᠮᠤᠨ᠎ᠤ ᠱᠢᠷᠭ᠎ᠠ ᠭᠠᠴᠠᠭᠠᠨ᠎ᠳᠤ ᠬᠠᠷᠢᠶᠠᠯᠠᠭ᠍ᠳᠠᠵᠤ ᠪᠠᠢᠭ᠎ᠠ ᠱᠢᠷᠭ᠎ᠠ᠎ᠶ᠋ᠢᠨ ᠨᠠᠭᠤᠷ ᠤᠯᠤᠰ᠎ᠤᠨ ᠳᠡᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠲᠤᠷᠱᠢᠯᠲᠠ᠎ᠶ᠋ᠢᠨ ᠴᠡᠭ ᠪᠤᠯᠤᠭ᠍ᠰᠠᠨ ᠪᠠᠢᠨ᠎ᠠ᠃ ᠡᠨᠡ᠎ᠨᠢ ᠱᠢᠯᠢ᠎ᠶ᠋ᠢᠨ ᠭᠤᠤᠯ ᠠᠢᠮᠠᠭ᠎ᠤᠨ ᠳᠦᠷᠪᠡᠳᠡᠬᠢ ᠤᠯᠤᠰ᠎ᠤᠨ ᠳᠡᠰ᠎ᠤᠨ ᠨᠤᠭᠤ ᠭᠠᠵᠠᠷ᠎ᠤᠨ ᠴᠡᠴᠡᠷᠯᠢᠭ ᠪᠤᠯᠤᠭ᠍ᠰᠠᠨ ᠪᠠᠢᠨ᠎ᠠ᠃ ● ᠦᠨᠦᠳᠦᠷ᠂ ᠮᠠᠨ᠎ᠤ ᠤᠯᠤᠰ ᠴᠢᠨᠠᠬ᠍ᠰᠢᠯᠠᠪᠠᠯ ᠠᠽᠢᠶ᠎ᠠ ᠲᠢᠪ᠂ ᠶᠡᠭᠡ ᠳᠠᠯᠠᠢ᠎ᠶ᠋ᠢᠨ ᠲᠢᠪ ᠪᠤᠯᠤᠨ ᠤᠮᠠᠷᠠᠲᠤ ᠠᠮᠧᠷᠢᠺᠠ ᠲᠢᠪ᠎ᠲᠤ ᠰᠠᠷ᠎ᠠ ᠪᠦᠲᠦᠨ ᠭᠬᠢᠷᠳᠤᠬᠦ᠌ᠶ᠋ᠢ ᠰᠣᠨᠢᠷᠬᠠᠵᠤ ᠪᠤᠯᠤᠨ᠎ᠠ᠃ ● 1 ᠰᠠᠷ᠎ᠠ᠎ᠶ᠋ᠢᠨ 29 ᠤ ᠡᠳᠦᠷ᠂ 《ᠠᠵᠠ᠎ᠶ᠋ᠢᠨ ᠴᠡᠩᠭᠡᠷ ᠠᠯᠠᠱᠠ》 2018 ᠤᠨ᠎ᠤ ᠴᠠᠭᠠᠨ ᠰᠠᠷ᠎ᠠ᠎ᠶ᠋ᠢᠨ ᠦᠳᠡᠱᠢᠯᠡᠭᠡ᠎ᠶ᠋ᠢ ᠠᠯᠠᠰᠠ ᠠᠢᠮᠠᠭ᠎ᠤᠨ ᠮᠡᠳᠡᠭᠡ ᠵᠠᠭᠤᠴᠢᠯᠠᠭᠤᠷ᠎ᠤᠨ ᠲᠦᠪ᠎ᠲᠤ ᠱᠢᠩᠭᠡᠭᠡᠨ ᠦᠢᠯᠡᠳᠪᠡ᠃ ● 1 ᠰᠠᠷ᠎ᠠ᠎ᠶ᠋ᠢᠨ 28 ᠤ ᠡᠳᠦᠷ᠂ ᠬᠦᠯᠦᠨ ᠪᠤᠢᠷ ᠬᠤᠲᠠ᠎ᠶ᠋ᠢᠨ ᠲᠠᠮᠢᠷᠴᠢᠨ ᠪᠤᠤ ᠯᠢᠨ ᠦᠪᠡᠷᠲᠡᠭᠡᠨ ᠵᠠᠰᠠᠬᠤ ᠤᠷᠤᠨ᠎ᠤ ᠠᠷᠪᠠᠨ ᠳᠦᠷᠪᠡᠳᠦᠭᠡᠷ ᠬᠤᠭᠤᠴᠠᠭᠠᠨ᠎ᠤ ᠲᠠᠮᠢᠷ᠎ᠤᠨ ᠴᠤᠭ᠍ᠯᠠᠭᠠᠨ ᠵᠢᠴᠢ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠠᠰᠤᠨ ᠳᠡᠭᠡᠷᠡᠬᠢ ᠲᠦᠷᠦᠯ ᠵᠦᠢᠯ᠎ᠤᠨ ᠤᠷᠤᠯᠳᠤᠭᠠᠨ᠎ᠤ ᠠᠩᠬᠠᠨ᠎ᠤ ᠠᠯᠲᠠᠨ ᠮᠧᠲᠠᠯ᠎ᠢ ᠭᠠᠷᠳᠠᠯ᠎ᠠ᠃ ● ᠤᠢ᠍ᠢᠷ᠎ᠠ᠎ᠳᠤ᠂ ᠦᠪᠦᠷ ᠮᠤᠩᠭᠤᠯ᠎ᠤᠨ ᠦᠨᠳᠦᠰᠦᠲᠡᠨ᠎ᠤ ᠤᠷᠠᠯᠢᠭ᠎ᠤᠨ ᠵᠦᠴᠦᠭᠡ᠎ᠶ᠋ᠢᠨ ᠬᠦᠷᠢᠶᠡᠯᠡᠩ᠎ᠤᠨ ᠼᠢᠷᠺ᠎ᠤᠨ ᠪᠦᠯᠬᠦᠮ ᠤᠯᠠᠨ ᠤᠯᠤᠰ᠎ᠤᠨ ᠼᠢᠷᠺ᠎ᠤᠨ ᠨᠠᠢᠷ᠎ᠤᠨ 《 ᠶ᠋ᠢᠨ ᠱᠢᠶᠣᠣ ᠴᠧᠦ》 ᠱᠠᠩᠨᠠᠯ᠎ᠤᠨ ᠬᠦᠷᠡᠯ ᠮᠧᠳᠡᠯ ᠬᠦᠷᠲᠡᠪᠡ᠃ ● 1 ᠰᠠᠷ᠎ᠠ᠎ᠶ᠋ᠢᠨ 30 ᠤ ᠡᠳᠦᠷ᠂ 《ᠪᠠᠭᠠᠷᠢᠨ ᠪᠠᠷᠠᠭᠤᠨ ᠬᠤᠱᠢᠭᠤᠨ᠎ᠤ 2018 ᠤᠨ᠎ᠤ ᠱᠢᠷ᠎ᠡ ᠨᠤᠬᠠᠢ ᠵᠢᠯ᠎ᠤᠨ ᠴᠠᠭᠠᠨ ᠰᠠᠷ᠎ᠠ᠎ᠶ᠋ᠢᠨ ᠮᠡᠨᠳᠦᠴᠢᠯᠡᠭᠡ》 ᠦᠳᠡᠱᠢᠯᠡᠭᠡ᠎ᠶ᠋ᠢ ᠰᠤᠪᠤᠷᠭ᠎ᠠ ᠪᠠᠯᠭᠠᠰᠤᠨ᠎ᠳᠤ ᠠᠮᠵᠢᠯᠲᠠ᠎ᠲᠠᠢ ᠰᠡᠭᠦᠳᠡᠷᠯᠡᠨ ᠱᠢᠩᠭᠡᠭᠡᠪᠡ᠃ ᠥᠨᠥᠳᠦᠷ᠎ᠤᠨ ᠨᠡᠪᠲᠡᠷᠡᠭᠦᠯᠭᠡ ᠮᠠᠨᠢ ᠡᠭᠦᠪᠡᠷ ᠥᠨᠳᠤᠷᠯᠡᠵᠤ ᠪᠠᠢᠨ᠎ᠠ᠃ ᠲᠠ ᠪᠦᠬᠦᠨ᠎ᠤ᠎ᠪᠠᠨ ᠬᠥᠯᠢᠶᠡᠨ ᠠᠪᠴᠤ᠌ ᠰᠤᠨᠤᠰᠤᠭ᠍ᠰᠠᠨ᠎ᠳᠤ ᠪᠠᠶᠠᠷᠯᠠᠯ᠎ᠠ᠃ ᠮᠠᠷᠭᠠᠰᠢ᠎ᠶ᠋ᠢᠨ ᠳ᠋ᠤᠭᠠᠷ᠎ᠲᠤ᠎ᠪᠠᠨ ᠲᠠᠭᠢᠨ ᠵᠤᠯᠭᠠᠶ᠎ᠠ! ᠪᠠᠶᠠᠷᠲᠠᠢ! ᠨᠠᠢᠷᠠᠭᠤᠯᠤᠨ ᠨᠡᠪᠲᠡᠷᠡᠭᠦᠯᠦᠭ᠌ᠴᠢ᠄ ᠨᠠᠮᠤᠭ ᠮᠡᠷᠭᠡᠵᠢᠯ᠄ ᠠᠯᠤᠰ ᠬᠢᠨᠠᠭ᠍ᠴᠢ᠄ ᠬᠤᠤᠰ ᠶᠡᠷᠦᠩᠬᠡᠢ ᠬᠢᠨᠠᠭ᠍ᠴᠢ᠄ ᠤᠷᠲᠤᠨᠠᠰᠤᠲᠤ |
|
|
|
|
|
|
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6659832
ᠢᠮᠧᠯ᠄tn@mgyxw.net 蒙ICP备10000005号
|