ᠮᠠᠨ ᠤ᠋ ᠤᠷᠤᠨ ᠪᠥᠬᠥ᠌ ᠬᠦᠴᠦᠨ ᠢ᠋ᠢᠡᠷ ᠢ᠋ᠢᠡᠨ ᠠᠶᠤᠯ ᠭᠠᠮᠱᠢᠭ ᠡᠴᠡ ᠠᠪᠤᠷᠠᠵᠤ ᠭᠠᠮᠱᠢᠭ ᠤ᠋ᠨ ᠳᠠᠷᠠᠭᠠᠬᠢ ᠰᠡᠷᠭᠦᠭᠡᠯᠲᠠ ᠢ᠋ᠢᠨ ᠠᠵᠢᠯ ᠢ᠋ ᠱᠠᠯᠠᠪᠳᠠᠨ ᠥᠷᠨᠢᠭᠦᠯᠵᠤ ᠪᠣᠶ
2025-08-02 11:38:51
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠣᠢᠷ᠎ᠠ ᠵᠢᠨ ᠡᠳᠤᠷ ᠤ᠋ᠨ ᠲᠤᠷᠰᠢ᠂ ᠪᠦᠬᠦ ᠤᠷᠤᠨ ᠤ᠋ ᠬᠤᠯᠪᠤᠭᠳᠠᠯ ᠪᠦᠬᠦᠢ ᠭᠠᠵᠠᠷ ᠤ᠋ᠨ ᠬᠢᠨ ᠱᠢᠷᠦᠭᠦᠨ ᠪᠣᠷᠣᠭᠠᠨ ᠲᠠᠢ ᠴᠠᠭ ᠠᠭᠤᠷ ᠢ᠋ ᠪᠥᠬᠥ᠌ ᠬᠦᠴᠦ᠍ᠨ ᠢ᠋ᠢᠡᠷ ᠢ᠋ᠢᠡᠨ ᠠᠷᠭᠠᠴᠠᠭᠠᠨ᠂ ᠦᠶᠡᠷ ᠢ᠋ ᠰᠡᠷᠭᠡᠢᠯᠡᠬᠦ᠌ ᠡᠯ᠎ᠡ ᠵᠦᠶ᠋ᠯ ᠤ᠋ᠨ ᠠᠷᠭ᠎ᠠ ᠬᠡᠮᠵᠢᠶ᠎ᠡ ᠢ᠋ᠢ ᠪᠤᠳᠠᠳᠠᠢ ᠳ᠋ᠤ ᠨᠠᠢᠳᠠᠪᠤᠷᠢᠵᠢᠭᠤᠯᠵᠤ᠂ ᠬᠦᠴᠦᠨ ᠢ᠋ᠢᠡᠨ ᠲᠦᠪᠯᠡᠷᠡᠭᠦᠯᠦᠨ ᠠᠶᠤᠯ ᠭᠠᠮᠱᠢᠭ ᠡᠴᠡ ᠠᠪᠤᠷᠠᠬᠤ ᠵᠢᠨ ᠲᠠᠭᠠᠤ ᠭᠠᠮᠱᠢᠭ ᠤ᠋ᠨ ᠳᠠᠷᠠᠭᠠᠬᠢ ᠰᠡᠷᠭᠦᠭᠡᠯᠲᠠ ᠢ᠋ᠢᠨ ᠠᠵᠢᠯ ᠢ᠋ ᠱᠠᠯᠠᠪᠳᠠᠨ ᠥᠷᠨᠢᠭᠦᠯᠪᠡ᠃

ᠬᠥᠬᠡᠬᠣᠲᠠ ᠢ᠋ᠢᠨ ᠲᠦᠮᠡᠳ ᠵᠡᠭᠦᠨ ᠬᠣᠱᠢᠭᠤᠨ ᠳ᠋ᠤ ᠦᠷᠭᠦᠯᠵᠢᠯᠡᠭᠰᠡᠨ ᠱᠢᠷᠦᠭᠦᠨ ᠪᠣᠷᠣᠭᠠᠨ ᠣᠷᠣᠵᠤ᠂ ᠦᠶᠡᠷ ᠤᠰᠤᠲᠤᠯ ᠤ᠋ᠨ ᠲᠦᠭᠰᠢᠭᠦᠷᠢᠲᠤ ᠪᠠᠢᠳᠠᠯ ᠢᠯᠡᠷᠡᠭᠰᠡᠨ ᠳ᠋ᠤ ᠪᠦᠬᠦ᠌ ᠬᠣᠱᠢᠭᠤᠨ ᠤ᠋ ᠡᠯ᠎ᠡ ᠱᠢᠶᠠᠩ ᠪᠠᠯᠭᠠᠰᠤ ᠵᠢᠨ ᠺᠠᠳ᠋ᠷᠴᠤᠳ ᠲᠦᠷᠦᠭᠦᠯᠡᠨ ᠠᠶᠤᠯ ᠡᠴᠡ ᠠᠪᠤᠷᠠᠵᠤ ᠦᠶᠡᠷ ᠢ᠋ ᠵᠠᠯᠠᠬᠤ ᠠᠵᠢᠯ ᠢ᠋ ᠥᠷᠨᠢᠭᠦᠯᠪᠡ᠃  ᠦᠶᠡᠷ ᠤᠰᠤᠲᠤᠯ ᠤ᠋ᠨ ᠳᠠᠷᠠᠭ᠎ᠠ ᠪᠠᠰᠠ ᠬᠠᠯᠳᠠᠪᠤᠷᠢᠲᠤ ᠡᠪᠡᠳᠴᠢᠨ ᠡᠭᠦᠰᠭᠦ ᠢ᠋ᠢ ᠰᠡᠷᠭᠡᠢᠯᠡᠬᠦ᠌ ᠪᠡᠷ ᠳᠠᠷᠤᠢᠬᠠᠨ 300 ᠬᠥᠮᠦᠨ ᠤ᠋ ᠠᠷᠢᠭᠤᠳᠭᠠᠬᠤ ᠡᠩᠨᠡᠭᠡ ᠢ᠋ᠢ ᠵᠣᠬᠢᠶᠠᠨ ᠪᠠᠢᠭᠤᠯᠵᠤ᠂ ᠦᠶᠡᠷ ᠲᠤ᠌ ᠠᠪᠲᠠᠬᠰᠠᠨ ᠬᠡᠷ ᠪᠠᠢᠱᠢᠩ᠂ ᠵᠣᠷᠯᠣᠩ᠂ ᠬᠣᠭ ᠨᠣᠪᠰᠢ ᠵᠢᠨ ᠴᠡᠭ ᠵᠡᠷᠭᠡ ᠲᠠᠯᠠᠪᠤᠷ ᠭᠠᠵᠠᠷ ᠢ᠋ ᠭᠤᠤᠯᠳᠠᠯᠭ᠎ᠠ ᠲᠠᠢ ᠠᠷᠢᠭᠤᠳᠬᠠᠵᠡᠢ᠃

ᠱᠢᠷᠦᠭᠦᠨ ᠪᠣᠷᠣᠭᠠᠨ ᠡᠴᠡ ᠪᠣᠯᠵᠤ ᠣᠷᠳᠣᠰ ᠬᠤᠳᠠ ᠵᠢᠨ ᠳᠠᠯᠠᠳ ᠬᠣᠱᠢᠭᠤᠨ ᠤ᠋ ᠵᠠᠷᠢᠮ ᠰᠤᠮᠤ ᠪᠠᠯᠭᠠᠰᠤᠨ ᠳ᠋ᠤ ᠭᠠᠮᠱᠢᠭ ᠤ᠋ᠨ ᠪᠠᠢᠳᠠᠯ ᠢᠯᠡᠷᠡᠪᠡ᠃ ᠡᠬᠦᠨ ᠳ᠋ᠤ ᠲᠤᠰ ᠬᠤᠰᠢᠭᠤ ᠠᠶᠤᠯ ᠭᠠᠮᠱᠢᠭ ᠡᠴᠡ ᠠᠪᠤᠷᠠᠬᠤ ᠠᠵᠢᠯ ᠢ᠋ ᠪᠤᠰᠢᠭᠤ ᠲᠦᠷᠬᠡᠨ ᠡᠮᠬᠢ ᠳᠢᠭ᠌ᠯᠢᠮ ᠲᠠᠢ ᠦᠷᠨᠢᠬᠦᠯᠦᠭᠰᠡᠨ ᠪᠦᠬᠡᠳ ᠰᠢᠷᠤᠬᠦᠨ ᠪᠣᠷᠣᠭᠠᠨ ᠲᠠᠢ ᠴᠠᠭ ᠠᠭᠤᠷ ᠦᠨᠭᠬᠡᠷᠡᠮᠡᠭᠴᠡ ᠦᠢᠯᠡᠳᠪᠦᠷᠢᠯᠡᠯ ᠠᠮᠢᠳᠤᠷᠠᠯ ᠢ᠋ ᠰᠡᠷᠭᠦᠭᠡᠬᠦ᠌ ᠪᠠ ᠣᠷᠴᠢᠨ ᠲᠣᠭᠣᠷᠢᠨ ᠢ᠋ ᠴᠡᠭ᠌ᠴᠡᠯᠡᠨ ᠵᠠᠰᠠᠬᠤ ᠠᠵᠢᠯ ᠢ᠋ ᠳᠠᠷᠤᠢᠬᠠᠨ ᠡᠬᠢᠯᠡᠬᠦᠯᠪᠡ᠃ ᠬᠥᠮᠦᠨ ᠤ᠋ ᠬᠦᠴᠦ ᠵᠢ ᠵᠤᠬᠢᠶᠠᠨ ᠪᠠᠢᠭᠤᠯᠤᠨ ᠱᠢᠷᠦᠭᠦᠨ ᠪᠣᠷᠣᠭᠠᠨ ᠡᠴᠡ ᠪᠤᠯᠵᠤ ᠡᠪᠳᠡᠷᠡᠵᠤ ᠰᠦᠢᠳᠦᠭᠰᠡᠨ ᠵᠠᠰᠠᠮᠠᠯ ᠵᠠᠮ ᠢ᠋ ᠵᠠᠰᠠᠬᠤ᠂ ᠨᠤᠷᠠᠵᠤ ᠶᠡᠭᠦᠷᠡᠭ᠌ᠰᠡᠨ ᠭᠠᠵᠠᠷ ᠢ᠋ ᠴᠡᠪᠡᠷᠯᠡᠬᠦ᠌᠂ ᠵᠠᠰᠠᠮᠠᠯ ᠵᠠᠮ ᠤ᠋ᠨ ᠰᠠᠭᠤᠷᠢ ᠢ᠋ᠢ ᠰᠡᠯᠪᠢᠨ ᠪᠡᠬᠢᠵᠢᠭᠦᠯᠬᠦ᠌ ᠵᠡᠷᠭᠡ ᠠᠵᠢᠯ ᠦᠷᠨᠢᠭᠦᠯᠵᠤ᠂ ᠣᠯᠠᠨ ᠲᠦᠮᠡᠨ ᠤ᠋ ᠶᠠᠪᠤᠵᠤ ᠰᠠᠭᠤᠬᠤ ᠠᠮᠤᠷ ᠲᠦᠪᠱᠢᠨ ᠢ᠋ ᠪᠠᠲᠤᠯᠠᠪᠠ᠃ ᠪᠠᠰᠠ ᠲᠠᠷᠢᠶᠠᠨ ᠭᠠᠵᠠᠷ ᠲᠤ᠌ ᠬᠦᠨᠳᠦ ᠨᠣᠴᠢᠲᠠᠶ ᠤᠰᠤ ᠬᠤᠷᠠᠬᠰᠠᠨ ᠪᠠᠢᠳᠠᠯ ᠳ᠋ᠤ ᠴᠢᠭᠯᠡᠬᠦᠯᠵᠤ᠂ ᠲᠣᠰᠭᠣᠨ ᠤ᠋ ᠠᠷᠠᠳ ᠢ᠋ ᠵᠣᠬᠢᠶᠠᠨ ᠪᠠᠢᠭᠤᠯᠤᠨ ᠤᠰᠤ ᠲᠠᠲᠠᠨ ᠦᠶᠠᠷ ᠢ᠋ ᠵᠠᠯᠠᠵᠤ᠂ ᠬᠣᠬᠢᠷᠠᠯ ᠢ᠋ ᠬᠠᠮᠤᠭ ᠤ᠋ᠨ ᠳᠤᠤᠷ᠎ᠠ ᠬᠡᠮᠵᠢᠶᠡᠨ ᠳ᠋ᠤ ᠬᠦᠷᠲᠡᠯ᠎ᠡ ᠪᠠᠭᠤᠷᠠᠭᠤᠯᠬᠤ ᠪᠡᠷ ᠴᠢᠷᠮᠠᠢᠪᠠ᠃

ᠱᠢᠷᠦᠭᠦᠨ ᠪᠣᠷᠣᠭᠠᠨ ᠲᠠᠢ ᠴᠠᠭ ᠠᠭᠤᠷ ᠤ᠋ᠨ ᠡᠮᠦᠨ᠎ᠡ᠂ ᠪᠤᠭᠤᠲᠤ ᠬᠣᠲᠠ ᠭᠠᠴᠠᠭ᠎ᠠ ᠲᠣᠰᠭᠣᠨ ᠨᠡᠢᠭᠡᠮ ᠲᠣᠭᠣᠷᠢᠭ ᠤ᠋ᠨ ᠲᠤᠤᠷᠵᠢᠯ ᠤ᠋ᠨ ᠬᠠᠮᠢᠶᠠᠷᠤᠯᠲᠠ ᠢ᠋ᠢᠨ ᠠᠵᠢᠯᠲᠠᠨ ᠤ᠋ ᠦᠶ᠋ᠯᠡᠳᠦᠯ ᠢ᠋ ᠬᠦᠢᠴᠡᠳ ᠪᠠᠳᠠᠷᠠᠭᠤᠯᠬᠤ᠂ ᠲᠣᠰᠭᠣᠨ ᠳ᠋ᠤ ᠰᠠᠭᠤᠭ᠎ᠠ ᠨᠢᠭᠡᠳᠦᠭᠡᠷ ᠱᠦᠵᠢ ᠪᠣᠯᠤᠨ ᠠᠵᠢᠯᠯᠠᠬᠤ ᠠᠩᠭᠢ ᠢ᠋ᠢᠨ ᠬᠢᠨ ᠲᠤᠬᠠᠶ ᠢ᠋ᠢᠨ ᠭᠠᠵᠠᠷ ᠲᠦ᠍ ᠬᠠᠪᠰᠤᠷᠤᠨ ᠲᠡᠳᠬᠦᠬᠦ᠌ ᠵᠡᠷᠭᠡ ᠠᠷᠭ᠎ᠠ ᠬᠡᠮᠵᠢᠶ᠎ᠡ ᠢ᠋ᠢ ᠨᠠᠢᠳᠠᠪᠤᠷᠢᠵᠢᠭᠤᠯᠵᠤ᠂ ᠦᠶᠡᠷ ᠢ᠋ ᠰᠡᠷᠭᠡᠢᠯᠡᠵᠦ᠍ ᠭᠠᠮᠱᠢᠭ ᠡᠴᠡ ᠠᠪᠤᠷᠬᠠᠸ᠋ ᠠᠵᠢᠯ ᠢ᠋ ᠦᠳᠲᠡᠷ ᠲᠦᠷᠭᠡᠨ ᠥᠷᠨᠢᠭᠦᠯᠪᠡ᠃ ᠪᠥᠬᠥ᠌ ᠬᠣᠲᠠ ᠵᠢᠡᠷ ᠵᠢᠡᠨ ᠤᠷᠢᠳ ᠬᠣᠵᠢᠳ 1.6 ᠲᠦᠮᠡᠨ ᠲᠤᠰᠭᠠᠶ ᠪᠠ ᠲᠤᠱᠢᠶᠠᠯ ᠬᠠᠪᠰᠤᠷᠭᠠᠭ᠍ᠰᠠᠨ ᠲᠤᠤᠷᠵᠢᠯ ᠤ᠋ᠨ ᠠᠵᠢᠯᠲᠠᠨ᠂ 3.5 ᠲᠦᠮᠡᠨ ᠠᠵᠢᠯ ᠤ᠋ᠨ ᠪᠠᠢᠷᠢᠨ ᠳ᠋ᠤ ᠪᠠᠢᠭ᠎ᠠ ᠨᠠᠮ ᠤ᠋ᠨ ᠭᠡᠱᠢᠭᠦᠨ᠂ 216 ᠲᠣᠰᠭᠣᠨ ᠳ᠋ᠤ ᠰᠠᠭᠤᠭ᠎ᠠ ᠨᠢᠭᠡᠳᠦᠭᠡᠷ ᠱᠦᠵᠢ ᠪᠣᠯᠤᠨ ᠠᠵᠢᠯᠯᠠᠬᠤ ᠠᠩᠭᠢ ᠢ᠋ᠢᠨ ᠭᠡᠱᠢᠭᠦᠨ ᠢ᠋ ᠳᠠᠢᠴᠢᠯᠠᠵᠤ᠂ ᠦᠶᠡᠷ ᠲᠠᠢ ᠲᠡᠮᠡᠴᠡᠨ ᠠᠶᠤᠯ ᠡᠴᠡ ᠠᠪᠤᠷᠬᠠᠸ᠋ ᠡᠮᠦᠨ᠎ᠡ ᠹᠷᠣᠨᠲ ᠲᠤ᠌ ᠢᠳᠡᠪᠬᠢᠲᠡᠶ ᠣᠷᠣᠯᠴᠠᠭᠤᠯᠵᠤ᠂ ᠦᠶᠡᠷ ᠢ᠋ ᠰᠡᠷᠭᠡᠢᠯᠡᠬᠦ᠌ 《ᠠᠮᠤᠷ ᠲᠦᠪᠱᠢᠨ ᠤ᠋ ᠱᠤᠭᠤᠮ》 ᠢ᠋ ᠪᠡᠬᠢᠵᠢᠭᠦᠯᠦᠭᠰᠡᠨ ᠪᠠᠢᠨ᠎ᠠ᠃

ᠪᠠᠶᠠᠨᠨᠠᠭᠤᠷ ᠬᠣᠲᠠ ᠢ᠋ᠢᠨ ᠦᠶᠤᠸᠠᠨ ᠱᠢᠶᠠᠨ ᠱᠢᠷᠦᠭᠦᠨ ᠪᠣᠷᠣᠭᠠᠨ ᠳ᠋ᠤ ᠳᠠᠭᠠᠷᠢᠭ᠍ᠳᠠᠵᠤ᠂ ᠬᠡᠰᠡᠭ ᠲᠠᠷᠢᠶᠠᠨ ᠭᠠᠵᠠᠷ ᠬᠦᠨᠳᠦ ᠨᠣᠴᠢᠲᠠᠶ ᠰᠦᠢᠳᠤᠭ᠌ᠰᠡᠨ ᠳ᠋ᠤ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠡᠴᠡ ᠦᠶᠤᠸᠠᠨ ᠱᠢᠶᠠᠨ ᠤ᠋ ᠱᠢᠨ ᠬᠥᠩ ᠵᠥᠩ ᠪᠠᠯᠭᠠᠰᠤ ᠵᠢᠨ ᠶᠦᠩ ᠯᠢᠶᠠᠨ ᠲᠣᠰᠭᠣᠨ ᠳ᠋ᠤ 1000 ᠮᠥ᠍ ᠲᠠᠷᠢᠶᠠᠨ ᠭᠠᠵᠠᠷ ᠤ᠋ᠨ ᠬᠡᠷᠡᠭ᠌ᠯᠡᠬᠦ᠌ ᠪᠣᠷᠲᠣᠭᠣᠷ᠂ ᠲᠠᠷᠢᠶᠠᠨ ᠡᠮ ᠵᠢᠴᠢ ᠱᠢᠮ᠎ᠡ ᠲᠡᠵᠢᠭᠡᠯ ᠤ᠋ᠨ ᠱᠢᠩᠭᠡᠨ ᠬᠠᠨᠳᠢᠪᠯᠠᠵᠤ᠂ ᠶᠦᠩ ᠯᠢᠶᠠᠨ ᠲᠣᠰᠭᠣᠨ ᠤ᠋ ᠭᠠᠮᠱᠢᠭ ᠤ᠋ᠨ ᠳᠠᠷᠠᠭᠠᠬᠢ ᠦᠶ᠋ᠯᠡᠳᠪᠦᠷᠢᠯᠡᠯ ᠢ᠋ᠢᠡᠨ ᠰᠡᠷᠭᠦᠭᠡᠬᠦ᠌ ᠠᠵᠢᠯ ᠳ᠋ᠤ ᠬᠦᠴᠦᠨ ᠨᠡᠮᠡᠷᠢᠯᠡᠪᠡ᠃

ᠱᠢᠷᠦᠭᠦᠨ ᠪᠣᠷᠣᠭᠠᠨ ᠤ᠋ ᠨᠥᠯᠥᠭᠡ ᠪᠡᠷ 7 ᠰᠠᠷ᠎ᠠ ᠢ᠋ᠢᠨ 23 ᠤ᠋ ᠡᠳᠦᠷ ᠳ᠋ᠠᠲ᠋ᠤᠡᠭ — ᠵᠡᠭᠦᠨᠭᠠᠷ ᠬᠦᠷᠬᠦ ᠲᠡᠮᠤᠷ ᠤ᠋ᠨ 150 ᠭᠠᠷᠤᠢ ᠮᠸᠲᠷ ᠤ᠋ᠨ ᠵᠠᠮ ᠤ᠋ᠨ ᠰᠠᠭᠤᠷᠢ ᠢ᠋ᠢᠨ ᠬᠠᠵᠠᠭᠤ ᠢ᠋ᠢᠨ ᠪᠡᠯ ᠨᠤᠷᠠᠪᠡ᠃ ᠡᠬᠦᠨ ᠳ᠋ᠤ ᠠᠶᠤᠯ ᠡᠴᠡ ᠠᠪᠤᠷᠬᠠᠸ᠋ 70 ᠭᠠᠷᠤᠶ ᠠᠵᠢᠯᠲᠠᠨ ᠡᠳᠦᠷ ᠰᠥᠨᠢ ᠢ᠋ᠢᠨ ᠲᠤᠷᠰᠢ ᠵᠠᠮ ᠱᠤᠭᠤᠮ ᠢ᠋ ᠱᠠᠯᠠᠪᠳᠠᠨ ᠵᠠᠰᠠᠵᠤ᠂ ᠪᠦᠬᠦᠢᠯᠡ ᠵᠠᠮ ᠤ᠋ᠨ ᠰᠠᠭᠤᠷᠢ ᠪᠠ ᠵᠠᠮ ᠤ᠋ᠨ ᠬᠦᠪᠡᠪᠠ ᠢ᠋ᠢ ᠡᠭᠡᠭᠦᠯᠦᠨ ᠪᠥᠭ᠌ᠯᠡᠵᠦ᠍᠂ ᠣᠳᠣᠬᠠᠨ ᠳ᠋ᠤ ᠡᠪᠳᠡᠭ᠌ᠳᠡᠭ᠌ᠰᠡᠨ ᠵᠠᠮ ᠤ᠋ᠨ ᠰᠠᠭᠤᠷᠢ ᠢ᠋ᠢ ᠨᠢᠬᠡᠨᠳᠡ ᠦᠨᠳᠦᠰᠦᠨ ᠳ᠋ᠡᠭᠡᠨ ᠵᠠᠰᠠᠵᠤ ᠳᠠᠭᠤᠰᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号