— ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠵᠧᠵᠢᠶᠠᠩ᠎ᠳᠡᠬᠢ ᠮᠥᠷᠳᠡᠯᠲᠡ ᠪᠠ ᠦᠢᠯᠡᠳᠦᠯᠭᠡ (ᠲᠤᠤᠷᠠᠳᠤ)
ᠵᠧᠵᠢᠶᠠᠩ᠎ᠳᠤ ᠠᠵᠢᠯᠯᠠᠵᠤ ᠪᠠᠢᠬᠤ ᠬᠤᠭᠤᠴᠠᠭᠠᠨ᠎ᠳᠠᠭᠠᠨ᠂ ᠰᠢ ᠵᠢᠨ ᠫᠢᠩ᠄ 《ᠰᠣᠶᠣᠯ᠎ᠤᠨ ᠬᠦᠴᠦᠨ᠂ ᠡᠰᠡᠬᠦᠯ᠎ᠡ ᠪᠢᠳᠡᠨ᠎ᠦ ᠬᠡᠯᠡᠳᠡᠭ ᠶᠡᠷᠦᠩᠬᠡᠢᠯᠡᠭ᠌ᠰᠡᠨ ᠦᠷᠢᠰᠦᠯᠳᠦᠬᠦ᠌ ᠬᠦᠴᠦᠨ᠎ᠢ ᠪᠦᠷᠢᠯᠳᠦᠭᠦᠯᠬᠦ᠌ ᠰᠣᠶᠣᠯ᠎ᠤᠨ ᠵᠥᠭᠡᠯᠡᠨ ᠪᠣᠳᠠᠲᠤ ᠬᠦᠴᠦᠨ ᠨᠢ ᠶᠡᠷᠦ᠎ᠨᠢ 〈ᠵᠦᠭᠡᠯᠡᠨ ᠪᠤᠷᠤᠭᠠᠨ ᠲᠦᠮᠡᠨ ᠪᠤᠳᠠᠰ᠎ᠢ ᠤᠮᠳᠠᠯᠠᠵᠤ〉 ᠠᠵᠤ ᠠᠬᠤᠢ᠎ᠶ᠋ᠢᠨ ᠬᠦᠴᠦᠨ᠂ ᠤᠯᠤᠰ ᠲᠦᠷᠦ᠍᠎ᠶ᠋ᠢᠨ ᠬᠦᠴᠦᠨ᠂ ᠨᠡᠢᠭᠡᠮ᠎ᠦᠨ ᠬᠦᠴᠦᠨ᠎ᠦ ᠳᠣᠲᠣᠷ᠎ᠠ ᠠᠭᠤᠰᠤᠯᠴᠠᠵᠤ᠂ ᠠᠵᠤ ᠠᠬᠤᠢ᠎ᠶ᠋ᠢᠨ ᠬᠥᠭ᠌ᠵᠢᠯᠲᠡ᠎ᠶ᠋ᠢᠨ 〈ᠠᠬᠢᠭᠤᠯᠤᠭᠴᠢ〉᠂ ᠤᠯᠤᠰ ᠲᠦᠷᠦ᠍᠎ᠶ᠋ᠢᠨ ᠪᠣᠯᠪᠠᠰᠤᠨ᠎ᠤ 〈ᠵᠠᠮᠴᠢᠯᠠᠭᠴᠢ〉᠂ ᠨᠡᠢᠭᠡᠮ᠎ᠦᠨ ᠡᠶ᠎ᠡ ᠵᠣᠬᠢᠴᠠᠩᠭᠤᠢ ᠵᠢᠨ 〈ᠡᠶᠡᠷᠡᠭᠦᠯᠦᠭᠴᠢ〉 ᠪᠣᠯᠵᠠᠢ》 ᠬᠡᠵᠥ ᠬᠦᠨᠵᠡᠬᠡᠢ ᠵᠢᠭᠠᠵᠥ ᠭᠠᠷᠭᠠᠪᠠ᠃
ᠰᠤᠶᠤᠯ᠎ᠤᠨ ᠪᠠᠢᠭᠤᠯᠤᠯᠳᠠ᠎ᠶᠢ ᠨᠡᠩ ᠴᠢᠬᠤᠯᠠ ᠪᠠᠢᠷᠢᠨ ᠳ᠋ᠦ ᠲᠠᠯᠪᠢᠵᠤ᠂ ᠲᠡᠷᠢᠭᠦᠨ᠎ᠤ ᠰᠤᠶᠤᠯ᠎ᠤᠨ ᠨᠢᠭᠳᠠᠷᠠᠯ᠎ᠤᠨ ᠬᠦᠴᠦᠨ᠎ᠢ ᠴᠢᠩᠭᠠᠳᠬᠠᠵᠤ᠂ ᠰᠤᠶᠤᠯ᠎ᠤᠨ ᠦᠢᠯᠡᠳᠪᠦᠷᠢᠯᠡᠯ᠎ᠦᠨ ᠬᠦᠴᠦᠨ᠎ᠢ ᠴᠢᠯᠥᠭᠡᠯᠡᠨ ᠬᠥᠭ᠌ᠵᠢᠭᠦᠯᠵᠦ᠍᠂ ᠨᠡᠢᠭᠡᠮ᠎ᠦᠨ ᠤᠯᠠᠨ ᠨᠡᠢᠲᠡ᠎ᠶ᠋ᠢᠨ ᠦᠢᠯᠡᠴᠢᠯᠡᠭᠡᠨ᠎ᠦ ᠴᠢᠳᠠᠪᠤᠷᠢ᠎ᠶ᠋ᠢ ᠳᠡᠭᠡᠭ᠌ᠰᠢᠯᠡᠭᠦᠯᠪᠡ ᠁ ᠰᠢ ᠵᠢᠨ ᠫᠢᠩ ᠢᠮᠠᠭ᠍ᠲᠠ ᠰᠣᠶᠣᠯ᠎ᠤᠨ ᠭᠦᠨ ᠲᠠᠪᠬᠤᠷᠭ᠎ᠠ᠎ᠡᠴᠡ ᠵᠧᠵᠢᠶᠠᠩ᠎ᠤᠨ ᠥᠭᠡᠷᠡᠴᠢᠯᠡᠯᠲᠡ ᠬᠥᠭ᠌ᠵᠢᠯᠲᠡ᠎ᠶ᠋ᠢᠨ ᠴᠢᠬᠤᠯᠠ ᠶᠡᠬᠡ ᠠᠰᠠᠭᠤᠳᠠᠯ᠎ᠢ ᠪᠣᠳᠣᠯᠬᠢᠯᠠᠵᠤ᠂ ᠵᠧᠵᠢᠶᠠᠩ᠎ᠤᠨ ᠣᠳᠣᠬᠢᠴᠢᠯᠠᠯᠲᠠ᠎ᠶ᠋ᠢᠨ ᠠᠬᠢᠴᠠ᠎ᠳᠤ ᠰᠣᠶᠣᠯ᠎ᠤᠨ ᠰᠦᠭ ᠰᠦᠨᠡᠰᠦ ᠨᠡᠮᠡᠷᠢᠯᠡᠪᠡ᠃
ᠦᠯᠡᠮᠵᠢ ᠵᠢᠨ ᠴᠢᠨᠠᠷ ᠤᠰᠤᠨ ᠮᠡᠲᠦ ᠪᠠᠢᠵᠤ᠂ ᠵᠦᠭᠡᠯᠡᠨ ᠪᠤᠷᠤᠭᠠᠨ ᠲᠦᠮᠡᠨ ᠪᠤᠳᠠᠰ᠎ᠢ ᠤᠮᠳᠠᠯᠠᠨ᠎ᠠ᠃
ᠶᠡᠷᠦᠩᠬᠡᠶ ᠱᠦᠵᠢ ᠰᠢ ᠵᠢᠨ ᠫᠢᠩ᠎ᠦᠨ ᠵᠧᠵᠢᠶᠠᠩ᠎ᠳᠤ ᠶᠠᠪᠤᠵᠤ ᠦᠩᠭᠡᠷᠡᠭᠰᠡᠨ ᠰᠣᠶᠣᠯ᠎ᠤᠨ ᠤᠯᠠ ᠮᠥᠷ᠎ᠢᠶᠡᠷ ᠡᠬᠢ ᠡᠭᠦᠰᠦᠯ᠎ᠢ ᠮᠦᠷᠳᠡᠬᠦ᠎ᠳᠤ ᠠᠭᠤᠤ ᠶᠡᠬᠡ ᠦᠵᠡᠯ ᠰᠠᠨᠠᠭ᠎ᠠ᠎ᠳᠤ ᠱᠢᠨᠵᠢᠯᠡᠬᠦ᠌ ᠤᠬᠠᠭᠠᠨᠴᠢ ᠦᠨᠡᠨ ᠶᠣᠰᠣᠨ᠎ᠤ ᠦᠨ᠎ᠡ ᠥᠷᠲᠡᠭ᠂ ᠬᠦᠴᠦᠷᠬᠡᠭ ᠶᠡᠬᠡ ᠣᠶᠤᠨ ᠰᠠᠨᠠᠭᠠᠨ᠎ᠤ ᠬᠦᠴᠦᠨ᠂ ᠥᠷᠭᠡᠨ ᠶᠡᠬᠡ ᠰᠣᠶᠣᠯ᠎ᠤᠨ ᠬᠠᠢᠷ᠎ᠠ ᠰᠡᠳᠭᠢᠯᠭᠡ ᠠᠭᠤᠯᠤᠭ᠍ᠳᠠᠵᠤ ᠪᠠᠢᠬᠤ᠎ᠶ᠋ᠢ ᠪᠢᠳᠡ ᠭᠦᠨᠵᠡᠭᠡᠶ ᠣᠢᠯᠠᠭᠠᠪᠠ ᠁
《ᠣᠶᠤᠨ ᠰᠠᠨᠠᠭ᠎ᠠ ᠬᠥᠮᠦᠰ᠎ᠦᠨ ᠰᠡᠳᠭᠢᠯ᠎ᠢ ᠨᠢᠭ᠍ᠲᠠᠷᠠᠭᠤᠯᠳᠠᠭ》
ᠵᠢᠶᠠᠱᠢᠩ᠎ᠤᠨ ᠨᠠᠨ ᠬᠣ᠌ ᠨᠠᠭᠤᠷ᠎ᠲᠤ᠂ ᠤᠯᠠᠨ ᠵᠢᠭᠤᠯᠴᠢᠯᠠᠭᠴᠢ ᠬᠦᠷᠦᠯᠴᠡᠨ ᠢᠷᠡᠵᠡᠭᠡᠨ᠎ᠡ᠃
ᠤᠯᠠᠭᠠᠨ ᠣᠩᠭᠣᠴᠠ᠂ ᠨᠠᠨ ᠬᠣ᠌ ᠨᠠᠭᠤᠷ᠎ᠤᠨ ᠬᠤᠪᠢᠰᠭᠠᠯ᠎ᠤᠨ ᠳᠤᠷᠠᠰᠭᠠᠯ᠎ᠤᠨ ᠣᠷᠳᠣᠨ ᠨᠢ ᠬᠥᠮᠦᠰ᠎ᠦᠨ ᠰᠡᠳᠭᠢᠯ᠎ᠢ ᠳᠣᠭ᠍ᠳᠣᠯᠤᠭᠤᠯᠤᠨ᠎ᠠ; ᠶᠠᠨ ᠢᠦᠢ ᠠᠰᠠᠷ᠂ ᠯᠠᠨ ᠱᠢᠦ ᠬᠦᠷᠢᠶᠡᠯᠡᠩ᠂ ᠦᠦᠭᠡ ᠲᠡᠦᠬᠡ᠎ᠶ᠋ᠢᠨ ᠦᠯᠢᠭᠡᠷ ᠤᠴᠠᠷᠠᠯ ᠨᠢ ᠬᠥᠮᠦᠰ᠎ᠢ ᠰᠡᠭᠦᠷᠡᠰᠦ ᠠᠯᠳᠠᠭᠤᠯᠤᠨ᠎ᠠ —
7000 ᠵᠢᠯ᠎ᠦᠨ ᠡᠮᠦᠨ᠎ᠡ᠂ ᠮᠠ ᠵᠢᠶᠠ ᠪᠠᠩ᠎ᠤᠨ ᠰᠣᠶᠣᠯ ᠡᠨᠳᠡ ᠡᠴᠡ ᠡᠬᠢᠯᠡᠪᠡ; ᠵᠠᠭᠤ ᠮᠢᠩᠭᠠᠨ ᠵᠢᠯ᠎ᠦᠨ ᠲᠤᠷᠰᠢ ᠶᠠᠨ ᠢᠦᠢ ᠠᠰᠠᠷ ᠨᠢ ᠡᠨᠳᠡᠬᠢᠵᠤᠪᠠᠵᠤ ᠭᠤᠳᠤᠷᠠᠭᠰᠠᠨ ᠪᠢᠴᠢᠭ᠎ᠤᠨ ᠬᠦᠮᠦᠰ᠎ᠤᠨ ᠭᠡᠷᠡᠴᠢᠯᠡᠯ ᠪᠤᠯᠵᠤ᠂ ᠰᠣᠶᠣᠯ᠎ᠤᠨ ᠠᠮᠢᠨ ᠰᠤᠳᠠᠰᠤ ᠨᠢ ᠲᠠᠳᠠᠭᠤᠷᠠᠰᠢ ᠦᠭᠡᠢ ᠦᠷᠭᠦᠯᠵᠢᠯᠡᠨ᠎ᠠ;
104 ᠵᠢᠯ᠎ᠦᠨ ᠡᠮᠦᠨ᠎ᠡ᠂ ᠤᠯᠠᠭᠠᠨ ᠣᠩᠭᠣᠴᠠ ᠨᠢ ᠳᠤᠮᠳᠠᠳᠤ ᠤᠯᠤᠰ᠎ᠤᠨ ᠲᠡᠦᠬᠡᠨ ᠳᠡᠭᠡᠷᠡᠬᠢ ᠭᠠᠯᠪᠠ ᠶᠢᠷᠲᠢᠨᠴᠦ ᠵᠢ ᠪᠦᠲᠦᠭᠡᠭᠰᠡᠨ ᠶᠡᠬᠡ ᠬᠡᠷᠡᠭ ᠬᠤᠪᠢᠰᠤᠯ᠎ᠢ ᠭᠡᠷᠡᠴᠢᠯᠡᠵᠦ᠍᠂ ᠳᠤᠮᠳᠠᠳᠤ ᠤᠯᠤᠰ᠎ᠤᠨ ᠬᠤᠪᠢᠰᠭᠠᠯ᠎ᠤᠨ ᠲᠡᠦᠬᠡ ᠴᠣ ᠱᠢᠨ᠎ᠡ ᠬᠠᠭᠤᠳᠠᠰᠤ᠎ᠶ᠋ᠢ ᠰᠡᠬᠦᠵᠦ᠍᠂ ᠬᠤᠪᠢᠰᠭᠠᠯ᠎ᠤᠨ ᠰᠣᠶᠣᠯ᠂ ᠵᠠᠭᠤᠨ ᠵᠢᠯ᠎ᠦᠨ ᠭᠡᠷᠡᠯ ᠰᠠᠴᠤᠷᠠᠩᠭᠤᠢ ᠲᠡᠦᠬᠡ᠎ᠲᠡᠶ ᠪᠣᠯᠪᠠ ᠁
2002 ᠣᠨ᠎ᠤ 10 ᠰᠠᠷ᠎ᠠ᠎ᠳᠤ᠂ ᠰᠢ ᠵᠢᠨ ᠫᠢᠩ ᠵᠧᠵᠢᠶᠠᠩ᠎ᠳᠤ ᠲᠤᠱᠢᠶᠠᠯ ᠡᠭᠦᠷᠭᠡᠯᠡᠭ᠌ᠰᠡᠨ ᠤ ᠪᠡᠨ ᠲᠠᠷᠠᠭ᠎ᠠ ᠤᠳᠠᠯ ᠦᠭᠡᠢ ᠡᠨᠳᠡ ᠢᠷᠡᠵᠦ᠍᠂ ᠵᠢᠶᠠᠱᠢᠩ ᠪᠣᠯ ᠦᠨᠡᠬᠡᠷ ᠨᠢᠭᠡᠨ ᠪᠤᠶᠠᠨ ᠬᠡᠱᠢᠭ᠌ᠲᠦ ᠨᠤᠲᠤᠭ᠂ ᠭᠠᠷᠮᠠᠭᠠᠢ ᠬᠥᠮᠦᠨ ᠲᠠᠢ ᠭᠠᠢᠬᠠᠮᠰᠢᠭᠲᠤ ᠤᠷᠤᠨ ᠪᠠᠢᠵᠤ᠂ ᠲᠡᠦᠬᠡ ᠰᠣᠶᠣᠯ ᠪᠣᠯᠤᠨ ᠬᠤᠪᠢᠰᠭᠠᠯᠲᠤ ᠰᠣᠶᠣᠯ ᠥᠨᠢ ᠤᠳᠠᠭᠠᠨ ᠲᠡᠦᠬᠡ᠎ᠲᠡᠶ ᠪᠠᠢᠨ᠎ᠠ ᠭᠡᠵᠦ᠍ ᠰᠡᠳᠭᠢᠯ ᠳᠣᠭ᠍ᠳᠣᠯᠤᠨ ᠬᠡᠯᠡᠪᠡ᠃
《ᠲᠡᠷᠡ ᠳᠤᠷᠠᠰᠭᠠᠯ᠎ᠤᠨ ᠣᠷᠳᠣᠨ᠎ᠳᠤ ᠣᠷᠣᠵᠤ ᠲᠡᠦᠬᠡᠨ ᠮᠠᠲᠧᠷᠢᠶᠠᠯ᠎ᠢ ᠲᠣᠭᠣᠷᠢᠨ ᠦᠵᠡᠵᠦ᠍᠂ ᠤᠯᠠᠭᠠᠨ ᠣᠩᠭᠣᠴᠠᠨ᠎ᠳᠤ ᠭᠠᠷᠴᠤ᠌᠂ ᠠᠩᠬᠠᠳᠤᠭᠠᠷ ᠶᠡᠬᠡ ᠬᠤᠷᠠᠯ᠎ᠤᠨ ᠭᠠᠵᠠᠷ᠎ᠢ ᠪᠠᠷᠠᠳᠠᠪᠠ᠃ ᠲᠤᠬᠠᠢ᠎ᠶ᠋ᠢᠨ ᠦᠶ᠎ᠡ᠎ᠳᠦ ᠨᠠᠨ ᠬᠣ᠌ ᠨᠠᠭᠤᠷ᠎ᠤᠨ ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠤ ᠳᠡᠯᠭᠡᠨ ᠦᠵᠡᠭᠦᠯᠭᠡ ᠵᠢᠨ ᠲᠠᠯᠠᠪᠠᠢ ᠨᠢ ᠵᠥᠪᠬᠡᠨ 500 ᠭᠠᠷᠤᠢ ᠲᠡᠭ᠌ᠰᠢ ᠳᠥᠷᠪᠡᠯᠵᠢᠨ ᠮᠸᠲᠷ ᠪᠠᠢᠵᠤ᠂ ᠲᠠᠰᠤᠷᠠᠯᠳᠡ ᠦᠭᠡᠢ ᠪᠠᠶᠠᠯᠢᠭ᠍ᠵᠢᠵᠤ ᠪᠠᠢᠭ᠎ᠠ ᠲᠡᠦᠬᠡ᠎ᠶ᠋ᠢᠨ ᠳᠤᠷᠠᠰᠭᠠᠯᠲᠤ ᠵᠦᠢᠯᠡᠰ ᠲᠡᠦᠬᠡ᠎ᠶ᠋ᠢᠨ ᠮᠠᠲ᠋ᠧᠷᠢᠶᠠᠯ᠎ᠢ ᠪᠠᠭ᠍ᠲᠠᠭᠠᠬᠤ᠎ᠶ᠋ᠢᠨ ᠠᠷᠭ᠎ᠠ ᠦᠭᠡᠢ ᠪᠤᠯᠵᠤ᠂ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠲᠣᠭᠣᠷᠢᠨ ᠦᠵᠡᠬᠦ᠌ ᠬᠥᠮᠦᠰ᠎ᠦᠨ ᠲᠤᠭ᠎ᠠ ᠬᠡᠮᠵᠢᠶ᠎ᠡ ᠵᠢ ᠴᠤ᠌ ᠳᠠᠭᠠᠭᠠᠵᠤ ᠳᠡᠢᠯᠬᠦ᠌ ᠦᠭᠡᠢ ᠪᠤᠯᠵᠠᠢ》 ᠭᠡᠵᠤ ᠨᠠᠨ ᠬᠣ᠌ ᠨᠠᠭᠤᠷ᠎ᠤᠨ ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠤ ᠤᠤᠯ᠎ᠤᠨ ᠲᠠᠢᠯᠪᠤᠷᠢᠯᠠᠭ᠍ᠴᠢ ᠬᠤᠸᠠᠩ ᠱᠢᠶᠤᠤ ᠴᠢ ᠪᠢᠳᠡᠨ᠎ᠳᠦ ᠲᠤᠬᠠᠢ᠎ᠶ᠋ᠢᠨ ᠵᠢᠯ᠎ᠦᠨ ᠪᠠᠢᠳᠠᠯ᠎ᠢ ᠲᠠᠨᠢᠯᠴᠠᠭᠤᠯᠬᠤ᠎ᠳᠠᠭᠠᠨ ᠬᠡᠯᠡᠯ᠎ᠡ᠃
ᠥᠭᠡᠷ᠎ᠡ ᠭᠠᠵᠠᠷ ᠰᠤᠩᠭᠤᠵᠤ ᠱᠢᠨ᠎ᠡ ᠳᠤᠷᠠᠰᠭᠠᠯ᠎ᠤᠨ ᠣᠷᠳᠣᠨ ᠪᠠᠢᠭᠤᠯᠵᠤ ᠪᠣᠯᠬᠤ ᠦᠦ?
ᠰᠢ ᠵᠢᠨ ᠫᠢᠩ ᠲᠡᠷᠡ ᠳᠠᠷᠤᠢ᠎ᠳᠤ᠎ᠨᠢ ᠵᠥᠪᠱᠢᠶᠡᠷᠡᠵᠦ᠍ ᠪᠠᠢᠬᠤ᠎ᠪᠠᠨ ᠢᠯᠡᠳᠭᠡᠵᠦ᠍᠄ 《ᠬᠤᠪᠢᠰᠭᠠᠯᠲᠤ ᠤᠯᠠᠮᠵᠢᠯᠠᠯ᠎ᠤᠨ ᠬᠥᠮᠦᠵᠢᠯ ᠮᠠᠰᠢ ᠴᠢᠬᠤᠯᠠ ᠶᠤᠮ᠂ ᠨᠥᠯᠥᠭᠡ᠎ᠶ᠋ᠢ ᠲᠠᠰᠤᠷᠠᠯᠳᠠ ᠦᠭᠡᠢ ᠥᠷᠭᠡᠳᠭᠡᠬᠦ᠌ ᠬᠡᠷᠡᠭ᠌ᠲᠡᠢ》 ᠭᠡᠵᠦ ᠵᠢᠭᠠᠵᠤ ᠭᠠᠷᠭᠠᠪᠠ᠃
ᠲᠡᠷᠡ᠂ ᠪᠢᠳᠡᠨ᠎ᠤ ᠨᠠᠮ᠎ᠤᠨ ᠭᠡᠱᠢᠭᠦᠨ ᠨᠥᠬᠥᠳ ᠨᠠᠨ ᠬᠣ᠌ ᠳ᠋ᠦ᠍ ᠬᠦᠷᠴᠦ᠍ ᠦᠵᠡᠭᠦᠯᠭᠡ᠎ᠶ᠋ᠢ ᠨᠢᠭᠡ ᠤᠳᠠᠭ᠎ᠠ ᠦᠵᠡᠵᠦ᠍᠂ ᠨᠠᠮ᠎ᠤᠨ ᠬᠢᠴᠢᠶᠡᠯ᠎ᠢ ᠨᠢᠭᠡ ᠤᠳᠠᠭ᠎ᠠ ᠰᠣᠨᠣᠰᠴᠤ᠌᠂ ᠨᠠᠮ᠎ᠤᠨ ᠲᠦᠷᠢᠮ᠎ᠢ ᠨᠢᠭᠡ ᠤᠳᠠᠭ᠎ᠠ ᠰᠤᠷᠤᠯᠴᠠᠵᠤ᠂ ᠲᠤᠰᠭᠠᠢ ᠰᠡᠳᠦᠪᠲᠦ ᠹᠢᠯᠢᠮ᠎ᠢ ᠨᠢᠭᠡ ᠤᠳᠠᠭ᠎ᠠ ᠰᠤᠨᠢᠷᠬᠠᠵᠤ᠂ ᠤᠯᠠᠭᠠᠨ ᠣᠩᠭᠣᠴᠠ᠎ᠶ᠋ᠢ ᠨᠢᠭᠡ ᠤᠳᠠᠭ᠎ᠠ ᠪᠠᠷᠠᠳᠠᠵᠤ᠂ ᠨᠠᠮ᠎ᠳᠤ ᠣᠷᠣᠬᠤ ᠲᠠᠩᠭᠠᠷᠢᠭ᠎ᠤᠨ ᠦᠭᠡᠰ᠎ᠢ ᠨᠢᠭᠡ ᠤᠳᠠᠭ᠎ᠠ ᠡᠷᠭᠢᠴᠡᠭᠦᠯᠪᠡᠯ ᠳᠠᠷᠤᠢ 《ᠤᠶᠤᠨ ᠰᠠᠨᠠᠭᠠᠨ᠎ᠤ ᠤᠯᠠᠮᠵᠢᠯᠠᠯ᠂ ᠦᠵᠡᠯ ᠰᠠᠨᠠᠭᠠᠨ᠎ᠤ ᠳᠡᠭᠡᠭ᠌ᠰᠢᠯᠡᠯᠲᠡ》 ᠵᠢ ᠪᠡᠶᠡᠯᠡᠭᠦᠯᠵᠦ ᠴᠢᠳᠠᠨ᠎ᠠ ᠭᠡᠵᠦ ᠭᠦᠨ ᠰᠡᠳᠭᠢᠯᠭᠡ ᠲᠠᠢ ᠪᠡᠷ ᠬᠡᠯᠡᠪᠡ᠃
ᠨᠠᠨ ᠬᠣ᠌ ᠳ᠋ᠤ ᠠᠶᠠᠯᠠᠭ᠍ᠰᠠᠨᠤ ᠳᠠᠷᠠᠭ᠎ᠠ ᠱᠢᠨ᠎ᠡ ᠣᠷᠳᠣᠨ᠎ᠤ ᠪᠦᠲᠦᠭᠡᠨ ᠪᠠᠢᠭᠤᠯᠤᠯᠲᠠ ᠮᠠᠰᠢ ᠲᠦᠷᠭᠡᠨ᠎ᠢᠶᠡᠷ ᠡᠳᠦᠷ ᠲᠤᠲᠤᠮ᠎ᠤᠨ ᠵᠥᠪᠯᠡᠬᠦ᠌ ᠵᠦᠢᠯ᠎ᠳᠤ ᠣᠷᠣᠪᠠ᠃ ᠭᠠᠵᠠᠷ ᠰᠣᠩᠭᠣᠬᠤ᠂ ᠵᠢᠷᠤᠭ ᠲᠥᠯᠥᠪᠯᠡᠭᠡ ᠬᠢᠬᠦ᠌ ᠂ ᠬᠡᠪ ᠨᠠᠮᠪᠠ ᠁ ᠭᠣᠭ᠍ᠴᠣᠭ᠎ᠠ ᠨᠢᠭᠡ ᠪᠦᠷᠢ᠎ᠶ᠋ᠢ ᠰᠢ ᠵᠢᠨ ᠫᠢᠩ ᠴᠦᠮ ᠪᠡᠶ᠎ᠡ᠎ᠪᠡᠷ᠎ᠢᠶᠡᠨ ᠠᠰᠠᠭᠤᠵᠤ ᠪᠠᠢᠯ᠎ᠠ᠃
ᠨᠠᠨ ᠬᠣ᠌ ᠵᠢᠨ ᠠᠶᠠᠯᠠᠯ ᠨᠢ ᠰᠢ ᠵᠢᠨ ᠫᠢᠩ᠎ᠢ ᠨᠡᠩ ᠴᠤ᠌ ᠭᠦᠨ ᠪᠣᠳᠣᠯᠭᠠᠱᠢᠷᠠᠭᠤᠯᠪᠠ —
ᠲᠡᠦᠬᠡ᠎ᠡᠴᠡ ᠪᠢᠳᠡᠨ᠎ᠳᠦ ᠰᠣᠶᠣᠷᠬᠠᠭ᠍ᠰᠠᠨ ᠰᠣᠶᠣᠯ᠎ᠤᠨ ᠦᠷᠳᠡᠭ᠎ᠦᠨ ᠦᠵᠡᠯᠲᠡ᠎ᠶ᠋ᠢ ᠬᠡᠷᠬᠢᠨ ᠢᠷᠡᠭᠡᠳᠦᠢ᠎ᠶ᠋ᠢ ᠨᠡᠭᠡᠭᠡᠬᠦ᠌ ᠲᠠᠳᠠᠭᠤᠷᠠᠰᠢ ᠦᠭᠡᠢ ᠬᠥᠳᠡᠯᠭᠡᠬᠦ᠌ ᠬᠦᠴᠦᠨ ᠪᠣᠯᠭᠠᠬᠤ ᠪᠤᠢ?
2005 ᠣᠨ᠎ᠤ 6 ᠰᠠᠷ᠎ᠠ᠎ᠶ᠋ᠢᠨ 21 ᠤ᠋ ᠡᠳᠦᠷ᠂ 《ᠭᠤᠸᠠᠩᠮᠢᠩ ᠡᠳᠦᠷ᠎ᠦᠨ ᠰᠣᠨᠢᠨ》 ᠰᠢ ᠵᠢᠨ ᠫᠢᠩ᠎ᠦᠨ 《〈ᠤᠯᠠᠭᠠᠨ ᠣᠩᠭᠣᠴᠠᠨ᠎ᠤ ᠵᠣᠷᠢᠭ ᠰᠠᠨᠠᠭ᠎ᠠ〉 ᠵᠢ ᠪᠠᠳᠠᠷᠠᠭᠤᠯᠵᠤ ᠴᠠᠭ ᠦᠶ᠎ᠡ᠎ᠶ᠋ᠢᠨ ᠡᠮᠦᠨ᠎ᠡ ᠡᠩᠨᠡᠭᠡᠨ᠎ᠳᠦ ᠬᠣᠱᠢᠭᠤᠷᠠᠶᠡ》 ᠭᠡᠬᠦ᠌ ᠨᠡᠷ᠎ᠡ ᠬᠠᠳᠠᠭ᠍ᠰᠠᠨ ᠵᠣᠬᠢᠶᠠᠯ᠎ᠢ ᠨᠡᠢᠲᠡᠯᠡᠵᠦ᠍᠂ 《ᠤᠯᠠᠭᠠᠨ ᠣᠩᠭᠣᠴᠠᠨ᠎ᠤ ᠵᠣᠷᠢᠭ ᠰᠠᠨᠠᠭ᠎ᠠ》 ᠵᠢ ᠠᠩᠬ᠎ᠠ ᠤᠳᠠᠭ᠎ᠠ ᠳᠤᠷᠠᠳᠤᠭ᠍ᠰᠠᠨ ᠪᠥᠭᠡᠳ ᠲᠣᠳᠣᠷᠬᠠᠢᠯᠠᠨ ᠥᠭᠦᠯᠡᠪᠡ — 《ᠭᠠᠯᠪᠠ ᠶᠢᠷᠲᠢᠨᠴᠦ᠎ᠶ᠋ᠢ ᠪᠦᠲᠦᠭᠡᠵᠦ᠂ ᠵᠣᠷᠢᠭ᠍ᠲᠠᠢ᠎ᠪᠠᠷ ᠪᠤᠰᠤᠳ᠎ᠡᠴᠡ ᠲᠦᠷᠦᠭᠦᠯᠡᠬᠦ᠌ ᠠᠩᠬ᠎ᠠ ᠡᠭᠦᠳᠦᠯᠲᠡ ᠵᠢᠨ ᠵᠣᠷᠢᠭ ᠰᠠᠨᠠᠭ᠎ᠠ᠂ ᠬᠦᠰᠡᠯᠡᠩ᠎ᠢᠶᠡᠨ ᠪᠠᠲᠤᠳᠭᠠᠬᠤ᠂ ᠨᠤᠭᠤᠷᠠᠰᠢ ᠦᠭᠡᠢ ᠲᠡᠮᠡᠴᠡᠬᠦ᠌ ᠵᠣᠷᠢᠭ ᠰᠠᠨᠠᠭ᠎ᠠ᠂ ᠨᠡᠢᠲᠡ᠎ᠶ᠋ᠢᠨ ᠲᠥᠯᠥᠭᠡ ᠨᠠᠮ ᠪᠠᠢᠭᠤᠯᠬᠤ ᠂ ᠠᠷᠠᠳ ᠲᠦᠮᠡᠨ᠎ᠳᠦ ᠦᠨᠡᠨᠴᠢ ᠱᠢᠳᠤᠷᠭᠤ ᠪᠡᠷ ᠵᠢᠳᠬᠦᠬᠦ᠌ ᠵᠣᠷᠢᠭ ᠰᠠᠨᠠᠭ᠎ᠠ》᠃
ᠲᠡᠷᠡ᠂《ᠤᠯᠠᠭᠠᠨ ᠣᠩᠭᠣᠴᠠ ᠳᠠᠪᠠᠯᠭᠠᠨ᠎ᠢ ᠵᠦᠰᠦᠨ ᠤᠷᠤᠭ᠍ᠰᠢᠯᠠᠵᠤ᠂ ᠵᠣᠷᠢᠭ ᠰᠠᠨᠠᠭ᠎ᠠ ᠬᠥᠮᠦᠰ᠎ᠦᠨ ᠰᠡᠳᠭᠢᠯ᠎ᠢ ᠨᠢᠭ᠍ᠲᠠᠷᠠᠭᠤᠯᠤᠨ᠎ᠠ》᠂ 《ᠤᠯᠠᠭᠠᠨ ᠣᠩᠭᠣᠴᠠᠨ᠎ᠤ ᠵᠣᠷᠢᠭ ᠰᠠᠨᠠᠭ᠎ᠠ》 ᠪᠣᠯ ᠶᠠᠭ ᠳᠤᠮᠳᠠᠳᠤ ᠤᠯᠤᠰ᠎ᠤᠨ ᠬᠤᠪᠢᠰᠭᠠᠯ᠎ᠤᠨ ᠵᠣᠷᠢᠭ ᠰᠠᠨᠠᠭᠠᠨ᠎ᠤ ᠡᠬᠢ ᠪᠤᠯᠠᠭ ᠮᠥᠨ ᠭᠡᠵᠦ ᠭᠦᠨᠵᠡᠭᠡᠢ ᠵᠢᠭᠠᠵᠤ ᠭᠠᠷᠭᠠᠪᠠ᠃
《〈ᠤᠯᠠᠭᠠᠨ ᠣᠩᠭᠣᠴᠠᠨ᠎ᠤ ᠵᠣᠷᠢᠭ ᠰᠠᠨᠠᠭ᠎ᠠ〉 ᠪᠣᠯ ᠪᠢᠳᠡᠨ᠎ᠦ ᠬᠥᠭ᠌ᠵᠢᠯᠲᠡ ᠭᠡᠬᠦ᠌ ᠡᠨᠡ ᠬᠦ᠌ ᠴᠠᠭ ᠦᠶ᠎ᠡ᠎ᠶ᠋ᠢᠨ ᠭᠣᠣᠯ ᠰᠡᠳᠦᠪ ᠪᠣᠯᠤᠨ ᠨᠠᠮ᠎ᠤᠨ ᠲᠦᠷᠦ᠍ ᠪᠠᠷᠢᠵᠤ ᠤᠯᠤᠰ᠎ᠢᠶᠠᠨ ᠮᠠᠨᠳᠤᠭᠤᠯᠬᠤ ᠲᠡᠷᠢᠭᠦᠨ ᠴᠢᠬᠤᠯᠠ ᠡᠭᠦᠷᠭᠡ᠎ᠶ᠋ᠢ ᠡᠵᠡᠮᠳᠡᠬᠦ᠌᠂ ᠵᠣᠷᠢᠭ᠍ᠲᠠᠢ᠎ᠪᠠᠷ ᠰᠦᠪᠡᠭ᠌ᠴᠢᠯᠡᠬᠦ᠌᠂ ᠱᠢᠨ᠎ᠡ᠎ᠶ᠋ᠢ ᠡᠭᠦᠳᠴᠦ᠍ ᠦᠢᠯᠡᠰ ᠪᠤᠰᠭᠠᠬᠤ᠎ᠶ᠋ᠢ ᠵᠣᠷᠢᠭ᠍ᠵᠢᠭᠤᠯᠬᠤ ᠬᠦᠴᠦᠷᠬᠡᠭ ᠶᠡᠬᠡ ᠦᠵᠡᠯ ᠰᠠᠨᠠᠭᠠᠨ᠎ᠤ ᠵᠡᠪᠰᠡᠭ ᠮᠥᠨ》᠃
ᠤᠯᠠᠭᠠᠨ ᠣᠩᠭᠣᠴᠠ ᠵᠧᠵᠢᠶᠠᠩ᠎ᠡᠴᠡ ᠠᠶᠠᠯᠠᠯ᠎ᠢᠶᠡᠨ ᠡᠬᠢᠯᠡᠭᠦᠯᠦᠭᠰᠡᠨ ᠶᠠᠪᠤᠳᠠᠯ ᠨᠢ ᠨᠡᠩ ᠴᠤ᠌ ᠵᠧᠵᠢᠶᠠᠩ᠎ᠤᠨ ᠬᠥᠭ᠌ᠵᠢᠯᠲᠡ᠎ᠶ᠋ᠢ ᠠᠬᠢᠭᠤᠯᠤᠭᠰᠠᠨ ᠤᠶᠤᠨ ᠰᠠᠨᠠᠭᠠᠨ᠎ᠤ ᠬᠦᠴᠦᠨ ᠴᠢᠳᠠᠯ ᠪᠣᠯᠬᠤ ᠶᠤᠮ᠃ ᠴᠠᠭ ᠦᠶ᠎ᠡ ᠲᠠᠪᠱᠢᠵᠦ᠍ ᠂ ᠪᠠᠢᠳᠠᠯ ᠬᠤᠪᠢᠷᠠᠵᠤ ᠪᠠᠢᠨ᠎ᠠ᠂ 《ᠤᠯᠠᠭᠠᠨ ᠣᠩᠭᠣᠴᠠᠨ᠎ᠤ ᠵᠣᠷᠢᠭ ᠰᠠᠨᠠᠭ᠎ᠠ》᠂ 《ᠵᠧᠵᠢᠶᠠᠩ᠎ᠤᠨ ᠵᠣᠷᠢᠭ ᠰᠠᠨᠠᠭ᠎ᠠ》 ᠵᠢ ᠬᠡᠷᠬᠢᠨ ᠪᠠᠳᠠᠷᠠᠭᠤᠯᠬᠤ ᠪᠤᠢ? 《ᠵᠧᠵᠢᠶᠠᠩ᠎ᠤᠨ ᠵᠣᠷᠢᠭ ᠰᠠᠨᠠᠭ᠎ᠠ》 ᠵᠢ ᠬᠡᠷᠬᠢᠨ ᠱᠢᠨ᠎ᠡ ᠴᠠᠭ ᠦᠶ᠎ᠡ᠎ᠶ᠋ᠢᠨ ᠠᠭᠤᠯᠤᠭ᠍ᠳᠠᠬᠤᠨ᠎ᠲᠠᠶ ᠪᠣᠯᠭᠠᠬᠤ ᠪᠤᠢ?
ᠰᠢ ᠵᠢᠨ ᠫᠢᠩ ᠳᠠᠬᠢᠨ ᠳᠠᠪᠲᠠᠨ ᠪᠣᠳᠣᠯᠬᠢᠯᠠᠵᠤ᠂ ᠳᠠᠬᠢᠨ ᠳᠠᠪᠲᠠᠨ ᠰᠦᠪᠡᠭ᠌ᠴᠢᠯᠡᠪᠡ᠃
ᠭᠠᠵᠠᠷ ᠪᠤᠯᠭᠠᠨ᠎ᠳᠤ ᠬᠦᠷᠴᠦ ᠪᠠᠢᠴᠠᠭᠠᠨ ᠰᠤᠳᠤᠯᠤᠯᠲᠠᠬᠢᠬᠦᠳᠡᠭᠡᠨ᠂ ᠰᠢ ᠵᠢᠨ ᠫᠢᠩ ᠴᠥᠮ ᠣᠷᠣᠨ ᠨᠤᠲᠤᠭ᠎ᠤᠨ ᠣᠢᠯᠠᠯᠭ᠎ᠠ᠎ᠶ᠋ᠢ ᠦᠵᠡᠵᠦ᠍᠂ ᠶᠡᠷᠦ᠍ ᠨᠢ ᠰᠥᠨᠢ ᠳᠦᠯᠢ ᠪᠣᠯᠲᠠᠯ᠎ᠠ ᠤᠩᠱᠢᠵᠤ᠂ ᠠᠤᠭ᠎ᠠ ᠶᠡᠬᠡ ᠲᠡᠦᠬᠡ᠎ᠶ᠋ᠢᠨ ᠬᠠᠷᠠᠭᠠᠰᠤ ᠡᠴᠡ ᠵᠧᠵᠢᠶᠠᠩ᠎ᠤᠨ ᠵᠣᠷᠢᠭ ᠰᠠᠨᠠᠭᠠᠨ᠎ᠤ ᠨᠢᠭᠤᠴᠠ ᠨᠣᠮᠧᠷ᠎ᠢ ᠬᠠᠢᠳᠠᠭ —
ᠰᠦᠷᠡᠯ ᠳᠡᠭᠡᠷ᠎ᠡ ᠬᠡᠪᠲᠡᠵᠦ᠍ ᠰᠥᠰᠥ᠍ ᠳᠣᠯᠢᠶᠠᠬᠤ᠂ ᠱᠢᠳᠤᠷᠭᠤ᠎ᠪᠠᠷ ᠵᠢᠳᠭᠦᠵᠦ ᠤᠯᠤᠰ᠎ᠲᠠᠭᠠᠨ ᠠᠴᠢᠯᠠᠬᠤ᠂ ᠡᠷᠳᠡᠮ ᠮᠡᠳᠡᠯᠭᠡ ᠨᠢ ᠲᠦᠷᠦ ᠵᠢᠨ ᠶᠠᠪᠤᠳᠠᠯ᠎ᠳᠤ ᠠᠰᠢᠭᠲᠠᠢ ᠪᠠᠢᠬᠤ᠂ ᠵᠢᠷᠤᠮ ᠠᠱᠢᠭ᠎ᠢ ᠵᠡᠷᠭᠡ᠎ᠪᠡᠷ ᠴᠢᠬᠤᠯᠠᠴᠢᠯᠠᠬᠤ᠂ ᠦᠶ᠋ᠯᠡᠳᠪᠦᠷᠢ ᠬᠤᠳᠠᠯᠳᠤᠭ᠎ᠠ᠎ᠶ᠋ᠢ ᠦᠨᠳᠦᠰᠦ ᠪᠣᠯᠭᠠᠬᠤ᠂ ᠮᠡᠳᠡᠬᠦᠶ ᠬᠢᠬᠦᠶ᠎ᠶ᠋ᠢ ᠨᠢᠭᠡᠳᠭᠡᠬᠦ᠌ ᠁ 《ᠵᠧᠵᠢᠶᠠᠩ᠎ᠤᠨ ᠰᠣᠶᠣᠯ ᠵᠢᠴᠢ ᠲᠡᠭᠦᠨ᠎ᠦ ᠬᠥᠮᠦᠰ᠎ᠦᠨ ᠰᠡᠳᠭᠢᠯ᠎ᠳᠦ ᠬᠠᠳᠠᠩᠱᠢᠭ᠍ᠰᠠᠨ ᠬᠥᠮᠦᠨ ᠰᠣᠶᠣᠯ᠎ᠤᠨ ᠵᠣᠷᠢᠭ ᠰᠠᠨᠠᠭ᠎ᠠ ᠪᠣᠯ ᠵᠧᠵᠢᠶᠠᠩ᠎ᠤᠨ ᠬᠥᠭ᠌ᠵᠢᠯᠲᠡ᠎ᠶ᠋ᠢ ᠬᠥᠲᠥᠯᠥᠨ ᠳᠠᠭᠠᠭᠤᠯᠬᠤ ᠪᠠ ᠠᠬᠢᠭᠤᠯᠬᠤ ᠬᠠᠮᠤᠭ᠎ᠤᠨ ᠭᠦᠨ ᠳᠠᠪᠬᠤᠷᠭ᠎ᠠ᠎ᠶ᠋ᠢᠨ ᠱᠢᠯᠲᠠᠭᠠᠨ ᠮᠥᠨ》᠃
ᠭᠠᠵᠠᠷ ᠪᠤᠯᠭᠠᠨ᠎ᠳᠤ ᠬᠦᠷᠴᠦ ᠪᠠᠢᠴᠠᠭᠠᠨ ᠰᠤᠳᠤᠯᠤᠯᠲᠠᠬᠢᠬᠦᠳᠡᠭᠡᠨ᠂ ᠰᠢ ᠵᠢᠨ ᠫᠢᠩ ᠨᠠᠷᠢᠨ ᠬᠢᠨᠠᠮᠠᠭᠠᠢ ᠠᠵᠢᠭ᠍ᠯᠠᠵᠤ ᠂ ᠵᠧᠵᠢᠶᠠᠩᠴᠤᠳᠤᠨ ᠴᠢᠰᠤᠨ᠎ᠳᠤ ᠴᠠᠯᠬᠢᠯᠠᠵᠤ ᠪᠠᠢᠭ᠎ᠠ ᠴᠠᠭ ᠦᠶ᠎ᠡ᠎ᠶ᠋ᠢᠨ ᠲᠡᠯᠡᠬᠦ᠌ ᠬᠦᠴᠦᠨ ᠢ᠋ ᠭᠦᠨᠵᠡᠭᠡᠢ ᠮᠡᠳᠡᠷᠡᠪᠡ —
ᠱᠢᠷᠭᠤᠯᠵᠢ᠎ᠶ᠋ᠢᠨ ᠠᠷᠠᠯ᠎ᠤᠨ ᠵᠣᠷᠢᠭ ᠰᠠᠨᠠᠭ᠎ᠠ᠂ ᠳ᠋ᠠ ᠴᠧᠨ ᠠᠷᠠᠯ᠎ᠤᠨ ᠠᠲᠠᠷ ᠬᠠᠭᠠᠯᠪᠤᠷᠢᠯᠠᠯᠲᠠ᠎ᠶ᠋ᠢᠨ ᠵᠣᠷᠢᠭ ᠰᠠᠨᠠᠭ᠎ᠠ᠂ ᠬᠠᠢ ᠱᠢᠶᠠ᠎ᠶ᠋ᠢᠨ ᠵᠣᠷᠢᠭ ᠰᠠᠨᠠᠭ᠎ᠠ᠂ 《 ᠳᠥᠷᠪᠡᠨ ᠮᠢᠩᠭ᠎ᠠ 》 ᠶ᠋ᠢᠨ ᠵᠣᠷᠢᠭ ᠰᠠᠨᠠᠭ᠎ᠠ ᠁ 《ᠳᠡᠯᠡᠬᠡᠶ ᠶᠢᠷᠲᠢᠨᠴᠦ᠍ ᠬᠤᠪᠢᠷᠠᠵᠤ᠂ ᠴᠠᠭ ᠦᠶ᠎ᠡ ᠳᠠᠪᠱᠢᠵᠤ᠂ ᠪᠠᠢᠳᠠᠯ ᠬᠥᠭ᠌ᠵᠢᠵᠦ᠍ ᠪᠠᠢᠨ᠎ᠠ᠃ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠬᠤ ᠪᠣᠯ ᠮᠠᠷᠺᠰ᠎ᠤᠨ ᠦᠵᠡᠯ᠎ᠦᠨ ᠤᠨᠤᠯ᠎ᠤᠨ ᠬᠡᠪ ᠴᠢᠨᠠᠷ ᠮᠥᠨ᠂ ᠪᠠᠰᠠ ᠴᠤ᠌ ᠵᠧᠵᠢᠶᠠᠩ᠎ᠤᠨ ᠵᠣᠷᠢᠭ ᠰᠠᠨᠠᠭᠠᠨ᠎ᠤ ᠳᠣᠲᠣᠭᠠᠳᠤ ᠱᠠᠭᠠᠷᠳᠠᠯᠭ᠎ᠠ ᠮᠥᠨ᠃
ᠰᠢ ᠵᠢᠨ ᠫᠢᠩ ᠪᠡᠶ᠎ᠡ᠎ᠪᠡᠷ᠎ᠢᠶᠡᠨ ᠵᠢᠯᠣᠭᠣᠳᠴᠤ᠌᠂ ᠲᠤᠰᠭᠠᠢ ᠰᠡᠳᠦᠪᠲᠦ ᠶᠡᠬᠡ ᠪᠠᠢᠴᠠᠭᠠᠨ ᠰᠤᠳᠤᠯᠤᠯᠲᠠ ᠬᠢᠪᠡ᠃
ᠰᠡᠳᠦᠪ᠎ᠦᠨ ᠳᠤᠭᠤᠢᠯᠠᠩ ᠨᠢ ᠪᠦᠬᠦ᠌ ᠮᠤᠵᠢ᠎ᠶ᠋ᠢᠨ ᠡᠯ᠎ᠡ ᠭᠠᠵᠠᠷ᠎ᠲᠤ ᠬᠦᠷᠴᠦ᠍᠂ ᠬᠦᠴᠢᠷᠳᠡᠯ᠎ᠢᠶᠡᠷ ᠨᠡᠯᠢᠶᠡᠳ ᠣᠯᠠᠨ᠂ ᠪᠠᠢᠳᠠᠯ ᠪᠤᠳᠤᠯᠢᠶᠠᠨᠲᠠᠶ᠂ ᠵᠥᠷᠢᠴᠡᠯ ᠬᠤᠷᠴᠠ ᠱᠢᠷᠦᠭᠦᠨ ᠡᠮᠦᠨ᠎ᠡ ᠹᠷᠣᠨᠲ᠎ᠲᠤ ᠦᠨᠳᠦᠰᠦᠯᠡᠵᠡᠶ᠃ ᠰᠢ ᠵᠢᠨ ᠫᠢᠩ ᠤᠯᠠᠨ᠎ᠳᠤ᠂ ᠪᠠᠢᠴᠠᠭᠠᠨ ᠰᠤᠳᠤᠯᠤᠯᠲᠠ ᠬᠢᠬᠦ᠌᠎ᠳᠡᠭᠡᠨ ᠭᠣᠣᠯᠳᠠᠭᠤ ᠭᠤᠷᠪᠠᠨ ᠠᠰᠠᠭᠤᠯᠲᠠ᠎ᠶ᠋ᠢ ᠬᠠᠷᠢᠭᠤᠯᠬᠤ ᠬᠡᠷᠡᠭ᠌ᠲᠡᠢ᠄ ᠡᠪᠦᠭᠡ ᠳᠡᠭᠡᠳᠦᠰ᠎ᠡᠴᠡ ᠶᠠᠭᠤ ᠦᠯᠡᠳᠡᠭᠡᠭ᠌ᠰᠡᠨ ᠪᠤᠢ? ᠥᠭᠡᠷᠡᠴᠢᠯᠡᠯᠲᠡ ᠨᠡᠭᠡᠭᠡᠯᠲᠡ ᠬᠢᠭ᠌ᠰᠡᠨ᠎ᠡᠴᠡ ᠨᠠᠭᠠᠰᠢ ᠶᠠᠭᠤ᠎ᠶ᠋ᠢ ᠡᠭᠦᠳᠦᠭ᠌ᠰᠡᠨ ᠪᠤᠢ? ᠢᠷᠡᠭᠡᠳᠦᠢ᠎ᠳᠦ ᠬᠠᠨᠳᠤᠬᠤ᠎ᠳᠤ ᠪᠠᠰᠠ ᠶᠠᠭᠤ ᠳᠤᠲᠠᠭ᠍ᠳᠠᠵᠤ ᠪᠠᠢᠬᠤ ᠪᠤᠢ? ᠭᠡᠵᠦ ᠵᠠᠬᠢᠪᠠ᠃
ᠮᠡᠳᠡᠭᠦᠯᠦᠯᠲᠡ ᠪᠤᠯᠭᠠᠨ᠂ ᠴᠣᠬᠣᠯᠠᠪᠤᠷᠢ ᠪᠤᠯᠭᠠᠨ᠂ ᠦᠭᠡ ᠦᠭᠦᠯᠡᠪᠦᠷᠢ ᠪᠦᠷᠢ᠎ᠶ᠋ᠢ ᠲᠤᠩᠭᠠᠨ ᠪᠣᠳᠣᠯᠬᠢᠯᠠᠪᠠ᠃
2005 ᠣᠨ᠎ᠤ ᠡᠬᠢ᠎ᠪᠡᠷ᠂ ᠵᠧᠵᠢᠶᠠᠩ ᠪᠦᠬᠦ᠌ ᠮᠤᠵᠢ᠎ᠪᠠᠷ᠎ᠢᠶᠠᠨ 《ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠭ᠍ᠰᠠᠨ ᠵᠧᠵᠢᠶᠠᠩ᠎ᠤᠨ ᠵᠣᠷᠢᠭ ᠰᠠᠨᠠᠭ᠎ᠠ》 ᠭᠡᠬᠦ᠌ ᠶᠡᠬᠡ ᠶᠠᠷᠢᠯᠴᠠᠭ᠎ᠠ ᠥᠷᠨᠢᠭᠦᠯᠪᠡ᠃ ᠡᠨᠡ ᠬᠦ᠌ ᠶᠠᠪᠤᠴᠠ᠎ᠳᠤ ᠂ ᠰᠢ ᠵᠢᠨ ᠫᠢᠩ ᠪᠡᠶ᠎ᠡ᠎ᠪᠡᠷ᠎ᠢᠶᠡᠨ ᠡᠯ᠎ᠡ ᠡᠲᠡᠭᠡᠳ᠎ᠦᠨ ᠶᠠᠷᠢᠯᠴᠠᠬᠤ ᠬᠤᠷᠠᠯ᠎ᠢ ᠬᠤᠷᠠᠯᠳᠤᠭᠤᠯᠪᠠ᠃ ᠶᠠᠷᠢᠯᠴᠠᠭ᠎ᠠ ᠨᠢᠭᠡ ᠵᠢᠯ ᠶᠠᠪᠤᠭ᠍ᠳᠠᠵᠤ᠂ ᠬᠠᠯᠠᠭᠤᠨ ᠦᠷᠨᠢᠯᠲᠡ ᠭᠠᠷᠴᠠᠢ᠃
ᠦᠨᠡᠨ ᠶᠣᠰᠣ ᠮᠠᠷᠭᠤᠬᠤ ᠲᠤᠲᠤᠮ ᠲᠣᠳᠣᠷᠬᠠᠶ ᠪᠣᠯᠵᠤ᠂ ᠦᠵᠡᠯ ᠰᠠᠨᠠᠭ᠎ᠠ ᠪᠣᠯᠪᠠᠰᠤᠷᠠᠬᠤ ᠲᠤᠲᠤᠮ ᠲᠣᠳᠣᠷᠬᠠᠶ ᠪᠣᠯᠤᠨ᠎ᠠ᠃
2006 ᠣᠨ᠎ᠤ 2 ᠰᠠᠷ᠎ᠠ᠎ᠶ᠋ᠢᠨ 5 ᠤ᠋ ᠡᠳᠦᠷ ᠂ ᠴᠠᠭᠠᠨ ᠰᠠᠷ᠎ᠠ ᠵᠢᠨ ᠲᠠᠷᠠᠭᠠᠬᠢ ᠠᠩᠬᠠᠨ᠎ᠤ ᠠᠵᠢᠯᠯᠠᠬᠤ ᠡᠳᠦᠷ᠂ ᠰᠢ ᠵᠢᠨ ᠫᠢᠩ 《ᠵᠧᠵᠢᠶᠠᠩ᠎ᠤᠨ ᠡᠳᠦᠷ᠎ᠦᠨ ᠰᠣᠨᠢᠨ》 ᠤ᠋ ᠲᠡᠷᠢᠭᠦᠨ ᠨᠢᠭᠤᠷ᠎ᠲᠤ 《ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠭ᠍ᠰᠠᠨ ᠵᠧᠵᠢᠶᠠᠩ᠎ᠤᠨ ᠵᠣᠷᠢᠭ ᠰᠠᠨᠠᠭ᠎ᠠ》 ᠭᠡᠬᠦ᠌ ᠨᠡᠷ᠎ᠡ ᠬᠠᠳᠠᠭ᠍ᠰᠠᠨ ᠵᠣᠬᠢᠶᠠᠯ ᠨᠡᠢᠲᠡᠯᠡᠪᠡ᠃ ᠪᠦᠬᠦ᠌ ᠵᠣᠬᠢᠶᠠᠯ᠎ᠳᠤ ᠵᠤᠷᠢᠯᠭ᠎ᠠ ᠪᠡᠨ ᠢᠯᠡᠳᠭᠡᠵᠦ ᠤᠴᠢᠷ᠎ᠢᠶᠡᠨ ᠬᠡᠯᠡᠯ᠎ᠡ — ᠵᠧᠵᠢᠶᠠᠩ᠎ᠤᠨ ᠵᠣᠷᠢᠭ ᠰᠠᠨᠠᠭ᠎ᠠ ᠦᠶ᠎ᠡ ᠤᠯᠠᠷᠢᠨ ᠤᠯᠠᠮᠵᠢᠯᠠᠭ᠍ᠳᠠᠵᠤ᠂ ᠶᠠᠪᠤᠬᠤ ᠲᠤᠳᠤᠮ ᠱᠢᠨᠡᠳᠴᠦ᠍᠂ ᠵᠧᠵᠢᠶᠠᠩ᠎ᠤᠨ ᠠᠷᠠᠳ ᠲᠦᠮᠡᠨ᠎ᠦ ᠤᠶᠤᠨ ᠤᠬᠠᠭᠠᠨ᠎ᠢᠶᠠᠨ ᠱᠢᠪᠬᠠᠨ ᠤᠯᠤᠰ᠎ᠢᠶᠡᠨ ᠵᠠᠰᠠᠵᠤ᠂ ᠵᠠᠮ ᠨᠡᠭᠡᠭᠡᠨ ᠱᠢᠨ᠎ᠡ᠎ᠶ᠋ᠢ ᠡᠭᠦᠳᠬᠦ᠌᠎ᠶ᠋ᠢ ᠵᠣᠷᠢᠭ᠍ᠵᠢᠭᠤᠯᠤᠭ᠍ᠰᠠᠭᠠᠷ ᠢᠷᠡᠵᠠᠢ᠃ ᠵᠣᠬᠢᠶᠠᠯ᠎ᠳᠤ 12 ᠦᠰᠦᠭ᠎ᠤᠨ《 ᠵᠧᠵᠢᠶᠠᠩ᠎ᠤᠨ ᠵᠣᠷᠢᠭ ᠰᠠᠨᠠᠭ᠎ᠠ》 ᠵᠢ ᠲᠤᠷᠠᠳᠴᠠᠢ — ᠦᠨᠡᠨ᠎ᠢ ᠪᠠᠷᠢᠮᠲᠠᠯᠠᠨ ᠪᠣᠳᠠᠲᠠᠢ᠎ᠶ᠋ᠢ ᠡᠷᠬᠢᠮᠯᠡᠬᠦ᠌᠂ ᠦᠨᠡᠨᠴᠢ ᠢᠲᠡᠭᠡᠮᠵᠢᠲᠡᠢ ᠡᠶ᠎ᠡ ᠵᠣᠬᠢᠴᠠᠩᠭᠤᠢ᠂ ᠨᠡᠭᠡᠭᠡᠯᠳᠠ ᠬᠢᠵᠦ᠍ ᠬᠦᠴᠦᠷᠬᠡᠭ᠌ᠵᠢᠬᠦ᠌᠎ᠪᠡᠷ ᠴᠢᠷᠮᠠᠢᠨ᠎ᠠ᠃
ᠦᠨᠡᠨ᠎ᠢ ᠪᠠᠷᠢᠮᠲᠠᠯᠠᠨ ᠪᠣᠳᠠᠲᠠᠶ᠎ᠶ᠋ᠢ ᠡᠷᠬᠢᠮᠯᠡᠬᠦ᠌ ᠨᠢ ᠮᠠᠷᠺᠰ᠎ᠤᠨ ᠦᠵᠡᠯ᠎ᠦᠨ ᠦᠨᠡᠨ᠎ᠡᠴᠡ ᠵᠥᠪ᠎ᠢ ᠡᠷᠢᠬᠦ᠌ ᠡᠴᠡ ᠢᠷᠡᠯᠲᠡᠢ᠂ ᠦᠨᠡᠨᠴᠢ ᠢᠲᠡᠭᠡᠮᠵᠢᠲᠡᠶ ᠡᠶ᠎ᠡ ᠵᠣᠬᠢᠴᠠᠩᠭᠤᠢ ᠨᠢ ᠺᠦᠩᠽᠢ᠎ᠶ᠋ᠢᠨ ᠰᠤᠷᠭᠠᠯᠲᠠᠨ᠎ᠤ ᠦᠵᠡᠯ ᠰᠠᠨᠠᠭᠠᠨ᠎ᠤ ᠣᠬᠢ ᠱᠢᠮ᠎ᠡ᠎ᠶ᠋ᠢ ᠱᠢᠩᠭᠡᠭᠡᠨ ᠠᠪᠴᠤ᠌᠂ ᠨᠡᠭᠡᠭᠡᠯᠲᠡ ᠬᠢᠵᠦ᠍ ᠬᠦᠴᠦᠷᠬᠡᠭ᠌ᠵᠢᠬᠦ᠌᠎ᠪᠡᠷ ᠴᠢᠷᠮᠠᠢᠬᠤ ᠪᠣᠯ ᠥᠭᠡᠷᠡᠴᠢᠯᠡᠯᠲᠡ ᠨᠡᠭᠡᠭᠡᠯᠲᠡ᠎ᠶ᠋ᠢᠨ ᠴᠠᠭ ᠦᠶ᠎ᠡ᠎ᠶ᠋ᠢᠨ ᠤᠷᠢᠶᠠᠯᠠᠭ᠎ᠠ ᠮᠥᠨ᠃
ᠡᠨᠡ ᠬᠦ᠌ 12 ᠥᠰᠥᠭ᠎ᠦᠨ ᠵᠣᠷᠢᠭ ᠰᠠᠨᠠᠭ᠎ᠠ ᠨᠢ ᠲᠡᠦᠬᠡ᠎ᠶ᠋ᠢᠨ ᠤᠤᠷ ᠲᠤᠨᠳᠠᠰᠤ ᠵᠢ ᠠᠭᠤᠯᠵᠤ᠂ ᠴᠠᠭ ᠦᠶ᠎ᠡ᠎ᠶ᠋ᠢᠨ ᠬᠥᠳᠡᠯᠭᠡᠬᠦ᠌ ᠬᠦᠴᠦᠨ᠎ᠢ ᠪᠣᠢᠵᠢᠭᠤᠯᠵᠤ ᠂ ᠵᠧᠵᠢᠶᠠᠩ᠎ᠤᠨ ᠠᠷᠠᠳ ᠲᠦᠮᠡᠨ᠎ᠦ ᠬᠡᠵᠢᠶᠡᠳᠡ ᠰᠡᠳᠭᠢᠯ ᠬᠠᠩᠬᠤ ᠥᠬᠡᠶ᠂ ᠬᠡᠵᠢᠶᠡᠳᠡ ᠵᠣᠭ᠍ᠰᠣᠬᠤ ᠥᠬᠡᠶ᠂ ᠦᠨᠡᠨ ᠪᠣᠳᠠᠲᠠᠶ ᠠᠵᠢᠯᠯᠠᠵᠤ᠂ ᠡᠮᠦᠨ᠎ᠡ ᠡᠩᠨᠡᠭᠡᠨ᠎ᠳᠦ ᠬᠤᠰᠢᠭᠤᠷᠠᠬᠤ᠎ᠶ᠋ᠢ ᠵᠣᠷᠢᠭ᠍ᠵᠢᠭᠤᠯᠵᠤ ᠪᠠᠢᠨ᠎ᠠ ᠁
ᠲᠠᠢ ᠵᠧᠣ᠌᠎ᠶ᠋ᠢᠨ ᠳ᠋ᠠ ᠴᠧᠨ ᠠᠷᠠᠯ᠂ ᠣᠶᠤᠨ ᠰᠠᠨᠠᠭᠠᠨ᠎ᠤ ᠠᠷᠠᠯ —
60 ᠭᠠᠷᠤᠶ ᠵᠢᠯ᠎ᠦᠨ ᠡᠮᠦᠨ᠎ᠡ᠂ ᠠᠲᠠᠷ ᠬᠠᠭᠠᠯᠪᠤᠷᠢᠯᠠᠯᠲᠠ᠎ᠶ᠋ᠢᠨ 467 ᠬᠥᠮᠦᠨ ᠡᠨᠡ ᠬᠦ᠌ ᠳᠠᠢᠨ᠎ᠤ ᠬᠠᠯᠠ ᠵᠤᠪᠠᠯᠠᠩ᠎ᠢ ᠬᠠᠱᠢᠷᠠᠲᠠᠯ᠎ᠠ ᠠᠮᠰᠠᠭ᠍ᠰᠠᠨ ᠡᠵᠡᠭᠦᠶ ᠵᠢᠵᠢᠭ ᠠᠷᠠᠯ᠎ᠢ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ 《ᠵᠡᠭᠦᠨ ᠳᠠᠯᠠᠢ᠎ᠶ᠋ᠢᠨ ᠭᠡᠷᠡᠯᠲᠦ ᠰᠤᠪᠤᠳ》 ᠪᠣᠯᠭᠠᠨ ᠪᠦᠲᠦᠭᠡᠨ ᠪᠠᠢᠭᠤᠯᠵᠤ᠂ 《ᠲᠡᠰᠪᠦᠷᠢ ᠬᠠᠲᠠᠭᠤᠵᠢᠯᠲᠠᠶ᠎ᠪᠠᠷ ᠦᠶ᠋ᠯᠡᠰ ᠪᠤᠰᠬᠠᠬᠤ᠂ ᠬᠦᠴᠦᠷᠬᠡᠭ᠌ᠵᠢᠬᠦ᠌᠎ᠪᠡᠷ ᠬᠦᠴᠦᠯᠡᠨ ᠴᠢᠷᠮᠠᠢᠬᠤ᠂ ᠬᠠᠷᠠᠮ ᠦᠭᠡᠢ ᠵᠣᠷᠢᠭᠤᠯᠬᠤ᠂ ᠵᠠᠮ ᠨᠡᠭᠡᠭᠡᠨ ᠱᠢᠨ᠎ᠡ᠎ᠶ᠋ᠢ ᠡᠭᠦᠳᠬᠦ᠌》 ᠳ᠋ᠠ ᠴᠧᠨ ᠠᠷᠠᠯ᠎ᠤᠨ ᠠᠲᠠᠷ ᠬᠠᠭᠠᠯᠪᠤᠷᠢᠯᠠᠯᠲᠠ᠎ᠶ᠋ᠢᠨ ᠵᠣᠷᠢᠭ ᠰᠠᠨᠠᠭ᠎ᠠ᠎ᠶ᠋ᠢ ᠪᠤᠢ ᠪᠣᠯᠭᠠᠪᠠ᠃
《ᠳᠤᠬᠠᠢ ᠵᠢᠨ ᠴᠠᠬ᠎ᠲᠦ᠂ ᠵᠢᠭᠠᠰᠤ ᠤᠯᠠᠰᠢᠷᠠᠬᠤ ᠦᠶ᠎ᠡ᠎ᠳᠦ᠂ ᠵᠢᠭᠠᠰᠤᠨ ᠣᠩᠭᠣᠴᠠ ᠬᠤᠢᠨ᠎ᠠ ᠬᠤᠢᠨ᠎ᠠ ᠡᠴᠡ ᠪᠡᠨ ᠰᠢᠬᠠᠯᠳᠤᠨ ᠪᠠᠢᠵᠤ᠂ ᠠᠷᠠᠯ ᠳᠡᠭᠡᠷ᠎ᠡ ᠬᠠᠮᠤᠭ ᠤᠯᠠᠨ ᠦᠶ᠎ᠡ᠎ᠳᠡᠭᠡᠨ ᠲᠦᠮᠡ ᠭᠠᠷᠤᠢ ᠪᠠᠢᠩᠭᠤ ᠰᠠᠭᠤᠭ᠎ᠠ ᠰᠠᠭᠤᠭᠠᠯᠢ ᠠᠷᠠᠳ᠎ᠲᠠᠶ ᠪᠠᠢᠵᠠᠢ᠃ 2000 ᠣᠨ᠎ᠤ ᠤᠷᠢᠳ ᠬᠣᠵᠢᠳ᠂ ᠬᠡᠲᠦᠷᠡᠲᠡᠯ᠎ᠡ ᠠᠩᠨᠠᠵᠤ ᠱᠦᠭᠦᠭ᠌ᠰᠡᠨ ᠪᠠ ᠳᠠᠯᠠᠶ ᠲᠠᠩᠭᠢᠰ ᠪᠣᠬᠢᠷᠲᠤᠭᠰᠠᠨ ᠡᠴᠡ᠂ ᠵᠢᠭᠠᠰᠤᠨ ᠠᠵᠤ ᠠᠬᠤᠶ ᠮᠠᠭᠤᠳᠠᠨ᠂ ᠮᠠᠰᠢ ᠣᠯᠠᠨ ᠵᠢᠭᠠᠰᠤᠴᠢᠨ ᠵᠢᠭᠠᠰᠤᠨ ᠣᠩᠭᠣᠴᠠ᠎ᠪᠠᠨ ᠬᠤᠳᠠᠯᠳᠤᠨ ᠡᠷᠭᠢ᠎ᠳᠦ ᠭᠠᠷᠴᠤ᠌ ᠪᠤᠰᠤᠳ ᠠᠵᠢᠯ ᠬᠢᠪᠡ᠃ 2006 ᠣᠨ ᠪᠣᠯᠬᠤ᠎ᠳᠤ᠂ ᠠᠷᠠᠯ ᠳᠡᠭᠡᠷ᠎ᠡ ᠪᠠᠢᠩᠭᠤ ᠰᠠᠭᠤᠭ᠎ᠠ ᠬᠥᠮᠦᠨ ᠠᠮᠠ ᠮᠢᠩᠭ᠎ᠠ ᠭᠠᠷᠤᠢᠬᠠᠨ ᠪᠤᠯᠵᠠᠢ》᠃ ᠲᠤᠬᠠᠢ᠎ᠶ᠋ᠢᠨ ᠦᠶ᠎ᠡ᠎ᠳᠦ ᠳ᠋ᠠ ᠴᠧᠨ ᠠᠷᠠᠯ᠎ᠤᠨ ᠨᠡᠭᠡᠭᠡᠨ ᠬᠥᠭ᠌ᠵᠢᠭᠦᠯᠦᠯᠲᠡ ᠪᠦᠳᠦᠭᠡᠨ ᠪᠠᠢᠭᠤᠯᠤᠯᠲᠠ ᠬᠠᠮᠢᠶᠠᠷᠤᠯᠲᠠ᠎ᠶ᠋ᠢᠨ ᠵᠥᠪᠯᠡᠯ᠎ᠦᠨ ᠡᠷᠬᠢᠯᠡᠭ᠌ᠴᠢ ᠪᠠᠢᠭ᠍ᠰᠠᠨ ᠰᠦᠨ ᠱᠠᠩ ᠴᠢᠤᠸᠠᠨ᠄ 《ᠳ᠋ᠠ ᠴᠧᠨ ᠬᠠᠮᠤᠭ᠎ᠤᠨ ᠬᠦᠴᠢᠷᠲᠡᠢ ᠦᠶ᠎ᠡ᠎ᠳᠦ᠂ ᠰᠢ ᠱᠦᠵᠢ ᠬᠦᠷᠴᠦ ᠢᠷᠡᠭᠰᠡᠨ ᠶᠤᠮ》 ᠭᠡᠵᠦ ᠡᠷᠭᠢᠴᠡᠭᠦᠯᠦᠨ ᠬᠡᠯᠡᠨ᠎ᠡ᠃
2006 ᠣᠨ᠎ᠤ 8 ᠰᠠᠷ᠎ᠠ᠎ᠶ᠋ᠢᠨ 29 ᠤ᠋ ᠡᠳᠦᠷ᠂ ᠱᠢᠲᠠᠮᠠ ᠨᠡᠷᠡᠨ᠎ᠳᠦ ᠨᠢᠳᠦ ᠭᠢᠯᠠᠰᠴᠤ᠌᠂ ᠲᠠᠯᠠᠢ ᠵᠢᠨ ᠰᠠᠯᠬᠢ ᠳᠠᠪᠠᠯᠭᠠᠯᠠᠨ᠂ ᠣᠩᠭᠣᠴᠠ ᠱᠢᠷᠦᠭᠦᠨ ᠬᠡᠯᠪᠡᠯᠵᠡᠵᠦ ᠪᠠᠢᠬᠤ᠎ᠳᠤ᠂ ᠰᠢ ᠵᠢᠨ ᠫᠢᠩ ᠠᠷᠠᠯ᠎ᠳᠤ ᠭᠠᠷᠬᠤ ᠪᠡᠷ ᠡᠷᠡᠰ ᠰᠢᠭᠤᠳᠪᠡ᠃
ᠠᠷᠠᠯ ᠳᠡᠭᠡᠷ᠎ᠡ ᠢᠷᠡᠭᠡᠳ᠂ ᠲᠡᠷᠡ ᠵᠣᠭ᠍ᠰᠣᠯ ᠦᠭᠡᠢ ᠶᠠᠭᠠᠷᠠᠨ᠎ᠠ᠃ ᠱᠦᠢᠨᠢ᠎ᠶ᠋ᠢᠨ ᠪᠣᠷᠣ ᠪᠠᠢᠱᠢᠩ᠎ᠳᠤ ᠰᠠᠯᠬᠢᠨ᠎ᠤ ᠬᠦᠴᠦ᠍᠎ᠪᠡᠷ ᠴᠠᠬᠢᠯᠭᠠᠨ ᠭᠠᠷᠭᠠᠬᠤ ᠲᠦᠷᠦᠯ ᠵᠦᠢᠯ᠎ᠢ ᠰᠤᠳᠤᠯᠤᠨ ᠶᠠᠷᠢᠯᠴᠠᠵᠤ᠂ ᠲᠠᠯᠠᠢ᠎ᠶ᠋ᠢᠨ ᠬᠥᠪᠡᠭᠡᠨ᠎ᠳᠦ ᠵᠢᠭᠤᠯᠴᠢᠯᠠᠯ᠎ᠤᠨ ᠲᠥᠯᠥᠪᠵᠢᠭᠦᠯᠭᠡ ᠵᠢ ᠰᠢᠨᠵᠢᠯᠡᠨ ᠪᠠᠢᠴᠠᠭᠠᠵᠤ᠂ ᠵᠢᠭᠠᠰᠤᠴᠢᠳ᠎ᠤᠨ ᠳᠤᠮᠳᠠ ᠬᠦᠷᠴᠦ᠍᠂ ᠵᠢᠭᠠᠰᠤᠨ ᠠᠵᠤ ᠠᠬᠤᠢ᠎ᠶ᠋ᠢᠨ ᠦᠢᠯᠡᠳᠪᠦᠷᠢᠯᠡᠯ ᠪᠣᠯᠤᠨ ᠦᠢᠯᠡᠳᠪᠦᠷᠢᠯᠡᠯ᠎ᠢᠶᠡᠨ ᠬᠤᠪᠢᠷᠠᠭᠤᠯᠵᠤ ᠠᠵᠢᠯ ᠲᠦᠷᠦᠯ᠎ᠢᠶᠡᠨ ᠬᠤᠪᠢᠷᠠᠭᠤᠯᠵᠤ ᠪᠠᠢᠭ᠎ᠠ ᠪᠠᠢᠳᠠᠯ᠎ᠢ ᠤᠢ᠍ᠢᠯᠠᠭᠠᠭ᠍ᠰᠠᠠ ᠪᠥᠭᠡᠳ ᠠᠬᠠᠮᠠᠳ ᠠᠲᠠᠷ ᠬᠠᠭᠠᠯᠪᠤᠷᠢᠯᠠᠯᠲᠠ᠎ᠶ᠋ᠢᠨ ᠠᠩᠭᠢ᠎ᠶ᠋ᠢᠨ ᠭᠡᠱᠢᠭᠦᠳ᠎ᠢ ᠲᠤᠰᠭᠠᠢᠯᠠᠨ ᠡᠷᠬᠢᠨ ᠦᠵᠡᠪᠡ ᠁ ᠲᠡᠷᠡ ᠤᠯᠠᠨ᠎ᠢ ᠵᠤᠷᠢᠭᠵᠢᠭᠤᠯᠤᠨ᠄
《ᠬᠣᠢᠱᠢᠳᠠ ᠳ᠋ᠠ ᠴᠧᠨ ᠠᠷᠠᠯ᠎ᠢ ᠨᠡᠭᠡᠭᠡᠨ ᠬᠥᠭ᠌ᠵᠢᠭᠦᠯᠬᠦ᠌᠎ᠳᠦ᠂ ᠮᠠᠰᠢ ᠭᠡᠷᠡᠯ ᠰᠠᠴᠤᠷᠠᠩᠭᠤᠢ ᠨᠢᠭᠡᠨ ᠵᠢᠷᠤᠭ ᠲᠥᠰᠦᠪ᠎ᠲᠡᠶ ᠪᠤᠯᠵᠤ᠂ ᠮᠠᠰᠢ ᠭᠡᠭᠡᠨ ᠰᠠᠷᠠᠭᠤᠯ ᠠᠯᠤᠰ ᠢᠷᠡᠭᠡᠳᠦᠢ᠎ᠲᠡᠶ ᠪᠤᠯᠵᠤ᠂ ᠳ᠋ᠠ ᠴᠧᠨ ᠠᠷᠠᠯ᠎ᠢ ᠨᠡᠭᠡᠭᠡᠨ ᠬᠥᠭ᠌ᠵᠢᠭᠦᠯᠵᠦ᠍ ᠪᠦᠲᠦᠭᠡᠨ ᠪᠠᠢᠭᠤᠯᠬᠤ ᠠᠵᠢᠯ᠎ᠳᠤ ᠶᠡᠬᠡ ᠵᠢᠳᠭᠦᠯ ᠴᠢᠷᠮᠠᠢᠯᠭ᠎ᠠ ᠭᠠᠷᠭᠠᠵᠤ ᠪᠤᠯᠤᠨ᠎ᠠ᠃ 〈ᠱᠢᠷᠭᠠᠭᠤ ᠬᠠᠲᠠᠭᠤᠵᠢᠯᠲᠠᠶ ᠦᠶ᠋ᠯᠡᠰ ᠪᠤᠰᠬᠠᠬᠤ᠂ ᠬᠦᠴᠦᠷᠬᠡᠭ᠌ᠵᠢᠬᠦ᠌᠎ᠪᠡᠷ ᠬᠦᠴᠦᠯᠡᠨ ᠴᠢᠷᠮᠠᠢᠬᠤ᠂ ᠬᠠᠷᠠᠮ ᠥᠬᠡᠶ ᠵᠣᠷᠢᠭᠤᠯᠬᠤ᠂ ᠵᠠᠮ ᠨᠡᠭᠡᠭᠡᠨ ᠱᠢᠨ᠎ᠡ᠎ᠶ᠋ᠢ ᠡᠭᠦᠳᠬᠦ᠌〉 ᠳ᠋ᠠ ᠴᠧᠨ ᠠᠷᠠᠯ᠎ᠤᠨ ᠠᠲᠠᠷ ᠬᠠᠭᠠᠯᠪᠤᠷᠢᠯᠠᠯᠲᠠ᠎ᠶ᠋ᠢᠨ ᠵᠣᠷᠢᠭ ᠰᠠᠨᠠᠭ᠎ᠠ᠎ᠶ᠋ᠢ ᠶᠡᠬᠡᠪᠡᠷ ᠪᠠᠳᠠᠷᠠᠭᠤᠯᠵᠤ᠂ ᠳ᠋ᠠ ᠴᠧᠨ ᠠᠷᠠᠯ᠎ᠢ 〈ᠴᠢᠨᠡᠭᠡᠯᠢᠭ ᠳᠠ ᠴᠧᠨ᠂ ᠣᠳᠣᠬᠢᠴᠢᠯᠠᠭ᠍ᠰᠠᠨ ᠳ᠋ᠠ ᠴᠧᠨ〉 ᠪᠣᠯᠭᠠᠨ ᠪᠥᠲᠥᠭᠡᠨ ᠪᠠᠢᠭᠤᠯᠬᠤ᠎ᠪᠠᠷ ᠴᠢᠷᠮᠠᠢᠬᠤ ᠬᠡᠷᠡᠭ᠌ᠲᠡᠶ》 ᠭᠡᠵᠡᠢ᠃
ᠴᠠᠭ ᠦᠶ᠎ᠡ᠎ᠲᠡᠶ ᠵᠡᠷᠭᠡ ᠪᠡᠷ ᠤᠷᠤᠭ᠍ᠰᠢᠯᠠᠬᠤ᠎ᠳᠦ ᠶᠡᠬᠡ ᠵᠢᠳᠭᠦᠯ ᠴᠢᠷᠮᠠᠢᠯᠭ᠎ᠠ ᠭᠠᠷᠭᠠᠵᠤ ᠪᠤᠯᠤᠨ᠎ᠠ᠃ ᠳᠠᠯᠠᠢ ᠳᠡᠭᠡᠷ᠎ᠡ ᠲᠡᠵᠢᠭᠡᠨ ᠦᠷᠡᠵᠢᠭᠦᠯᠵᠦ᠂ ᠳ᠋ᠠ ᠴᠧᠨ ᠠᠷᠠᠯ ᠨᠢ ᠤᠯᠤᠰ᠎ᠤᠨ ᠳᠣᠲᠣᠭᠠᠳᠤ᠎ᠶ᠋ᠢᠨ ᠬᠠᠮᠤᠭ᠎ᠤᠨ ᠶᠡᠬᠡ ᠲᠤᠮᠤ ᠴᠢᠯᠠᠭᠤᠨ ᠳᠡᠭ᠌ᠳᠡᠭᠡ ᠵᠢ ᠵᠡᠰ ᠲᠣᠣᠷ᠎ᠲᠤ ᠲᠡᠵᠢᠭᠡᠨ ᠦᠷᠡᠵᠢᠭᠦᠯᠬᠦ᠌ ᠣᠷᠣᠨ ᠪᠣᠯᠪᠠ; ᠰᠠᠯᠬᠢᠨ ᠬᠦᠴᠦᠨ᠎ᠢᠶᠡᠷ ᠴᠠᠬᠢᠯᠭᠠᠨ ᠭᠠᠷᠭᠠᠵᠤ᠂ ᠶᠡᠷᠦ᠎ᠳᠡᠭᠡᠨ ᠴᠠᠬᠢᠯᠭᠠᠨ ᠳᠤᠲᠠᠭ᠍ᠳᠠᠵᠤ ᠪᠠᠢᠭ᠍ᠰᠠᠨ ᠳ᠋ᠠ ᠴᠧᠨ ᠠᠷᠠᠯ ᠨᠢ ᠤᠳᠤ ᠡᠯᠪᠡᠭ ᠡᠨᠧᠷᠭᠢ ᠵᠢ ᠲᠦᠭ ᠲᠦᠮᠡᠨ ᠠᠢᠯ ᠡᠷᠦᠬᠡ᠎ᠳᠦ ᠳᠠᠮᠵᠢᠭᠤᠯᠵᠤ ᠪᠤᠢ — ᠳ᠋ᠠ ᠴᠧᠨ ᠠᠷᠠᠯ ᠬᠡᠯᠪᠡᠷᠢ᠎ᠪᠡᠨ ᠬᠤᠪᠢᠷᠠᠭᠤᠯᠤᠨ ᠬᠥᠭ᠌ᠵᠢᠬᠦ᠌ ᠨᠢᠭᠡᠨ ᠱᠢᠨ᠎ᠡ ᠵᠠᠮ᠎ᠢ ᠨᠡᠭᠡᠭᠡᠵᠡᠢ᠃
ᠰᠢ ᠵᠢᠨ ᠫᠢᠩ ᠢᠮᠠᠭ᠍ᠲᠠ ᠡᠨᠳᠡᠬᠢ ᠵᠢᠨ ᠲᠦᠯᠦᠭᠡ ᠰᠠᠨᠠᠭᠠᠱᠢᠷᠠᠵᠤ ᠪᠠᠢᠯ᠎ᠠ᠃ 2010 ᠣᠨ ᠪᠣᠯᠤᠨ 2016 ᠣᠨ᠎ᠳᠤ᠂ ᠲᠡᠷᠡ ᠤᠷᠢᠳ ᠬᠣᠵᠢᠳ ᠠᠬᠠᠮᠠᠳ ᠠᠲᠠᠷ ᠬᠠᠭᠠᠯᠪᠤᠷᠢᠯᠠᠯᠲᠠ᠎ᠶ᠋ᠢᠨ ᠠᠩᠭᠢ᠎ᠶ᠋ᠢᠨ ᠭᠡᠱᠢᠭᠦᠳ ᠪᠣᠯᠤᠨ ᠱᠢᠨ᠎ᠡ ᠨᠢᠭᠡ ᠦᠶ᠎ᠡ᠎ᠶ᠋ᠢᠨ ᠳ᠋ᠠ ᠴᠧᠨ ᠠᠷᠠᠯ᠎ᠤᠨ ᠬᠥᠮᠦᠰ᠎ᠲᠦ ᠬᠠᠷᠢᠭᠤ ᠵᠠᠬᠢᠳᠠᠯ ᠢᠯᠡᠭᠡᠵᠦ᠍᠂ ᠳᠠᠯᠠᠢ᠎ᠶ᠋ᠢᠨ ᠠᠷᠠᠯ᠎ᠤᠨ ᠬᠥᠭ᠌ᠵᠢᠯᠲᠡ᠎ᠶ᠋ᠢ ᠠᠩᠬᠠᠷᠴᠤ᠌᠂ ᠵᠣᠷᠢᠭ ᠰᠠᠨᠠᠭ᠎ᠠ᠎ᠶ᠋ᠢ ᠤᠯᠠᠮᠵᠢᠯᠠᠨ ᠵᠠᠯᠭᠠᠮᠵᠢᠯᠠᠬᠤ᠎ᠶ᠋ᠢ ᠵᠣᠷᠢᠭ᠍ᠵᠢᠭᠤᠯᠪᠠ᠃ ᠥᠨᠥᠳᠦᠷ᠂ ᠳ᠋ᠠ ᠴᠧᠨ ᠠᠷᠠᠯ᠎ᠤᠨ ᠠᠳᠠᠷ ᠬᠠᠭᠠᠯᠪᠤᠷᠢᠯᠠᠯᠲᠠ᠎ᠶ᠋ᠢᠨ ᠵᠣᠷᠢᠭ ᠰᠠᠨᠠᠭ᠎ᠠ᠎ᠶ᠋ᠢ ᠪᠦᠬᠦ᠌ ᠤᠯᠤᠰ᠎ᠤᠨ ᠪᠠᠭ᠎ᠠ ᠰᠤᠷᠭᠠᠭᠤᠯᠢ᠎ᠶ᠋ᠢᠨ ᠰᠤᠷᠤᠭ᠍ᠴᠢᠳ᠎ᠤᠨ ᠵᠢᠭᠠᠬᠤ ᠮᠠᠲ᠋ᠧᠷᠢᠶᠠᠯ᠎ᠤᠨ ᠤᠩᠱᠢᠬᠤ ᠪᠢᠴᠢᠭ᠎ᠲᠦ ᠣᠷᠣᠭᠤᠯᠵᠤ᠂ ᠵᠠᠯᠠᠭᠤ ᠨᠢᠭᠡ ᠦᠶ᠎ᠡ᠎ᠶ᠋ᠢᠨ ᠬᠢᠨ᠎ᠤ ᠱᠢᠨ᠎ᠡ ᠴᠠᠭ ᠦᠶ᠎ᠡ᠎ᠶ᠋ᠢᠨ ᠡᠯ᠎ᠡ ᠬᠦᠷᠢᠶᠡᠨ᠎ᠦ《ᠠᠳᠠᠷ ᠬᠠᠭᠠᠯᠪᠤᠷᠢᠯᠠᠭ᠍ᠴᠢ》 ᠪᠣᠯᠬᠤ᠎ᠶ᠋ᠢ ᠵᠣᠷᠢᠭ᠍ᠵᠢᠭᠤᠯᠵᠤ ᠪᠠᠢᠨ᠎ᠠ᠃
ᠳ᠋ᠠ ᠴᠧᠨ ᠠᠷᠠᠯ᠎ᠡᠴᠡ ᠵᠧᠵᠢᠶᠠᠩ ᠬᠦᠷᠲᠡᠯ᠎ᠡ᠂ ᠲᠠᠬᠢᠭᠠᠳ ᠪᠦᠬᠦ᠌ ᠤᠯᠤᠰ᠎ᠲᠤ ᠬᠦᠷᠲᠡᠯ᠎ᠡ᠂ ᠤᠶᠤᠨ ᠰᠠᠨᠠᠭᠠᠨ᠎ᠤ ᠬᠦᠴᠦᠨ ᠴᠢᠳᠠᠯ ᠨᠢ ᠶᠠᠭ ᠯᠡ ᠠᠭᠤᠯᠠ ᠵᠢ ᠨᠡᠭᠡᠭᠡᠭ᠌ᠰᠡᠨ ᠲᠤᠮᠤ ᠰᠦᠬᠡ ᠰᠢᠭ᠂ ᠬᠠᠷᠰᠢ ᠰᠠᠭᠠᠳ᠎ᠢ ᠢᠯᠠᠨ ᠳᠠᠪᠠᠵᠤ᠂ ᠲᠡᠦᠬᠡ᠎ᠶ᠋ᠢ ᠡᠭᠦᠳᠦᠨ ᠪᠦᠲᠦᠭᠡᠵᠦ ᠪᠠᠢᠨ᠎ᠠ;
ᠵᠧᠵᠢᠶᠠᠩ᠎ᠡᠴᠡ ᠳᠤᠮᠳᠠᠳᠤ ᠤᠯᠤᠰ ᠬᠦᠷᠲᠡᠯ᠎ᠡ᠂ ᠲᠠᠬᠢᠭᠠᠳ ᠳᠡᠯᠡᠬᠡᠢ ᠳ᠋ᠠᠬᠢᠨ ᠬᠦᠷᠲᠡᠯ᠎ᠡ᠂ ᠤᠶᠤᠨ ᠰᠠᠨᠠᠭᠠᠨ᠎ᠤ ᠬᠦᠴᠦᠨ ᠴᠢᠳᠠᠯ ᠨᠢ ᠨᠡᠩ ᠴᠤ᠌ ᠡᠬᠢ ᠪᠤᠯᠠᠭ ᠰᠢᠬ᠂ ᠰᠡᠳᠭᠢᠯ ᠵᠢᠷᠦᠬᠡ᠎ᠶ᠋ᠢ ᠤᠮᠳᠠᠯᠠᠵᠤ᠂ ᠢᠷᠡᠭᠡᠳᠦᠢ᠎ᠶ᠋ᠢ ᠨᠡᠭᠡᠭᠡᠵᠦ᠍ ᠪᠠᠢᠳᠠᠭ᠃
ᠡᠨᠡ ᠵᠢᠯ᠎ᠦᠨ 2 ᠰᠠᠷ᠎ᠠ᠎ᠶ᠋ᠢᠨ 17 ᠤ᠋ ᠡᠳᠦᠷ᠂ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢᠯᠠᠯ᠎ᠤᠨ ᠶᠠᠷᠢᠯᠴᠠᠬᠤ ᠬᠤᠷᠠᠯ ᠪᠡᠭᠡᠵᠢᠩ᠎ᠳᠦ ᠬᠤᠷᠠᠯᠳᠤᠪᠠ᠃ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠲᠡᠭᠦᠨ᠎ᠦ ᠵᠧᠵᠢᠶᠠᠩ᠎ᠳᠤ ᠠᠵᠢᠯᠯᠠᠵᠤ ᠪᠠᠢᠬᠤ ᠲᠤᠬᠠᠢ ᠶᠠᠷᠢᠬᠤ᠎ᠳᠠᠭᠠᠨ᠂ ᠱᠢᠤᠢ ᠭᠤᠸᠠᠨ ᠵᠢᠤᠢ ᠪᠣᠯᠤᠨ ᠪᠤᠰᠤᠳ ᠠᠵᠤ ᠠᠬᠤᠢᠯᠠᠯᠲᠠᠨ᠎ᠤ ᠨᠡᠷ᠎ᠡ᠎ᠶ᠋ᠢ ᠳᠤᠷᠠᠳᠴᠠᠢ᠃ ᠶᠠᠷᠢᠯᠴᠠᠬᠤ ᠬᠤᠷᠠᠯ᠎ᠳᠤ ᠣᠷᠣᠯᠴᠠᠭ᠍ᠰᠠᠨ ᠴᠤᠸᠠᠨ ᠬᠤᠸᠠ ᠪᠦᠯᠦᠭ᠌ᠯᠡᠯ᠎ᠦᠨ ᠬᠡᠷᠡᠭ ᠮᠡᠳᠡᠭ᠌ᠴᠢᠳ᠎ᠦᠨ ᠳᠠᠷᠤᠭ᠎ᠠ ᠱᠢᠤᠢ ᠭᠤᠸᠠᠨ ᠵᠢᠤᠢ ᠮᠠᠰᠢ ᠰᠡᠳᠭᠢᠯ ᠬᠥᠳᠡᠯᠵᠦ᠍᠂ ᠪᠢᠳᠡᠨ᠎ᠳᠦ 20 ᠭᠠᠷᠤᠢ ᠵᠢᠯ᠎ᠦᠨ ᠡᠮᠦᠨᠡᠬᠢ ᠲᠡᠷᠡ ᠬᠦ᠌ ᠶᠠᠪᠤᠳᠠᠯ ᠤᠴᠢᠷ᠎ᠡᠴᠡ ᠡᠷᠭᠢᠴᠡᠭᠦᠯᠪᠡ᠄
《2003 ᠣᠨ᠎ᠳᠤ ᠪᠢ ᠵᠧᠵᠢᠶᠠᠩ ᠮᠤᠵᠢ᠎ᠶ᠋ᠢᠨ ᠦᠢᠯᠡᠳᠪᠦᠷᠢ ᠬᠤᠳᠠᠯᠳᠤᠭᠠᠨ᠎ᠤ ᠬᠣᠯᠪᠣᠭ᠎ᠠ᠎ᠳᠤ ᠣᠴᠢᠵᠤ ᠠᠵᠢᠯᠯᠠᠪᠠ᠃ 〈ᠵᠧᠵᠢᠶᠠᠩ᠎ᠤᠨ ᠬᠤᠳᠠᠯᠳᠤᠭᠠᠴᠢᠨ〉 ᠤ᠋ ᠲᠦᠷᠦᠯ ᠳᠡᠮᠳᠡᠭ᠎ᠢ ᠰᠠᠢᠲᠤᠷ ᠴᠣᠭ᠍ᠴᠠᠯᠠᠬᠤ᠎ᠶ᠋ᠢᠨ ᠲᠥᠯᠥᠭᠡ᠂ ᠲᠤᠬᠠᠢ ᠵᠢᠨ ᠦᠶ᠎ᠡ᠎ᠳᠦ ᠪᠢᠳᠠ ᠵᠢᠯ ᠪᠦᠷᠢ ᠨᠢᠭᠡ ᠤᠳᠠᠭ᠎ᠠ ᠵᠧᠵᠢᠶᠠᠩ᠎ᠤᠨ ᠬᠤᠳᠠᠯᠳᠤᠭᠠᠴᠢᠨ᠎ᠤ ᠶᠡᠬᠡ ᠬᠤᠷᠠᠯ᠎ᠢ ᠬᠤᠷᠠᠯᠳᠤᠭᠤᠯᠵᠤ᠂ ᠰᠢ ᠱᠦᠵᠢ ᠦᠨᠳᠦᠰᠦᠨ᠎ᠳᠡᠭᠡᠨ ᠪᠦᠷ ᠴᠠᠭ ᠭᠠᠷᠭᠠᠨ ᠣᠷᠣᠯᠴᠠᠵᠤ ᠶᠠᠷᠢᠶ᠎ᠠ ᠲᠠᠯᠪᠢᠳᠠᠭ᠃ ᠲᠡᠭᠦᠨ᠎ᠦ ᠤᠳᠠᠭ᠎ᠠ ᠪᠦᠷᠢ᠎ᠶ᠋ᠢᠨ ᠶᠠᠷᠢᠶ᠎ᠠ ᠨᠢ ᠵᠧᠵᠢᠶᠠᠩ᠎ᠤᠨ ᠬᠤᠳᠠᠯᠳᠤᠭᠠᠴᠢᠳ᠎ᠤᠨ ᠳᠤᠮᠳᠠ ᠲᠤᠢᠯ᠎ᠤᠨ ᠭᠦᠨ ᠭᠦᠨᠵᠡᠭᠡᠢ ᠨᠥᠯᠥᠭᠡ ᠭᠠᠷᠭᠠᠭ᠍ᠰᠠᠨ ᠶᠤᠮ》 ᠭᠡᠵᠡᠢ᠃
2004 ᠣᠨ᠎ᠳᠤ᠂ ᠵᠧᠵᠢᠶᠠᠩ ᠪᠦᠬᠦ᠌ ᠤᠯᠤᠰ᠎ᠤᠨ ᠠᠵᠤ ᠠᠬᠤᠢ᠎ᠶ᠋ᠢᠨ ᠶᠡᠷᠦᠩᠬᠡᠢ ᠬᠡᠮᠵᠢᠢ᠎ᠡ ᠲᠦᠮᠡᠨ ᠳ᠋ᠦᠩᠱᠢᠭᠤᠷ ᠲᠥᠭᠥᠷᠢᠭ᠎ᠢ ᠳᠠᠪᠠᠭ᠍ᠰᠠᠨ ᠳᠥᠷᠪᠡᠳᠡᠬᠢ ᠮᠤᠵᠢ ᠪᠤᠯᠵᠤ᠂ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ᠎ᠶ᠋ᠢᠨ ᠬᠦᠴᠦᠷᠬᠡᠭ ᠮᠤᠵᠢ ᠪᠦᠬᠦ᠌ ᠤᠯᠤᠰ᠎ᠲᠤ ᠨᠡᠷ᠎ᠡ ᠠᠯᠳᠠᠷᠱᠢᠪᠠ᠃ ᠵᠧᠵᠢᠶᠠᠩ᠎ᠤᠨ ᠬᠤᠳᠠᠯᠳᠤᠭᠠᠴᠢᠨ ᠠᠯᠢ ᠣᠯᠠᠨ ᠭᠠᠢᠬᠠᠮᠰᠢᠭ᠎ᠢ ᠡᠭᠦᠳᠦᠭᠰᠡᠨ 《ᠵᠧᠵᠢᠶᠠᠩ ᠦᠵᠡᠭ᠌ᠳᠡᠯ》 ᠨᠢ ᠵᠧᠵᠢᠶᠠᠩ᠎ᠤᠨ ᠵᠣᠷᠢᠭ ᠰᠠᠨᠠᠭᠠᠨ᠎ᠤ ᠠᠮᠢᠳᠤ ᠵᠢᠷᠤᠭ᠍ᠯᠠᠯ ᠪᠣᠯᠤᠭ᠍ᠰᠠᠨ ᠪᠠᠢᠨ᠎ᠠ᠃
ᠭᠡᠪᠡᠴᠦ᠍ 《ᠦᠰᠦᠨ ᠪᠣᠢᠵᠢᠯᠲᠠ᠎ᠶ᠋ᠢᠨ ᠪᠤᠬᠢᠨᠢᠳᠤᠯ》 ᠶᠡᠷᠦ ᠨᠢ ᠪᠠᠢᠭᠰᠠᠭᠠᠷ᠄ ᠵᠧᠵᠢᠶᠠᠩ᠎ᠤᠨ ᠠᠵᠤ ᠠᠬᠤᠢ᠎ᠶ᠋ᠢᠨ ᠲᠣᠭ᠎ᠠ ᠬᠡᠮᠵᠢᠢ᠎ᠡ᠎ᠶ᠋ᠢᠨ ᠥᠷᠭᠡᠵᠢᠯ᠎ᠦᠨ ᠳᠣᠲᠣᠭᠠᠳᠤ ᠵᠥᠷᠢᠴᠡᠯ ᠨᠢ ᠡᠬᠢᠯᠡᠨ ᠢᠯᠡᠷᠡᠪᠡ᠂ ᠴᠠᠬᠢᠯᠭᠠᠨ ᠲᠤᠲᠠᠭᠳᠠᠬᠤ᠂ ᠤᠰᠤ ᠲᠤᠲᠠᠭᠳᠠᠬᠤ᠂ ᠭᠠᠵᠠᠷ ᠱᠢᠷᠣᠢ᠎ᠶ᠋ᠢᠨ ᠬᠠᠩᠭᠠᠯᠭ᠎ᠠ ᠲᠤᠲᠠᠭᠳᠠᠬᠤ ᠁ ᠪᠦᠬᠦ᠌ ᠮᠤᠵᠢ᠎ᠶ᠋ᠢᠨ ᠬᠡᠪᠴᠢᠶᠡᠵᠢᠯ᠎ᠡᠴᠡ ᠳᠡᠭᠡᠭ᠌ᠰᠢᠬᠢ ᠠᠵᠤ ᠦᠢᠯᠡᠳᠪᠦᠷᠢ᠎ᠶ᠋ᠢᠨ ᠠᠵᠤ ᠠᠬᠤᠢᠯᠠᠯ᠎ᠤᠨ ᠪᠡᠶᠡᠯᠡᠭᠦᠯᠦᠭ᠌ᠰᠡᠨ ᠠᠱᠢᠭ ᠬᠣᠨᠵᠢᠪᠣᠷᠢ ᠨᠢᠭᠡ ᠦᠶ᠎ᠡ ᠪᠠᠭᠤᠷᠠᠵᠤ᠂ ᠨᠢᠭᠡ ᠦᠶ᠎ᠡ ᠭᠠᠳᠠᠨᠠᠬᠢ ᠤᠷᠴᠢᠨ᠎ᠤ ᠲᠠᠷᠤᠯᠲᠠ ᠨᠡᠮᠡᠭᠳᠡᠵᠦ᠂ ᠠᠵᠤ ᠠᠬᠤᠢᠯᠠᠯ ᠪᠣᠯᠤᠨ ᠵᠠᠬ᠎ᠠ ᠳᠡᠯᠭᠡᠭᠦᠷ᠎ᠦᠨ ᠢᠲᠡᠭᠡᠯ ᠨᠢ ᠪᠠᠭᠤᠷᠠᠪᠠ᠃
ᠵᠧᠵᠢᠶᠠᠩ᠎ᠤᠨ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ ᠶᠠᠭᠠᠬᠢᠪᠠᠯ ᠰᠠᠶᠢ ᠯᠠᠪᠳᠠᠭᠤᠨ᠂ ᠬᠤᠯᠠ ᠶᠠᠪᠤᠵᠤ ᠴᠢᠳᠠᠬᠤ ᠪᠤᠢ?
《ᠵᠧᠵᠢᠶᠠᠩ᠎ᠤᠨ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠵᠠᠩᠭᠢᠯᠠᠭ᠎ᠠ᠎ᠶ᠋ᠢᠨ ᠴᠠᠭ ᠮᠥᠴᠡ᠎ᠳᠦ᠂ ᠰᠢ ᠱᠦᠵᠢ ᠪᠢᠳᠡᠨ᠎ᠢ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠣᠯᠵᠤ ᠠᠯᠳᠠᠬᠤ᠎ᠶ᠋ᠢ ᠯᠠᠪᠳᠠᠭᠤᠨ ᠪᠣᠯᠭᠣᠮᠵᠢᠲᠠᠢ ᠢᠯᠭᠠᠨ ᠵᠠᠳᠠᠯᠬᠤ ᠬᠡᠷᠡᠭ᠌ᠲᠡᠢ ᠭᠡᠵᠦ᠍ ᠰᠡᠩᠬᠡᠷᠡᠭᠦᠯᠪᠡ》 ᠭᠡᠵᠦ᠍ ᠱᠢᠤᠢ ᠭᠤᠸᠠᠨ ᠵᠢᠤᠢ ᠬᠡᠯᠡᠪᠡ᠃
ᠰᠢ ᠵᠢᠨ ᠫᠢᠩ 《ᠴᠢᠶᠠᠨ ᠲᠠᠩ ᠵᠢᠶᠠᠩ᠎ᠤᠨ ᠱᠢᠨ᠎ᠡ ᠦᠭᠦᠯᠡᠮᠵᠢ》 ᠳ᠋ᠤ ᠢᠩᠭᠢᠵᠦ᠍ ᠪᠢᠴᠢᠵᠡᠢ᠄ 《ᠤᠳᠤ᠂ ᠤᠯᠤᠰ᠎ᠡᠴᠡ ᠬᠣᠷᠸ᠎ᠠ ᠡᠵᠡᠮᠱᠢᠯ ᠲᠤᠬᠢᠷᠠᠭᠤᠯᠭ᠎ᠠ᠎ᠶ᠋ᠢᠨ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠬᠦ᠌ ᠪᠠ ᠪᠣᠳᠠᠲᠤ ᠠᠵᠤ ᠠᠬᠤᠢ᠎ᠶ᠋ᠢᠨ ᠠᠵᠢᠯᠯᠠᠭ᠎ᠠ᠎ᠶ᠋ᠢᠨ ᠳᠤᠮᠳᠠᠬᠢ ᠡᠬᠢ ᠪᠠᠶᠠᠯᠢᠭ᠎ᠤᠨ ᠡᠯᠧᠮᠧᠨ᠋ᠲ᠎ᠶᠢᠨ ᠪᠣᠭᠣᠮᠢ ᠬᠢᠵᠠᠭᠠᠷᠯᠠᠯ ᠨᠢ ᠱᠢᠨ᠎ᠡ 〈ᠬᠡᠳᠡᠷᠬᠦ᠌ ᠱᠢᠬᠠᠮᠳᠠᠭᠤᠯᠬᠤ〉 ᠲᠣᠭ᠍ᠲᠡᠴᠡ᠎ᠶ᠋ᠢ ᠪᠦᠷᠢᠯᠳᠦᠭᠦᠯᠵᠡᠢ᠂ ᠦᠨᠡᠨ᠎ᠳᠡᠭᠡᠨ ᠡᠨᠡ ᠨᠢ ᠮᠥᠨ ᠴᠦ᠍ ᠠᠵᠤ ᠠᠬᠤᠢ᠎ᠶ᠋ᠢᠨ ᠪᠦᠲᠦᠴᠡ᠎ᠶ᠋ᠢ ᠲᠤᠬᠢᠷᠠᠭᠤᠯᠬᠤ ᠂ ᠨᠡᠮᠡᠭ᠌ᠳᠡᠯ᠎ᠦᠨ ᠠᠷᠭ᠎ᠠ ᠬᠡᠯᠪᠡᠷᠢ᠎ᠶ᠋ᠢ ᠬᠤᠪᠢᠷᠠᠭᠤᠯᠬᠤ ᠨᠢᠭᠡᠨ ᠠᠵᠠ ᠲᠣᠬᠢᠶᠠᠯ ᠪᠣᠯᠤᠨ᠎ᠠ》᠃
2006 ᠣᠨ᠎ᠤ 6 ᠰᠠᠷ᠎ᠠ᠎ᠶ᠋ᠢᠨ 3 ᠤ᠋ ᠡᠳᠦᠷ᠂ ᠵᠧᠵᠢᠶᠠᠩ᠎ᠤᠨ ᠬᠤᠳᠠᠯᠳᠤᠭᠠᠴᠢᠳ᠎ᠤᠨ ᠶᠡᠬᠡ ᠬᠤᠷᠠᠯ ᠵᠢᠴᠢ ᠵᠧᠵᠢᠶᠠᠩ᠎ᠤᠨ ᠬᠤᠳᠠᠯᠳᠤᠭᠠᠴᠢᠳ᠎ᠤᠨ ᠶᠠᠷᠢᠶᠠᠨ᠎ᠤ ᠲᠠᠪᠴᠠᠩ ᠳᠡᠭᠡᠷ᠎ᠡ᠂ ᠰᠢ ᠵᠢᠨ ᠫᠢᠩ ᠨᠠᠨᠳᠢᠨ ᠬᠦᠰᠡᠯ ᠲᠤᠷᠠᠳᠴᠠᠢ᠄ ᠵᠧᠵᠢᠶᠠᠩ᠎ᠤᠨ ᠬᠤᠳᠠᠯᠳᠤᠭᠠᠴᠢᠳ ᠴᠠᠭ ᠦᠶ᠎ᠡ᠎ᠲᠠᠢ ᠵᠡᠷᠭᠡ ᠪᠡᠷ ᠤᠷᠤᠭ᠍ᠰᠢᠯᠠᠬᠤ ᠵᠧᠵᠢᠶᠠᠩ᠎ᠤᠨ ᠵᠣᠷᠢᠭ ᠰᠠᠨᠠᠭ᠎ᠠ᠎ᠶ᠋ᠢ ᠦᠷᠭᠦᠯᠵᠢᠯᠡᠨ ᠪᠠᠳᠠᠷᠠᠭᠤᠯᠵᠤ᠂ ᠵᠧᠵᠢᠶᠠᠩ᠎ᠤᠨ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ᠎ᠶ᠋ᠢᠨ ᠱᠢᠨ᠎ᠡ ᠦᠰᠦᠷᠦᠯᠲᠡ᠎ᠶ᠋ᠢ ᠴᠢᠷᠮᠠᠢᠨ ᠪᠡᠶᠡᠯᠡᠭᠦᠯᠵᠦ᠍᠂ ᠵᠧᠵᠢᠶᠠᠩ᠎ᠤᠨ ᠲᠦᠷᠭᠡᠨ ᠪᠥᠭᠡᠳ ᠰᠠᠢ᠌ᠨ ᠬᠥᠭ᠌ᠵᠢᠯᠲᠡ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠬᠠᠮᠲᠤ᠎ᠪᠠᠷ ᠴᠢᠷᠮᠠᠢᠬᠤᠬᠡᠷᠡᠭᠲᠡᠢ᠃
ᠲᠡᠷᠡ ᠤᠯᠠᠨ᠎ᠢ ᠪᠡᠶ᠎ᠡ᠎ᠪᠡᠨ ᠳᠠᠭᠠᠭᠠᠵᠤ ᠱᠢᠨ᠎ᠡ᠎ᠶ᠋ᠢ ᠡᠭᠦᠳᠬᠦ᠌᠎ᠶ᠋ᠢ ᠨᠡᠩ ᠴᠢᠬᠤᠯᠠᠴᠢᠯᠠᠵᠤ᠂ ᠲᠦᠷᠦᠯ ᠲᠡᠮᠳᠡᠭ᠎ᠦᠨ ᠪᠠᠢᠭᠤᠯᠤᠯᠲᠠ᠎ᠶ᠋ᠢ ᠨᠡᠩ ᠴᠢᠬᠤᠯᠠᠴᠢᠯᠠᠵᠤ᠂ ᠡᠬᠢ ᠪᠠᠶᠠᠯᠢᠭ᠎ᠢ ᠠᠷᠪᠢᠯᠠᠬᠤ᠎ᠶ᠋ᠢ ᠨᠡᠩ ᠴᠢᠬᠤᠯᠠᠴᠢᠯᠠᠵᠤ᠂ ᠴᠢᠳᠠᠪᠤᠷᠢᠲᠠᠨ ᠪᠠ ᠬᠠᠮᠢᠶᠠᠷᠤᠯᠲᠠ᠎ᠶ᠋ᠢ ᠨᠡᠩ ᠴᠢᠬᠤᠯᠠᠴᠢᠯᠠᠵᠤ᠂ ᠪᠦᠳᠦᠭᠦᠯᠢᠭ ᠬᠡᠯᠪᠡᠷᠢ᠎ᠶ᠋ᠢᠨ ᠨᠡᠮᠡᠭ᠌ᠳᠡᠯ᠎ᠦᠨ ᠠᠷᠭ᠎ᠠ ᠬᠡᠯᠪᠡᠷᠢ᠎ᠶ᠋ᠢ ᠦᠨᠳᠦᠰᠦᠨ᠎ᠡᠴᠡ ᠨᠢ ᠬᠤᠪᠢᠷᠠᠭᠤᠯᠵᠤ᠂ ᠠᠵᠤ ᠦᠢᠯᠡᠰ ᠪᠠ ᠠᠵᠤ ᠠᠬᠤᠢᠯᠠᠯ᠎ᠢ ᠲᠠᠬᠢᠨ ᠴᠤᠭᠴᠠᠯᠠᠵᠤ᠂ ᠲᠤᠢᠯᠪᠤᠷᠢᠲᠠᠢ ᠬᠤᠪᠢᠷᠠᠭᠤᠯᠬᠤ᠎ᠶ᠋ᠢ ᠪᠡᠶᠡᠯᠡᠭᠦᠯᠦᠭᠡᠷᠡᠢ ᠭᠡᠵᠦ᠍ ᠵᠣᠷᠢᠭ᠍ᠵᠢᠭᠤᠯᠪᠠ᠃
ᠴᠠᠭ ᠦᠶ᠎ᠡ᠎ᠲᠡᠶ ᠵᠡᠷᠭᠡ ᠪᠡᠷ ᠤᠷᠤᠭ᠍ᠰᠢᠯᠠᠵᠤ᠂ ᠲᠠᠬᠢᠨ ᠴᠤᠭᠴᠠᠯᠠᠪᠠ᠃ ᠵᠧᠵᠢᠶᠠᠩ᠎ᠤᠨ ᠠᠷᠠᠳ᠎ᠤᠨ ᠡᠵᠡᠩᠨᠡᠯᠲᠡ ᠵᠢᠨ ᠠᠵᠤ ᠠᠬᠤᠢᠯᠠᠯ᠎ᠤᠨ ᠬᠢᠨ《ᠵᠧᠵᠢᠶᠠᠩᠡᠴᠡᠪᠠᠨ ᠭᠠᠷᠴᠤ᠌ ᠵᠧᠵᠢᠶᠠᠩ᠎ᠢᠶᠠᠨ ᠬᠥᠭ᠌ᠵᠢᠭᠦᠯᠵᠦ》᠂ ᠰᠢᠨ᠎ᠠ ᠬᠠᠭᠤᠴᠢᠨ ᠬᠦᠳᠡᠯᠭᠡᠬᠦ ᠡᠨ᠋ᠸᠷᠬᠢ ᠵᠢᠨ ᠰᠤᠯᠢᠭᠳᠠᠯ᠎ᠢᠶᠡᠷ ᠲᠠᠮᠵᠢᠭᠤᠯᠤᠨ ᠠᠵᠤ ᠦᠢᠯᠡᠰ᠎ᠤᠨ ᠪᠦᠳᠦᠴᠡ᠎ᠶᠢ ᠰᠢᠯᠢᠳᠡᠭᠵᠢᠭᠦᠯᠬᠦ ᠪᠠ ᠴᠢᠨᠠᠷ ᠰᠠᠢᠳᠠᠢ ᠬᠦᠭᠵᠢᠯᠳᠡ᠎ᠶᠢ ᠪᠡᠶᠡᠯᠡᠭᠦᠯᠵᠦ᠂ ᠵᠧᠵᠢᠶᠠᠩ ᠬᠡᠯᠪᠡᠷᠢ᠎ᠪᠡᠨ ᠬᠤᠪᠢᠷᠠᠭᠤᠯᠤᠨ ᠳᠡᠰ ᠳᠡᠪᠱᠢᠭᠦᠯᠬᠦ ᠠᠯᠬᠤᠴᠠ᠎ᠪᠠᠨ ᠲᠦᠷᠭᠡᠳᠭᠡᠵᠦ᠍᠂ ᠨᠢᠭᠡ ᠪᠦᠯᠦᠭ ᠦᠪᠡᠷ᠎ᠤᠨ ᠦᠷᠲᠡᠭ᠎ᠢᠶᠡᠷ ᠪᠠᠭ᠎ᠠ᠂ ᠦᠷ᠎ᠡ ᠠᠰᠢᠭ᠎ᠢᠶᠡᠷ ᠦᠨᠳᠦᠷ᠂ ᠬᠦᠭᠵᠢᠯᠲᠡ ᠨᠢ ᠰᠠᠢᠨ 《ᠭᠠᠩᠭᠠᠩ ᠱᠢᠪᠠᠭᠤ》 ᠢᠯᠡᠷᠡᠨ ᠭᠠᠷᠴᠤ ᠢᠷᠡᠨ᠂ ᠠᠯᠢ ᠤᠯᠠᠨ ᠲᠡᠷᠢᠭᠦᠨ᠎ᠦ ᠦᠢᠯᠡᠳᠬᠦ᠌ ᠦᠢᠯᠡᠰ᠎ᠦᠨ ᠰᠠᠭᠤᠷᠢᠨ ᠰᠦᠨᠳᠡᠷᠯᠡᠨ ᠪᠣᠰᠪᠠ᠃
ᠴᠠᠭ ᠦᠶ᠎ᠡ᠎ᠲᠡᠶ ᠵᠡᠷᠭᠡ ᠪᠡᠷ ᠤᠷᠤᠭ᠍ᠰᠢᠯᠠᠵᠤ᠂ ᠲᠤᠢᠯᠪᠤᠷᠢᠲᠠᠶ ᠬᠤᠪᠢᠷᠠᠭᠤᠯᠪᠠ᠃ ᠵᠧᠵᠢᠶᠠᠩ᠎ᠤᠨ ᠮᠠᠰᠢ ᠤᠯᠠᠨ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢᠯᠠᠯ 《ᠶᠠᠰᠤ ᠴᠢᠨᠠᠷ᠎ᠢᠶᠠᠷ ᠠᠨᠠᠢ》᠂ 《ᠲᠡᠮᠳᠡᠭ ᠨᠠᠭᠠᠵᠤ ᠣᠷᠣᠯᠠᠨ ᠠᠵᠢᠯᠯᠠᠬᠤ》᠂ 《ᠮᠡᠷᠭᠡᠵᠢᠯ᠎ᠦᠨ ᠠᠭᠤᠯᠤᠭ᠍ᠳᠡᠴᠡᠪᠠᠷ ᠳᠣᠣᠷ᠎ᠠ》 ᠵᠡᠷᠭᠡ ᠱᠣᠱᠢᠭ᠎ᠠ ᠲᠡᠮᠳᠡᠭ᠎ᠢ ᠤᠷᠠᠵᠤ᠂ ᠠᠵᠤ ᠦᠢᠯᠡᠰ᠎ᠦᠨ ᠱᠢᠨ᠎ᠡ᠎ᠶ᠋ᠢ ᠡᠭᠦᠳᠬᠦ᠌᠎ᠶ᠋ᠢ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠲᠡᠶ ᠨᠢᠭ᠍ᠲᠠ ᠤᠶᠠᠯᠳᠤᠭᠤᠯᠵᠤ ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠦᠴᠦᠷᠬᠡᠭ ᠮᠤᠵᠢ ᠪᠠ ᠲᠦᠷᠦᠯ ᠲᠡᠮᠳᠡᠭ᠎ᠦᠨ ᠲᠤᠮᠤ ᠮᠤᠵᠢ᠎ᠶ᠋ᠢ ᠪᠠᠢᠭᠤᠯᠬᠤ᠎ᠳᠤ ᠣᠷᠣᠯᠴᠠᠪᠠ᠃
ᠣᠳᠣᠬᠠᠨ᠎ᠤ ᠵᠧᠵᠢᠶᠠᠩ᠎ᠤᠨ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ᠎ᠵᠢᠨ ᠲᠣᠭ᠎ᠠ ᠪᠠᠷᠢᠮᠲᠠ ᠨᠢ ᠬᠦᠮᠦᠰ᠎ᠤᠨ ᠠᠩᠬᠠᠷᠤᠯ᠎ᠢ ᠲᠠᠲᠠᠵᠤ᠂ 《ᠪᠠᠢᠯᠳᠤᠬᠤ ᠬᠦᠴᠦᠨ》 ᠨᠢ ᠮᠠᠰᠢ ᠴᠢᠩᠭ᠎ᠠ ᠪᠤᠯᠵᠠᠢ᠃ ᠵᠧᠵᠢᠶᠠᠩ᠎ᠤᠨ ᠲᠤᠰ ᠪᠡᠶ᠎ᠡ᠎ᠡᠴᠡ ᠠᠪᠴᠤ᠌ ᠦᠵᠡᠪᠡᠯ᠂ 《67889》 ᠪᠤᠯᠤᠨ᠎ᠠ᠂ ᠪᠦᠬᠦ᠌ ᠮᠤᠵᠢ᠎ᠶ᠋ᠢᠨ 67.2% ᠤ᠋ᠨ ᠦᠢᠯᠡᠳᠪᠦᠷᠢᠯᠡᠯ᠎ᠦᠨ ᠶᠡᠷᠦᠩᠬᠡᠢ ᠦᠷᠳᠡᠭ᠂ 73.4% ᠵᠢᠨ ᠭᠠᠢᠯᠢ ᠲᠠᠲᠠᠪᠤᠷᠢ᠂ 80.8% ᠵᠢᠨ ᠭᠠᠳᠠᠭᠠᠳᠤ ᠣᠷᠣᠭᠤᠯᠤᠯᠲᠠ ᠭᠠᠷᠭᠠᠯᠲᠠ᠂ 87.5% ᠵᠢᠨ ᠠᠵᠢᠯ ᠣᠯᠭᠣᠯᠲᠠ᠂ 96.8% ᠵᠢᠨ ᠡᠵᠡᠩᠨᠡᠯᠲᠡ᠎ᠶ᠋ᠢᠨ ᠭᠣᠣᠯ ᠴᠣᠭ᠍ᠴᠠ᠎ᠶ᠋ᠢ ᠡᠭᠦᠳᠴᠡᠢ; ᠪᠥᠬᠥ᠌ ᠤᠯᠤᠰ᠎ᠤᠨ ᠨᠡᠷᠡᠰ᠎ᠦᠨ ᠵᠢᠭ᠍ᠰᠠᠭᠠᠯᠲᠠ᠎ᠡᠴᠡ ᠦᠵᠡᠪᠡᠯ᠂ 《ᠳᠤᠮᠳᠠᠳᠤ ᠤᠯᠤᠰ᠎ᠤᠨ ᠠᠷᠠᠳ᠎ᠤᠨ ᠡᠵᠡᠩᠨᠡᠯᠲᠡ ᠵᠢᠨ ᠠᠵᠤ ᠠᠬᠤᠢᠯᠠᠯ᠎ᠤᠨ 500 ᠬᠦᠴᠦᠷᠬᠡᠭ》 ᠵᠡᠷᠭᠡ 5 ᠨᠡᠷᠡᠰ᠎ᠦᠨ ᠵᠢᠭ᠍ᠰᠠᠭᠠᠯᠲᠠ᠎ᠳᠤ ᠲᠤᠭ᠎ᠠ ᠬᠡᠮᠵᠢᠶ᠎ᠡ ᠨᠢ ᠴᠥᠮ ᠨᠢᠭᠡᠳᠦᠭᠡᠷ᠎ᠲᠦ ᠣᠷᠣᠪᠠ᠃
᠁᠁
《ᠴᠢᠶᠠᠨ ᠲᠠᠩ ᠵᠢᠶᠠᠩ ᠮᠦᠷᠡᠨ ᠲᠤᠯᠬᠢᠶᠠᠯᠠᠨ ᠲᠠᠪᠠᠯᠭᠠᠯᠠᠵᠤ᠂ ᠤᠰᠤᠨ᠎ᠤ ᠪᠠᠢᠳᠠᠯ ᠰᠦᠷᠯᠢᠭ ᠲᠠᠯᠠᠢᠴᠠᠲᠠᠢ》᠃ ᠴᠠᠭ ᠦᠶ᠎ᠡ᠎ᠲᠠᠢ ᠵᠡᠷᠭᠡ᠎ᠪᠠᠷ ᠤᠷᠤᠭ᠍ᠰᠢᠯᠠᠭ᠍ᠰᠠᠨ ᠵᠧᠵᠢᠶᠠᠩ᠎ᠤᠨ ᠵᠣᠷᠢᠭ ᠰᠠᠨᠠᠭ᠎ᠠ ᠨᠢ ᠶᠠᠭ ᠮᠥᠷᠡᠨ᠎ᠦ ᠤᠰᠤ ᠮᠡᠲᠦ ᠳᠠᠪᠠᠯᠭᠠᠯᠠᠨ ᠳᠣᠯᠭᠢᠶᠠᠯᠠᠨ᠎ᠠ ᠁
ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠰᠢ᠂ ᠶᠡᠷᠦᠩᠬᠡᠢ ᠱᠦᠵᠢ ᠰᠢ ᠵᠢᠨ ᠫᠢᠩ ᠠᠳᠠᠯᠢ ᠪᠤᠰᠤ ᠲᠠᠯᠠᠪᠤᠷ᠎ᠲᠤ ᠤᠶᠤᠨ ᠰᠠᠨᠠᠭᠠᠨ᠎ᠤ ᠬᠦᠴᠦᠨ ᠴᠢᠳᠠᠯ᠎ᠤᠨ ᠲᠤᠬᠠᠢ ᠣᠯᠠᠨᠲᠠ ᠶᠠᠷᠢᠵᠤ᠂ 《ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠶᠤᠨ ᠰᠠᠨᠠᠭᠠᠨ᠎ᠤ ᠴᠠᠳᠢᠭ》ᠭᠡᠬᠦ᠌ ᠡᠨᠡ ᠬᠦ᠌ ᠪᠦᠬᠦᠯᠢ ᠴᠣᠭ᠍ᠴᠠ᠎ᠶ᠋ᠢᠨ ᠴᠢᠨᠠᠷᠲᠠᠢ ᠤᠬᠠᠭ᠍ᠳᠠᠬᠤᠨ᠎ᠢ ᠳᠤᠷᠠᠳᠤᠨ ᠭᠠᠷᠭᠠᠪᠠ᠃
2017 ᠣᠨ᠎ᠤ 10 ᠰᠠᠷ᠎ᠠ᠎ᠶ᠋ᠢᠨ 31 ᠤ᠋ ᠡᠳᠦᠷ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠲᠡᠭᠦᠰᠦᠭᠡᠳ ᠨᠢᠭᠡ ᠭᠠᠷᠠᠭ ᠪᠣᠯᠤᠮᠠᠭ᠍ᠴᠠ ᠂ ᠶᠡᠷᠦᠩᠬᠡᠢ ᠱᠦᠵᠢ ᠰᠢ ᠵᠢᠨ ᠫᠢᠩ ᠲᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠤᠯᠤᠰ ᠲᠦᠷᠦ᠍᠎ᠶ᠋ᠢᠨ ᠲᠣᠪᠴᠢᠶ᠎ᠠ ᠵᠢᠨ ᠪᠠᠢᠩᠭᠤ᠎ᠶ᠋ᠢᠨ ᠭᠡᠱᠢᠭᠦᠳ᠎ᠢ ᠳᠠᠭᠠᠭᠤᠯᠤᠨ ᠱᠠᠩᠬᠠᠢᠪᠤᠯᠤᠨ ᠵᠢᠶᠠᠱᠢᠩ ᠳ᠋ᠤ ᠬᠦᠷᠴᠦ᠍᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠩᠬᠠᠳᠤᠭᠠᠷ ᠶᠡᠬᠡ ᠬᠤᠷᠠᠯ᠎ᠤᠨ ᠭᠠᠵᠠᠷ ᠪᠣᠯᠤᠨ ᠨᠠᠨ ᠬᠣ᠌ ᠨᠠᠭᠤᠷ᠎ᠤᠨ ᠤᠯᠠᠭᠠᠨ ᠣᠩᠭᠣᠴᠠ᠎ᠶ᠋ᠢ ᠪᠠᠷᠠᠳᠠᠪᠠ᠃
ᠨᠠᠨ ᠬᠣ᠌ ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠤ ᠡᠮᠦᠨ᠎ᠡ᠂ ᠲᠠᠢᠯᠪᠤᠷᠢᠯᠠᠭ᠍ᠴᠢ ᠶᠤᠸᠠᠨ ᠵᠢᠩ ᠭᠦᠨ ᠰᠡᠳᠭᠢᠯᠭᠡ᠎ᠲᠡᠶ᠎ᠪᠡᠷ᠄ 《ᠡᠨᠡ ᠪᠣᠯ ᠲᠠᠨ᠎ᠤ ᠦᠪᠡᠷ᠎ᠤᠨ ᠪᠡᠶ᠎ᠡ ᠪᠡᠷ᠎ᠢᠶᠡᠨ ᠰᠠᠭᠤᠷᠢ ᠲᠠᠯᠪᠢᠭᠰᠠᠨ ᠱᠢᠨ᠎ᠡ ᠣᠷᠳᠣᠨ ᠪᠣᠯᠤᠨ᠎ᠠ᠃ ᠠᠷᠪᠠᠨ ᠬᠡᠳᠦᠨ ᠵᠢᠯ᠎ᠤᠨ ᠬᠦᠰᠡᠨ ᠬᠦᠯᠢᠶᠡᠯᠲᠡ᠂ ᠲᠠ ᠬᠦᠷᠦᠭᠡᠳ ᠢᠷᠡᠯ᠎ᠡ!》 ᠭᠡᠵᠡᠢ᠃
《ᠳᠤᠷᠠᠰᠭᠠᠯ᠎ᠤᠨ ᠣᠷᠳᠣᠨ᠎ᠤ ᠰᠠᠭᠤᠷᠢ ᠵᠢ ᠲᠠᠯᠪᠢᠭ᠍ᠰᠠᠨ ᠲᠡᠷᠡ ᠮᠥᠴᠡ᠎ᠡᠴᠡ ᠡᠬᠢᠯᠡᠨ᠂ ᠪᠠᠷᠢᠯᠭ᠎ᠠ ᠳᠠᠭᠤᠰᠤᠭ᠍ᠰᠠᠨ᠎ᠤ ᠳᠠᠷᠠᠭ᠎ᠠ ᠢᠷᠡᠵᠦ᠍ ᠦᠵᠡᠶ᠎ᠡ ᠭᠡᠵᠦ᠍ ᠪᠢ ᠪᠤᠳᠤᠭ᠍ᠰᠠᠭᠠᠷ ᠪᠠᠢᠵᠠᠢ ᠂ ᠥᠨᠥᠳᠦᠷ ᠰᠠᠨᠠᠭ᠍ᠰᠠᠨᠢᠶᠠᠷᠢᠶᠠᠨ ᠪᠣᠯᠤᠯ᠎ᠠ᠂ ᠦᠨᠡᠬᠡᠷ ᠭᠦᠨ ᠬᠥᠮᠦᠵᠢᠯ ᠪᠠ ᠵᠣᠷᠢᠭ᠍ᠵᠢᠭᠤᠯᠤᠯ ᠣᠯᠵᠠᠢ》᠃ ᠶᠡᠷᠦᠩᠬᠡᠢ ᠱᠦᠵᠢ ᠰᠢ ᠵᠢᠨ ᠫᠢᠩ᠂ ᠴᠠᠭ ᠦᠶ᠎ᠡ᠎ᠶ᠋ᠢᠨ ᠣᠨᠴᠠᠯᠢᠭ᠎ᠲᠠᠶ ᠤᠶᠠᠯᠳᠤᠭᠤᠯᠤᠨ 《ᠤᠯᠠᠭᠠᠨ ᠣᠩᠭᠣᠴᠠᠨ᠎ᠤ ᠵᠣᠷᠢᠭ ᠰᠠᠨᠠᠭ᠎ᠠ》 ᠵᠢ ᠶᠡᠬᠡᠪᠡᠷ ᠪᠠᠳᠠᠷᠠᠭᠤᠯᠵᠤ᠂ 《ᠤᠯᠠᠭᠠᠨ ᠣᠩᠭᠣᠴᠠᠨ᠎ᠤ ᠵᠣᠷᠢᠭ ᠰᠠᠨᠠᠭ᠎ᠠ》 ᠵᠢ ᠡᠭᠦᠷᠢᠳᠡ ᠭᠡᠷᠡᠯ ᠭᠢᠯᠪᠠᠭ᠎ᠠ ᠰᠠᠴᠤᠷᠠᠭᠤᠯᠬᠤ ᠬᠡᠷᠡᠭ᠌ᠲᠡᠢ ᠭᠡᠵᠦ᠍ ᠴᠢᠬᠤᠯᠠᠴᠢᠯᠠᠪᠠ᠃
2021 ᠣᠨ᠎ᠤ 9 ᠰᠠᠷ᠎ᠠ᠎ᠶ᠋ᠢᠨ 1 ᠤ᠋ ᠡᠳᠦᠷ ᠬᠡᠪᠯᠡᠭ᠌ᠳᠡᠭ᠌ᠰᠡᠨ 17 ᠳ᠋ᠤᠭᠠᠷ ᠬᠤᠭᠤᠴᠠᠭᠠᠨ᠎ᠤ 《ᠦᠨᠡᠨ》 ᠰᠡᠳᠬᠦᠯ ᠶᠡᠷᠦᠩᠬᠡᠢ ᠱᠦᠵᠢ ᠰᠢ ᠵᠢᠨ ᠫᠢᠩ᠎ᠦᠨ 《ᠨᠠᠮ᠎ᠤᠨ ᠠᠭᠤᠤ ᠶᠡᠬᠡ ᠵᠤᠷᠢᠭ ᠰᠠᠨᠠᠭ᠎ᠠ ᠨᠢ ᠦᠨᠢᠳᠡ ᠨᠠᠮ ᠪᠤᠯᠤᠨ ᠤᠯᠤᠰ᠎ᠤᠨ ᠡᠷᠬᠢᠮ ᠨᠠᠨᠳᠢᠨ ᠤᠶᠤᠨ ᠰᠠᠨᠠᠭᠠᠨ᠎ᠤ ᠦᠪ ᠬᠦᠷᠦᠩᠭᠡ ᠮᠦᠨ》 ᠭᠡᠬᠦ ᠴᠢᠬᠤᠯᠠ ᠵᠣᠬᠢᠶᠠᠯ᠎ᠢ ᠨᠡᠢᠲᠡᠯᠡᠪᠡ᠃
ᠵᠣᠬᠢᠶᠠᠯ᠎ᠳᠤ᠂ ᠬᠥᠮᠦᠨ ᠵᠣᠷᠢᠭ ᠰᠠᠨᠠᠭ᠎ᠠ ᠦᠭᠡᠢ ᠪᠣᠯ ᠲᠣᠭ᠍ᠲᠠᠨᠢᠵᠤ ᠴᠢᠳᠠᠬᠤ ᠦᠭᠡᠢ᠂ ᠤᠯᠤᠰ ᠣᠷᠣᠨ ᠵᠣᠷᠢᠭ ᠰᠠᠨᠠᠭ᠎ᠠ ᠦᠭᠡᠢ ᠪᠣᠯ ᠬᠦᠴᠦᠷᠬᠡᠭ᠌ᠵᠢᠵᠦ᠍ ᠴᠢᠳᠠᠬᠤ ᠦᠭᠡᠢ᠃ ᠭᠠᠭ᠍ᠴᠠ ᠬᠦ᠌ ᠵᠣᠷᠢᠭ ᠰᠠᠨᠠᠭᠠᠨ᠎ᠤ ᠲᠠᠯ᠎ᠠ᠎ᠪᠠᠷ ᠵᠣᠭ᠍ᠰᠣᠯᠲᠠ ᠪᠠᠲᠤ ᠪᠠᠢᠪᠠᠯ ᠨᠢᠭᠡ ᠦᠨᠳᠦᠰᠦᠲᠡᠨ ᠰᠠᠶᠢ ᠲᠡᠦᠬᠡ᠎ᠶ᠋ᠢᠨ ᠤᠷᠤᠰᠭᠠᠯ ᠳᠤᠮᠳᠠ ᠰᠡᠬᠦᠢᠨ ᠰᠦᠨᠳᠡᠷᠯᠡᠵᠦ᠍᠂ ᠤᠷᠤᠰᠭᠠᠯ᠎ᠤᠨ ᠡᠮᠦᠨ᠎ᠡ ᠵᠣᠭ᠍ᠰᠣᠵᠤ ᠴᠢᠳᠠᠨ᠎ᠠ ᠭᠡᠵᠦ ᠴᠢᠬᠤᠯᠠᠴᠢᠯᠠᠪᠠ᠃
ᠨᠠᠨ ᠬᠣ᠌ ᠨᠠᠭᠤᠷ᠎ᠤᠨ ᠬᠥᠪᠡᠭᠡᠨ᠎ᠳᠦ᠂ ᠦᠵᠡᠰᠭᠦᠯᠡᠩᠲᠦ ᠰᠠᠢᠬᠠᠨ ᠦᠵᠡᠮᠵᠢ ᠪᠦᠷᠢᠳᠦᠨ᠂ ᠤᠯᠠᠭᠠᠨ ᠣᠩᠭᠣᠴᠠ ᠬᠡᠪ᠎ᠢᠶᠡᠷ᠎ᠢᠶᠡᠨ ᠪᠠᠢᠨ᠎ᠠ᠃ ᠴᠠᠭ ᠦᠶ᠎ᠡ ᠬᠤᠪᠢᠷᠠᠵᠤ᠂ ᠵᠣᠷᠢᠭ ᠰᠠᠨᠠᠭ᠎ᠠ ᠮᠥᠩᠬᠡᠷᠡᠨ᠎ᠡ᠃
《ᠰᠣᠶᠣᠯ᠎ᠤᠨ ᠬᠥᠭ᠌ᠵᠢᠯᠲᠡ᠎ᠶ᠋ᠢ ᠬᠦᠯᠢᠶᠡᠰᠦᠯᠡᠵᠦ᠍ ᠪᠠᠢᠭ᠎ᠠ ᠠᠯᠢᠪᠠ ᠦᠵᠡᠯ ᠰᠠᠨᠠᠭ᠎ᠠ ᠣᠢᠯᠠᠭᠠᠭ᠍ᠳᠠᠬᠤᠨ ᠪᠠ ᠪᠠᠢᠭᠤᠯᠤᠯ ᠲᠣᠭ᠍ᠲᠡᠴᠡ᠎ᠶ᠋ᠢ ᠡᠪᠳᠡᠨ᠎ᠠ》
《ᠳᠡᠯᠡᠬᠡᠢ ᠳ᠋ᠠᠬᠢᠨ᠎ᠤ ᠲᠦᠮᠡᠨ ᠪᠣᠳᠠᠰ ᠪᠠᠢᠬᠤ ᠦᠭᠡᠢ ᠡᠴᠡ ᠪᠠᠢᠬᠤ ᠪᠤᠯᠵᠤ ᠪᠠᠳᠠᠷᠠᠨ ᠬᠦᠭᠵᠢᠳᠡᠭ》᠂ ᠡᠨᠡ ᠪᠣᠯ ᠨᠢᠭᠡᠨ ᠡᠷᠲᠡᠨ᠎ᠦ ᠭᠦᠨ ᠤᠬᠠᠭᠠᠨ᠎ᠤ ᠰᠡᠳᠦᠪ ᠪᠣᠯᠤᠨ᠎ᠠ᠃ ᠵᠧᠵᠢᠶᠠᠩ᠎ᠳᠤ 20 ᠭᠠᠷᠤᠶ ᠵᠢᠯ᠎ᠦᠨ ᠡᠮᠦᠨ᠎ᠡ ᠡᠬᠢᠯᠡᠭ᠌ᠰᠡᠨ ᠰᠣᠶᠣᠯ᠎ᠤᠨ ᠪᠠᠢᠭᠤᠯᠤᠯ᠎ᠤᠨ ᠥᠭᠡᠷᠡᠴᠢᠯᠡᠯᠲᠡ ᠨᠢ ᠡᠨᠡ ᠬᠦ᠌ ᠶᠣᠰᠣ᠎ᠶ᠋ᠢ ᠳᠠᠬᠢᠨ ᠳᠠᠪᠲᠠᠨ ᠭᠡᠷᠡᠴᠢᠯᠡᠵᠦ᠍ ᠪᠠᠢᠳᠠᠭ᠃
ᠾᠧᠩ ᠳ᠋ᠢᠶᠠᠨ ᠺᠢᠨᠣ᠋ ᠲᠧᠯᠸᠢᠰ᠎ᠦᠨ ᠬᠣᠲᠠ ᠪᠣᠯ ᠲᠠᠷᠤᠢ ᠨᠢᠭᠡᠨ ᠰᠣᠩᠭᠣᠳᠠᠭ ᠵᠢᠱ᠌ᠢᠶ᠎ᠡ ᠪᠣᠯᠤᠨ᠎ᠠ᠃
《ᠵᠠᠮ᠎ᠤᠨ ᠬᠠᠵᠠᠭᠤᠳᠡᠬᠢ ᠳᠥᠭᠥᠮ ᠪᠦᠳᠦᠭᠦᠯᠢᠭ ᠳᠡᠯᠭᠡᠭᠦᠷ》 ᠡᠴᠡ ᠪᠦᠬᠦ᠌ ᠪᠥᠮᠪᠥᠷᠴᠡᠭ᠎ᠦᠨ ᠬᠡᠪᠴᠢᠶ᠎ᠡ᠎ᠪᠡᠷ ᠬᠠᠮᠤᠭ᠎ᠤᠨ ᠶᠡᠬᠡ ᠺᠢᠨᠣ᠋ ᠲᠧᠯᠸᠢᠰ᠎ᠦᠨ ᠰᠡᠭᠦᠳᠡᠷᠯᠡᠬᠦ᠌ ᠰᠠᠭᠤᠷᠢᠨ ᠬᠦᠷᠲᠡᠯ᠎ᠡ᠂ ᠾᠧᠩ ᠳ᠋ᠢᠶᠠᠨ ᠨᠢ ᠶᠠᠭᠤ ᠴᠤ᠌ ᠦᠭᠡᠢ ᠪᠠᠢᠭ᠍ᠰᠠᠨ᠎ᠡᠴᠡ᠎ᠪᠠᠨ ᠶᠠᠭᠤ ᠴᠤ᠌ ᠲᠤᠲᠠᠬᠤ ᠦᠭᠡᠢ ᠪᠤᠯᠵᠤ ᠳᠠᠬᠢᠨ ᠬᠢᠵᠠᠭᠠᠷ ᠦᠭᠡᠢ ᠪᠣᠯᠤᠯᠴᠠᠭ᠎ᠠ᠎ᠲᠠᠶ ᠪᠣᠯᠬᠤ ᠶᠠᠪᠤᠴᠠ᠎ᠶ᠋ᠢ ᠥᠩᠭᠡᠷᠡᠭᠡᠪᠡ᠃
2003 ᠣᠨ᠎ᠳᠤ ᠵᠧᠵᠢᠶᠠᠩ ᠪᠦᠬᠦ᠌ ᠤᠯᠤᠰ᠎ᠤᠨ ᠠᠩᠬᠠᠨ᠎ᠤ ᠪᠦᠯᠦᠭ᠎ᠤᠨ ᠰᠣᠶᠣᠯ᠎ᠤᠨ ᠪᠠᠢᠭᠤᠯᠤᠯ᠎ᠤᠨ ᠥᠭᠡᠷᠡᠴᠢᠯᠡᠯᠲᠡ᠎ᠶ᠋ᠢᠨ ᠶᠡᠷᠦᠩᠬᠡᠢᠯᠡᠭ᠌ᠰᠡᠨ ᠲᠤᠷᠱᠢᠯᠲᠠ᠎ᠶ᠋ᠢᠨ ᠮᠤᠵᠢ ᠪᠣᠯᠵᠤ᠂ ᠵᠠᠮ ᠰᠦᠪᠡᠭᠴᠢᠯᠡᠬᠦ ᠡᠭᠦᠷᠭᠡ᠎ᠶ᠋ᠢ ᠡᠭᠦᠷᠭᠡᠯᠡᠪᠡ᠃
ᠲᠡᠷᠡ ᠦᠶ᠎ᠡ᠎ᠳᠦ᠂ ᠾᠧᠩ ᠳ᠋ᠢᠶᠠᠨ ᠺᠢᠨᠣ᠋ ᠲᠧᠯᠸᠢᠰ᠎ᠦᠨ ᠬᠣᠲᠠ᠎ᠳᠤ 12 ᠰᠡᠭᠦᠳᠡᠷᠯᠡᠬᠦ᠌ ᠰᠠᠭᠤᠷᠢᠨ ᠪᠠᠢᠵᠤ᠂ ᠶᠠᠭ ᠬᠥᠭ᠌ᠵᠢᠯᠲᠡ᠎ᠶ᠋ᠢᠨ ᠬᠦᠴᠢᠷᠳᠡᠯ᠎ᠳᠦ ᠲᠤᠯᠭᠠᠷᠠᠵᠤ ᠪᠠᠢᠪᠠ — ᠰᠠᠭᠤᠷᠢᠨ᠎ᠡᠴᠡ ᠺᠢᠨᠣ᠋ ᠲᠧᠯᠸᠢᠰ᠎ᠦᠨ ᠡᠬᠢᠨ᠎ᠤ ᠪᠠ ᠡᠴᠦᠰ᠎ᠤᠨ ᠬᠡᠯᠬᠢᠶ᠎ᠡ ᠵᠢᠨ ᠠᠵᠤ ᠦᠶ᠋ᠯᠡᠰ ᠬᠦᠷᠲᠡᠯ᠎ᠡ ᠥᠷᠭᠡᠳᠭᠡᠬᠦ᠌ ᠴᠢᠬᠤᠯᠠᠲᠠᠶ ᠪᠠᠢᠭ᠍ᠰᠠᠨ ᠪᠣᠯᠪᠠᠴᠤ᠌ ᠠᠷᠠᠳ᠎ᠤᠨ ᠡᠵᠡᠩᠨᠡᠯᠲᠡ᠎ᠶ᠋ᠢᠨ ᠬᠥᠷᠥᠩᠭᠡ ᠵᠢᠨ ᠬᠠᠤᠯᠢ ᠶᠣᠰᠣᠭᠠᠷ ᠺᠢᠨᠣ᠋ ᠦᠶ᠋ᠯᠡᠳᠬᠦ᠌᠂ ᠲᠠᠷᠬᠠᠭᠠᠬᠤ᠂ ᠺᠢᠨᠣ᠋ ᠭᠠᠷᠭᠠᠬᠤ ᠵᠡᠷᠭᠡ ᠵᠠᠩᠭᠢᠯᠠᠭ᠎ᠠ᠎ᠶ᠋ᠢᠨ ᠭᠣᠭ᠍ᠴᠣᠭ᠎ᠠ᠎ᠳᠤ ᠣᠷᠣᠬᠤ ᠲᠥᠷᠥ᠎ᠶ᠋ᠢᠨ ᠪᠣᠳᠣᠯᠭ᠎ᠠ᠎ᠶ᠋ᠢᠨ ᠦᠨᠳᠦᠰᠦᠯᠡᠯ ᠳᠤᠲᠠᠭ᠍ᠳᠠᠵᠤ ᠪᠠᠢᠪᠠ ᠁ ᠵᠧᠵᠢᠶᠠᠩ᠎ᠳᠤ ᠲᠤᠱᠢᠶᠠᠯ ᠡᠭᠦᠷᠭᠡᠯᠡᠭᠡᠳ ᠤᠳᠠᠭ᠎ᠠ ᠦᠭᠡᠢ ᠰᠢ ᠵᠢᠨ ᠫᠢᠩ ᠡᠭᠦᠨ᠎ᠢ ᠠᠩᠬᠠᠷᠴᠤ ᠤᠯᠵᠠᠢ᠃
6 ᠰᠠᠷ᠎ᠠ᠎ᠳᠤ᠂ ᠰᠢ ᠵᠢᠨ ᠫᠢᠩ ᠾᠧᠩ ᠳ᠋ᠢᠶᠠᠨ᠎ᠳᠤ ᠬᠦᠷᠴᠦ᠍ ᠪᠠᠢᠴᠠᠭᠠᠨ ᠰᠤᠳᠤᠯᠤᠯᠲᠠ ᠬᠢᠪᠡ᠃ 《ᠲᠡᠷᠡ ᠦᠶ᠎ᠡ᠎ᠳᠦ ᠺᠢᠨᠤ᠋ ᠲᠢᠶᠠᠲᠷ᠎ᠨᠢ ᠤᠯᠤᠰ᠎ᠤᠨ ᠥᠮᠴᠢᠯᠡᠯ᠎ᠦᠨ ᠪᠠᠢᠵᠤ᠂ ᠲᠧᠯᠸᠢᠰ ᠵᠦᠴᠦᠭᠡ᠂ ᠺᠢᠨᠣ᠋᠎ᠶ᠋ᠢᠨ ᠬᠦᠬᠡ ᠲᠦᠷᠦᠯ᠎ᠦᠨ ᠵᠥᠪᠱᠢᠶᠡᠷᠡᠯ᠎ᠦᠨ ᠦᠨᠡᠮᠯᠡᠯ ᠨᠢ ᠴᠦ᠍ ᠵᠥᠪᠬᠡᠨ ᠤᠯᠤᠰ᠎ᠤᠨ ᠥᠮᠴᠢᠯᠡᠯ᠎ᠦᠨ ᠪᠠᠢᠳᠠᠭ᠃ ᠰᠢ ᠵᠢᠨ ᠫᠢᠩ ᠪᠠᠢᠴᠠᠭᠠᠨ ᠰᠤᠳᠤᠯᠤᠯᠲᠠ ᠬᠢᠭ᠌ᠰᠡᠨ᠎ᠦ᠎ᠪᠡᠨ ᠳᠠᠷᠠᠭ᠎ᠠ᠂ ᠾᠧᠩ ᠳ᠋ᠢᠶᠠᠨ ᠵᠢᠳᠭᠦᠯ ᠴᠢᠷᠮᠠᠢᠯᠭ᠎ᠠ ᠭᠠᠷᠭᠠᠵᠤ ᠪᠣᠯᠤᠨ᠎ᠠ ᠭᠡᠵᠦ᠍ ᠦᠵᠡᠪᠡ᠃ ᠲᠡᠷᠡ ᠪᠢᠳᠡᠨ᠎ᠢ ᠵᠣᠷᠢᠭ᠍ᠲᠠᠶ᠎ᠪᠠᠷ ᠰᠦᠪᠡᠭ᠌ᠴᠢᠯᠡᠵᠦ᠍᠂ ᠺᠢᠨᠣ᠋ ᠲᠧᠯᠸᠢᠰ᠎ᠦᠨ ᠰᠣᠶᠣᠯ᠎ᠤᠨ ᠠᠵᠤ ᠦᠶ᠋ᠯᠡᠰ᠎ᠢ ᠶᠡᠬᠡᠪᠡᠷ ᠬᠥᠭ᠌ᠵᠢᠭᠦᠯᠬᠦ᠌᠎ᠶ᠋ᠢ ᠵᠣᠷᠢᠭ᠍ᠵᠢᠭᠤᠯᠪᠠ》 ᠭᠡᠵᠦ ᠾᠧᠩ ᠳ᠋ᠢᠶᠠᠨ ᠪᠦᠯᠦᠭ᠌ᠯᠡᠯ᠎ᠦᠨ ᠳᠡᠳ᠋ ᠶᠡᠷᠦᠩᠬᠡᠢ ᠵᠠᠬᠢᠷᠤᠯ ᠱᠢᠤᠢ ᠲᠢᠶᠠᠨ ᠹᠦ᠋ ᠡᠷᠭᠢᠴᠡᠭᠦᠯᠦᠨ ᠬᠡᠯᠡᠨ᠎ᠡ᠃
ᠪᠠᠢᠴᠠᠭᠠᠨ ᠰᠤᠳᠤᠯᠤᠯᠲᠠ ᠬᠢᠭ᠌ᠰᠡᠨ᠎ᠦ ᠳᠠᠷᠠᠭ᠎ᠠ ᠰᠠᠷ᠎ᠠ ᠭᠠᠷᠤᠢᠪᠤᠯᠤᠭᠠᠳ ᠰᠢ ᠵᠢᠨ ᠫᠢᠩ᠄ ᠪᠢᠳᠡ ᠡᠷᠬᠡᠪᠰᠢ ᠠᠷᠠᠳ᠎ᠤᠨ ᠡᠵᠡᠩᠨᠡᠯᠲᠡ᠎ᠶ᠋ᠢᠨ ᠠᠵᠤ ᠠᠬᠤᠢ᠎ᠶ᠋ᠢ ᠬᠥᠭ᠌ᠵᠢᠭᠦᠯᠬᠦ᠌ ᠵᠢ ᠲᠡᠮᠵᠢᠬᠦ᠎ᠲᠡᠶ ᠠᠳᠠᠯᠢ᠎ᠪᠠᠷ᠂ ᠴᠢᠨᠠᠭ᠍ᠰᠢᠳᠠ ᠨᠡᠬᠡᠬᠡᠯᠳᠡ ᠬᠢᠵᠦ᠍ ᠠᠮᠢᠳᠤᠯᠢᠭ ᠪᠣᠯᠭᠠᠵᠤ᠂ ᠰᠣᠶᠣᠯ᠎ᠤᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠪᠠᠢᠭᠤᠯᠤᠯ᠎ᠤᠨ ᠪᠣᠭᠣᠮᠢ᠎ᠶ᠋ᠢ ᠡᠪᠳᠡᠵᠦ᠂ ᠰᠣᠶᠣᠯ᠎ᠤᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠨᠡᠭᠡᠯᠡᠬᠡᠢ᠎ᠶ᠋ᠢ ᠨᠡᠭᠡᠭᠡᠵᠦ᠍᠂ ᠰᠣᠶᠣᠯ᠎ᠤᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠠᠵᠠ ᠲᠣᠬᠢᠶᠠᠯ᠎ᠢ ᠠᠮᠵᠢᠵᠤ᠂ ᠠᠷᠠᠳ᠎ᠤᠨ ᠡᠵᠡᠩᠨᠡᠯᠲᠡ᠎ᠶ᠋ᠢᠨ ᠰᠣᠶᠣᠯ᠎ᠤᠨ ᠠᠵᠤ ᠠᠬᠤᠢᠯᠠᠯ᠎ᠢ ᠶᠡᠬᠡᠪᠡᠷ ᠬᠥᠭ᠌ᠵᠢᠭᠦᠯᠬᠦ᠌ ᠬᠡᠷᠡᠭ᠌ᠲᠡᠢ ᠭᠡᠵᠦ ᠵᠢᠭᠠᠵᠤ ᠭᠠᠷᠭᠠᠪᠠ᠃
ᠤᠳᠠᠯ ᠦᠭᠡᠢ᠂ ᠮᠤᠵᠢ᠎ᠶ᠋ᠢᠨ ᠲᠡᠰ᠎ᠤᠨ ᠨᠢᠭᠡᠨ ᠪᠠᠢᠴᠠᠭᠠᠨ ᠰᠤᠳᠤᠯᠬᠤ ᠳᠤᠭᠤᠢᠯᠠᠩ ᠾᠧᠩ ᠳ᠋ᠢᠶᠠᠨ᠎ᠳᠤ ᠲᠣᠮᠢᠯᠠᠭ᠍ᠳᠠᠵᠤ᠂ ᠾᠧᠩ ᠳ᠋ᠢᠶᠠᠨ᠎ᠤ ᠺᠢᠨᠣ᠋ ᠲᠧᠯᠸᠢᠰ᠎ᠦᠨ ᠠᠵᠤ ᠦᠢᠯᠡᠰ᠎ᠦᠨ ᠲᠤᠷᠱᠢᠯᠲᠠ᠎ᠶ᠋ᠢᠨ ᠣᠷᠣᠨ᠎ᠢ ᠪᠠᠢᠭᠤᠯᠬᠤ᠎ᠪᠠᠷ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢᠨ ᠴᠡᠭ᠎ᠦᠨ ᠱᠢᠪᠲᠤᠯᠤᠯᠲᠠ ᠪᠣᠯᠭᠠᠵᠤ᠂ ᠲᠤᠷᠱᠢᠯᠲᠠ᠎ᠶ᠋ᠢᠨ ᠣᠷᠣᠨ᠎ᠤ ᠪᠦᠳᠦᠭᠡᠨ ᠪᠠᠢᠭᠤᠯᠤᠯᠲᠠ᠎ᠶ᠋ᠢ ᠳᠡᠮᠵᠢᠬᠦ᠌ ᠬᠣᠯᠪᠣᠭ᠍ᠳᠠᠯ ᠪᠦᠬᠦᠢ ᠲᠦᠷᠦ᠍᠎ᠶ᠋ᠢᠨ ᠪᠤᠳᠤᠯᠭ᠎ᠠ᠎ᠶ᠋ᠢ ᠰᠤᠳᠤᠯᠪᠠ᠃ ᠤᠳᠠᠯ ᠦᠭᠡᠢ᠂ ᠨᠢᠭᠡᠨ ᠬᠤᠪᠢ ᠮᠡᠳᠡᠭᠦᠯᠦᠯᠲᠡ᠎ᠶ᠋ᠢ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶ᠎ᠠ᠎ᠳᠤ ᠮᠡᠳᠡᠭᠦᠯᠪᠡ᠃
2004 ᠣᠨ᠎ᠤ 3 ᠰᠠᠷ᠎ᠠ᠎ᠶᠢᠨ 16 ᠤ᠋ ᠡᠳᠦᠷ᠂ ᠵᠧᠵᠢᠶᠠᠩ ᠮᠤᠵᠢ᠎ᠶᠢᠨ ᠵᠠᠰᠠᠭ᠎ᠤᠨ ᠣᠷᠳᠣᠨ《ᠵᠧᠵᠢᠶᠠᠩ᠎ᠤᠨ ᠾᠧᠩ ᠳ᠋ᠢᠶᠠᠨ ᠺᠢᠨᠣ᠋ ᠲᠧᠯᠸᠢᠰ᠎ᠦᠨ ᠠᠵᠤ ᠦᠢᠯᠡᠰ᠎ᠦᠨ ᠲᠤᠷᠰᠢᠯᠲᠠ᠎ᠶᠢᠨ ᠲᠣᠭᠣᠷᠢᠭ᠋ ᠬᠣᠯᠪᠣᠭᠳᠠᠯ ᠪᠦᠬᠦᠢ ᠲᠦᠷᠦ᠎ᠶᠢᠨ ᠪᠣᠳᠣᠯᠭ᠎ᠠ᠎ᠶᠢ ᠡᠳ᠋ᠯᠡᠬᠦ ᠲᠤᠬᠠᠢ ᠴᠣᠬᠣᠯᠠᠪᠤᠷᠢ》ᠵᠢ ᠲᠠᠷᠬᠠᠭᠠᠪᠠ; 4 ᠰᠠᠷ᠎ᠠ᠎ᠳᠤ᠂ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠢ ᠲᠣᠪᠴᠢᠶ᠎ᠠ᠎ᠶᠢᠨ ᠵᠥᠪᠰᠢᠶᠡᠷᠡᠯ᠎ᠢᠶᠡᠷ ᠂ ᠪᠥᠬᠥ ᠤᠯᠤᠰ᠎ᠤᠨ ᠠᠩᠬᠠᠳᠠᠭ᠍ᠴᠢ ᠤᠯᠤᠰ᠎ᠤᠨ ᠲᠠᠰ᠎ᠤᠨ ᠺᠢᠨᠣ᠋ ᠲᠧᠯᠸᠢᠰ᠎ᠦᠨ ᠠᠵᠤ ᠦᠢᠯᠡᠰ᠎ᠦᠨ ᠲᠤᠷᠰᠢᠯᠲᠠ᠎ᠶᠢᠨ ᠲᠣᠭᠣᠷᠢᠭ᠋ — ᠵᠧᠵᠢᠶᠠᠩ᠎ᠤᠨ ᠾᠧᠩ ᠳ᠋ᠢᠶᠠᠨ ᠺᠢᠨᠣ᠋ ᠲᠧᠯᠸᠢᠰ᠎ᠦᠨ ᠠᠵᠤ ᠦᠢᠯᠡᠰ᠎ᠦᠨ ᠲᠤᠷᠰᠢᠯᠲᠠ᠎ᠶᠢᠨ ᠲᠣᠭᠣᠷᠢᠭ᠋ ᠵᠢᠩᠬᠢᠨᠢ᠎ᠪᠡᠷ ᠫᠠᠢᠰᠠ ᠡᠯᠭᠦᠪᠡ᠃
ᠡᠭᠦᠨ᠎ᠡᠴᠡ ᠡᠬᠢᠯᠡᠨ᠂ ᠲᠤᠷᠰᠢᠯᠲᠠ᠎ᠶᠢᠨ ᠲᠣᠭᠣᠷᠢᠭ᠋ ᠨᠢ ᠺᠢᠨᠣ᠋ ᠲᠧᠯᠸᠢᠰ ᠵᠣᠬᠢᠶᠠᠨ ᠪᠦᠲᠦᠭᠡᠬᠦ᠂ ᠰᠡᠭᠦᠳᠡᠷᠯᠡᠬᠦ᠂ ᠦᠢᠯᠡᠳᠬᠦ᠂ ᠲᠠᠷᠬᠠᠭᠠᠬᠤ᠂ ᠠᠷᠠᠯᠵᠢᠶᠠᠯᠠᠬᠤ᠎ᠶᠢ ᠨᠢᠭᠡ ᠴᠣᠭᠴᠠ ᠪᠣᠯᠭᠠᠵᠤ᠂ ᠺᠢᠨᠣ᠋᠂ ᠲᠧᠯᠸᠢᠰ ᠵᠦᠴᠦᠭᠡ᠎ᠶᠢᠨ ᠬᠢᠨᠠᠨ ᠪᠠᠢᠴᠠᠭᠠᠬᠤ ᠡᠷᠬᠡ᠎ᠲᠠᠢ ᠪᠣᠯᠤᠭᠰᠠᠨ᠎ᠢᠶᠠᠷ ᠪᠠᠷᠠᠬᠤ ᠦᠭᠡᠢ ᠲᠣᠭᠣᠷᠢᠭ᠋᠎ᠲᠤ ᠣᠷᠣᠭᠰᠠᠨ ᠠᠵᠤ ᠠᠬᠤᠢᠯᠠᠯ ᠨᠢ ᠪᠠᠰᠠ ᠭᠠᠢᠯᠢ ᠲᠠᠲᠠᠪᠤᠷᠢ᠎ᠶᠢᠨ ᠬᠠᠷᠠᠭᠠᠯᠵᠠᠯ᠂ ᠭᠠᠵᠠᠷ ᠰᠢᠷᠣᠢ᠎ᠶᠢᠨ ᠬᠡᠷᠡᠭᠯᠡᠯᠲᠡ᠎ᠶᠢᠨ ᠬᠠᠷᠠᠭᠠᠯᠵᠠᠯ᠂ ᠡᠳ᠋᠎ᠦᠨ ᠵᠠᠰᠠᠭ᠎ᠤᠨ ᠨᠥᠬᠥᠪᠦᠷᠢ᠂ ᠵᠠᠬ᠎ᠠ ᠳᠡᠯᠭᠡᠭᠦᠷ᠎ᠲᠦ ᠭᠠᠷᠭᠠᠭᠰᠠᠨ ᠱᠠᠩᠨᠠᠯ ᠵᠡᠷᠭᠡ ᠬᠠᠷᠠᠭᠠᠯᠵᠠᠯ᠎ᠤᠨ ᠲᠥᠷᠥ᠎ᠶᠢᠨ ᠪᠣᠳᠣᠯᠭ᠎ᠠ᠎ᠶᠢ ᠭᠥᠷᠳᠡᠬᠦ ᠪᠤᠯᠪᠠ ᠁
《〈ᠪᠠᠢᠬᠤ ᠦᠭᠡᠢ ᠡᠴᠡ ᠪᠠᠢᠬᠤ ᠪᠤᠯᠭᠠᠪᠠᠯ ᠰᠠᠶᠢ ᠪᠠᠳᠠᠷᠠᠨ ᠬᠦᠭᠵᠢᠭᠦᠯᠵᠦ ᠳᠡᠢᠯᠦᠨ᠎ᠡ〉᠂ ᠡᠭᠦᠨ᠎ᠢ ᠰᠢ ᠵᠢᠨ ᠫᠢᠩ ᠱᠦᠵᠢ ᠪᠢᠳᠡᠨ᠎ᠳᠦ ᠬᠡᠯᠡᠵᠦ ᠥᠭᠭᠦᠭᠰᠡᠨ ᠶᠤᠮ》 ᠭᠡᠵᠦ ᠰᠢᠦᠢ ᠲᠢᠶᠠᠨ ᠹᠦ ᠬᠡᠯᠡᠪᠡ᠃
ᠪᠠᠢᠬᠤ ᠦᠭᠡᠢ ᠡᠴᠡ ᠪᠠᠢᠬᠤ ᠪᠤᠯᠭᠠᠬᠤ ᠭᠡᠳᠡᠭ ᠨᠢ ᠬᠡᠢ ᠬᠣᠭᠣᠰᠤᠨ᠎ᠢᠶᠠᠷ ᠵᠣᠬᠢᠶᠠᠬᠤ ᠶᠠᠪᠤᠳᠠᠯ ᠤᠬ᠍ᠳᠤ ᠪᠢᠰᠢ᠂ ᠬᠠᠷᠢᠨ ᠬᠠᠨᠳᠤᠰᠢ ᠳ᠋ᠤᠨᠢ ᠲᠣᠬᠢᠷᠠᠭᠤᠯᠤᠨ ᠴᠢᠳᠠᠮᠠᠭᠠᠢ᠎ᠪᠠᠷ ᠵᠢᠯᠤᠭᠣᠳᠬᠤ ᠶᠠᠪᠤᠳᠠᠯ ᠮᠥᠨ᠂ ᠭᠠᠵᠠᠷ ᠣᠷᠣᠨ᠎ᠤ ᠪᠠᠢᠳᠠᠯ ᠳ᠋ᠤᠨᠢ ᠲᠣᠬᠢᠷᠠᠭᠤᠯᠬᠤ ᠶᠠᠪᠤᠳᠠᠯ ᠮᠥᠨ᠂ ᠰᠢᠨ᠎ᠡ᠎ᠶᠢ ᠡᠭᠦᠳᠴᠦ ᠡᠭᠦᠳᠦᠨ ᠪᠦᠲᠦᠭᠡᠬᠦ ᠶᠠᠪᠤᠳᠠᠯ ᠮᠥᠨ᠂ ᠬᠦᠴᠦᠷᠬᠡᠭᠵᠢᠬᠦ᠎ᠪᠡᠷ ᠬᠦᠴᠦᠯᠡᠨ ᠴᠢᠷᠮᠠᠢᠬᠤ ᠶᠠᠪᠤᠳᠠᠯ ᠮᠥᠨ᠃
ᠲᠤᠷᠰᠢᠯᠲᠠ᠎ᠶᠢᠨ ᠲᠣᠭᠣᠷᠢᠭ᠋ ᠨᠢ ᠫᠠᠢᠰᠠ ᠡᠯᠭᠦᠭᠡᠳ 3 ᠰᠠᠷ᠎ᠠ ᠪᠣᠯᠤᠭᠰᠠᠨ᠎ᠤ ᠳᠠᠷᠠᠭ᠎ᠠ᠂ ᠰᠢ ᠵᠢᠨ ᠫᠢᠩ ᠳᠠᠬᠢᠨᠲᠠ ᠾᠧᠩ ᠳ᠋ᠢᠶᠠᠨ᠎ᠳᠤ ᠬᠦᠷᠴᠦ᠂ ᠾᠧᠩ ᠳ᠋ᠢᠶᠠᠨᠢ ᠪᠦᠬᠦ ᠪᠥᠮᠪᠥᠷᠴᠡᠭ᠎ᠦᠨ ᠬᠠᠮᠤᠭ᠎ᠤᠨ ᠶᠡᠬᠡ ᠺᠢᠨᠣ᠋ ᠲᠧᠯᠸᠢᠰ᠎ᠦᠨ ᠰᠡᠭᠦᠳᠡᠷᠯᠡᠬᠦ ᠰᠠᠭᠤᠷᠢᠨ ᠪᠠ ᠺᠢᠨᠣ᠋ ᠲᠧᠯᠸᠢᠰ᠎ᠦᠨ ᠦᠢᠯᠡᠳᠭᠦᠨ᠎ᠦ ᠦᠢᠯᠡᠳᠪᠦᠷᠢᠯᠡᠯ᠎ᠦᠨ ᠰᠠᠭᠤᠷᠢᠨ ᠪᠣᠯᠭᠠᠬᠤ᠎ᠶᠢ ᠵᠣᠷᠢᠭ᠍ᠵᠢᠭᠤᠯᠪᠠ᠃
ᠰᠢ ᠵᠢᠨ ᠫᠢᠩ᠎ᠦᠨ ᠠᠯᠢ ᠤᠯᠠᠨ ᠱᠠᠭᠠᠷᠳᠠᠯᠭ᠎ᠠ ᠪᠣᠯᠣᠨ ᠰᠢᠢᠳᠪᠦᠷᠢᠲᠦ ᠪᠣᠳᠣᠯᠭ᠎ᠠ ᠨᠢ ᠾᠧᠩ ᠳ᠋ᠢᠶᠠᠨ᠎ᠤ ᠶᠡᠬᠡ ᠬᠥᠭᠵᠢᠯᠲᠡ᠎ᠶᠢ ᠠᠬᠢᠭᠤᠯᠪᠠ᠃ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠡᠴᠡ ᠭᠣᠣᠯᠯᠠᠨ ᠬᠠᠮᠢᠶᠠᠷᠴᠤ᠂ ᠠᠵᠤ ᠠᠬᠤᠢᠯᠠᠯ᠎ᠢᠶᠠᠷ ᠬᠥᠭᠵᠢᠯᠲᠡ᠎ᠶᠢᠨ ᠭᠣᠣᠯ ᠴᠣᠭᠴᠠ ᠪᠣᠯᠭᠠᠭᠰᠠᠨ ᠡᠨᠡ ᠬᠦ᠌ ᠥᠭᠡᠷᠡᠴᠢᠯᠡᠯᠲᠡ᠎ᠶᠢᠨ ᠲᠤᠷᠰᠢᠯᠲᠠ᠎ᠶᠢᠨ ᠲᠠᠷᠢᠶᠠᠨ᠎ᠳᠤ᠂ ᠪᠦᠬᠦ ᠤᠯᠤᠰ᠎ᠤᠨ ᠠᠩᠬᠠᠳᠠᠭ᠍ᠴᠢ ᠳᠤᠮᠳᠠᠳᠤ ᠭᠠᠳᠠᠭᠠᠳᠤ᠎ᠶᠢᠨ ᠪᠡᠯᠡ ᠨᠡᠢᠯᠡᠭᠦᠯᠦᠭᠰᠡᠨ ᠺᠢᠨᠣ᠋ ᠵᠤᠭ᠎ᠠ ᠴᠡᠩᠭᠡᠯ᠎ᠦᠨ ᠺᠣᠮᠫᠠᠨᠢ᠂ ᠪᠦᠬᠦ ᠤᠯᠤᠰ᠎ᠤᠨ ᠠᠩᠬᠠᠳᠠᠭ᠍ᠴᠢ ᠬᠢᠯᠢ᠎ᠶᠢᠨ ᠭᠠᠳᠠᠨᠠᠬᠢ ᠪᠡᠯᠡ ᠨᠡᠢᠯᠡᠭᠦᠯᠦᠭᠰᠡᠨ ᠺᠢᠨᠣ᠋ ᠲᠧᠯᠸᠢᠰ᠎ᠦᠨ ᠠᠵᠤ ᠦᠢᠯᠡᠰ᠎ᠦᠨ ᠲᠦᠷᠦᠯ ᠵᠦᠢᠯ᠂ ᠪᠦᠬᠦ ᠤᠯᠤᠰ᠎ᠤᠨ ᠠᠩᠬᠠᠳᠠᠭ᠍ᠴᠢ ᠣᠷᠣᠨ ᠨᠤᠲᠤᠭ᠎ᠤᠨ ᠺᠢᠨᠣ᠋ ᠬᠢᠨᠠᠨ ᠪᠠᠢᠴᠠᠭᠠᠬᠤ ᠲᠥᠪ ᠵᠡᠷᠭᠡ 《ᠰᠢᠨ᠎ᠡ ᠬᠡᠷᠡᠭ ᠪᠣᠳᠠᠰ》 《ᠭᠠᠷᠴᠤ》 ᠢᠷᠡᠪᠡ᠃ ᠡᠳᠦᠭᠡ 《ᠺᠢᠨᠣ᠋ ᠲᠧᠯᠸᠢᠰ + ᠵᠢᠭᠤᠯᠴᠢᠯᠠᠯ》᠂ 《ᠺᠢᠨᠣ᠋ ᠲᠧᠯᠸᠢᠰ + ᠰᠢᠨᠵᠢᠯᠡᠬᠦ ᠤᠬᠠᠭᠠᠨ ᠲᠸᠭᠨᠢᠭ ᠮᠡᠷᠭᠡᠵᠢᠯ》᠂ 《ᠺᠢᠨᠣ᠋ ᠲᠧᠯᠸᠢᠰ + ᠮᠥᠩᠭᠥᠨ ᠭᠦᠢᠯᠭᠡᠭᠡ》᠂ 《ᠺᠢᠨᠣ᠋ ᠲᠧᠯᠸᠢᠰ + ᠪᠦᠲᠦᠭᠡᠯᠴᠢ ᠵᠢᠷᠤᠭ ᠲᠥᠯᠥᠪᠯᠡᠭᠡ》 ᠁ ᠾᠧᠩ ᠳ᠋ᠢᠶᠠᠨ ᠨᠢ ᠰᠢᠨ᠎ᠡ ᠺᠢᠨᠣ᠋ ᠲᠧᠯᠸᠢᠰ᠎ᠦᠨ ᠰᠣᠶᠣᠯ᠎ᠤᠨ ᠡᠵᠡᠩᠨᠡᠯᠲᠡ᠎ᠶᠢᠨ ᠬᠡᠯᠪᠡᠷᠢ᠎ᠶᠢ ᠠᠮᠵᠢᠯᠲᠠ᠎ᠲᠠᠢ ᠪᠣᠢᠵᠢᠭᠤᠯᠤᠭᠰᠠᠨ᠎ᠢᠶᠠᠷ ᠪᠠᠷᠠᠬᠤ ᠦᠭᠡᠢ ᠪᠠᠰᠠ ᠣᠳᠣᠬᠢᠴᠢᠯᠠᠭᠰᠠᠨ ᠺᠢᠨᠣ᠋ ᠲᠧᠯᠸᠢᠰ᠎ᠦᠨ ᠰᠣᠶᠣᠯ᠎ᠤᠨ ᠠᠵᠤ ᠦᠢᠯᠡᠰ᠎ᠦᠨ ᠪᠦᠯᠦᠭᠵᠢᠯ᠎ᠢ ᠪᠠᠢᠭᠤᠯᠵᠤ᠂ ᠾᠧᠩ ᠳ᠋ᠢᠶᠠᠨ ᠺᠢᠨᠣ᠋ ᠲᠧᠯᠸᠢᠰ᠎ᠦᠨ ᠬᠤᠳᠠ ᠬᠢᠵᠠᠭᠠᠯᠠᠰᠢ ᠦᠭᠡᠢ ᠠᠮᠢᠵᠢᠷᠠᠯ᠎ᠤᠨ ᠬᠦᠴᠦᠨ᠎ᠢᠶᠡᠨ ᠪᠠᠳᠠᠷᠠᠭᠤᠯᠪᠠ᠃
ᠰᠢ ᠵᠢᠨ ᠫᠢᠩ ᠰᠣᠶᠣᠯ᠎ᠤᠨ ᠦᠢᠯᠡᠳᠪᠦᠷᠢᠯᠡᠯ᠎ᠦᠨ ᠬᠦᠴᠦᠨ᠎ᠢ ᠴᠢᠯᠦᠭᠡᠯᠡᠨ ᠬᠥᠭᠵᠢᠭᠦᠯᠬᠦ ᠲᠡᠦᠬᠡᠲᠦ ᠠᠴᠢ ᠬᠣᠯᠪᠣᠭᠳᠠᠯ ᠪᠣᠯᠣᠨ ᠴᠠᠭ ᠦᠶ᠎ᠡ᠎ᠶᠢᠨ ᠦᠨ᠎ᠡ ᠦᠷᠳᠡᠭ᠎ᠢ ᠲᠣᠳᠣᠷᠬᠠᠢ ᠣᠯᠵᠤ ᠬᠠᠷᠠᠪᠠ᠃ ᠲᠡᠷᠡ《ᠥᠭᠡᠷᠡᠴᠢᠯᠡᠯᠲᠡ ᠬᠢᠵᠦ ᠰᠢᠨ᠎ᠡ᠎ᠶᠢ ᠡᠭᠦᠳᠬᠦ ᠵᠣᠷᠢᠭ᠋ ᠰᠠᠨᠠᠭ᠎ᠠ᠎ᠪᠠᠷ ᠰᠣᠶᠣᠯ᠎ᠤᠨ ᠬᠥᠭᠵᠢᠯᠲᠡ᠎ᠶᠢ ᠬᠦᠯᠢᠶᠡᠰᠦᠯᠡᠵᠦ ᠪᠠᠢᠭ᠎ᠠ ᠠᠯᠢᠪᠠ ᠦᠵᠡᠯ ᠰᠠᠨᠠᠭ᠎ᠠ ᠣᠢᠯᠠᠭᠠᠭᠳᠠᠬᠤᠨ ᠪᠠ ᠪᠠᠢᠭᠤᠯᠤᠯ ᠲᠣᠭᠲᠡᠴᠡ᠎ᠶᠢ ᠡᠪᠳᠡᠵᠦ᠂ ᠰᠣᠶᠣᠯ᠎ᠤᠨ ᠦᠢᠯᠡᠳᠪᠦᠷᠢᠯᠡᠯ᠎ᠦᠨ ᠬᠦᠴᠦᠨ᠎ᠢ ᠤᠯᠠᠮ ᠨᠢᠭᠡ ᠠᠯᠬᠤᠮ ᠴᠢᠯᠦᠭᠡᠯᠡᠨ ᠬᠥᠭᠵᠢᠭᠦᠯᠬᠦ ᠬᠡᠷᠡᠭᠲᠡᠢ》 ᠭᠡᠵᠦ ᠦᠨᠡᠨ ᠰᠡᠳᠬᠢᠯ᠎ᠡᠴᠡ᠎ᠪᠡᠨ ᠵᠢᠭᠠᠵᠤ ᠭᠠᠷᠭᠠᠭᠰᠠᠨ ᠪᠥᠭᠡᠳ ᠵᠧᠵᠢᠶᠠᠩ᠎ᠤᠨ ᠰᠣᠶᠣᠯ᠎ᠤᠨ ᠪᠠᠢᠭᠤᠯᠤᠯ᠎ᠤᠨ ᠥᠭᠡᠷᠡᠴᠢᠯᠡᠯᠲᠡ᠎ᠶᠢᠨ ᠭᠣᠣᠯᠳᠠᠯᠭ᠎ᠠ᠎ᠲᠠᠢ ᠬᠦᠷᠢᠶᠡᠨ᠎ᠳᠦ ᠰᠢᠰᠲᠧᠮ᠎ᠲᠠᠢ ᠪᠠᠢᠷᠢᠯᠠᠭᠤᠯᠤᠯᠲᠠ ᠬᠢᠭᠰᠡᠨ ᠪᠠᠢᠨ᠎ᠠ᠃
ᠰᠣᠶᠣᠯ᠎ᠤᠨ ᠠᠵᠤ ᠦᠢᠯᠡᠰ᠎ᠦᠨ ᠬᠥᠭᠵᠢᠯᠲᠡ᠎ᠶᠢᠨ ᠨᠡᠬᠡᠯᠡᠬᠡᠢ᠎ᠶᠢ ᠨᠡᠭᠡᠭᠡᠵᠦ᠂ ᠰᠢ ᠵᠢᠨ ᠫᠢᠩ ᠠᠵᠤ ᠠᠬᠤᠢ᠎ᠶᠢᠨ ᠪᠠᠢᠭᠤᠯᠤᠯ᠎ᠤᠨ ᠥᠭᠡᠷᠡᠴᠢᠯᠡᠯᠲᠡ᠎ᠶᠢᠨ ᠠᠮᠵᠢᠯᠲᠠ᠎ᠲᠠᠢ ᠲᠤᠷᠰᠢᠯᠭ᠎ᠠ᠎ᠪᠠᠷ ᠲᠣᠯᠢ ᠪᠣᠯᠭᠠᠵᠤ᠂ ᠰᠣᠶᠣᠯ᠎ᠤᠨ ᠵᠠᠬ᠎ᠠ ᠳᠡᠯᠭᠡᠭᠦᠷ᠎ᠦᠨ ᠭᠣᠣᠯ ᠴᠣᠭᠴᠠ ᠪᠣᠯᠣᠨ ᠰᠣᠶᠣᠯ᠎ᠤᠨ ᠵᠠᠬ᠎ᠠ ᠳᠡᠯᠭᠡᠭᠦᠷ᠎ᠦᠨ ᠰᠢᠰᠲᠧᠮ᠎ᠢ ᠲᠦᠷᠭᠡᠨ ᠪᠣᠢᠵᠢᠭᠤᠯᠬᠤ ᠬᠡᠷᠡᠭᠲᠡᠢ; ᠣᠯᠠᠨ ᠵᠦᠢᠯ᠎ᠦᠨ ᠥᠮᠴᠢᠯᠡᠯ᠎ᠦᠨ ᠠᠵᠤ ᠠᠬᠤᠢ᠎ᠶᠢᠨ ᠬᠥᠭᠵᠢᠯᠲᠡ᠎ᠶᠢᠨ ᠪᠠᠢᠷᠢᠰᠢᠯ᠎ᠲᠠᠢ ᠵᠣᠬᠢᠴᠠᠭᠰᠠᠨ ᠰᠣᠶᠣᠯ᠎ᠤᠨ ᠬᠥᠭᠵᠢᠯᠲᠡ᠎ᠶᠢᠨ ᠪᠠᠢᠷᠢᠰᠢᠯ᠎ᠢ ᠪᠦᠷᠢᠯᠳᠦᠭᠦᠯᠬᠦ ᠬᠡᠷᠡᠭᠲᠡᠢ ᠭᠡᠵᠦ ᠳᠤᠷᠠᠳᠪᠠ᠃
2024 ᠣᠨ᠎ᠳᠤ᠂ ᠮᠠᠨ᠎ᠤ ᠤᠯᠤᠰ᠎ᠲᠠᠭᠠᠨ ᠦᠢᠯᠡᠳᠪᠦᠷᠢᠯᠡᠭᠰᠡᠨ 3A ᠲᠣᠭᠯᠠᠭᠠᠮ 《ᠰᠢᠳᠢᠳᠤ ᠦᠯᠢᠭᠡᠷ᠄ ᠪᠠᠴᠢᠨ ᠪᠠᠭᠰᠢ》᠎ᠶᠢ ᠪᠣᠷᠣᠯᠠᠭᠤᠯᠤᠮᠠᠭᠴᠠ ᠪᠦᠬᠦ ᠪᠥᠮᠪᠥᠷᠴᠡᠭ᠎ᠦᠨ 29 ᠤᠯᠤᠰ ᠪᠠ ᠭᠠᠵᠠᠷ ᠣᠷᠣᠨ᠎ᠤ ᠪᠣᠷᠤᠯᠠᠭᠤᠯᠭ᠎ᠠ᠎ᠵᠢᠨ ᠤᠷᠬᠢᠯ᠎ᠳᠤ ᠬᠦᠷᠴᠦ᠂ ᠳᠤᠮᠳᠠᠳᠤ ᠤᠯᠤᠰ᠎ᠤᠨ ᠰᠣᠶᠣᠯ ᠳᠡᠯᠡᠬᠡᠢ ᠳ᠋ᠠᠬᠢᠨ᠎ᠢ ᠭᠠᠢᠬᠠᠰᠢᠷᠠᠭᠤᠯᠪᠠ᠃ ᠴᠥᠭᠡᠨ ᠪᠤᠰᠤ ᠭᠠᠳᠠᠭᠠᠳᠤ᠎ᠶᠢᠨ ᠲᠣᠭᠯᠠᠭ᠍ᠴᠢᠳ ᠡᠨᠡ ᠬᠦ᠌ ᠳᠤᠮᠳᠠᠳᠤ ᠤᠯᠤᠰ᠎ᠤᠨ ᠳᠣᠮᠣᠭ ᠶᠠᠷᠢᠶ᠎ᠠ᠎ᠪᠠᠷ ᠠᠷᠤ ᠦᠵᠡᠭᠳᠡᠯ ᠪᠣᠯᠭᠠᠭᠰᠠᠨ ᠬᠥᠳᠡᠯᠭᠡᠭᠡᠨᠲᠦ ᠲᠣᠭᠯᠠᠭᠠᠮ᠎ᠢ ᠣᠢᠯᠠᠭᠠᠬᠤ᠎ᠶᠢᠨ ᠲᠥᠯᠥᠭᠡ᠂ 《ᠪᠠᠷᠠᠭᠤᠨᠰᠢ ᠵᠣᠷᠴᠢᠭ᠍ᠰᠠᠨ ᠲᠡᠮᠳᠡᠭᠯᠡᠯ》 ᠢ᠋ ᠰᠤᠳᠤᠯᠤᠨ ᠤᠩᠰᠢᠵᠤ ᠡᠬᠢᠯᠡᠪᠡ᠃
ᠨᠢᠭᠡᠨ ᠦᠶ᠎ᠡ᠂ ᠰᠦᠯᠵᠢᠶᠡᠨ᠎ᠦ ᠣᠷᠣᠨ ᠵᠠᠢ ᠳ᠋ᠤ᠄《ᠡᠨᠡ ᠰᠠᠮᠵᠠ ᠶᠠᠭᠠᠬᠢᠭᠠᠳ ᠰᠢ ᠬ᠍ᠤ᠌ ᠨᠠᠭᠤᠷ᠎ᠤᠨ ᠬᠥᠪᠡᠭᠡᠨ᠎ᠳᠦ ᠮᠡᠨᠳᠦᠯᠡᠭᠰᠡᠨ ᠪᠤᠢ?》 ᠭᠡᠳᠡᠭ ᠠᠰᠠᠭᠤᠯᠲᠠ ᠨᠢ ᠬᠠᠯᠠᠭᠤᠨ ᠶᠠᠷᠢᠯᠴᠠᠭ᠎ᠠ ᠪᠤᠯᠪᠠ᠃
ᠡᠨᠡ ᠨᠢ ᠪᠠᠰᠠ ᠨᠢᠭᠡ ᠪᠠᠢᠬᠤ ᠦᠭᠡᠢ ᠡᠴᠡ ᠪᠠᠢᠬᠤ ᠪᠤᠯᠭᠠᠭᠰᠠᠨ ᠭᠠᠢᠬᠠᠮᠰᠢᠭ᠋ ᠪᠤᠯᠤᠨ᠎ᠠ᠃
2003 ᠣᠨ᠎ᠳᠤ ᠵᠧᠵᠢᠶᠠᠩ᠎ᠤᠨ ᠺᠠᠷᠲ᠋ᠣᠨ᠎ᠤ ᠠᠵᠤ ᠦᠢᠯᠡᠰ ᠰᠠᠶᠢᠬᠠᠨ ᠡᠬᠢᠯᠡᠪᠡ᠃
2005 ᠣᠨ᠎ᠤ 4 ᠰᠠᠷ᠎ᠠ᠎ᠶᠢᠨ 8 ᠤ᠋ ᠡᠳᠦᠷ᠂ ᠰᠢ ᠵᠢᠨ ᠫᠢᠩ ᠳᠤᠮᠳᠠᠳᠤ ᠤᠯᠤᠰ᠎ᠤᠨ ᠤᠷᠠᠨ ᠵᠢᠷᠤᠭ᠎ᠤᠨ ᠳᠡᠭᠡᠳᠦ ᠰᠤᠷᠭᠠᠭᠤᠯᠢ᠎ᠶᠢᠨ ᠵᠠᠭᠤᠴᠢᠯᠠᠭᠤᠷ᠎ᠤᠨ ᠺᠠᠷᠲ᠋ᠣᠨ᠎ᠤ ᠳᠡᠭᠡᠳᠦ ᠰᠤᠷᠭᠠᠭᠤᠯᠢ᠎ᠳᠤ ᠪᠠᠢᠴᠠᠭᠠᠨ ᠰᠤᠳᠤᠯᠤᠯᠲᠠ ᠬᠢᠪᠡ᠃ ᠡᠨᠡ ᠬᠦ᠌ ᠪᠥᠬᠥ ᠤᠯᠤᠰ᠎ᠤᠨ ᠠᠩᠬᠠᠳᠠᠭ᠍ᠴᠢ ᠪᠦᠯᠦᠭ᠎ᠤᠨ 《ᠤᠯᠤᠰ᠎ᠤᠨ ᠺᠠᠷᠲ᠋ᠣᠨ᠎ᠤ ᠵᠢᠭᠠᠨ ᠰᠤᠷᠭᠠᠯᠲᠠ᠎ᠶᠢᠨ ᠰᠤᠳᠤᠯᠭᠠᠨ᠎ᠤ ᠰᠠᠭᠤᠷᠢᠨ》 ᠪᠣᠯ ᠳᠠᠷᠤᠢ ᠲᠡᠭᠦᠨ᠎ᠦ ᠰᠢᠭᠤᠳ ᠠᠬᠢᠭᠤᠯᠤᠯ ᠳᠣᠣᠷ᠎ᠠ ᠮᠡᠨᠳᠦᠯᠡᠭᠰᠡᠨ ᠶᠤᠮ᠃ ᠰᠢ ᠵᠢᠨ ᠫᠢᠩ ᠵᠧᠵᠢᠶᠠᠩ᠎ᠤᠨ ᠺᠠᠷᠲ᠋ᠣᠨ᠎ᠤ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ᠎ᠢ ᠨᠢᠭᠡ ᠴᠣᠭᠴᠠᠵᠢᠭᠤᠯᠬᠤ ᠶ᠋ᠢ ᠮᠠᠰᠢ ᠴᠢᠬᠤᠯᠠᠴᠢᠯᠠᠵᠤ ᠪᠠᠢᠯ᠎ᠠ᠃
ᠺᠠᠷᠲ᠋ᠣᠨ᠎ᠤ ᠳᠡᠭᠡᠳᠦ ᠰᠤᠷᠭᠠᠭᠤᠯᠢ᠎ᠶᠢᠨ ᠭᠤᠷᠪᠠᠨ ᠬᠡᠮᠵᠢᠯᠲᠦ ᠮᠠᠰᠢᠨ᠎ᠤ ᠲᠠᠰᠤᠭ᠎ᠲᠤ᠂ ᠬᠠᠮᠢᠶ᠎ᠠ ᠪᠦᠬᠦᠢ ᠬᠠᠷᠢᠭᠤᠴᠠᠯᠭᠠᠲᠠᠨ ᠲᠡᠭᠦᠨ᠎ᠳᠦ 《ᠺᠠᠷᠲ᠋ᠣᠨ᠎ᠤ ᠲᠥᠪ》 ᠢ᠋ ᠪᠠᠶ᠋ᠢᠭᠤᠯᠬᠤ ᠰᠡᠳᠬᠢᠮᠵᠢ᠎ᠪᠡᠨ ᠬᠠᠷᠢᠭᠤ ᠮᠡᠳᠡᠭᠦᠯᠦᠭᠰᠡᠨ᠎ᠳᠦ᠂ ᠲᠡᠷᠡ ᠳᠠᠷᠤᠢᠬᠠᠨ᠄ 《ᠺᠠᠷᠲ᠋ᠣᠨ᠎ᠤ ᠠᠵᠤ ᠦᠢᠯᠡᠰ᠎ᠦᠨ ᠢᠷᠡᠭᠡᠳᠦᠢ ᠰᠠᠷᠠᠭᠤᠯ ᠠᠭᠤᠳᠠᠮ ᠶᠤᠮ᠂ ᠪᠢᠳᠡᠨ᠎ᠳᠦ ᠪᠦᠷᠢᠮᠦᠰᠦᠨ ᠡᠢᠮᠦ ᠪᠣᠳᠠᠲᠤ ᠬᠦᠴᠦᠨᠪᠤᠢ》 ᠭᠡᠵᠦ ᠬᠠᠷᠢᠭᠤᠯᠪᠠ᠃
ᠲᠤᠰ ᠡᠳᠦᠷ᠎ᠦᠨ ᠦᠳᠡ᠎ᠶᠢᠨ ᠬᠣᠢᠨ᠎ᠠ᠂ ᠰᠢ ᠵᠢᠨ ᠫᠢᠩ ᠵᠧᠵᠢᠶᠠᠩ᠎ᠤᠨ ᠵᠦᠩ ᠨᠠᠨ ᠺᠠᠷᠲ᠋ᠣᠨ ᠺᠣᠮᠫᠠᠨᠢ᠎ᠳᠤ ᠬᠦᠷᠪᠡ᠃
ᠲᠤᠬᠠᠢ᠎ᠵᠢᠨ ᠦᠶ᠎ᠡ᠎ᠳᠦ᠂ ᠵᠦᠨᠭ ᠨᠠᠨ ᠺᠠᠷᠲ᠋ᠣᠨ ᠺᠤᠮᠫᠠᠨᠢ ᠨᠢ ᠰᠠᠶᠢᠬᠠᠨ ᠰᠢᠨ᠎ᠡ ᠠᠯᠪᠠᠨ ᠠᠰᠠᠷ᠎ᠲᠠᠭᠠᠨ ᠨᠡᠭᠦᠨ ᠣᠷᠣᠵᠤ᠂ ᠠᠭᠠᠷ ᠲᠣᠬᠢᠷᠠᠭᠤᠯᠤᠭ᠍ᠴᠢ ᠤᠭᠰᠠᠷᠠᠭᠠᠳᠤᠢ ᠪᠠᠢᠵᠤ᠂ ᠭᠡᠷ ᠨᠢ ᠪᠦᠭᠴᠢᠮ ᠬᠠᠯᠠᠭᠤᠨ ᠪᠠᠢᠪᠠ᠂ ᠰᠢ ᠵᠢᠨ ᠫᠢᠩ ᠠᠯᠴᠢᠭᠤᠷ᠎ᠢᠶᠠᠷ ᠬᠥᠯᠥᠰᠦ᠎ᠪᠡᠨ ᠠᠷᠴᠢᠬᠤ᠎ᠵᠢᠨ ᠳᠠᠭᠠᠤ ᠺᠠᠷᠲ᠋ᠣᠨᠢ ᠵᠣᠬᠢᠶᠠᠨ ᠪᠦᠲᠦᠭᠡᠬᠦ ᠶᠠᠪᠤᠴᠠ᠎ᠶᠢ ᠨᠠᠷᠢᠨ ᠬᠢᠨᠠᠮᠠᠭᠠᠢ ᠦᠵᠡᠪᠡ᠃ ᠡᠮᠦᠨᠡᠬᠢ ᠬᠤᠭᠤᠴᠠᠭᠠᠨ᠎ᠤ ᠤᠳᠤᠷᠢᠳᠤᠭᠠᠴᠢ᠂ ᠳᠤᠮᠳᠠ ᠬᠤᠭᠤᠴᠠᠭᠠᠨ᠎ᠤ ᠦᠢᠯᠡᠳᠬᠡᠯ᠎ᠡᠴᠡ ᠨᠡᠪᠲᠡᠷᠡᠭᠦᠯᠬᠦ ᠪᠠ ᠲᠠᠷᠬᠠᠭᠠᠬᠤ ᠵᠡᠷᠭᠡ ᠡᠯ᠎ᠡ ᠭᠣᠭᠴᠣᠭ᠎ᠠ ᠬᠦᠷᠲᠡᠯ᠎ᠡ᠂ ᠰᠢ ᠵᠢᠨ ᠫᠢᠩ ᠮᠠᠰᠢ ᠨᠠᠷᠢᠨ ᠠᠰᠠᠭᠤᠪᠠ᠃
《ᠳᠤᠮᠳᠠᠳᠤ ᠤᠯᠤᠰ᠎ᠲᠦ ᠺᠠᠷᠲ᠋ᠣᠨ᠎ᠤ ᠠᠵᠢᠯ ᠲᠥᠷᠥᠯ ᠪᠠᠢᠬᠤ ᠪᠤᠯᠪᠠᠴᠤ ᠠᠵᠤ ᠦᠢᠯᠡᠰ ᠪᠠᠢᠬᠤ ᠦᠭᠡᠢ᠃ ᠳᠤᠮᠳᠠᠳᠤ ᠤᠯᠤᠰ᠎ᠤᠨ ᠺᠠᠷᠲ᠋ᠣᠨ᠎ᠤ ᠵᠠᠬ᠎ᠠ ᠳᠡᠯᠭᠡᠭᠦᠷ ᠮᠠᠰᠢ ᠶᠡᠬᠡ᠂ ᠭᠡᠪᠡᠴᠦ 90% ᠨᠢ ᠭᠠᠳᠠᠭᠠᠳᠤ᠎ᠶᠢᠨ ᠺᠠᠷᠲ᠋ᠣᠨ᠎ᠳᠤ ᠪᠤᠯᠢᠶᠠᠭᠳᠠᠪᠠ ᠁》 ᠭᠡᠵᠦ ᠵᠧᠵᠢᠶᠠᠩ᠎ᠤᠨ ᠵᠥᠩ ᠨᠠᠨ ᠰᠲ᠋ᠤᠺ ᠡᠵᠡᠮᠰᠢᠯ᠎ᠤᠨ ᠪᠦᠯᠦᠭᠯᠡᠯ᠎ᠦᠨ ᠬᠡᠷᠡᠭ ᠮᠡᠳᠡᠭᠴᠢᠳ᠎ᠦᠨ ᠲᠣᠪᠴᠢᠶᠠᠨ᠎ᠤ ᠲᠡᠷᠢᠭᠦᠯᠡᠭᠴᠢ ᠦ᠋ ᠵᠢᠶᠠᠨ ᠷᠦᠩ ᠰᠠᠨᠠᠭᠠᠰᠢᠷᠠᠩᠭᠤᠢ ᠬᠡᠯᠡᠪᠡ᠃
ᠲᠡᠬᠦᠨ᠎ᠤ ᠬᠡᠯᠡᠬᠦ ᠵᠢ ᠰᠤᠨᠤᠰᠴᠤ ᠪᠠᠷᠠᠭᠠᠳ᠂ ᠰᠢ ᠵᠢᠨ ᠫᠢᠩ᠄ 《ᠺᠠᠷᠲ᠋ᠣᠨ ᠵᠢᠷᠤᠭ᠎ᠢ ᠵᠣᠭᠣᠰ᠎ᠢᠶᠠᠷ ᠬᠡᠮᠵᠢᠵᠤ ᠪᠤᠯᠬᠤ ᠦᠬᠡᠢ᠃ ᠲᠡᠷᠡ ᠨᠢ ᠵᠠᠯᠠᠭᠤᠴᠤᠳ ᠪᠠᠭᠠᠴᠤᠳ᠎ᠲᠤ ᠡᠷᠡᠭᠦᠯ ᠴᠢᠭᠢᠷᠠᠭ ᠣᠶᠤᠨ᠎ᠤ ᠲᠡᠵᠢᠭᠡᠯ ᠬᠠᠩᠭᠠᠵᠤ ᠴᠢᠳᠠᠨ᠎ᠠ᠃ ᠳᠤᠮᠳᠠᠳᠤ᠎ᠶᠢᠨ ᠪᠣᠯᠪᠠᠰᠤᠨ ᠲᠠᠪᠤᠨ ᠮᠢᠩᠭ᠎ᠠ ᠭᠠᠷᠤᠢ ᠵᠢᠯ᠎ᠦᠨ ᠲᠡᠦᠬᠡ᠎ᠲᠠᠢ᠂ ᠲᠠ ᠨᠠᠷ ᠮᠠᠨ᠎ᠤ ᠤᠯᠤᠰ᠎ᠤᠨ ᠦᠨᠳᠦᠰᠦᠲᠡᠨ᠎ᠦ ᠪᠠᠭᠠᠲᠤᠷᠴᠤᠳ᠎ᠤᠨ ᠺᠠᠷᠲ᠋ᠣᠨ ᠪᠦᠲᠦᠭᠡᠯ᠎ᠢ ᠵᠣᠬᠢᠶᠠᠨ ᠪᠦᠲᠦᠭᠡᠵᠦ ᠪᠣᠯᠣᠨ᠎ᠠ》 ᠭᠡᠪᠡ᠃
ᠰᠢ ᠵᠢᠨ ᠫᠢᠩ᠎ᠦᠨ ᠵᠣᠷᠢᠭ᠍ᠵᠢᠭᠤᠯᠤᠯᠳᠤᠤᠷᠠ᠂ ᠵᠦᠨᠭ ᠨᠠᠨ ᠺᠠᠷᠲ᠋ᠣᠨ ᠪᠦᠯᠦᠭᠯᠡᠯ ᠮᠠᠰᠢ ᠲᠦᠷᠭᠡᠨ᠎ᠢᠶᠡᠷ 《ᠵᠧᠩ ᠾᠧ ᠪᠠᠷᠠᠭᠤᠨ ᠳᠠᠯᠠᠢ᠎ᠪᠡᠷ ᠠᠶᠠᠯᠠᠭᠰᠠᠨ ᠨᠢ》᠂ 《ᠵᠧᠩ ᠴᠧᠩ ᠭᠦᠨᠭ》 ᠵᠡᠷᠭᠡ ᠨᠢᠭᠡ ᠪᠦᠯᠦᠭ ᠤᠯᠤᠰ᠎ᠤᠨ ᠬᠡᠪ ᠨᠠᠮᠪᠠ ᠲᠠᠢ ᠺᠠᠷᠲ᠋ᠣᠨ ᠵᠢᠷᠤᠭ᠎ᠤᠨ ᠪᠦᠳᠦᠬᠡᠯ᠎ᠢ ᠦᠢᠯᠡᠳᠴᠡᠢ᠃ ᠳᠤᠮᠳᠠᠳᠤ ᠤᠯᠤᠰ᠎ᠤᠨ ᠦᠨᠦᠷ ᠠᠮᠲᠠ᠂ ᠳᠤᠮᠳᠠᠳᠤ ᠤᠯᠤᠰ᠎ᠤᠨ ᠣᠨᠴᠠᠯᠢᠭ᠋᠎ᠢᠶᠡᠷ ᠢᠯᠡᠷᠬᠡᠢ ᠪᠠᠢᠳᠠᠭ ᠲᠠᠭᠠᠨ ᠰᠠᠭᠤᠷᠢᠯᠠᠨ᠂ ᠠᠵᠤ ᠠᠬᠤᠢᠯᠠᠯ ᠨᠢ ᠨᠢᠭᠡ ᠪᠦᠯᠦᠭ IP ᠡᠭᠦᠰᠦᠮᠡᠯ ᠪᠦᠲᠦᠭᠡᠭᠳᠡᠬᠦᠨ ᠦᠢᠯᠡᠳᠦᠭᠰᠡᠨ᠎ᠢᠶᠡᠷ ᠪᠠᠷᠠᠬᠤ ᠦᠭᠡᠢ᠂ ᠪᠠᠰᠠ ᠬᠡᠪᠯᠡᠯ᠎ᠦᠨ ᠡᠷᠬᠡ᠎ᠪᠡᠨ ᠭᠠᠳᠠᠭᠠᠳᠤ᠎ᠳᠤ ᠬᠤᠳᠠᠯᠳᠤᠵᠠᠢ — 《ᠲᠤᠬᠠᠢ᠎ᠶᠢᠨ ᠣᠶ᠋ᠶ᠎ᠠ᠎ᠳᠤ ᠰᠢᠶᠠᠩᠭᠠᠩ᠎ᠤᠨ ᠨᠢᠭᠡ ᠵᠣᠴᠢᠳ᠎ᠤᠨ ᠪᠠᠭᠤᠳᠠᠯ᠎ᠳᠤ᠂ ᠨᠢᠭᠡ ᠭᠠᠳᠠᠭᠠᠳᠤ᠎ᠶᠢᠨ ᠬᠤᠳᠠᠯᠳᠤᠨ ᠠᠪᠤᠭ᠍ᠴᠢ 10 ᠲᠦᠮᠡᠨ ᠳ᠋ᠣᠯᠯᠠᠷ᠎ᠤᠨ ᠪᠡᠯᠡᠨ ᠵᠣᠭᠣᠰ᠎ᠢᠶᠠᠷ ᠮᠢᠨᠤ ᠭᠠᠷ᠎ᠡᠴᠡ ᠳᠥᠷᠪᠡᠨ ᠬᠠᠢᠷᠴᠠᠭ ᠺᠠᠷᠲ᠋ᠣᠨ ᠺᠢᠨᠤ᠋ ᠬᠤᠳᠠᠯᠳᠤᠨ ᠠᠪᠤᠭᠰᠠᠨ᠎ᠢ ᠴᠡᠭᠡᠵᠢᠯᠡᠵᠦ ᠪᠠᠢᠨ᠎ᠠ᠃ ᠬᠠᠷᠢᠵᠤ ᠢᠷᠡᠭᠰᠡᠨ᠎ᠦ ᠲᠠᠷᠠᠭ᠎ᠠ ᠪᠢ ᠰᠢ ᠵᠢᠨ ᠫᠢᠩ ᠱᠦᠵᠢ᠎ᠳᠦ ᠬᠠᠷᠢᠭᠤ ᠮᠡᠳᠡᠭᠦᠯᠬᠦ᠎ᠳᠦ ᠲᠡᠷᠡ ᠮᠠᠰᠢ ᠪᠠᠶᠠᠷ ᠲᠠᠢ ᠪᠠᠢᠵᠤ᠄ ᠺᠠᠷᠲ᠋ᠣᠨ ᠺᠢᠨᠤ᠋ ᠪᠣᠯ ᠤᠳᠤᠭ᠎ᠠ ᠦᠭᠡᠢ ᠦᠢᠯᠡᠳᠪᠦᠷᠢ ᠮᠥᠨ᠂ ᠮᠠᠨ᠎ᠤ ᠰᠣᠶᠣᠯ᠎ᠢᠶᠡᠨ ᠭᠠᠳᠠᠭ᠍ᠰᠢ ᠭᠠᠷᠭᠠᠬᠤ ᠬᠡᠷᠡᠭᠲᠡᠢ ᠭᠡᠵᠦ ᠢᠨᠢᠶᠡᠮᠰᠦᠭᠯᠡᠨ ᠬᠡᠯᠡᠪᠡ》 ᠭᠡᠵᠦ ᠦ᠋ ᠵᠢᠶᠠᠨ ᠷᠦᠩ ᠡᠷᠭᠢᠴᠡᠭᠦᠯᠪᠡ᠃
ᠦᠨᠡᠨ᠎ᠳᠡᠭᠡᠨ᠂ ᠰᠢ ᠵᠢᠨ ᠫᠢᠩ᠎ᠦᠨ ᠡᠨᠡ ᠤᠳᠠᠭᠠᠨ᠎ᠤ ᠺᠠᠷᠲ᠋ᠣᠨ ᠵᠢᠷᠤᠭ᠎ᠤᠨ ᠲᠤᠬᠠᠢ ᠪᠠᠢᠴᠠᠭᠠᠨ ᠰᠤᠳᠤᠯᠤᠯᠲᠠ᠎ᠶᠢᠨ ᠠᠶᠠᠯᠠᠯ ᠨᠢ ᠬᠣᠶᠠᠷ ᠰᠠᠷ᠎ᠠ᠎ᠶᠢᠨ ᠡᠮᠦᠨ᠎ᠡ ᠨᠢ ᠬᠠᠩᠵᠧᠦ᠎ᠶᠢᠨ ᠮᠠᠨ᠎ᠤ ᠤᠯᠤᠰ᠎ᠤᠨ ᠠᠩᠬᠠᠳᠤᠭᠠᠷ ᠤᠳᠠᠭᠠᠨ᠎ᠤ ᠤᠯᠤᠰ᠎ᠤᠨ ᠲᠠᠰ᠎ᠤᠨ᠂ ᠣᠯᠠᠨ ᠤᠯᠤᠰ᠎ᠤᠨ ᠴᠢᠨᠠᠷᠲᠠᠢ ᠺᠠᠷᠲ᠋ᠣᠨ ᠵᠢᠷᠤᠭ᠎ᠤᠨ ᠦᠪᠡᠳᠡᠭᠰᠢ ᠴᠤᠭᠯᠠᠭᠠᠨ — ᠠᠩᠬᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠣᠯᠠᠨ ᠤᠯᠤᠰ᠎ᠤᠨ ᠺᠠᠷᠲ᠋ᠣᠨ᠎ᠤ ᠨᠠᠢᠷ᠎ᠢ ᠡᠷᠭᠢᠯᠡᠬᠦ ᠡᠷᠬᠡ ᠵᠢ ᠤᠯᠤᠭᠰᠠᠨ᠎ᠲᠠᠢ ᠬᠣᠯᠪᠣᠭ᠎ᠠ᠎ᠲᠠᠢ ᠶᠤᠮ᠃
ᠬᠠᠩᠵᠧᠦ ᠡᠨᠡ ᠬᠦ᠌ 《ᠲᠠᠯᠠᠪᠠᠢ ᠳ᠋ᠤ ᠣᠷᠣᠬᠤ ᠲᠡᠮᠳᠡᠭᠳᠤ》 ᠵᠢ ᠣᠯᠣᠭᠰᠠᠨ ᠨᠢ ᠥᠨᠢ ᠤᠳᠠᠭᠠᠨ ᠤᠷᠠᠨ ᠵᠢᠷᠤᠭ᠎ᠤᠨ ᠤᠷᠠᠯᠢᠭ᠋᠎ᠤᠨ ᠲᠡᠦᠬᠡ᠂ ᠪᠣᠳᠠᠲᠤ ᠬᠦᠴᠦᠨ᠎ᠢᠶᠡᠷ ᠴᠢᠩᠭ᠎ᠠ ᠳᠤᠮᠳᠠᠳᠤ ᠤᠯᠤᠰ᠎ᠤᠨ ᠤᠷᠠᠨ ᠵᠢᠷᠤᠭ᠎ᠤᠨ ᠳᠡᠭᠡᠳᠦ ᠰᠤᠷᠭᠠᠭᠤᠯᠢ ᠵᠢᠴᠢ ᠵᠧᠵᠢᠶᠠᠩ ᠶᠡᠬᠡ ᠰᠤᠷᠭᠠᠭᠤᠯᠢ᠎ᠶᠢᠨ ᠴᠢᠳᠠᠪᠤᠷᠢᠲᠠᠨ᠎ᠤ ᠡᠩᠨᠡᠭᠡ᠎ᠲᠠᠢ ᠨᠢᠭ᠍ᠲᠠ ᠬᠣᠯᠪᠣᠭ᠎ᠠ᠎ᠲᠠᠢ ᠶᠤᠮ᠂ ᠭᠸᠨ ᠨᠢ ᠬᠡᠳᠦᠢ ᠬᠦᠴᠦᠷᠬᠡᠭ ᠶᠡᠬᠡ ᠪᠣᠯᠪᠠᠴᠤ ᠳᠠᠷᠢᠵᠤ ᠤᠰᠤᠯᠠᠵᠤ᠂ ᠬᠠᠨᠳᠤᠰᠢ ᠳ᠋ᠤᠨᠢ ᠲᠣᠬᠢᠷᠠᠭᠤᠯᠤᠨ ᠬᠥᠲᠥᠯᠥᠨ ᠵᠢᠯᠤᠭᠣᠳᠬᠤ ᠴᠢᠬᠤᠯᠠᠲᠠᠢ ᠶᠤᠮ᠃
2005 ᠣᠨ᠎ᠤ ᠵᠤᠨ᠂ ᠠᠩᠬᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠣᠯᠠᠨ ᠤᠯᠤᠰ᠎ᠤᠨ ᠺᠠᠷᠲ᠋ᠣᠨ᠎ᠤ ᠨᠠᠢᠷ ᠰᠢ ᠬᠣ᠌ ᠳ᠋ᠤ ᠡᠬᠢᠯᠡᠪᠡ᠃ ᠲᠤᠬᠠᠢ᠎ᠶᠢᠨ ᠲᠠᠯᠠᠪᠠᠶ᠎ᠶᠢᠨ ᠪᠣᠷᠤᠯᠠᠭᠤᠯᠭ᠎ᠠ᠎ᠶᠢᠨ ᠬᠡᠮᠵᠢᠶ᠎ᠡ ᠮᠢᠩᠭᠠᠨ ᠲᠦᠮᠡᠨ ᠲᠥᠭᠥᠷᠢᠭ᠎ᠢ ᠳᠠᠪᠠᠵᠤ᠂ ᠭᠡᠷ᠎ᠡ ᠲᠣᠭᠲᠠᠵᠤ (ᠰᠠᠨᠠᠮᠵᠢ᠎ᠶᠢᠨ ᠪᠢᠴᠢᠭ)ᠠᠷᠠᠯᠵᠢᠶ᠎ᠠ ᠪᠦᠲᠦᠭᠰᠡᠨ ᠬᠡᠮᠵᠢᠶ᠎ᠡ 30 ᠳ᠋ᠦᠩᠰᠢᠭᠤᠷ ᠲᠥᠭᠥᠷᠢᠭ᠎ᠲᠦ ᠬᠦᠷᠴᠡᠢ᠃ ᠳᠡᠯᠡᠬᠡᠢ᠎ᠶᠢᠨ ᠺᠠᠷᠲ᠋ᠣᠨ᠎ᠤ ᠨᠡᠢᠭᠡᠮᠯᠢᠭ᠎ᠢ ᠡᠭᠦᠰᠬᠡᠨ ᠪᠠᠢᠭᠤᠯᠤᠭ᠍ᠴᠢ ᠪᠤᠷᠳᠦ᠋ᠸᠸ᠄ 《ᠳᠡᠯᠡᠬᠡᠢ ᠳᠡᠭᠡᠷᠡᠬᠢ ᠬᠠᠮᠤᠭ᠎ᠤᠨ ᠲᠥᠰᠥᠭᠡᠯᠡᠨ ᠪᠤᠳᠤᠬᠤ ᠴᠢᠳᠠᠪᠤᠷᠢ᠎ᠲᠠᠢ ᠦᠢᠯᠡᠰ ᠪᠣᠯ ᠯᠠᠪᠲᠠᠢ ᠬᠠᠮᠤᠭ᠎ᠤᠨ ᠦᠵᠡᠰᠬᠦᠯᠡᠩᠲᠦ ᠰᠠᠢᠬᠠᠨ ᠭᠠᠵᠠᠷ ᠪᠣᠯᠣᠨ᠎ᠠ》 ᠭᠡᠪᠡ᠃
ᠠᠵᠤ ᠦᠢᠯᠡᠰ᠎ᠦᠨ ᠦᠷ᠎ᠡ᠎ᠶᠢ ᠲᠡᠷᠢᠯᠠ᠂ ᠲᠡᠭᠦᠨ᠎ᠢ ᠬᠡᠷᠬᠢᠨ ᠰᠢ ᠽᠢ ᠬᠤ᠌ ᠨᠠᠭᠤᠷ᠎ᠤᠨ ᠬᠥᠪᠡᠭᠡᠨ᠎ᠳᠡᠬᠢ ᠮᠥᠩᠬᠡ ᠨᠣᠭᠣᠭᠠᠨ ᠮᠣᠳᠣ᠌ ᠪᠣᠯᠭᠠᠨ ᠪᠤᠢᠵᠢᠭᠤᠯᠬᠤ ᠪᠤᠢ?
ᠰᠢ ᠵᠢᠨ ᠫᠢᠩ ᠲᠤᠰᠬᠠᠢᠯᠠᠨ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠢ ᠲᠣᠪᠴᠢᠶ᠎ᠠ᠎ᠳᠤ ᠵᠠᠬᠢᠳᠠᠯ ᠪᠢᠴᠢᠵᠦ᠂ ᠺᠠᠷᠲ᠋ᠣᠨ᠎ᠤ ᠨᠠᠢᠷ᠎ᠤᠨ ᠬᠠᠩᠵᠧᠦ᠎ᠳᠦ ᠥᠨᠢᠳᠡ ᠨᠤᠲᠤᠭᠰᠢᠬᠤ᠎ᠶᠢ ᠠᠬᠢᠭᠤᠯᠪᠠ᠃ ᠲᠡᠷᠡ ᠪᠠᠰᠠ ᠳᠤᠮᠳᠠᠳᠤ ᠤᠯᠤᠰ᠎ᠤᠨ ᠣᠯᠠᠨ ᠤᠯᠤᠰ᠎ᠤᠨ ᠺᠠᠷᠲ᠋ᠤᠨᠤ ᠨᠠᠢᠷ᠎ᠤᠨ ᠦᠵᠡᠰᠬᠦᠯᠡᠩ᠎ᠦᠨ ᠠᠯᠪᠠᠨ ᠭᠡᠷ ᠪᠠᠢᠭᠤᠯᠤᠭᠳᠠᠬᠤ᠂ ᠬᠠᠩᠵᠧᠦ ᠬᠣᠲᠠ᠎ᠶᠢᠨ ᠡᠳ᠋᠎ᠤᠨ ᠵᠠᠰᠠᠭ ᠲᠤᠰᠬᠠᠢ ᠪᠡᠯᠡ ᠮᠦᠨᠭᠭᠦ ᠣᠷᠣᠭᠤᠯᠬᠤ᠎ᠶᠢ ᠠᠬᠢᠭᠤᠯᠤᠭᠰᠠᠨ ᠪᠠᠢᠨ᠎ᠠ᠃ ᠺᠠᠷᠲ᠋ᠣᠨ ᠵᠢᠷᠤᠭ᠎ᠤᠨ ᠠᠵᠤ ᠦᠢᠯᠡᠰ᠎ᠦᠨ ᠰᠢᠨ᠎ᠡ᠎ᠶᠢ ᠡᠭᠦᠳᠬᠦ ᠠᠮᠢ ᠠᠬᠤᠢ ᠠᠭᠠᠵᠢᠮ᠎ᠢᠶᠠᠷ ᠪᠦᠷᠢᠯᠳᠦᠵᠦ᠂ ᠠᠵᠤ ᠠᠬᠤᠢ ᠰᠣᠶᠣᠯ ᠢᠷᠭᠡᠨᠰᠢᠯ᠎ᠳᠦ ᠠᠭᠤᠰᠤᠯᠴᠠᠵᠤ᠂ ᠰᠣᠶᠣᠯ ᠢᠷᠭᠡᠨᠰᠢᠯ ᠠᠵᠤ ᠠᠬᠤᠢ᠎ᠳᠤ ᠨᠡᠪᠴᠢᠬᠦ ᠦᠢᠯᠡᠳᠦᠯᠭᠡ ᠲᠠᠰᠤᠷᠠᠯᠲᠠ ᠦᠭᠡᠢ ᠪᠠᠶᠠᠯᠢᠭ᠍ᠵᠢᠪᠠ᠃
《ᠰᠣᠶᠣᠯ ᠨᠡᠯᠢᠶᠡᠳ ᠬᠥᠭᠵᠢᠭᠰᠡᠨ ᠭᠠᠵᠠᠷ ᠣᠷᠣᠨ᠎ᠳᠤ ᠠᠵᠤ ᠠᠬᠤᠢ ᠵᠢᠨ ᠬᠦᠭᠵᠢᠯᠳᠠ ᠮᠥᠨ ᠯᠡ ᠡᠮᠦᠨᠡᠬᠦᠷ ᠶᠠᠪᠤᠵᠤ ᠪᠠᠢᠨ᠎ᠠ》᠃ 2023 ᠣᠨ᠎ᠤ ᠪᠥᠬᠥ ᠤᠯᠤᠰ᠎ᠤᠨ ᠬᠣᠶᠠᠷ ᠬᠤᠷᠠᠯ᠎ᠤᠨ ᠬᠤᠭᠤᠴᠠᠭᠠᠨ᠎ᠳᠤ᠂ ᠶᠡᠷᠦᠩᠬᠡᠢ ᠱᠦᠵᠢ ᠰᠢ ᠵᠢᠨ ᠫᠢᠩ 《ᠰᠤᠶᠤᠯ ᠢᠷᠭᠡᠨᠰᠢᠯ᠎ᠦᠨ ᠠᠵᠤ ᠠᠬᠤᠢ᠎ᠶᠢᠨ ᠤᠬᠠᠭᠠᠨ》 ᠤ᠋ ᠴᠢᠬᠤᠯᠠ ᠶᠡᠬᠡ ᠰᠡᠳᠦᠪ᠎ᠢ ᠳᠤᠷᠠᠳᠤᠨ ᠭᠠᠷᠭᠠᠪᠠ᠃
ᠠᠯᠢ ᠡᠷᠲᠡ ᠵᠧᠵᠢᠶᠠᠩ᠎ᠳᠤ ᠠᠵᠢᠯᠯᠠᠵᠤ ᠪᠠᠢᠬᠰᠠᠨ ᠬᠤᠭᠤᠴᠠᠭᠠᠨ᠎ᠳᠠᠭᠠᠨ᠂ ᠰᠢ ᠵᠢᠨ ᠫᠢᠩ ᠡᠨᠡ ᠬᠦ᠌ ᠠᠰᠠᠭᠤᠳᠠᠯ᠎ᠢ ᠰᠡᠷᠭᠡᠭ᠎ᠢᠶᠡᠷ ᠣᠯᠵᠤ ᠮᠡᠳᠡᠪᠡ᠃ ᠲᠡᠷᠡ᠄ 《ᠵᠧᠵᠢᠶᠠᠩ᠎ᠤᠨ ᠰᠣᠶᠣᠯ᠎ᠤᠨ ᠨᠢᠭᠡᠨ ᠲᠣᠪᠣᠢᠮ᠎ᠠ ᠣᠨᠴᠠᠯᠢᠭ᠋ ᠪᠣᠯ᠄ ᠭᠦᠨ ᠵᠤᠵᠠᠭᠠᠨ ᠠᠵᠤ ᠠᠬᠤᠢ᠎ᠶᠢᠨ ᠰᠤᠳᠠᠰᠤ᠎ᠪᠠᠷ ᠪᠢᠯᠬᠠᠮ᠎ᠠ》 ᠭᠡᠵᠦ ᠵᠢᠭᠠᠵᠤ ᠭᠠᠷᠭᠠᠪᠠ᠃ ᠲᠡᠷᠡ《〈ᠰᠣᠶᠣᠯ᠎ᠤᠨ ᠠᠵᠤ ᠠᠬᠤᠢ〉 ᠵᠸᠵᠢᠶᠠᠨᠭ᠌ᠤᠨ ᠠᠵᠦ ᠠᠬᠤᠢ ᠵᠢ ᠭᠡᠷᠡᠯᠲᠦᠭᠦᠯᠦᠨ᠎ᠡ》 ᠭᠡᠳᠡᠭ ᠵᠣᠬᠢᠶᠠᠯ᠎ᠳᠠᠭᠠᠨ ᠰᠣᠶᠣᠯ ᠬᠢᠭᠡᠳ ᠠᠵᠤ ᠠᠬᠤᠢ᠎ᠶᠢᠨ ᠬᠤᠪᠢᠰᠤᠩᠭᠤᠢ ᠬᠠᠷᠢᠴᠠᠭ᠎ᠠ᠎ᠶᠢ ᠭᠦᠨᠵᠡᠭᠡᠢ ᠲᠣᠳᠣᠷᠬᠠᠢᠯᠠᠨ ᠥᠭᠦᠯᠡᠵᠡᠢ᠄ 《ᠰᠣᠶᠣᠯ᠎ᠤᠨ ᠠᠵᠤ ᠠᠬᠤᠢ ᠭᠡᠳᠡᠭ ᠪᠣᠯ ᠰᠣᠶᠣᠯ᠎ᠤᠨ ᠠᠵᠤ ᠠᠬᠤᠢᠴᠢᠯᠠᠯᠲᠠ ᠪᠠ ᠠᠵᠤ ᠠᠬᠤᠢ᠎ᠶᠢᠨ ᠰᠣᠶᠣᠯᠴᠢᠯᠠᠯᠲᠠᠶᠢᠨ ᠶᠡᠷᠦᠩᠬᠡᠢ ᠨᠡᠷᠡᠢᠳᠦᠯ ᠮᠥᠨ᠂ ᠮᠥᠨ ᠴᠢᠨᠠᠷ ᠳᠡᠭᠡᠷ᠎ᠡ᠎ᠪᠡᠨ ᠰᠣᠶᠣᠯ ᠬᠢᠭᠡᠳ ᠠᠵᠤ ᠠᠬᠤᠢ᠎ᠶᠢᠨ ᠠᠭᠤᠰᠤᠯᠴᠠᠯ ᠨᠥᠬᠥᠴᠡᠯᠳᠦᠯ᠂ ᠠᠭᠤᠰᠤᠯᠴᠠᠨ ᠬᠥᠭᠵᠢᠬᠦ ᠶᠠᠪᠤᠳᠠᠯ ᠮᠥᠨ》᠃
ᠰᠢ ᠵᠢᠨ ᠫᠢᠩ᠎ᠦᠨ ᠵᠢᠭᠠᠭᠰᠠᠨ ᠵᠠᠮ᠎ᠢᠶᠠᠷ ᠤᠷᠤᠭᠰᠢᠯᠠᠵᠤ᠂ ᠡᠳᠦᠭᠡ ᠬᠠᠩᠵᠧᠦ᠎ᠳᠦ ᠺᠠᠷᠲ᠋ᠣᠨ ᠲᠣᠭᠯᠠᠭᠠᠮ᠎ᠤᠨ ᠡᠬᠢᠨ᠎ᠤ ᠪᠠ ᠡᠴᠦᠰ᠎ᠤᠨ ᠬᠡᠯᠬᠢᠶᠡᠨ᠎ᠤ ᠠᠵᠤ ᠠᠬᠤᠢᠯᠠᠯ 270 ᠭᠠᠷᠤᠢ ᠪᠠᠢᠵᠤ᠂ 1.2 ᠲᠦᠮᠡᠨ ᠠᠵᠢᠯᠲᠠᠨ᠎ᠲᠠᠢ ᠪᠠᠢᠵᠤ᠂ ᠨᠡᠷ᠎ᠡ ᠨᠢᠳᠡᠷ᠎ᠲᠡᠬᠡᠨ ᠨᠡᠢᠴᠡᠭᠰᠡᠨ 《ᠺᠠᠷᠲ᠋ᠣᠨ᠎ᠤ ᠬᠤᠳᠠ》 ᠪᠣᠯᠤᠭᠰᠠᠨ ᠪᠠᠢᠨ᠎ᠠ; ᠵᠧᠵᠢᠶᠠᠩ᠎ᠤᠨ ᠠᠷᠠᠳ᠎ᠤᠨ ᠡᠵᠡᠨᠭᠨᠡᠯᠲᠡ᠎ᠵᠢᠨ ᠰᠣᠶᠣᠯ᠎ᠤᠨ ᠠᠵᠤ ᠠᠬᠤᠢᠯᠠᠯ ᠨᠢᠭᠡᠨᠲᠡ 30 ᠲᠦᠮᠡ᠎ᠶᠢ ᠳᠠᠪᠠᠵᠤ᠂ 2003 ᠣᠨ᠎ᠤ ᠬᠢ ᠡᠴᠡ 7 ᠳᠠᠬᠢᠨ ᠭᠠᠷᠤᠢ ᠪᠣᠯᠪᠠ᠃
ᠠᠷᠠᠳ᠎ᠤᠨ ᠡᠵᠡᠨᠭᠨᠡᠯᠲᠡ᠎ᠵᠢᠨ ᠰᠣᠶᠣᠯ᠎ᠤᠨ ᠠᠵᠤ ᠠᠬᠤᠢᠯᠠᠯ ᠲᠠᠪᠠᠯᠳᠠᠳᠤ ᠮᠠᠶᠢᠭ᠋᠎ᠢᠶᠠᠷ ᠬᠥᠭᠵᠢᠬᠦ᠎ᠶᠢᠨ ᠬᠠᠮᠲᠤ᠂ ᠤᠯᠤᠰ᠎ᠤᠨ ᠥᠮᠴᠢᠯᠡᠯ᠎ᠦᠨ ᠰᠣᠶᠣᠯ᠎ᠤᠨ ᠨᠢᠭᠡᠴᠢ ᠴᠦ᠍ 《ᠬᠡᠭᠡᠨᠴᠢᠷ ᠰᠠᠢᠬᠠᠨ ᠬᠤᠪᠢᠷᠠᠯᠳᠠ》 ᠵᠢ ᠪᠡᠶᠡᠯᠡᠬᠦᠯᠦᠭᠰᠡᠨ ᠪᠠᠢᠨ᠎ᠠ᠃ ᠵᠧᠵᠢᠶᠠᠩ᠎ᠤᠨ ᠳᠠᠭᠤᠤ ᠪᠥᠵᠢᠭ ᠵᠦᠴᠦᠭᠡ᠎ᠶᠢᠨ ᠬᠦᠷᠢᠶᠡᠯᠡᠩ᠂ ᠵᠧᠵᠢᠶᠠᠩ᠎ᠤᠨ ᠳᠠᠭᠤᠷᠢᠯᠢᠭ᠋ ᠼᠢᠷᠺ᠎ᠦᠨ ᠶᠡᠷᠦᠩᠬᠡᠢ ᠪᠦᠯᠬᠦᠮ᠂ ᠵᠧᠵᠢᠶᠠᠩ᠎ᠤᠨ ᠶᠠᠷᠢᠶᠠᠲᠤ ᠵᠦᠴᠦᠭᠡ᠎ᠶᠢᠨ ᠪᠦᠯᠬᠦᠮ ᠵᠡᠷᠭᠡ ᠨᠢ《ᠠᠵᠢᠯ ᠶᠠᠪᠤᠳᠠᠯ᠎ᠢ ᠠᠵᠤ ᠠᠬᠤᠢᠯᠠᠯ᠎ᠳᠤ ᠰᠢᠯᠵᠢᠭᠦᠯᠬᠦ》 ᠳᠦᠷᠢᠮ᠎ᠤᠨ ᠦᠭᠡᠷᠡᠴᠢᠯᠡᠯᠲᠡ ᠵᠢ ᠪᠡᠶᠡᠯᠡᠭᠦᠯᠪᠡ; ᠰᠣᠨᠢᠨ ᠮᠡᠳᠡᠭᠡ ᠬᠡᠪᠯᠡᠯ᠂ ᠷᠠᠳᠢᠣ᠋ ᠲᠧᠯᠸᠢᠰ ᠵᠡᠷᠭᠡ ᠬᠦᠷᠢᠶᠡᠨ᠎ᠳᠦ ᠪᠦᠯᠦᠭᠯᠡᠯᠵᠢᠯᠳᠠ ᠵᠢᠨ ᠥᠭᠡᠷᠡᠴᠢᠯᠡᠯᠲᠡ᠎ᠶᠢᠨ ᠥᠷᠨᠢᠯᠲᠡ ᠪᠤᠯᠪᠠ ᠁
ᠰᠣᠶᠣᠯ᠎ᠤᠨ ᠪᠠᠢᠭᠤᠯᠤᠯ᠎ᠤᠨ ᠥᠭᠡᠷᠡᠴᠢᠯᠡᠯᠲᠡ᠎ᠶᠢ ᠠᠳᠬᠤᠬᠤ᠎ᠳᠤ ᠠᠵᠢᠯ ᠦᠢᠯᠡᠰ ᠪᠠ ᠠᠵᠤ ᠦᠢᠯᠡᠰ᠎ᠢ ᠢᠯᠭᠠᠬᠤ ᠬᠡᠷᠡᠭᠲᠡᠢ᠃ ᠨᠡᠶ᠋ᠢᠲᠡ᠎ᠶᠢᠨ ᠠᠰᠠᠷᠠᠮᠵᠢ᠎ᠶᠢᠨ ᠴᠢᠨᠠᠷᠲᠠᠢ ᠰᠣᠶᠣᠯ᠎ᠤᠨ ᠠᠵᠢᠯ ᠦᠢᠯᠡᠰ᠎ᠢ ᠠᠳᠬᠤᠬᠤᠲᠤᠬᠠᠢ ᠰᠢ ᠵᠢᠨ ᠫᠢᠩ᠎ᠤᠨ ᠦᠵᠡᠬᠦ ᠪᠡᠷ᠂ ᠥᠭᠡᠷᠡᠴᠢᠯᠡᠯᠲᠡ ᠬᠢᠬᠦ᠎ᠶᠢ ᠳᠥᠭᠥᠮᠬᠡᠨ᠎ᠢᠶᠡᠷ ᠵᠠᠰᠠᠭ᠎ᠤᠨ ᠣᠷᠳᠣᠨ᠎ᠤ 《ᠳᠠᠷᠤᠭᠠᠰᠤ ᠵᠢ ᠠᠪᠴᠤ ᠬᠠᠶᠠᠬᠤ》 ᠪᠠ ᠠᠵᠤ ᠠᠬᠤᠢ᠎ᠶᠢᠨ ᠲᠠᠯ᠎ᠠ ᠪᠠᠷ 《ᠰᠦᠡᠴᠡ ᠨᠢ ᠰᠠᠯᠭᠠᠬᠤ》 ᠭᠡᠵᠦ ᠣᠢᠯᠠᠭᠠᠵᠤ ᠪᠣᠯᠬᠤ ᠦᠭᠡᠢ᠃ ᠣᠷᠣᠭᠤᠯᠤᠯᠲᠠ᠎ᠶᠢ ᠨᠡᠮᠡᠭᠳᠡᠭᠦᠯᠬᠦ᠂ ᠲᠣᠭᠲᠡᠴᠡ᠎ᠶᠢ ᠬᠤᠪᠢᠷᠠᠭᠤᠯᠬᠤ᠂ ᠦᠢᠯᠡᠴᠢᠯᠡᠭᠡ᠎ᠶᠢ ᠰᠠᠢᠵᠢᠷᠠᠭᠤᠯᠬᠤ᠎ᠪᠠᠷ ᠭᠣᠣᠯᠳᠠᠯᠭ᠎ᠠ ᠪᠣᠯᠭᠠᠵᠤ᠂ ᠠᠮᠢᠵᠢᠷᠠᠯ᠎ᠤᠨ ᠬᠦᠴᠦᠨ᠎ᠢ ᠲᠠᠰᠤᠷᠠᠯᠲᠠ ᠦᠭᠡᠢ ᠨᠡᠮᠡᠭᠳᠡᠭᠦᠯᠬᠦ ᠬᠡᠷᠡᠭᠲᠡᠢ᠃
ᠶᠦᠩ ᠵᠢᠶᠠ ᠰᠢᠶᠠᠨ᠎ᠤ ᠶᠠᠨ ᠲᠧᠦ ᠪᠠᠯᠭᠠᠰᠤᠨ᠎ᠳᠤ᠂ ᠭᠤᠷᠪᠠᠨ ᠵᠠᠭᠤᠨ ᠭᠠᠵᠠᠷ᠎ᠤᠨ ᠨᠠᠨ ᠰᠢ ᠵᠢᠶᠠᠩ ᠮᠥᠷᠡᠨ᠎ᠦ ᠤᠰᠤ ᠶᠦᠩ ᠵᠢᠶᠠ ᠺᠦᠨᠱᠠᠨ ᠳᠠᠭᠤᠷᠢᠯᠢᠭ᠋ᠢ ᠪᠤᠢᠵᠢᠭᠤᠯᠵᠤ᠂ 600 ᠭᠠᠷᠤᠢ ᠵᠢᠯ ᠳᠠᠭᠤᠯᠠᠭᠳᠡᠵᠤ ᠡᠮᠦᠨᠡᠲᠦᠤᠷᠤᠨᠤ ᠰᠢ ᠵᠦᠴᠦᠭᠡ ᠵᠢ ᠰᠤᠳᠤᠯᠬᠤ《ᠠᠮᠢᠳᠤ ᠴᠢᠯᠠᠭᠤᠵᠢᠮᠠᠯ》 ᠪᠣᠯᠤᠭᠰᠠᠨ ᠪᠠᠢᠨ᠎ᠠ᠃
2005 ᠣᠨ᠎ᠤ 5 ᠰᠠᠷ᠎ᠠ᠎ᠶᠢᠨ 20 ᠤ᠋ ᠡᠳᠦᠷ᠂ ᠰᠢ ᠵᠢᠨ ᠫᠢᠩ ᠶᠦᠩ ᠵᠢᠶᠠ᠎ᠳᠤ ᠬᠦᠷᠴᠦ ᠪᠠᠢᠴᠠᠭᠠᠨ ᠰᠤᠳᠤᠯᠪᠡ᠃ ᠲᠤᠬᠠᠢ᠎ᠶᠢᠨ ᠣᠶ᠋ᠶ᠎ᠠ᠎ᠳᠤ ᠶᠠᠨ ᠲᠧᠦ ᠪᠠᠯᠭᠠᠰᠤᠨ᠎ᠳᠤ ᠶᠠᠭ ᠰᠠᠢᠬᠠᠨ ᠶᠦᠩ ᠵᠢᠶᠠ ᠺᠦᠨᠱᠠᠨ ᠳᠠᠭᠤᠷᠢᠯᠢᠭ᠎ᠤᠨ ᠲᠤᠭᠯᠠᠯᠲᠠ ᠲᠠᠢ ᠪᠠᠢᠵᠠᠢ᠃ ᠲᠡᠷᠡ ᠰᠡᠮᠡᠭᠡᠷ ᠦᠵᠡᠭᠴᠢᠳ᠎ᠦᠨ ᠰᠠᠭᠤᠳᠠᠯ᠎ᠳᠤ ᠰᠠᠭᠠᠲᠠᠵᠤ᠂ ᠲᠣᠰᠬᠣᠨ᠎ᠤ ᠠᠷᠠᠳ᠎ᠲᠠᠢ ᠬᠠᠮᠲᠤ ᠲᠣᠭᠯᠠᠯᠲᠠ ᠦᠵᠡᠪᠡ᠃ ᠠᠷᠤ ᠲᠠᠢᠰᠠᠨ᠎ᠳᠤ ᠶᠠᠭᠠᠷᠠᠵᠤ ᠪᠠᠢᠭᠰᠠᠨ ᠠᠬᠠᠮᠠᠳ ᠲᠣᠭᠯᠠᠭ᠍ᠴᠢ ᠯᠢᠨ ᠮᠧᠢ ᠮᠧᠢ ᠶᠡᠷᠦᠩᠬᠡᠢ ᠱᠦᠵᠢ ᠰᠢ ᠵᠢᠨ ᠫᠢᠩ ᠤ᠋ᠨ ᠬᠦᠷᠴᠤ ᠢᠷᠡᠭᠰᠡᠨ᠎ᠢ ᠰᠣᠨᠣᠰᠤᠮᠠᠬᠴᠠ ᠭᠠᠷᠴᠤ ᠢᠷᠡᠭᠡᠳ ᠰᠢ ᠵᠢᠨ ᠫᠢᠩ᠎ᠲᠠᠢ ᠬᠠᠮᠲᠤ ᠤᠷᠳᠤ ᠰᠠᠨᠳᠠᠯᠢ ᠳᠡᠭᠡᠷ᠎ᠡ ᠰᠠᠭᠤᠵᠤ᠂ ᠲᠤᠬᠯᠠᠯᠳᠠ ᠵᠢ ᠦᠵᠡᠬᠦ᠎ᠶᠢᠨ ᠳᠠᠭᠠᠤ ᠵᠣᠭᠣᠭᠳᠠᠪᠠ᠃
《ᠡᠢᠮᠦ ᠵᠠᠯᠠᠭᠤ ᠲᠣᠭᠯᠠᠭ᠍ᠴᠢ ᠣᠳᠣ᠌ ᠬᠡᠳᠦᠢ ᠪᠠᠢᠬᠤ ᠪᠤᠢ?》
《ᠡᠲᠡᠭᠡᠷ ᠵᠢᠯ᠎ᠦᠳ᠎ᠲᠦ ᠨᠡᠶ᠋ᠢᠲᠡ ᠠᠷᠪᠠᠬᠠᠨ ᠰᠣᠷᠣᠭ᠍ᠴᠢ ᠡᠯᠰᠡᠵᠡᠢ》
《ᠲᠠᠨ᠎ᠤ ᠦᠵᠡᠬᠦ ᠪᠡᠷ ᠶᠦᠩ ᠵᠢᠶᠠ ᠺᠦᠨᠱᠠᠨ ᠳᠠᠭᠤᠷᠢᠯᠢᠭ᠎ᠤᠨ ᠤᠷᠠᠯᠢᠭ᠎ᠢ ᠬᠠᠮᠠᠭᠠᠯᠠᠵᠤ ᠤᠯᠠᠮᠵᠢᠯᠠᠬᠤ᠎ᠳᠤ ᠶᠠᠮᠠᠷ ᠶᠠᠮᠠᠷ ᠬᠦᠴᠢᠷᠳᠡᠯ ᠤᠷᠤᠰᠢᠵᠤ ᠪᠠᠢᠬᠤ ᠪᠣᠶ?》
ᠡᠳᠡᠭᠡᠷ ᠠᠰᠠᠭᠤᠯᠲᠠ ᠨᠢ ᠯᠢᠨ ᠮᠧᠢ ᠮᠧᠢ᠎ᠶᠢᠨ ᠰᠡᠳᠬᠢᠯ᠎ᠢ ᠬᠦᠨᠳᠡᠪᠡ᠂ ᠲᠡᠷᠡ ᠶᠦᠩ ᠵᠢᠶᠠ ᠺᠦᠨᠱᠠᠨ ᠳᠠᠭᠤᠷᠢᠯᠢᠭ᠎ᠢ ᠬᠠᠮᠠᠭᠠᠯᠠᠵᠤ ᠬᠦᠭᠵᠢᠬᠦᠯᠬᠦ ᠲᠤᠬᠠᠢ ᠬᠦᠴᠢᠷᠳᠡᠯ᠎ᠢ ᠨᠢᠭᠡᠳ ᠨᠢᠭᠡ᠎ᠪᠡᠷ ᠶᠠᠷᠢᠵᠤ ᠥᠭᠴᠡᠢ᠃
20 ᠳ᠋ᠤᠭᠠᠷ ᠵᠠᠭᠤᠨ᠎ᠤ ᠨᠠᠶᠠᠭᠠᠳ ᠣᠨ᠎ᠤ ᠰᠡᠭᠦᠯᠴᠢ᠎ᠪᠡᠷ ᠶᠦᠩ ᠵᠢᠶᠠ ᠺᠦᠨᠱᠠᠨ ᠲᠠᠭᠤᠷᠢᠯᠢᠭ᠎ᠤᠨ ᠪᠦᠯᠬᠦᠮ ᠲᠠᠷᠬᠠᠵᠤ᠂ ᠵᠦᠴᠦᠭᠡ᠎ᠶᠢᠨ ᠠᠩᠭᠢ ᠪᠦᠷᠢᠯᠳᠦᠵᠦ ᠳᠡᠢᠯᠬᠦ ᠦᠭᠡᠢ ᠤᠯᠠᠮᠵᠢᠯᠠᠵᠤ ᠵᠠᠯᠭᠠᠮᠵᠢᠯᠠᠬᠤ ᠬᠥᠮᠥᠨ ᠦᠭᠡᠢ ᠪᠣᠯᠵᠤ᠂ ᠶᠦᠩ ᠵᠢᠶᠠ ᠺᠦᠨᠱᠠᠨ ᠳᠠᠭᠤᠷᠢᠯᠢᠭ ᠤᠯᠠᠮᠵᠢᠯᠠᠯ ᠲᠠᠰᠤᠷᠠᠬᠤ ᠰᠢᠬᠠᠭᠰᠠᠨ ᠪᠠᠢᠪᠠ᠃
《ᠠᠬᠠᠮᠠᠳ ᠪᠠᠭᠰᠢ ᠨᠠᠷ᠎ᠢ ᠪᠤᠳᠤᠵᠤ ᠤᠯᠬᠤ ᠪᠦᠷᠢ ᠪᠢ ᠤᠬᠢᠯᠠᠮᠠᠷ ᠰᠠᠨᠠᠭᠳᠠᠨ᠎ᠠ》 ᠃ ᠯᠢᠨ ᠮᠧᠶ ᠮᠧᠶ᠄ 《ᠲᠡᠳᠡ ᠨᠠᠰᠤ ᠪᠠᠷᠠᠬᠤᠡᠴᠡᠪᠠᠨ ᠡᠮᠦᠨ᠎ᠡ ᠮᠢᠨᠤ ᠭᠠᠷ᠎ᠡᠴᠡ ᠠᠳᠬᠤᠵᠤ ᠶᠦᠩ ᠵᠢᠶᠠ ᠺᠦᠨᠱᠠᠨ ᠳᠠᠭᠤᠷᠢᠯᠢᠭ᠎ᠢ ᠬᠠᠶᠠᠵᠤ ᠪᠣᠯᠬᠤ ᠦᠭᠡᠢ᠂ ᠪᠢᠳᠡ ᠬᠡᠳᠦᠨ ᠵᠠᠭᠤᠨ ᠵᠢᠯ᠎ᠤᠨ ᠲᠤᠷᠰᠢ ᠦᠶ᠎ᠡ᠎ᠶᠢᠨ ᠦᠶ᠎ᠡ ᠤᠯᠠᠮᠵᠢᠯᠠᠵᠤ ᠢᠷᠡᠭᠰᠡᠨ ᠶᠤᠮ ᠭᠡᠵᠤ ᠬᠡᠯᠡᠭᠰᠡᠨ ᠶᠤᠮ》 ᠭᠡᠪᠡ᠃
ᠯᠢᠨ ᠮᠧᠶ ᠮᠧᠶ᠎ᠶᠢᠨ ᠴᠡᠭᠡᠵᠢᠯᠡᠵᠦ ᠪᠠᠢᠬᠤ᠎ᠪᠠᠷ᠂ ᠵᠦᠴᠦᠭᠡ᠎ᠶᠢᠨ ᠪᠦᠯᠬᠦᠮ ᠨᠢ ᠥᠪᠡᠷ᠎ᠦᠨ ᠠᠯᠪᠠᠯᠠᠬᠤ ᠭᠠᠵᠠᠷ ᠪᠠᠢᠬᠤ ᠦᠭᠡᠢ᠂ ᠠᠷᠠᠳ᠎ᠤᠨ ᠬᠠᠭᠤᠴᠢᠨ ᠪᠠᠢᠰᠢᠩ ᠭᠡᠷ᠎ᠢ ᠵᠢᠭᠡᠯᠡᠨ ᠠᠯᠪᠠᠯᠠᠵᠤ᠂ ᠵᠦᠴᠦᠭᠡ ᠪᠣᠯᠪᠠᠰᠤᠷᠠᠬᠤ ᠳ᠋ᠠᠭᠠᠨ ᠵᠢᠵᠢᠭ ᠰᠦᠮ᠎ᠡ᠎ᠳᠦ ᠣᠴᠢᠵᠤ᠂ ᠰᠢᠪᠡᠷ ᠱᠤᠭᠤᠮᠠᠯ ᠮᠣᠳᠣᠨ ᠱᠤᠭᠤᠮᠠᠯ᠎ᠳᠤ ᠬᠠᠨᠳᠤᠵᠤ ᠲᠣᠭᠯᠠᠳᠠᠭ ᠪᠠᠢᠪᠠ᠃ 2000 ᠣᠨ᠎ᠳᠤ᠂ ᠶᠦᠩ ᠵᠢᠶᠠ ᠺᠦᠨᠱᠠᠨ ᠳᠠᠭᠤᠷᠢᠯᠢᠭ᠎ᠢ ᠠᠪᠤᠷᠠᠬᠤ᠎ᠶᠢᠨ ᠲᠥᠯᠥᠭᠡ᠂ ᠲᠡᠳᠡ ᠵᠣᠭᠣᠰ ᠴᠤᠭᠯᠠᠭᠤᠯᠤᠨ ᠠᠩᠬᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠺᠦᠨᠱᠠᠨ ᠵᠦᠴᠦᠭᠡ᠎ᠶᠢᠨ ᠤᠷᠠᠯᠢᠭ᠋᠎ᠤᠨ ᠨᠠᠢᠷ᠎ᠲᠤ ᠣᠷᠣᠯᠴᠠᠪᠠ᠂ ᠥᠪᠡᠷ᠎ᠢᠶᠡᠨ ᠪᠠᠰᠠ 60 ᠨᠠᠰᠤ ᠳᠥᠬᠥᠵᠦ ᠪᠤᠢ᠂ ᠵᠢᠭᠡᠯᠡᠭᠰᠡᠨ ᠬᠠᠭᠤᠴᠢᠨ ᠥᠨᠳᠥᠷ ᠭᠤᠲᠤᠯ᠎ᠢᠶᠠᠨ ᠡᠮᠦᠰᠴᠤ ᠲᠤᠭᠯᠠᠯᠲᠠ ᠭᠠᠷᠭᠠᠵᠤ᠂ ᠬᠥᠮᠥᠰ ᠨᠠᠳᠠ ᠵᠢ 《ᠵᠢᠷᠠᠨ ᠨᠠᠰᠤᠲᠠᠢ ᠵaᠯᠠᠭᠤ ᠪᠦᠰᠡᠲᠡᠨ》 ᠬᠡᠳᠡᠭ᠃
ᠡᠭᠦᠨ᠎ᠢ ᠰᠣᠨᠣᠰᠤᠭᠠᠳ ᠰᠢ ᠵᠢᠨ ᠫᠢᠩ᠄ 《ᠪᠦᠯᠬᠦᠮ ᠪᠠᠢᠭᠤᠯᠵᠤ ᠲᠣᠭᠯᠠᠯᠲᠠ ᠭᠠᠷᠭᠠᠬᠤ᠎ᠳᠤ ᠴᠣᠬᠣᠮ ᠬᠡᠳᠦᠢ ᠬᠥᠮᠥᠨ ᠬᠡᠷᠡᠭᠰᠡᠬᠦ ᠪᠤᠢ?》 ᠭᠡᠵᠦ ᠠᠰᠠᠭᠤᠪᠠ᠃
《30 ᠬᠦᠮᠦᠨ᠎ᠤ ᠣᠷᠣᠨ ᠲᠣᠭ᠎ᠠ᠎ᠲᠠᠢ ᠪᠤᠯ ᠡᠩ᠎ᠤᠨ ᠲᠣᠭᠯᠠᠯᠲᠠ ᠭᠠᠷᠭᠠᠬᠤ᠎ᠶᠢ ᠠᠷᠭᠠᠴᠡᠭᠠᠵᠤ ᠳᠡᠶ᠋ᠢᠯᠬᠦ ᠪᠠᠢᠬ᠎ᠠ》᠃
᠁
ᠯᠢᠨ ᠮᠧᠶ ᠮᠧᠶ᠎ᠶᠢᠨ ᠱᠠᠭᠠᠷᠳᠠᠯᠭ᠎ᠠ ᠮᠠᠰᠢ ᠲᠦᠷᠭᠡᠨ ᠦᠷ᠎ᠡ ᠳ᠋ᠦᠩ᠎ᠲᠠᠢ ᠪᠣᠯᠪᠠ᠃ ᠠᠷᠪᠠᠨ ᠬᠡᠳᠦᠨ ᠡᠳᠦᠷ᠎ᠦᠨ ᠳᠠᠷᠠᠭ᠎ᠠ᠂ ᠰᠢ ᠵᠢᠨ ᠫᠢᠩ 《ᠶᠦᠩ ᠵᠢᠶᠠ ᠺᠦᠨᠱᠠᠨ ᠳᠠᠭᠤᠷᠢᠯᠢᠭ᠎ᠢ ᠠᠪᠤᠷᠠᠬᠤ ᠪᠠ ᠬᠥᠭᠵᠢᠭᠦᠯᠦᠨ ᠮᠠᠨᠳᠤᠭᠤᠯᠬᠤ ᠲᠤᠬᠠᠢ ᠮᠡᠳᠡᠭᠦᠯᠦᠯᠲᠡ》 ᠳ᠋ᠤ᠌ ᠴᠣᠬᠣᠯᠠᠪᠤᠷᠢ ᠥᠭᠴᠦ᠂ 《ᠶᠦᠩ ᠵᠢᠶᠠ ᠺᠦᠨᠱᠠᠨ ᠳᠠᠭᠤᠷᠢᠯᠢᠭ᠎ᠤᠨ ᠬᠠᠮᠠᠭᠠᠯᠠᠯᠲᠠ᠎ᠶᠢ ᠮᠠᠨ᠎ᠤ ᠮᠤᠵᠢ᠎ᠶᠢᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠲᠥᠯᠥᠪᠯᠡᠭᠡ᠎ᠳᠦ ᠣᠷᠣᠭᠤᠯᠬᠤ ᠬᠡᠷᠡᠭᠲᠡᠢ》ᠭᠡᠵᠦ ᠲᠤᠳᠤᠷᠬᠠᠢ ᠵᠢᠭᠠᠵᠤ ᠭᠠᠷᠭᠠᠪᠠ᠃
ᠲᠤᠰ ᠵᠢᠯ᠎ᠳᠦ᠂ ᠶᠦᠩ ᠵᠢᠶᠠ ᠺᠦᠨᠱᠠᠨ ᠵᠦᠴᠦᠭᠡ ᠨᠢ ᠵᠧᠵᠢᠶᠠᠩ᠎ᠤᠨ ᠠᠩᠬᠠᠳᠠᠭ᠍ᠴᠢ ᠪᠦᠯᠦᠭ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠭᠴᠢ ᠪᠦᠲᠦᠭᠡᠯ᠎ᠦᠨ ᠨᠡᠷᠡᠰ᠎ᠲᠦ ᠰᠣᠩᠭᠣᠭᠳᠠᠵᠤ᠂ ᠮᠤᠵᠢ᠎ᠶᠢᠨ ᠲᠡᠰ᠎ᠤᠨ ᠰᠣᠶᠣᠯ᠎ᠤᠨ ᠰᠠᠯᠠᠭ᠎ᠠ ᠮᠥᠴᠢᠷ᠎ᠡᠴᠡ ᠵᠢᠯ ᠪᠦᠷᠢ ᠲᠤᠰᠬᠠᠢ ᠲᠦᠷᠦᠯ᠎ᠦᠨ ᠪᠡᠯᠡ ᠮᠥᠩᠭᠥ 100 ᠲᠦᠮᠡᠨ ᠲᠥᠭᠥᠷᠢᠭ ᠪᠠᠭᠤᠯᠭᠠᠪᠠ᠃ ᠡᠭᠦᠨ᠎ᠡᠴᠡ ᠡᠬᠢᠯᠡᠨ ᠵᠦᠴᠦᠭᠡ᠎ᠶᠢᠨ ᠪᠦᠯᠬᠦᠮ ᠪᠠᠢᠭᠤᠯᠤᠯ᠎ᠤᠨ ᠳᠦᠷᠢᠮ᠎ᠢᠶᠡᠨ ᠰᠡᠷᠭᠦᠭᠡᠵᠦ᠂ ᠣᠷᠣᠨ ᠲᠣᠭ᠎ᠠ᠎ᠪᠠᠨ ᠥᠷᠭᠡᠳᠬᠡᠭᠡᠳ 38 ᠬᠥᠮᠥᠨ ᠪᠣᠯᠭᠠᠵᠤ᠂ ᠪᠦᠬᠦ ᠤᠯᠤᠰ᠎ᠲᠤ ᠬᠠᠨᠳᠤᠭᠤᠯᠤᠨ ᠵᠠᠯᠠᠭᠤ ᠲᠣᠭᠯᠠᠭ᠍ᠴᠢ ᠡᠯᠰᠡᠵᠦ᠂ ᠲᠤᠬᠠᠢ᠎ᠶᠢᠨ ᠦᠶ᠎ᠡ᠎ᠶᠢᠨ ᠰᠣᠶᠣᠯ᠎ᠤᠨ ᠶᠠᠮᠤᠨ᠎ᠤ ᠭᠣᠣᠯᠳᠠᠯᠭ᠎ᠠ᠎ᠲᠠᠢ ᠲᠡᠳᠬᠦᠨ ᠳᠡᠮᠵᠢᠵᠦ ᠪᠠᠢᠭᠰᠠᠨ ᠳᠣᠯᠣᠭᠠᠨ ᠺᠦᠨᠱᠠᠨ ᠵᠦᠴᠦᠭᠡ᠎ᠶᠢᠨ ᠬᠦᠷᠢᠶᠡᠯᠡᠩ ᠪᠦᠯᠬᠦᠮᠳᠤᠲᠤᠷᠠ ᠴᠣᠷᠢ ᠵᠢᠨ ᠭᠠᠭᠴᠠ ᠰᠢᠶᠠᠨ᠎ᠤ ᠱᠠᠲᠤᠨ᠎ᠤ ᠪᠦᠯᠬᠦᠮ ᠪᠣᠯᠤᠭᠰᠠᠨ ᠪᠠᠢᠨ᠎ᠠ᠃
ᠵᠠᠷᠤᠳᠠᠯ ᠮᠥᠩᠭᠥ᠎ᠲᠠᠢ ᠪᠣᠯᠵᠤ᠂ ᠬᠥᠮᠥᠨ ᠪᠦᠷᠢᠳᠴᠦ᠂ ᠶᠦᠩ ᠵᠢᠶᠠ ᠺᠦᠨᠱᠠᠨ ᠳᠠᠭᠤᠷᠢᠯᠢᠭ᠎ᠤᠨ 《ᠴᠢᠰᠤ ᠪᠦᠲᠦᠭᠡᠬᠦ》 ᠴᠢᠳᠠᠮᠵᠢ ᠴᠤ᠌ ᠢᠳᠡᠪᠬᠢᠵᠢᠪᠡ —
ᠲᠤᠰᠬᠠᠢ ᠮᠡᠷᠭᠡᠵᠢᠯ᠎ᠦᠨ ᠤᠷᠠᠯᠢᠭ᠋᠎ᠤᠨ ᠪᠦᠯᠬᠦᠮ᠎ᠦᠨ ᠲᠣᠭᠯᠠᠯᠲᠠ᠎ᠶᠢᠨ ᠴᠢᠳᠠᠮᠵᠢ᠎ᠶᠢ ᠠᠭᠠᠵᠢᠮ᠎ᠢᠶᠠᠷ ᠰᠡᠷᠭᠦᠭᠡᠵᠦ᠂ ᠨᠢᠭᠡ ᠵᠢᠯ᠎ᠳᠦ 200 ᠲᠠᠯᠠᠪᠤᠷ ᠲᠣᠭᠯᠠᠯᠲᠠ ᠭᠠᠷᠭᠠᠪᠠ; 219 ᠨᠡᠷᠡᠳᠤ ᠶᠦᠩ ᠵᠢᠶᠠ ᠺᠦᠨᠱᠠᠨ ᠳᠠᠭᠤᠷᠢᠯᠢᠭ᠎ᠢ ᠠᠪᠤᠷᠠᠬᠤ ᠠᠵᠢᠯ᠎ᠢ ᠪᠡᠶᠡᠯᠡᠭᠦᠯᠪᠡ; ᠵᠧᠵᠢᠶᠠᠩ᠎ᠤᠨ ᠤᠷᠠᠯᠢᠭ᠋᠎ᠤᠨ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ᠎ᠲᠠᠢ ᠬᠠᠮᠲᠤᠷᠠᠨ《ᠵᠠᠯᠠᠭᠤᠴᠤᠳ᠎ᠤᠨ ᠠᠩᠭᠢ》ᠭᠠᠷᠭᠠᠵᠤ᠂ ᠰᠤᠷᠭᠠᠭᠤᠯᠢ ᠪᠦᠯᠬᠦᠮ᠎ᠦᠨ ᠵᠠᠬᠢᠶᠠᠯᠠᠭ᠎ᠠ᠎ᠶᠢᠨ ᠮᠠᠶᠢᠭ᠋᠎ᠤᠨ ᠴᠢᠳᠠᠪᠤᠷᠢᠲᠠᠨ ᠬᠥᠮᠥᠵᠢᠭᠦᠯᠬᠦ ᠵᠠᠭᠪᠤᠷ᠎ᠢ ᠰᠦᠪᠡᠭᠴᠢᠯᠡᠪᠡ; 《ᠶᠦᠩ ᠵᠢᠶᠠ ᠺᠦᠨᠱᠠᠨ ᠳᠠᠭᠤᠷᠢᠯᠢᠭ + ᠰᠡᠯᠡᠭᠦᠴᠡᠯ ᠵᠢᠭᠤᠯᠴᠢᠯᠠᠯ》᠎ᠤ᠋ᠨ ᠵᠠᠬᠪᠤᠷ ᠢ᠋ ᠲᠤᠷᠰᠢᠵᠤ᠂ ᠵᠢᠪᠬᠤᠭᠠᠲᠤ ᠪᠣᠳᠠᠲᠤ ᠦᠵᠡᠭᠳᠡᠯ᠎ᠳᠤ ᠲᠣᠭᠯᠠᠯᠲᠠ 《ᠮᠠᠨᠳᠠᠷᠠᠸ᠎ᠠ ᠴᠡᠴᠡᠭ᠎ᠦᠨ ᠲᠢᠩᠰᠡ·ᠴᠡᠴᠡᠷᠯᠢᠭ᠎ᠢᠶᠡᠷ ᠵᠢᠭᠤᠯᠴᠢᠯᠠᠭᠰᠠᠨ ᠭᠠᠢᠬᠠᠮᠰᠢᠭ᠍ᠲᠠᠢ ᠵᠡᠭᠦᠳᠦ》 ᠨᠢ ᠡᠷᠲᠡᠨ᠎ᠦ ᠬᠥᠭ ᠠᠶᠠᠰ᠎ᠤᠨ ᠰᠢᠨ᠎ᠡ ᠲᠠᠭᠤᠨ᠎ᠢ ᠬᠠᠩᠭᠢᠨᠠᠭᠤᠯᠪᠠ ᠁
《ᠮᠠᠨ᠎ᠤ ᠶᠦᠩ ᠵᠢᠶᠠ ᠺᠦᠨᠱᠠᠨ ᠳᠠᠭᠤᠷᠢᠯᠢᠭ ᠵᠦᠴᠦᠭᠡ᠎ᠵᠢᠨ ᠲᠤᠭᠯᠠᠭᠴᠢᠳ ᠲᠠᠯᠠᠷᠬᠠᠵᠤ ᠪᠠᠢᠨ᠎ᠠ!》 ᠤᠳᠤ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠦᠷᠦᠯ ᠵᠦᠢᠯ ᠪᠣᠯᠬᠤ ᠺᠦᠨᠱᠠᠨ ᠳᠠᠭᠤᠷᠢᠯᠢᠭ (ᠶᠦᠩ ᠵᠢᠶᠠ ᠺᠦᠨᠱᠠᠨ ᠳᠠᠭᠤᠷᠢᠯᠢᠭ) ᠤ᠋ᠨ ᠲᠥᠯᠥᠭᠡᠯᠡᠬᠦ ᠴᠢᠨᠠᠷᠲᠠᠢ ᠤᠯᠠᠮᠵᠢᠯᠠᠭ᠍ᠴᠢ ᠯᠢᠨ ᠮᠧᠢ ᠮᠧᠢ᠄ 《ᠶᠦᠩ ᠵᠢᠶᠠ ᠺᠦᠨᠱᠠᠨ ᠵᠦᠴᠦᠭᠡ᠎ᠵᠢᠨ ᠭᠠᠯ ᠭᠤᠯᠤᠮᠳᠠ ᠲᠠᠰᠤᠷᠠᠭ᠎ᠠ ᠦᠭᠡᠢ᠂ ᠪᠢ ᠡᠪᠦᠭᠡ ᠪᠠᠭ᠍ᠰᠢ᠎ᠳᠠᠭᠠᠨ ᠣᠰᠣᠯᠳᠠᠭᠰᠠᠨ ᠦᠭᠡᠢ!》 ᠭᠡᠵᠦ ᠰᠡᠳᠭᠢᠯ ᠲᠤᠬᠳᠤᠯᠤᠨ ᠶᠠᠷᠢᠪᠠ᠃
ᠲᠡᠷᠡ ᠬᠡᠰᠡᠭ ᠬᠤᠭᠤᠴᠠᠭᠠᠨ᠎ᠳᠤ᠂ ᠶᠦᠩ ᠵᠢᠶᠠ ᠺᠦᠨᠱᠠᠨ ᠳᠠᠭᠤᠷᠢᠯᠢᠭ᠎ᠢ ᠠᠪᠤᠷᠠᠬᠤ ᠴᠣᠬᠣᠯᠠᠪᠤᠷᠢ ᠥᠭᠬᠦ᠎ᠡᠴᠡ ᠭᠠᠳᠠᠨ᠎ᠠ᠂ ᠰᠢ ᠵᠢᠨ ᠫᠢᠩ ᠣᠬᠣᠷᠬᠠᠨ 28 ᠡᠳᠦᠷ᠎ᠦᠨ ᠳᠣᠲᠣᠷ᠎ᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠬᠠᠮᠠᠭᠠᠯᠠᠯᠲᠠ᠎ᠳᠤ 6 ᠤᠳᠠᠭ᠎ᠠ ᠴᠣᠬᠣᠯᠠᠪᠤᠷᠢ ᠥᠭᠴᠦ᠂ ᠵᠧᠵᠢᠶᠠᠩ᠎ᠤᠨ ᠠᠷᠠᠳ᠎ᠤᠨ ᠭᠠᠷ ᠤᠷᠠᠯᠠᠯ᠂ ᠠᠷᠠᠳ᠎ᠤᠨ ᠤᠷᠠᠯᠢᠭ᠋᠎ᠤᠨ ᠬᠠᠮᠠᠭᠠᠯᠠᠯᠲᠠ ᠤᠯᠠᠮᠵᠢᠯᠠᠯ᠎ᠤᠨ ᠰᠢᠨ᠎ᠡ ᠵᠢ ᠡᠭᠦᠳᠴᠤ ᠬᠥᠭᠵᠢᠬᠦ᠎ᠳᠦ 《ᠴᠠᠭ᠎ᠤᠨ ᠬᠤᠷ᠎ᠠ》 ᠬᠦᠷᠭᠡᠪᠡ᠃ ᠡᠨᠡ ᠬᠦ᠌ ᠬᠠᠯᠠᠮᠵᠢᠯᠠᠯ ᠪᠠ ᠠᠬᠢᠭᠤᠯᠤᠯ ᠳᠣᠣᠷ᠎ᠠ᠂ ᠵᠧᠵᠢᠶᠠᠩ᠎ᠤᠨ ᠬᠥᠬᠡ ᠱᠠᠭᠠᠵᠠᠩ᠎ᠤᠨ ᠮᠢᠩᠭᠠᠨ ᠣᠨ᠎ᠤ ᠤᠭᠤᠷᠭᠠᠶ᠎ᠶᠢᠨ ᠭᠠᠯ ᠠᠮᠢᠵᠢᠷᠠᠯ᠎ᠤᠨ ᠬᠦᠴᠦᠨ ᠪᠠᠳᠠᠷᠠᠵᠤ᠂ ᠰᠢᠷ᠎ᠠ ᠠᠷᠢᠬᠢ᠎ᠶᠢᠨ ᠠᠩᠬᠢᠯᠤᠮ᠎ᠠ ᠦᠨᠦᠷ ᠨᠢ ᠵᠢᠶᠠᠩᠨᠠᠨ ᠭᠤᠳᠤᠮᠵᠢ᠎ᠪᠠᠷ ᠪᠢᠯᠬᠠᠵᠤ᠂ ᠴᠠᠢ᠎ᠶᠢᠨ ᠥᠩᠭᠡ ᠦᠵᠡᠮᠵᠢ ᠪᠡᠷ ᠨᠣᠮᠢᠨ ᠨᠣᠭᠣᠭᠠᠨ ᠠᠭᠤᠯᠠ ᠤᠰᠤ᠎ᠶᠢ ᠪᠤᠳᠤᠭᠯᠠᠪᠠ ᠁
ᠮᠠᠷᠺᠰ ᠬᠡᠯᠡᠬᠦ᠎ᠳᠡᠭᠡᠨ᠂ ᠦᠵᠡᠯ ᠤᠬᠠᠮᠰᠠᠷ ᠪᠠ ᠰᠣᠶᠣᠯ ᠪᠣᠯ ᠬᠥᠮᠥᠨ ᠲᠥᠷᠥᠯᠬᠢᠲᠡᠨ᠎ᠦ ᠨᠡᠢᠭᠡᠮ᠎ᠢ ᠣᠢᠯᠠᠭᠠᠬᠤ᠎ᠶᠢᠨ ᠤᠷᠢᠲᠠᠯ ᠮᠥᠨ᠃ ᠬᠥᠮᠥᠨ ᠲᠥᠷᠥᠯᠬᠢᠲᠡᠨ᠎ᠦ ᠨᠡᠢᠭᠡᠮ᠎ᠦᠨ ᠤᠳᠠᠭ᠎ᠠ ᠪᠦᠷᠢ᠎ᠶᠢᠨ ᠦᠰᠦᠷᠦᠩᠭᠦᠢ ᠳᠠᠪᠰᠢᠯᠲᠠ ᠳ᠋ᠤ ᠪᠦᠷ ᠰᠣᠶᠣᠯ᠎ᠤᠨ ᠲᠡᠦᠬᠡᠲᠦ ᠴᠢᠨᠠᠷᠲᠠᠢ ᠳᠠᠪᠰᠢᠯᠲᠠ ᠳᠠᠭᠠᠯᠳᠤᠵᠤ ᠪᠠᠢᠳᠠᠭ ᠭᠡᠪᠡ᠃
ᠰᠣᠶᠣᠯ᠎ᠤᠨ ᠦᠢᠯᠡᠰ᠎ᠢ ᠴᠡᠴᠡᠭᠯᠡᠭᠦᠯᠦᠨ ᠬᠥᠭᠵᠢᠭᠦᠯᠵᠦ᠂ ᠰᠣᠶᠣᠯ᠎ᠤᠨ ᠠᠵᠤ ᠦᠢᠯᠡᠰ᠎ᠢ ᠪᠤᠵᠠᠭᠠᠢᠷᠠᠭᠤᠯᠬᠤ᠎ᠡᠴᠡ ᠰᠣᠶᠣᠯ᠎ᠤᠨ ᠬᠥᠭᠵᠢᠯ ᠴᠡᠴᠡᠭᠯᠡᠯ᠎ᠢ ᠠᠬᠢᠭᠤᠯᠵᠤ᠂ ᠰᠣᠶᠣᠯ᠎ᠤᠨ ᠬᠦᠴᠦᠷᠬᠡᠭ ᠤᠯᠤᠰ᠎ᠢ ᠪᠠᠶ᠋ᠢᠭᠤᠯᠬᠤ ᠬᠦᠷᠲᠡᠯ᠎ᠡ᠂ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠵᠢᠯᠣᠭᠣᠳᠤᠯᠭ᠎ᠠ ᠳᠣᠣᠷ᠎ᠠ᠂ ᠪᠢᠳᠡ ᠪᠣᠯᠪᠠᠰᠤᠨ᠎ᠢ ᠤᠯᠠᠮᠵᠢᠯᠠᠨ ᠵᠠᠯᠭᠠᠮᠵᠢᠯᠠᠵᠤ᠂ ᠰᠣᠶᠣᠯ᠎ᠤᠨ ᠤᠯᠠᠮᠵᠢᠯᠠᠯ ᠳᠤᠮᠳᠠ᠂ ᠠᠮᠢᠳᠤᠷᠠᠯ᠎ᠢ ᠰᠢᠮᠡᠵᠢᠭᠦᠯᠵᠦ᠂ ᠤᠶᠤᠨ ᠰᠠᠨᠠᠭ᠎ᠠ ᠪᠠᠨ ᠪᠠᠶᠠᠯᠢᠭ᠍ᠵᠢᠭᠤᠯᠵᠤ᠂ ᠰᠣᠶᠣᠯ᠎ᠢᠶᠠᠷ ᠠᠵᠢᠯ ᠦᠢᠯᠡᠰ᠎ᠢᠶᠡᠨ ᠮᠠᠨᠳᠤᠭᠤᠯᠵᠤ᠂ ᠡᠳᠦᠷ ᠢᠷᠡᠬᠦᠶ᠎ᠡ ᠬᠦᠭᠵᠢᠨ ᠮᠠᠨᠳᠤᠪᠠ᠃
《ᠠᠷᠠᠳ ᠤᠯᠠᠨ᠎ᠤ ᠰᠣᠶᠣᠯ᠎ᠤᠨ ᠠᠰᠢᠭ᠋ ᠲᠤᠰᠠ᠎ᠶᠢ ᠰᠠᠢᠲᠤᠷ ᠪᠡᠶᠡᠯᠡᠭᠦᠯᠵᠦ ᠰᠠᠢᠲᠤᠷ ᠬᠠᠮᠠᠭᠠᠯᠠᠵᠤ ᠰᠠᠢᠲᠤᠷ ᠬᠥᠭᠵᠢᠭᠦᠯᠬᠦ ᠬᠡᠷᠡᠭᠲᠡᠢ》
《ᠬᠠᠩᠵᠧᠦ ᠵᠢ ᠤᠷᠬᠢᠵᠦ ᠶᠠᠪᠤᠵᠤ ᠳᠡᠢᠯᠬᠦ ᠦᠭᠡᠢ᠎ᠵᠢᠨ ᠬᠠᠭᠠᠰ ᠰᠢᠯᠲᠠᠭᠠᠨ ᠨᠢ ᠡᠨᠡ ᠠᠭᠤᠷ ᠲᠤ᠌ ᠪᠤᠢ》᠃ ᠰᠢ ᠬᠤ᠌ ᠨᠠᠭᠤᠷ ᠨᠢ ᠶᠡᠷᠦ ᠨᠢ ᠬᠥᠮᠥᠰᠲᠤ᠌ ᠮᠢᠩᠭᠠᠨ ᠣᠨ᠎ᠤ ᠮᠥᠷᠥᠭᠡᠳᠦᠯ᠎ᠢ ᠰᠠᠨᠠᠭᠤᠯᠵᠤ᠂ ᠬᠡᠬᠦ ᠳ᠋ᠡᠬᠡᠨ ᠮᠢᠩᠭᠠᠨ ᠣᠨ᠎ᠤ ᠲᠤᠬᠠᠢ ᠬᠡᠢ ᠪᠣᠳᠣᠯ ᠨᠢ ᠪᠠᠰᠠ ᠬᠥᠮᠥᠨ᠎ᠦ ᠬᠦᠰᠡᠯ ᠰᠠᠨᠠᠭᠠᠯᠵᠠᠯᠪᠤᠯᠵᠤ ᠬᠤᠪᠢᠷᠠᠳᠠᠭ —
ᠱᠧᠩ ᠳᠠᠩ ᠬᠠᠭᠠᠯᠳᠠ ᠵᠢᠨ ᠲᠢᠨᠭᠬᠢᠮ᠎ᠦᠨ ᠬᠡᠷᠡᠮ ᠳᠡᠭᠡᠷᠡᠬᠢ《 ᠴᠢᠶᠠᠨ ᠳᠠᠩ ᠬᠤ᠌ ᠨᠠᠭᠤᠷ᠎ᠤᠨ ᠴᠢᠯᠠᠭᠤᠨ ᠲᠡᠮᠳᠡᠭᠯᠡᠯ》 ᠨᠢ ᠪᠠᠢ ᠵᠢᠦᠢ ᠢᠵᠢᠨ ᠠᠷᠠᠳ ᠢᠷᠭᠡᠳ᠎ᠡᠴᠡ ᠰᠠᠯᠵᠤ ᠶᠠᠳᠠᠭᠰᠠᠨ ᠰᠡᠳᠭᠢᠯᠭᠡ ᠵᠢ ᠢᠯᠡᠷᠡᠬᠦᠯᠪᠡ; ᠴᠢᠶᠠᠨ ᠸᠠᠩ ᠰᠸ ᠰᠦᠮ᠎ᠡ ᠪᠣᠯ ᠴᠢᠶᠠᠨ ᠯᠢᠦ ᠵᠢᠨ 《ᠬᠢᠯᠢ ᠬᠢᠵᠠᠭᠠᠷ᠎ᠢ ᠬᠠᠮᠠᠭᠠᠯᠠᠵᠤ ᠠᠷᠠᠳ᠎ᠢ ᠠᠮᠤᠷᠵᠢᠭᠤᠯᠬᠤ》᠂ 《ᠳᠤᠮᠳᠠᠳᠤ ᠤᠯᠤᠰ᠎ᠲᠤ ᠪᠤᠶᠠᠨ ᠦᠢᠯᠡᠳᠦᠭᠰᠡᠨ》 ᠲᠡᠦᠬᠡ᠎ᠶᠢᠨ ᠭᠡᠷᠡᠴᠢ ᠪᠤᠯᠤᠨ᠎ᠠ; ᠰᠤ᠌ ᠳᠢ ᠳᠠᠯᠠᠨᠭ᠌ ᠪᠣᠯ ᠰᠤ᠌ ᠳ᠋ᠦᠩ ᠫᠦᠸᠸ᠎ᠶᠢᠨ ᠣᠯᠠᠨ ᠲᠦᠮᠡᠨ᠎ᠲᠠᠢ ᠬᠠᠮᠲᠤ ᠪᠠᠢᠭᠤᠯᠤᠭᠰᠠᠨ ᠨᠢᠭᠡᠨ ᠤᠷᠲᠤ ᠳᠠᠭᠤᠯᠠᠯ ᠪᠤᠯᠤᠨ᠎ᠠ ᠁
ᠵᠠᠭᠤ ᠮᠢᠩᠭᠠᠨ ᠵᠢᠯ᠎ᠦᠨ ᠲᠤᠷᠰᠢ᠂ ᠰᠢ ᠬᠤ᠌ ᠨᠠᠭᠤᠷ ᠢᠮᠠᠭᠲᠠ ᠭᠦᠨ ᠵᠤᠵᠠᠭᠠᠨ ᠰᠣᠶᠣᠯ ᠢᠷᠭᠡᠨᠰᠢᠯ᠎ᠦᠨ ᠬᠠᠢᠷ᠎ᠠ ᠰᠡᠳᠬᠢᠯᠭᠡ ᠵᠢ ᠠᠴᠢᠶᠠᠯᠠᠭᠰᠠᠭᠠᠷ ᠢᠷᠡᠪᠡ᠃
《ᠰᠢ ᠬᠤ᠌ ᠨᠠᠭᠤᠷ᠎ᠤᠨ ᠡᠷᠬᠢᠨ ᠲᠣᠭᠣᠷᠢᠨ᠎ᠳᠤ᠂ ᠭᠠᠵᠠᠷ ᠪᠣᠯᠭᠠᠨ᠎ᠳᠤ ᠲᠡᠦᠬᠡ᠎ᠲᠠᠢ᠂ ᠠᠯᠬᠤᠮ ᠨᠢᠬᠡ ᠪᠦᠷᠢᠳᠦ ᠰᠣᠶᠣᠯ᠎ᠲᠠᠢ》᠃ ᠠᠩᠬ᠎ᠠ ᠵᠧᠵᠢᠶᠠᠩ᠎ᠳᠤ ᠬᠦᠷᠬᠦ ᠦᠶ᠎ᠠ᠎ᠳᠦ᠂ ᠬᠡᠷᠬᠢᠨ ᠰᠢ ᠬᠤ᠌ ᠨᠠᠭᠤᠷ᠎ᠤᠨ ᠰᠣᠶᠣᠯ᠎ᠢᠶᠠᠷ ᠡᠬᠡᠯ ᠠᠷᠠᠳ᠎ᠢ ᠤᠮᠳᠠᠯᠠᠬᠤ ᠪᠤᠢ ᠭᠡᠳᠡᠭ ᠪᠣᠯ ᠰᠢ ᠵᠢᠨ ᠫᠢᠩ᠎ᠦᠨ ᠰᠢ ᠬᠤ᠌ ᠨᠠᠭᠤᠷ᠎ᠤᠨ ᠲᠤᠬᠠᠢ ᠪᠣᠳᠣᠯᠬᠢᠯᠠᠯ ᠪᠣᠯᠣᠨ᠎ᠠ᠃
2002 ᠣᠨ᠎ᠤ 11 ᠰᠠᠷ᠎ᠠ᠎ᠶᠢᠨ 28 ᠤ᠋ ᠡᠳᠦᠷ᠂ ᠰᠢ ᠵᠢᠨ ᠫᠢᠩ ᠰᠢ ᠬᠤ᠌ ᠨᠠᠭᠤᠷ᠎ᠲᠤ ᠪᠠᠢᠴᠠᠭᠠᠨ ᠰᠤᠳᠤᠯᠤᠯᠲᠠ ᠬᠢᠪᠡ᠃ ᠲᠤᠬᠠᠢ᠎ᠶᠢᠨ ᠦᠶ᠎ᠡ᠎ᠳᠦ ᠰᠢ ᠬᠤ᠌ ᠨᠠᠭᠤᠷ᠎ᠤᠨ ᠶᠡᠷᠦᠩᠬᠡᠢᠯᠡᠭᠰᠡᠨ ᠬᠠᠮᠠᠭᠠᠯᠠᠯᠲᠠ᠎ᠶᠢᠨ ᠢᠨᠵᠧᠨᠧᠷᠢᠩ ᠨᠢᠭᠡᠨᠲᠡ ᠡᠬᠢᠯᠡᠵᠡᠢ᠃ ᠶᠠᠩ ᠭᠦᠩ ᠳᠢᠳᠠᠯᠠᠨᠭ᠌ᠤᠨ ᠦᠵᠡᠮᠵᠢ᠎ᠶᠢᠨ ᠣᠷᠣᠨ᠎ᠤ ᠪᠦᠲᠦᠭᠡᠨ ᠪᠠᠢᠭᠤᠯᠤᠯᠲᠠ᠎ᠶᠢᠨ ᠠᠬᠤᠢ ᠲᠠᠯᠠᠪᠠᠢ᠎ᠳᠤ᠂ ᠰᠢ ᠵᠢᠨ ᠫᠢᠩ 《ᠰᠢ ᠬᠤ᠌ ᠨᠠᠭᠤᠷ᠎ᠤᠨ ᠪᠠᠷᠠᠭᠤᠨᠰᠢ ᠤᠷᠤᠭᠰᠢᠯᠠᠬᠤ》 ᠲᠥᠯᠦᠪᠵᠢᠭᠦᠯᠭᠡ᠎ᠶᠢᠨ ᠵᠢᠷᠤᠭ᠎ᠢ ᠨᠠᠷᠢᠨ ᠬᠢᠨᠠᠮᠠᠭᠠᠢ ᠪᠠᠢᠴᠠᠭᠠᠨ ᠦᠵᠡᠪᠡ᠃
《ᠰᠢ ᠵᠢᠨ ᠫᠢᠩ ᠱᠦᠵᠢ ᠢᠨᠵᠧᠨᠧᠷᠢᠩ᠎ᠢ ᠨᠢᠭᠡ ᠯᠡ ᠬᠥᠭ᠎ᠢᠶᠡᠷ ᠰᠢᠨ᠎ᠡ᠎ᠶᠢ ᠬᠥᠭᠡᠭᠡᠴᠡᠯᠳᠦᠵᠦ ᠪᠣᠯᠬᠤ ᠦᠭᠡᠢ᠂ ᠵᠢᠩᠬᠢᠨᠢ ᠬᠥᠭ ᠠᠶᠠᠰ᠎ᠲᠠᠢ 〈ᠤᠤᠯ᠎ᠤᠨ〉 ᠪᠠ 〈ᠬᠠᠭᠤᠴᠢᠨ〉 ᠢ᠋ ᠬᠦᠨᠳᠦᠳᠬᠡᠭᠰᠡᠨ ᠵᠦᠢᠯ᠎ᠢ ᠦᠯᠡᠳᠡᠭᠡᠬᠦ ᠬᠡᠷᠡᠭᠲᠡᠢ ᠭᠡᠵᠦ ᠱᠠᠭᠠᠷᠳᠠᠪᠠ᠃ ᠶᠠᠩ ᠬᠥᠩ ᠳᠢ ᠳᠠᠯᠠᠨᠭ᠌ᠤᠨ ᠦᠵᠡᠮᠵᠢ᠎ᠶᠢᠨ ᠣᠷᠣᠨ 300 ᠡᠳᠦᠷ ᠡᠷᠡᠯᠬᠡᠭᠯᠡᠨ ᠲᠡᠮᠡᠴᠡᠵᠦ᠂ 300 ᠵᠢᠯ᠎ᠦᠨ ᠲᠡᠦᠬᠡ᠎ᠵᠢ ᠦᠯᠡᠳᠡᠬᠡᠪᠡ᠂ ᠡᠨᠡ ᠪᠣᠯ ᠶᠤᠰᠤ ᠪᠡᠷ ᠵᠠᠰᠠᠬᠤ ᠪᠤᠳᠤᠯᠭ᠎ᠠ ᠵᠢᠨ ᠪᠤᠶᠠᠨᠳᠤ ᠠᠵᠢᠯᠯᠠᠭ᠎ᠠ ᠮᠥᠨ᠂ ᠠᠷᠠᠳ᠎ᠤᠨ ᠰᠡᠳᠬᠢᠯ᠎ᠢ ᠤᠯᠤᠬᠰᠠᠨ ᠰᠠᠢᠨ ᠬᠢᠳᠠᠯ ᠮᠥᠨ》ᠭᠡᠵᠦ ᠲᠤᠬᠠᠢ᠎ᠶᠢᠨ ᠦᠶ᠎ᠡ᠎ᠳᠦ ᠬᠠᠩᠵᠧᠦ᠎ᠶᠢᠨ ᠰᠢ ᠬᠤ᠌ ᠨᠠᠭᠤᠷ᠎ᠤᠨ ᠠᠯᠳᠠᠷᠲᠤ ᠦᠵᠡᠮᠵᠢ᠎ᠶᠢᠨ ᠣᠷᠣᠨ᠎ᠤ ᠬᠠᠮᠢᠶᠠᠷᠤᠯᠲᠠ᠎ᠶᠢᠨ ᠵᠥᠪᠯᠡᠯ᠎ᠦᠨ ᠡᠷᠬᠢᠯᠡᠭᠴᠢ ᠪᠠᠢᠭᠰᠠᠨ ᠵᠠᠩ ᠵᠢᠶᠠᠨ ᠲᠢᠩ ᠡᠷᠭᠢᠴᠡᠭᠦᠯᠦᠨ ᠬᠡᠯᠡᠪᠡ᠃
ᠲᠡᠭᠦᠨ᠎ᠡᠴᠡ ᠬᠣᠢᠰᠢ᠂ ᠨᠢᠭᠡ ᠵᠢᠯ ᠪᠣᠯᠣᠭ᠎ᠠ ᠦᠭᠡᠢ ᠬᠤᠭᠤᠴᠠᠭᠠᠨ᠎ᠳᠤ᠂ ᠰᠢ ᠵᠢᠨ ᠫᠢᠩ ᠰᠢ ᠬᠤ᠌ ᠨᠠᠭᠤᠷ᠎ᠲᠤ ᠭᠤᠷᠪᠠ ᠤᠳᠠᠭ᠎ᠠ ᠪᠠᠢᠴᠠᠭᠠᠨ ᠰᠤᠳᠤᠯᠵᠦ᠂《ᠪᠠᠢᠭᠠᠯᠢ᠎ᠶᠢᠨ ᠠᠮᠢ ᠠᠬᠤᠢ᠎ᠶᠢ ᠰᠡᠷᠭᠦᠭᠡᠬᠦ᠎ᠪᠡᠷ ᠪᠠᠷᠠᠬᠤ ᠦᠭᠡᠢ ᠪᠠᠰᠠ ᠰᠣᠶᠣᠯ ᠢᠷᠭᠡᠨᠰᠢᠯ᠎ᠦᠨ ᠦᠵᠡᠮᠵᠢ᠎ᠶᠢ ᠰᠡᠷᠭᠦᠭᠡᠬᠦ ᠬᠡᠷᠡᠭᠲᠡᠢ》ᠭᠡᠵᠦ ᠴᠢᠬᠤᠯᠠᠴᠢᠯᠠᠪᠠ᠃ ᠰᠢ ᠬᠤ᠌ ᠨᠠᠭᠤᠷ᠎ᠤᠨ ᠶᠡᠷᠦᠩᠬᠡᠢᠯᠡᠭᠰᠡᠨ ᠬᠠᠮᠠᠭᠠᠯᠠᠯᠲᠠ᠎ᠶᠢᠨ ᠢᠨᠵᠧᠨᠧᠷᠢᠩ᠎ᠢ ᠤᠷᠤᠭᠰᠢᠲᠠᠢ ᠠᠬᠢᠭᠤᠯᠵᠤ᠂ 180 ᠭᠠᠷᠤᠢ ᠲᠡᠦᠬᠡ ᠰᠣᠶᠣᠯ ᠢᠷᠭᠡᠨᠰᠢᠯ᠎ᠦᠨ ᠦᠵᠡᠮᠵᠢ᠎ᠶᠢ ᠠᠯᠬᠤᠮ ᠠᠯᠬᠤᠮ᠎ᠢᠶᠠᠷ ᠰᠡᠷᠭᠦᠭᠡᠭᠰᠡᠨ᠎ᠦ ᠬᠠᠮᠲᠤ᠂ ᠡᠷᠬᠢᠨ ᠲᠣᠭᠣᠷᠢᠨ᠎ᠤ ᠲᠡᠦᠬᠡ ᠰᠣᠶᠣᠯ᠎ᠤᠨ ᠦᠵᠡᠮᠵᠢ᠎ᠶᠢ ᠠᠭᠤᠳᠠᠯᠤᠨ ᠰᠡᠷᠭᠦᠭᠡᠵᠦ᠂ ᠰᠢ ᠬᠤ᠌ ᠨᠠᠭᠤᠷ᠎ᠤᠨ ᠬᠦᠷᠢᠶᠡᠯᠡᠩ᠂ ᠲᠢᠩᠰᠡ᠂ ᠰᠦᠮ᠎ᠡ᠂ ᠰᠤᠪᠤᠷᠭ᠎ᠠ ᠪᠣᠯᠣᠨ ᠦ᠋ ᠶᠤᠸᠠᠢ ᠵᠢᠨ ᠰᠣᠶᠣᠯ᠂ ᠡᠮᠦᠨᠡᠲᠦ ᠰᠦᠩ ᠤᠯᠤᠰ᠎ᠤᠨ ᠰᠣᠶᠣᠯ᠂ ᠮᠢᠩ ᠴᠢᠩ ᠤᠯᠤᠰ᠎ᠤᠨ ᠰᠣᠶᠣᠯ᠎ᠢ ᠬᠠᠷᠢᠯᠴᠠᠨ ᠤᠶᠠᠯᠳᠤᠭᠤᠯᠵᠤ᠂ ᠰᠢ ᠬᠤ᠌ ᠨᠠᠭᠤᠷ᠎ᠤᠨ ᠦᠵᠡᠮᠵᠢ᠎ᠶᠢᠨ ᠣᠷᠣᠨ᠎ᠤ ᠲᠡᠦᠬᠡ ᠰᠣᠶᠣᠯ᠎ᠤᠨ ᠠᠭᠤᠯᠤᠭᠳᠠᠬᠤᠨ᠎ᠢ ᠪᠠᠶᠠᠯᠢᠭ᠍ᠵᠢᠭᠤᠯᠪᠠ ᠁ ᠡᠨᠡ ᠨᠢ 2011 ᠣᠨ᠎ᠤ 《ᠬᠠᠩᠵᠧᠦ᠎ᠶᠢᠨ ᠰᠢ ᠬᠤ᠌ ᠨᠠᠭᠤᠷ᠎ᠤᠨ ᠰᠣᠶᠣᠯ᠎ᠤᠨ ᠦᠵᠡᠮᠵᠢ》 ᠶ᠋ᠢ ᠵᠢᠩᠬᠢᠨᠢ᠎ᠪᠡᠷ 《ᠳᠡᠯᠡᠬᠡᠢ᠎ᠶᠢᠨ ᠥᠪ᠎ᠦᠨ ᠨᠡᠷᠡᠰ᠎ᠦᠨ ᠵᠢᠭ᠍ᠰᠠᠭᠠᠯᠲᠠ》 ᠳ᠋ᠤ᠌ ᠣᠷᠣᠭᠤᠯᠬᠤ᠎ᠳᠤ ᠪᠠᠲᠤ ᠪᠡᠬᠢ ᠰᠠᠭᠤᠷᠢ ᠵᠢ ᠲᠠᠯᠪᠢᠵᠦ ᠥᠭᠴᠡᠢ᠃
ᠰᠢ ᠬᠤ᠌ ᠨᠠᠭᠤᠷ᠎ᠤᠨ ᠬᠤᠪᠢᠷᠠᠯᠲᠠ ᠶᠡᠷᠦ ᠨᠢ ᠵᠣᠭᠰᠣᠭ᠎ᠠ ᠦᠭᠡᠢ᠃ ᠰᠢ ᠵᠢᠨ ᠫᠢᠩ᠎ᠦᠨ ᠠᠬᠢᠭᠤᠯᠤᠯ ᠳᠣᠣᠷ᠎ᠠ᠂ 2003 ᠣᠨ᠎ᠤ 10 ᠰᠠᠷ᠎ᠠ᠎ᠶᠢᠨ 1 ᠤ᠋ ᠡᠳᠦᠷ᠎ᠡᠴᠡ ᠡᠬᠢᠯᠡᠵᠦ᠂ ᠨᠠᠭᠤᠷ᠎ᠢ ᠲᠣᠭᠣᠷᠢᠭ᠍ᠰᠠᠨ ᠪᠤᠢ ᠪᠦᠬᠦᠢ ᠴᠡᠴᠡᠷᠯᠢᠭ᠎ᠢ ᠪᠦᠬᠦᠨ᠎ᠢ ᠰᠦᠢᠳᠬᠡᠯ ᠬᠤᠷᠢᠶᠠᠬᠤ ᠦᠭᠡᠢ᠎ᠪᠡᠷ ᠤᠯᠠᠨ ᠨᠠᠢᠳᠠ ᠳ᠋ᠤ ᠨᠡᠭᠡᠭᠡᠵᠡᠢ᠃ ᠰᠢ ᠬᠤ᠌ ᠨᠠᠭᠤᠷ ᠦᠵᠡᠮᠵᠢ ᠰᠣᠶᠣᠯᠢᠶᠠᠷᠵᠢᠡᠨ ᠡᠭᠡᠯ ᠠᠷᠠᠳ᠎ᠤᠨ ᠠᠮᠢᠳᠤᠷᠠᠯ ᠳ᠋ᠤ ᠠᠭᠤᠰᠪᠠ᠃
ᠨᠠᠭᠤᠷ᠎ᠢ ᠠᠷᠠᠳ᠎ᠲᠤ ᠪᠤᠴᠠᠭᠠᠨ᠎ᠠ᠂ ᠠᠷᠠᠳ ᠢᠷᠭᠡᠳ᠎ᠤᠨ ᠬᠦᠢᠳᠡᠨ ᠬᠠᠯᠠᠭᠤᠨᠳᠤᠷ ᠡᠭᠡᠨᠡᠭ᠌ᠳᠡ ᠰᠡᠳᠭᠢᠯ ᠠᠯᠭᠠᠰᠡᠮᠤᠢ᠃
ᠰᠢ ᠬᠤ᠌ ᠨᠠᠭᠤᠷ᠎ᠢ ᠦᠨ᠎ᠡ ᠲᠥᠯᠥᠪᠦᠷᠢ ᠦᠭᠡᠢ᠎ᠪᠡᠷ ᠤᠯᠠᠨ ᠨᠡᠢᠳᠡ ᠳ᠋ᠤ ᠨᠡᠭᠡᠭᠡᠭᠰᠡᠨ᠎ᠦ ᠳᠠᠷᠠᠭ᠎ᠠ᠂ ᠡᠳᠦᠷ ᠪᠦᠷᠢ ᠨᠠᠷᠠ ᠤᠨᠠᠮᠠᠭᠴᠠ ᠨᠡᠶ᠋ᠢᠲᠡ᠎ᠶᠢᠨ ᠵᠣᠷᠯᠣᠩ᠎ᠤᠨ ᠡᠭᠦᠳᠡ ᠵᠢ ᠬᠠᠭᠠᠳᠠᠭ ᠪᠠᠢᠪᠠ᠃ ᠰᠢ ᠵᠢᠨ ᠫᠢᠩ᠄ 《ᠡᠨᠡ ᠪᠣᠯ ᠲᠠᠰᠤ ᠪᠤᠷᠤᠭᠤ》 ᠭᠡᠵᠦ ᠰᠢᠭᠤᠳ ᠡᠰᠡᠷᠭᠦᠴᠡᠪᠡ᠃ ᠡᠭᠦᠨ᠎ᠡᠴᠡ ᠡᠬᠢᠯᠡᠨ᠂ ᠰᠢ ᠬᠤ᠌ ᠨᠠᠭᠤᠷ᠎ᠤᠨ ᠬᠥᠪᠡᠭᠡᠨ᠎ᠦ ᠨᠡᠶ᠋ᠢᠲᠡ᠎ᠶᠢᠨ ᠵᠣᠷᠯᠣᠩ᠎ᠢ 24 ᠴᠠᠭ᠎ᠢᠶᠠᠷ ᠨᠡᠭᠡᠭᠡᠳᠡᠭ ᠪᠤᠯᠵᠠᠢ᠃
ᠲᠡᠷᠡ ᠰᠢ ᠬᠤ᠌ ᠨᠠᠭᠤᠷ᠎ᠤᠨ ᠬᠥᠪᠡᠭᠡᠨ᠎ᠳᠡᠬᠢ ᠤᠷᠲᠤ ᠰᠠᠨᠳᠠᠯᠢ ᠳᠡᠩᠳᠡᠭᠦᠦ ᠣᠢᠷᠠᠬᠠᠨ ᠪᠠᠢᠵᠤ᠂ ᠠᠮᠠᠷᠠᠭ ᠬᠣᠣᠰᠤᠳᠤᠨ ᠢᠨᠠᠭᠯᠠᠬᠤ᠎ᠶᠢ ᠬᠠᠷᠰᠢᠯᠠᠵᠤ ᠪᠠᠢᠬᠤ ᠵᠢ ᠠᠨᠭᠬᠠᠷᠴᠤ ᠤᠯᠤᠭᠠᠳ ᠤᠷᠲᠤ ᠰᠠᠨᠳᠠᠯᠢ᠎ᠶᠢᠨ ᠬᠣᠭᠣᠷᠣᠨᠳᠤ ᠵᠣᠬᠢᠬᠤ ᠵᠠᠢ ᠲᠠᠢ ᠪᠠᠢᠯᠭᠠᠬᠤ᠎ᠶᠢ ᠱᠠᠭᠠᠷᠳᠠᠵᠠᠢ᠃
ᠰᠢ ᠬᠤ᠌ ᠨᠠᠭᠤᠷ᠎ᠤᠨ ᠤᠰᠤᠨ ᠣᠷᠣᠨ ᠭᠠᠳᠠᠬᠰᠢ ᠲᠡᠯᠡᠷᠡᠭᠰᠡᠨᠦ ᠳᠠᠷᠠᠭ᠎ᠠ᠂ ᠵᠢᠭᠤᠯᠴᠢᠯᠠᠯ᠎ᠤᠨ ᠣᠩᠭᠣᠴᠠ ᠰᠢᠨ᠎ᠡ ᠰᠢ ᠬᠤ᠌ ᠨᠠᠭᠤᠷ ᠳᠡᠭᠡᠷᠡᠬᠢ ᠬᠥᠭᠥᠷᠭᠡᠨ ᠲᠤᠤᠭᠤᠷ ᠥᠩᠭᠡᠷᠡᠬᠦ ᠦᠶ᠎ᠡ᠎ᠳᠦ᠂ ᠦᠷᠭᠦᠯᠵᠢ ᠮᠥᠷᠭᠥᠯᠳᠦᠳᠡᠭ ᠪᠠᠢᠪᠠ᠂ ᠡᠨᠡ ᠨᠢ ᠠᠮᠤᠷ ᠲᠦᠪᠰᠢᠨ ᠪᠤᠰᠤ ᠮᠥᠷᠲᠡᠭᠡᠨ ᠬᠥᠭᠥᠷᠭᠡ ᠵᠢᠨ ᠪᠡᠶ᠎ᠠ ᠪᠣᠯᠣᠨ ᠣᠩᠭᠣᠴᠠ ᠵᠢ ᠴᠦ᠍ ᠡᠪᠳᠡᠯᠡᠳᠡᠭ᠂ ᠲᠡᠷᠡ ᠡᠭᠦᠨ᠎ᠢ ᠥᠭᠡᠷᠡᠴᠢᠯᠡᠨ ᠰᠠᠢᠵᠢᠷᠠᠭᠤᠯᠬᠤ ᠬᠡᠷᠡᠭᠲᠡᠢ ᠭᠡᠵᠦ ᠰᠠᠨᠠᠭᠤᠯᠵᠠᠢ᠃ ᠳᠠᠷᠠᠭ᠎ᠠ ᠨᠢ᠂ ᠵᠢᠭᠤᠯᠴᠢᠯᠠᠯ᠎ᠤᠨ ᠣᠩᠭᠣᠴᠠ ᠨᠢ ᠬᠠᠮᠠᠭᠠᠯᠠᠯᠲᠠ᠎ᠵᠢᠨ ᠭᠣᠮ ᠬᠦᠷᠳᠦ ᠨᠡᠮᠡᠵᠦ ᠲᠣᠬᠢᠷᠠᠭᠤᠯᠪᠠ᠃
᠁
ᠰᠣᠶᠣᠯ ᠢᠷᠭᠡᠨᠰᠢᠯ ᠦᠵᠡᠮᠵᠢ᠎ᠶᠢ ᠰᠡᠷᠭᠦᠭᠡᠵᠦ᠂ ᠰᠢ ᠬᠤ᠌ ᠨᠠᠭᠤᠷ᠎ᠤᠨ ᠬᠠᠰᠢᠯᠭ᠎ᠠ᠎ᠶᠢ ᠨᠤᠷᠠᠭᠠᠭᠰᠠᠨ ᠨᠢ ᠬᠠᠮᠠᠭᠠᠯᠠᠬᠤ ᠥᠪᠡᠷ᠎ᠦᠨ ᠥᠷᠲᠡᠭ ᠨᠡᠮᠡᠭᠳᠡᠭᠰᠡᠨ ᠪᠦᠬᠡᠳ ᠡᠭᠦᠳᠡᠨ ᠪᠢᠯᠧᠲ᠎ᠦᠨ ᠣᠷᠣᠯᠭᠠᠪᠠᠢᠬᠤ ᠦᠭᠡᠢ ᠪᠤᠯᠪᠠ᠃ ᠰᠢ ᠬᠤ᠌ ᠨᠠᠭᠤᠷ᠎ᠤᠨ ᠡᠢᠮᠦᠷᠬᠦᠦ ᠬᠤᠪᠢᠷᠠᠯᠲᠠ ᠨᠢ ᠴᠣᠬᠣᠮ ᠶᠠᠮᠠᠷ ᠠᠴᠢ ᠬᠣᠯᠪᠣᠭᠳᠠᠯ᠎ᠲᠠᠢ ᠪᠤᠶ?
《ᠵᠣᠬᠢᠬᠤ ᠨᠡᠢᠭᠡᠮ᠎ᠤᠨ ᠰᠣᠶᠣᠯ᠎ᠤᠨ ᠣᠷᠴᠢᠨ ᠨᠦᠬᠦᠴᠡᠯ ᠨᠢ ᠲᠡᠨᠳᠡ ᠠᠮᠢᠳᠤᠷᠠᠵᠤ ᠪᠠᠢᠭ᠎ᠠ ᠬᠥᠮᠥᠰ᠎ᠲᠦ ᠢᠵᠢᠯᠢᠰᠢᠭᠦᠯᠬᠦ ᠦᠢᠯᠡᠳᠦᠯ ᠦᠵᠡᠭᠦᠯᠵᠦ᠂ ᠡᠭᠦᠨ᠎ᠦ ᠤᠯᠠᠮ᠎ᠢᠶᠠᠷ ᠨᠡᠢᠭᠡᠮ᠂ ᠦᠨᠳᠦᠰᠦᠲᠡᠨ᠎ᠦ ᠦᠶ᠎ᠡ᠎ᠶᠢᠨ ᠦᠶ᠎ᠡ ᠣᠷᠣᠰᠢᠨ ᠲᠣᠭᠲᠠᠨᠢᠬᠤ ᠯᠤᠲᠤ ᠶᠡᠬᠡ ᠬᠦᠴᠦᠨ ᠪᠣᠯᠳᠠᠭ》᠃ ᠪᠢᠳᠡ《ᡁᠢ ᠵᠢᠶᠠᠨᠭ᠌ᠤᠨ ᠰᠢᠨ᠎ᠡ ᠦᠬᠦᠯᠡᠮᠵᠢ》 ᠡᠴᠡ ᠡᠨᠡ ᠪᠠᠳᠠᠭ ᠦᠭᠡ᠎ᠶᠢ ᠤᠩᠰᠢᠬᠤ ᠦᠶ᠎ᠠ᠎ᠳᠤ᠂ ᠰᠢ ᠵᠢᠨ ᠫᠢᠩ᠎ᠦᠨ ᠨᠠᠭᠤᠷ᠎ᠢ ᠠᠷᠠᠳ ᠲᠤ᠌ ᠪᠤᠴᠠᠭᠠᠬᠰᠠᠨ ᠭᠦᠨ ᠳᠠᠪᠬᠤᠷᠭ᠎ᠠ᠎ᠶᠢᠨ ᠯᠣᠭᠢᠭ᠋᠎ᠢ ᠨᠡᠩ ᠭᠦᠨᠵᠡᠭᠡᠢ ᠣᠢᠯᠠᠭᠠᠬᠤ ᠪᠣᠯᠣᠨ᠎ᠠ᠃
ᠰᠢ ᠬᠤ᠌ ᠨᠠᠭᠤᠷ ᠨᠢ ᠪᠢᠳᠡᠨ᠎ᠳᠦ ᠨᠢᠭᠡᠨ ᠦᠨᠡᠨ ᠪᠣᠳᠠᠲᠠᠢ ᠬᠠᠷᠠᠭᠠᠰᠤ ᠶ᠋ᠢ ᠣᠯᠭᠣᠭᠰᠠᠨ ᠶᠤᠮ᠂ ᠲᠡᠭᠦᠨ᠎ᠦ ᠳᠤᠮᠳᠠ᠎ᠡᠴᠡ ᠪᠢᠳᠠ ᠨᠢᠭᠡᠨ ᠮᠠᠷᠺᠰ᠎ᠤᠨ ᠦᠵᠡᠯᠲᠡᠨᠤ ᠨᠡᠢᠭᠡᠮ᠎ᠦᠨ ᠬᠥᠭᠵᠢᠯᠲᠡ᠂ ᠦᠨᠳᠦᠰᠦᠲᠡᠨ᠎ᠦ ᠣᠷᠣᠰᠢᠨ ᠲᠣᠭᠲᠠᠨᠢᠬᠤ ᠬᠠᠷᠠᠭᠠᠰᠤ᠎ᠡᠴᠡ 《ᠬᠥᠮᠥᠨ ᠬᠢᠭᠡᠳ ᠰᠣᠶᠣᠯ᠎ᠤᠨ ᠬᠠᠷᠢᠴᠠᠭ᠎ᠠ》 ᠵᠢᠨ ᠲᠤᠬᠠᠢ ᠭᠦᠨ ᠤᠬᠠᠭᠠᠨ᠎ᠤ ᠪᠣᠳᠣᠯᠬᠢᠯᠠᠯ᠎ᠢ ᠦᠨᠡᠨ ᠬᠦ᠌ ᠮᠡᠳᠡᠷᠡᠵᠦ ᠪᠤᠯᠤᠨ᠎ᠠ᠃ ᠡᠭᠦᠨ᠎ᠦ ᠤᠯᠠᠮ᠎ᠡᠴᠡ ᠪᠢᠳᠡ ᠲᠡᠭᠦᠨ᠎ᠦ 2024 ᠣᠨ᠎ᠤ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠵᠢᠨ ᠤᠯᠤᠰ ᠲᠦᠷᠦ᠎ᠶᠢᠨ ᠲᠣᠪᠴᠢᠶᠠᠨ᠎ᠤ ᠠᠷᠪᠠᠨ ᠳᠣᠯᠣᠳᠤᠭᠠᠷ ᠤᠳᠠᠭ᠎ᠠ᠎ᠶᠢᠨ ᠬᠠᠮᠲᠤ᠎ᠶᠢᠨ ᠰᠤᠷᠤᠯᠴᠠᠯᠭ᠎ᠠ ᠳᠡᠭᠡᠷ᠎ᠡ ᠬᠡᠯᠡᠭᠰᠡᠨ《ᠰᠣᠶᠣᠯ᠎ᠤᠨ ᠪᠠᠢᠭᠤᠯᠤᠯᠲᠠ᠎ᠶᠢ ᠢᠮᠠᠭᠲᠠ ᠬᠦᠮᠦᠨ᠎ᠤ ᠲᠠᠯ᠎ᠠ ᠡᠴᠡ ᠡᠬᠦᠰᠴᠤ᠂ ᠬᠦᠮᠦᠨ᠎ᠤ ᠲᠡᠭᠡᠷ᠎ᠡ ᠲᠤᠰᠬᠠᠬᠤ ᠬᠡᠷᠡᠭᠲᠡᠢ》ᠭᠡᠵᠤ ᠬᠡᠯᠡᠭᠰᠡᠨ ᠭᠦᠨ ᠰᠠᠨᠠᠭ᠎ᠠ᠎ᠶᠢ ᠨᠡᠩ ᠭᠦᠨᠵᠡᠭᠡᠢ ᠣᠢᠯᠠᠭᠠᠵᠤ ᠪᠣᠯᠣᠨ᠎ᠠ᠃
《ᠠᠷᠠᠳ ᠣᠯᠠᠨ᠎ᠤ ᠰᠣᠶᠣᠯ᠎ᠤᠨ ᠠᠰᠢᠭ᠋ ᠲᠤᠰᠠ᠎ᠶᠢ ᠰᠠᠢᠲᠤᠷ ᠪᠡᠶᠡᠯᠡᠭᠦᠯᠵᠦ ᠰᠠᠢᠲᠤᠷ ᠬᠠᠮᠠᠭᠠᠯᠠᠵᠤ ᠰᠠᠢᠳᠤᠷ ᠬᠥᠭᠵᠢᠭᠦᠯᠬᠦ ᠬᠡᠷᠡᠭᠲᠡᠢ》᠂ 《ᠬᠦᠮᠦᠨ》 ᠭᠡᠬᠦ ᠡᠨᠡ ᠬᠦ᠌ ᠦᠬᠡ ᠲᠠᠢ ᠨᠢᠭᠳᠠ ᠤᠶᠠᠯᠳᠤᠭᠤᠯᠵᠤ᠂ ᠰᠢ ᠵᠢᠨ ᠫᠢᠩ 2003 ᠣᠨ᠎ᠤ 7 ᠰᠠᠷ᠎ᠠ᠎ᠳᠤ《ᠠᠷᠠᠳ ᠣᠯᠠᠨ᠎ᠤ ᠡᠳᠦᠷ ᠢᠷᠡᠬᠦᠶ᠎ᠡ ᠨᠡᠮᠡᠭᠳᠡᠵᠦ ᠪᠠᠢᠭ᠎ᠠ ᠣᠯᠠᠨ ᠳᠡᠰ ᠳᠠᠪᠬᠤᠷᠭ᠎ᠠ᠎ᠶᠢᠨ ᠣᠶᠤᠨ᠎ᠤ ᠰᠣᠶᠣᠯ᠎ᠤᠨ ᠬᠡᠷᠡᠭᠴᠡᠭᠡ᠎ᠶᠢ ᠲᠠᠰᠤᠷᠠᠯᠲᠠ ᠦᠭᠡᠢ ᠬᠠᠩᠭᠠᠵᠤ᠂ ᠬᠥᠮᠥᠨ᠎ᠦ ᠪᠦᠬᠦ ᠲᠠᠯ᠎ᠠ᠎ᠶᠢᠨ ᠬᠥᠭᠵᠢᠯᠲᠡ᠎ᠶᠢ ᠠᠬᠢᠭᠤᠯᠬᠤ》ᠵᠢ ᠵᠸᠵᠢᠶᠠᠩ᠎ᠤᠨ ᠤᠳᠤᠬᠢᠴᠢᠯᠠᠯᠳᠠ ᠵᠢᠨ ᠪᠦᠳᠦᠬᠡᠨ ᠪᠠᠢᠭᠤᠯᠤᠯᠳᠠ ᠵᠢᠨ ᠨᠢᠬᠡᠨ ᠴᠢᠬᠤᠯᠠ ᠶᠡᠬᠡ ᠪᠦᠭᠡᠳ ᠪᠡᠴᠢᠮ ᠲᠤᠯᠭᠠᠮ ᠡᠬᠦᠷᠬᠡ ᠪᠤᠯᠭᠠᠨ᠎ᠠ ᠭᠡᠵᠦ ᠳᠤᠷᠠᠳᠤᠭᠰᠠᠨ ᠪᠠᠢᠨ᠎ᠠ᠃
ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠤᠷᠠᠯᠢᠭ᠎ᠤᠨ ᠨᠠᠢᠷ ᠪᠣᠯ ᠲᠡᠭᠦᠨ᠎ᠦ ᠦᠪᠡᠷ᠎ᠤᠨ ᠪᠡᠶ᠎ᠡ᠎ᠪᠡᠷ᠎ᠢᠶᠡᠨ ᠤᠷᠤᠯᠴᠡᠵᠤ ᠡᠭᠦᠳᠦᠭᠰᠡᠨ ᠨᠢᠬᠡᠨ ᠦᠯᠢᠭᠡᠷ ᠬᠡᠪ ᠪᠤᠯᠤᠨ᠎ᠠ ᠃
ᠲᠡᠷᠡ ᠨᠢ ᠵᠧᠵᠢᠶᠠᠩ᠎ᠤᠨ ᠲᠡᠦᠬᠡᠨ᠎ᠡᠴᠡ ᠠᠪᠤᠭᠠᠳ ᠳᠠᠭᠠᠭᠠᠨ ᠡᠷᠬᠢᠯᠡᠭ᠌ᠰᠡᠨ ᠪᠠᠷᠢᠮᠵᠢᠶ᠎ᠠ᠎ᠪᠠᠷ ᠬᠠᠮᠤᠭ᠎ᠤᠨ ᠥᠨᠳᠥᠷ᠂ ᠬᠡᠪᠴᠢᠶ᠎ᠡ᠎ᠪᠡᠷ ᠬᠠᠮᠤᠭ᠎ᠤᠨ ᠶᠡᠬᠡ ᠤᠯᠤᠰ᠎ᠤᠨ ᠲᠡᠰ᠎ᠤᠨ ᠤᠷᠠᠯᠢᠭ᠎ᠤᠨ ᠦᠪᠡᠳᠡᠭ᠌ᠰᠢ ᠴᠤᠭ᠍ᠯᠠᠭᠠᠨ ᠪᠣᠯᠤᠨ᠎ᠠ᠃
2004 ᠣᠨ᠎ᠤ 9 ᠰᠠᠷ᠎ᠠ᠎ᠶ᠋ᠢᠨ 10 ᠤ᠋ ᠡᠳᠦᠷ᠂ ᠬᠠᠩᠵᠧᠦ᠍᠎ᠶ᠋ᠢᠨ ᠬᠤᠸᠠᠩ ᠯᠦᠩ ᠪᠠᠶ᠎ᠠ ᠵᠢᠨ ᠲᠠᠮᠢᠷ᠎ᠤᠨ ᠲᠥᠪ ᠲᠤ᠌᠃
ᠥᠩᠭᠡᠲᠦ ᠳ᠋ᠧᠩ ᠲᠤᠸᠠᠯᠠᠵᠤ᠂ ᠤᠯᠠᠨ ᠤᠷᠠᠯᠢᠭ᠎ᠤᠨ ᠣᠳᠣᠳ ᠴᠤᠬᠯᠠᠷᠠᠪᠠ᠃ ᠲᠦᠮᠡᠨ ᠬᠦᠮᠦᠨ᠎ᠤ ᠬᠦᠰᠡᠨ ᠬᠦᠯᠢᠶᠡᠯᠳᠠ ᠳᠤᠮᠳᠠ᠂ ᠰᠢ ᠵᠢᠨ ᠫᠢᠩ᠄《ᠤᠳᠤ ᠪᠢ ᠨᠢᠭᠡ ᠶᠡᠷᠡᠨ ᠨᠠᠰᠤᠲᠠᠢ ᠨᠠᠰᠤᠲᠠᠨ ᠪᠣᠯᠤᠨ ᠨᠢᠭᠡ ᠲᠠᠪᠤᠨ ᠨᠠᠰᠤᠲᠠᠢ ᠬᠡᠦᠬᠡᠳ᠎ᠲᠦ ᠣᠨᠴᠠᠭᠠᠢᠯᠠᠨ ᠨᠠᠢᠳᠠᠵᠤ᠂ ᠵᠧᠵᠢᠶᠠᠩ᠎ᠤᠨ ᠠᠷᠠᠳ ᠲᠦᠮᠡᠨ᠎ᠦ ᠡᠮᠦᠨ᠎ᠡ᠎ᠡᠴᠡ ᠲᠤᠯᠤᠳᠤᠭᠠᠷ ᠬᠤᠭᠤᠴᠠᠭᠠᠨ᠎ᠤ ᠤᠷᠠᠯᠢᠭ᠎ᠤᠨ ᠨᠠᠢᠷᠡᠬᠢᠯᠡᠭᠰᠡᠨ ᠢ᠋ ᠲᠤᠩᠬᠠᠭᠯᠠᠶᠠ》 ᠭᠡᠵᠦ ᠵᠠᠷᠯᠠᠪᠠ᠃
《ᠳ᠋ᠦᠩ !》 ᠤᠷᠠᠯᠢᠭ᠎ᠤᠨ ᠦᠪᠡᠳᠡᠭ᠌ᠰᠢ ᠶᠡᠬᠡ ᠴᠤᠭ᠍ᠯᠠᠭᠠᠨ᠎ᠤ ᠠᠩᠬᠠᠨ᠎ᠤ ᠠᠶᠠᠯᠭᠤ ᠬᠠᠩᠭᠢᠨᠠᠵᠤ᠂ 《ᠤᠷᠠᠯᠢᠭ᠎ᠤᠨ ᠦᠪᠡᠳᠡᠭ᠌ᠰᠢ ᠶᠡᠬᠡ ᠴᠤᠭ᠍ᠯᠠᠭᠠᠨ᠂ ᠠᠷᠠᠳ ᠲᠦᠮᠡᠨ᠎ᠦ ᠪᠠᠶᠠᠷ᠎ᠤᠨ ᠡᠳᠦᠷ》 ᠤ᠋ᠨ ᠵᠣᠷᠢᠯᠲᠠ᠎ᠶ᠋ᠢ ᠲᠠᠢᠯᠪᠤᠷᠢᠯᠠᠪᠠ᠃
ᠤᠷᠠᠯᠢᠭ᠎ᠤᠨ ᠦᠪᠡᠳᠡᠭ᠌ᠰᠢ ᠳᠠᠢᠯᠠᠯᠭ᠎ᠠ᠎ᠳᠤ ᠠᠷᠠᠳ ᠲᠦᠮᠡᠨ ᠪᠣᠯ ᠭᠤᠤᠯ ᠲᠦᠷᠢ — 《ᠸᠸᠨ ᠬᠤᠸᠠ ᠱᠠᠩᠨᠠᠯ》 ᠤ᠋ᠨ ᠱᠢᠯᠭᠠᠷᠠᠭᠤᠯᠤᠯᠲᠠ᠎ᠳᠤ ᠠᠩᠬ᠎ᠠ ᠤᠳᠠᠭ᠎ᠠ ᠦᠵᠡᠭ᠌ᠴᠢᠳ᠎ᠦᠨ ᠰᠠᠨᠠᠯᠢ᠋ ᠨᠡᠮᠡᠵᠦ ᠤᠷᠤᠭᠤᠯᠪᠠ; ᠠᠩᠬ᠎ᠠ ᠤᠳᠠᠭ᠎ᠠ ᠦᠵᠡᠭ᠌ᠴᠢᠳ᠎ᠡᠴᠡ ᠪᠢᠯᠧᠲ ᠥᠭ᠌ᠴᠦ ᠰᠢᠯᠭᠠᠷᠠᠭᠤᠯᠤᠬᠰᠠᠨ《ᠦᠵᠡᠭ᠌ᠴᠢᠳ᠎ᠦᠨ ᠬᠠᠮᠤᠭ᠎ᠤ᠋ᠨ ᠳᠤᠷᠠᠲᠠᠶ ᠵᠦᠴᠦᠭᠡ᠎ᠶ᠋ᠢᠨ ᠱᠠᠩᠨᠠᠯ》 ᠢ᠋ ᠲᠤᠬᠢᠷᠠᠭᠤᠯᠪᠠ; 4 ᠲᠠᠯᠠᠪᠠᠢ ᠡᠬᠢᠯᠡᠯᠲᠡ᠎ᠶ᠋ᠢᠨ ᠶᠣᠰᠣᠯᠠᠯ᠎ᠤᠨ ᠪᠡᠯᠡᠳᠭᠡᠯ ᠲᠣᠭ᠍ᠯᠠᠯᠲᠠ ᠳ᠋ᠤ ᠠᠵᠢᠯᠴᠢᠨ᠂ ᠪᠠᠭ᠍ᠰᠢ᠂ ᠨᠡᠢᠭᠡᠮ ᠲᠣᠭᠣᠷᠢᠭ᠎ᠤᠨ ᠲᠥᠯᠥᠭᠡᠯᠡᠭ᠌ᠴᠢ ᠨᠠᠷ ᠢ᠋ ᠰᠦᠶ᠋ᠳᠭᠡᠯ ᠬᠤᠷᠢᠶᠠᠬᠤ ᠥᠬᠡᠶ᠎ᠪᠡᠷ ᠰᠣᠨᠢᠷᠬᠠᠭᠤᠯᠬᠤ᠎ᠪᠠᠷ ᠤᠷᠢᠪᠠ; ᠬᠢᠮᠳᠠ ᠦᠨ᠎ᠡ᠎ᠶ᠋ᠢᠨ ᠪᠢᠯᠧᠲ᠎ᠦᠨ ᠬᠠᠷᠠᠭᠠᠯᠵᠠᠯ ᠢ᠋ ᠲᠠᠰᠤᠷᠠᠯᠲᠠ ᠥᠬᠡᠶ ᠬᠦᠷᠳᠡᠬᠡᠵᠤ᠂ ᠡᠬᠡᠯ ᠠᠷᠠᠳ᠎ᠲᠤ ᠦᠵᠡᠰᠭᠦᠯᠡᠩ᠂ ᠲᠤᠭᠯᠠᠯᠳᠠ ᠵᠦᠴᠦᠭᠡ ᠰᠣᠨᠢᠷᠬᠠᠭᠤᠯᠪᠠ ᠁
600 ᠭᠠᠷᠤᠶ ᠤᠳᠠᠭᠠᠨ᠎ᠤ ᠰᠣᠶᠣᠯ᠎ᠤᠨ ᠠᠵᠢᠯᠯᠠᠭ᠎ᠠ᠎ᠳᠤ 100 ᠲᠦᠮᠡ ᠱᠢᠬᠠᠮ ᠦᠵᠡᠭ᠌ᠴᠢᠳ ᠱᠢᠭᠤᠳ ᠣᠷᠣᠯᠴᠠᠪᠠ᠃ ᠰᠣᠶᠣᠯ ᠠᠷᠠᠳ ᠲᠦᠮᠡᠨ᠎ᠦ ᠲᠥᠯᠥᠭᠡ ᠪᠠᠢᠬᠤ ᠣᠢᠯᠠᠭᠠᠭ᠍ᠳᠠᠬᠤᠨ ᠨᠢ ᠬᠥᠮᠦᠰ᠎ᠦᠨ ᠰᠡᠳᠭᠢᠯ᠎ᠳᠦ ᠦᠨᠳᠦᠰᠦᠯᠡᠵᠦ ᠳᠡᠯᠭᠡᠷᠡᠪᠡ᠃
《ᠮᠠᠨ᠎ᠤ ᠲᠤᠯᠤᠳᠤᠭᠠᠷ ᠬᠤᠭᠤᠴᠠᠭᠠᠨ᠎ᠤ ᠤᠷᠠᠯᠢᠭ᠎ᠤᠨ ᠨᠠᠢᠷ ᠮᠠᠰᠢ ᠬᠥᠭ᠌ᠵᠢᠶᠡᠨᠲᠡᠶ ᠶᠠᠪᠤᠭ᠍ᠳᠠᠵᠤ᠂ ᠮᠠᠰᠢ ᠣᠯᠠᠨ ᠰᠣᠳᠣᠨ ᠪᠦᠲᠦᠭᠡᠯ ᠢᠯᠡᠷᠡᠵᠡᠢ᠂ ᠭᠡᠪᠡᠴᠦ᠍ ᠬᠡᠷᠬᠢᠨ ᠡᠲᠡᠭᠡᠷ ᠰᠣᠶᠣᠯ᠎ᠤᠨ ᠰᠣᠳᠣᠨ ᠪᠦᠲᠦᠭᠡᠯ᠎ᠢ ᠠᠷᠠᠳ ᠣᠯᠠᠨ᠎ᠳᠤ ᠦᠨᠡᠨ ᠬᠦ᠌ ᠬᠦᠷᠭᠡᠵᠦ᠍᠂ ᠠᠷᠠᠳ ᠤᠯᠠᠨ ᠳ᠋ᠤ ᠡᠲᠡᠭᠡᠷ ᠤᠷᠠᠯᠢᠭ᠎ᠤᠨ ᠦᠷ᠎ᠡ ᠪᠦᠲᠦᠭᠡᠯ᠎ᠢ ᠡᠳ᠋ᠯᠡᠭᠦᠯᠬᠦ᠌ ᠲᠤᠬᠠᠢ ᠪᠠᠰᠠ ᠰᠠᠢᠲᠤᠷ ᠡᠵᠡᠮᠳᠡᠬᠦ᠌ ᠬᠡᠷᠡᠭ᠌ᠲᠡᠶ》᠃ ᠰᠢ ᠵᠢᠨ ᠫᠢᠩ᠎ᠦᠨ ᠰᠡᠳᠭᠢᠯ᠎ᠳ᠋ᠤ ᠡᠢᠮᠦ ᠨᠢᠭᠡᠨ ᠭᠦᠨ ᠪᠤᠳᠤᠯᠬᠢᠯᠠᠯ ᠲᠠᠢ᠄ ᠰᠤᠶᠤᠯ ᠢ᠋ ᠬᠠᠮᠤᠭ᠎ᠡᠴᠡ ᠬᠡᠷᠡᠭᠰᠡᠳᠡᠭ ᠨᠢ ᠦᠨᠳᠦᠰᠦᠨ ᠱᠠᠲᠤ ᠢᠯᠠᠩᠭᠤᠶ᠎ᠠ ᠬᠥᠳᠡᠭᠡ ᠲᠣᠰᠭᠣᠨ ᠪᠣᠯᠤᠨ᠎ᠠ᠃
21 ᠳ᠋ᠤᠭᠡᠷ ᠵᠠᠭᠤᠨ᠎ᠤ ᠡᠬᠢ᠎ᠪᠡᠷ᠂ ᠵᠧᠵᠢᠶᠠᠩ᠎ᠤᠨ ᠵᠠᠷᠢᠮ ᠬᠥᠳᠡᠭᠡ ᠲᠣᠰᠭᠣᠨ᠎ᠳᠤ ᠡᠢᠮᠦ ᠨᠢᠭᠡ ᠦᠭᠡ ᠤᠯᠠᠮᠵᠢᠯᠠᠬᠳᠠᠵᠤ ᠪᠠᠢᠪᠠ᠄《ᠮᠢᠩᠭᠠᠨ ᠵᠢᠯ ᠬᠠᠷᠠᠩᠭ᠎ᠠ ᠬᠡᠩᠬᠡᠷᠭᠡ᠎ᠶ᠋ᠢᠨ ᠲᠠᠭᠤᠨ ᠰᠣᠨᠣᠰᠳᠠᠬᠤ ᠦᠭᠡᠢ᠂ ᠲᠦᠮᠡᠨ ᠵᠢᠯ ᠰᠠᠶᠢ ᠨᠢᠭᠡ ᠤᠳᠠᠭ᠎ᠠ ᠵᠦᠴᠦᠭᠡ ᠤᠯᠵᠤ ᠦᠵᠡᠨ᠎ᠡ》᠃ ᠡᠨᠡ ᠨᠢ ᠲᠠᠷᠢᠶᠠᠴᠢᠳ᠎ᠤᠨ ᠣᠶᠤᠨ᠎ᠤ ᠰᠣᠶᠣᠯ᠎ᠤᠨ ᠠᠮᠢᠳᠤᠷᠠᠯ ᠶᠠᠳᠠᠭᠤ ᠪᠠᠢᠬᠤ ᠲᠤᠪᠤᠢᠮ᠎ᠠ ᠦᠵᠡᠭ᠌ᠳᠡᠯ ᠢ᠋ ᠢᠯᠡᠷᠡᠭᠦᠯᠪᠡ ᠃
2005 ᠣᠨ᠎ᠤ 6 ᠰᠠᠷ᠎ᠠ᠎ᠳᠤ᠂ ᠪᠦᠬᠦ᠌ ᠮᠤᠵᠢ᠎ᠶ᠋ᠢᠨ ᠰᠤᠷᠲᠠᠯ ᠤᠬᠠᠭᠤᠯᠭ᠎ᠠ ᠰᠣᠶᠣᠯ᠎ᠤᠨ ᠱᠢᠰᠲᠸᠮ᠎ᠤᠨ ᠪᠠᠢᠴᠠᠭᠠᠨ ᠰᠤᠳᠤᠯᠤᠯᠲᠠ᠎ᠶ᠋ᠢᠨ ᠶᠠᠷᠢᠯᠴᠠᠬᠤ ᠬᠤᠷᠠᠯ ᠳᠡᠭᠡᠷ᠎ᠡ᠂ ᠰᠢ ᠵᠢᠨ ᠫᠢᠩ ᠤᠯᠵᠤ ᠦᠵᠡᠭᠰᠡᠨ ᠠᠰᠠᠭᠤᠳᠠᠯ᠎ᠢ ᠨᠢᠭᠡᠳ ᠨᠢᠭᠡ᠎ᠪᠡᠷ ᠵᠢᠭ᠍ᠰᠠᠭᠠᠪᠠ᠄ ᠴᠥᠭᠡᠨ ᠪᠤᠰᠤ ᠬᠥᠳᠡᠭᠡ ᠲᠣᠰᠭᠣᠨ᠎ᠤ ᠰᠣᠶᠣᠯ᠎ᠤᠨ ᠵᠢᠬᠰᠠᠭᠠᠯ᠎ᠤᠨ ᠭᠠᠵᠠᠷ ᠲᠤ᠌ ᠲᠤᠨᠤᠭ ᠲᠥᠬᠥᠭᠡᠷᠦᠮᠵᠢ ᠳᠤᠲᠠᠭ᠍ᠳᠠᠵᠤ᠂ ᠵᠠᠷᠤᠳᠠᠯ ᠳᠤᠲᠠᠭ᠍ᠳᠠᠵᠤ᠂ ᠴᠢᠳᠠᠪᠤᠷᠢᠲᠠᠨ ᠳᠤᠲᠠᠭ᠍ᠳᠠᠵᠤ᠂ ᠠᠭᠤᠯᠭ᠎ᠠ ᠳᠤᠲᠠᠭ᠍ᠳᠠᠵᠤ᠂ ᠵᠠᠷᠢᠮ ᠪᠤᠢ᠌ᠳᠠ ᠪᠥᠭ᠌ᠯᠡᠭᠦᠦ ᠬᠥᠳᠡᠭᠡ ᠲᠣᠰᠭᠣᠨ᠎ᠳᠤ ᠷᠠᠳᠢᠣ᠋ ᠲᠧᠯᠸᠢᠰ᠎ᠦᠨ ᠫᠷᠤᠭ᠌ᠷᠠᠮ᠎ᠢ ᠴᠤ᠌ ᠬᠦᠯᠢᠶᠡᠨ ᠠᠪᠴᠤ᠌ ᠦᠵᠡᠵᠦ᠍ ᠳᠡᠢᠯᠬᠦ᠌ ᠦᠭᠡᠢ ᠪᠠᠢᠨ᠎ᠠ ᠁
ᠡᠨᠡ ᠤᠳᠠᠭᠠᠨ᠎ᠤ ᠶᠠᠷᠢᠯᠴᠠᠬᠤ ᠬᠤᠷᠠᠯ᠎ᠤᠨ ᠳᠠᠷᠠᠭ᠎ᠠ᠂ 《ᠴᠢᠶᠠᠨ ᠵᠢᠶᠠᠩ᠎ᠤᠨ ᠲᠠᠪᠠᠯᠭᠠᠨ》 ᠤᠷᠠᠯᠢᠭ᠎ᠤᠨ ᠪᠦᠯᠬᠦᠮ ᠪᠠᠢᠭᠤᠯᠤᠭ᠍ᠳᠠᠪᠠ᠃ 52 ᠨᠠᠰᠤᠲᠠᠢ ᠯᠦ᠍ ᠱᠢᠶᠠᠩ ᠬᠠᠨ ᠵᠠᠷᠯᠢᠭ᠎ᠢᠶᠠᠷ ᠤᠳᠭ᠎ᠠ ᠤᠷᠠᠯᠢᠭ᠎ᠤᠨ ᠬᠠᠮ ᠲᠡᠷᠭᠡ᠎ᠶ᠋ᠢ ᠵᠢᠯᠣᠭᠣᠳᠴᠤ᠌᠂ ᠦᠨᠳᠦᠰᠦᠨ ᠱᠠᠲᠤᠨ᠎ᠤ ᠤᠯᠠᠨ ᠲᠦᠮᠡᠨ᠎ᠳᠦ ᠲᠣᠭ᠍ᠯᠠᠯᠲᠠ ᠭᠠᠷᠭᠠᠵᠤ ᠦᠭᠪᠠ᠃
《〈ᠴᠢᠶᠠᠨ ᠵᠢᠶᠠᠩ᠎ᠤᠨ ᠲᠠᠪᠠᠯᠭᠠᠨ〉 ᠬᠡᠬᠦ ᠨᠡᠷ᠎ᠡ᠎ᠶ᠋ᠢ ᠰᠢ ᠵᠢᠨ ᠫᠢᠩ ᠱᠦᠵᠢ ᠲᠣᠭ᠍ᠲᠠᠭᠠᠭ᠍ᠰᠠᠨ ᠶᠤᠮ᠃ ᠲᠡᠷᠡ ᠪᠠᠰᠠ ᠲᠠᠪᠤᠨ ᠵᠢᠯ᠎ᠦᠨ ᠳᠣᠲᠣᠷ᠎ᠠ᠂ ᠤᠷᠠᠯᠢᠭ᠎ᠤᠨ ᠪᠦᠯᠬᠦᠮ ᠪᠦᠬᠦ᠌ ᠮᠤᠵᠢ᠎ᠶ᠋ᠢᠨ ᠱᠢᠶᠠᠩ ᠪᠠᠯᠭᠠᠰᠤᠪᠦᠬᠦᠨᠢᠶᠡᠷ ᠶᠠᠪᠤᠵᠤ ᠲᠤᠬᠯᠠᠯᠳᠠ ᠭᠠᠷᠭᠠᠬᠤ ᠬᠡᠷᠡᠭᠳᠡᠢ ᠬᠡᠬᠦ ᠬᠠᠷᠠᠯᠳᠠ ᠵᠢ ᠲᠣᠭ᠍ᠲᠠᠭᠠᠵᠤ ᠦᠭᠴᠡᠢ》 ᠭᠡᠵᠦ᠍ ᠯᠦ᠍ ᠱᠢᠶᠠᠩ ᠬᠠᠨ ᠡᠷᠭᠢᠴᠡᠭᠦᠯᠦᠨ ᠬᠡᠯᠡᠪᠡ᠃
ᠮᠤᠵᠢ᠎ᠶ᠋ᠢᠨ ᠨᠠᠮ᠎ᠤᠨ ᠬᠤᠷᠢᠶ᠎ᠠ ᠵᠢᠨ ᠳᠡᠮᠵᠢᠯᠭᠡ ᠳᠤᠤᠷ᠎ᠠ᠂ ᠪᠥᠬᠥ᠌ ᠮᠤᠵᠢ᠎ᠶ᠋ᠢᠨ ᠤᠳᠭ᠎ᠠ ᠤᠷᠠᠯᠢᠭ᠎ᠤᠨ ᠬᠦᠷᠢᠶᠡᠯᠡᠩ ᠪᠦᠯᠬᠦᠮ ᠬᠣᠢᠨ᠎ᠠ ᠬᠣᠢᠨ᠎ᠠ᠎ᠡᠴᠡ᠎ᠪᠠᠨ ᠴᠤᠤᠷᠢᠶᠠᠲᠤᠨ ᠳᠠᠭᠠᠵᠤ᠂ ᠨᠠᠷᠠᠲᠤ ᠲᠣᠭ᠍ᠯᠠᠭ᠍ᠴᠢ᠂ ᠮᠧᠶ ᠬᠤᠸᠠ ᠱᠠᠩᠨᠠᠯ ᠬᠦᠷᠳᠡᠭᠴᠢ ᠪᠠ ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠤᠷᠠᠯᠢᠭ᠎ᠤᠨ ᠨᠡᠢᠷ ᠤ᠋ᠨ ᠰᠣᠳᠣᠨ ᠪᠦᠲᠦᠭᠡᠯ᠎ᠦᠳ ᠴᠥᠮ《ᠬᠠᠮ ᠲᠡᠷᠭᠡ》ᠳᠡᠭᠡᠷ᠎ᠡ ᠲᠡᠯᠭᠡᠭᠳᠡᠵᠦ᠂ ᠠᠷᠠᠳ ᠤᠯᠠᠨ ᠢ᠋ ᠬᠡᠷ ᠤ᠋ᠨ ᠡᠭᠦᠳᠡᠨ ᠳ᠋ᠤᠨᠢ ᠲᠣᠭ᠍ᠯᠠᠯᠳᠠ ᠰᠤᠨᠢᠷᠬᠠᠭᠤᠯᠵᠤ᠂ ᠲᠤᠰᠬᠤᠨ᠎ᠤ ᠠᠷᠠᠳ ᠶᠡᠬᠡᠳᠡ ᠪᠠᠶᠠᠷᠯᠠᠵᠠᠭᠠᠬᠰᠠᠨ ᠶᠤᠮ᠃
ᠯᠦᠩ ᠶᠠᠩ ᠱᠢᠶᠠᠩ᠎ᠤᠨ ᠦᠯᠢᠭᠡᠷ ᠪᠢᠳᠡᠨ᠎ᠢ ᠳᠣᠭ᠍ᠳᠣᠯᠤᠭᠤᠯᠪᠠ —
ᠨᠢᠭᠡ ᠤᠳᠠᠭ᠎ᠠ᠂ 《ᠬᠠᠮ ᠲᠡᠷᠭᠡ》 ᠰᠦᠢ ᠴᠠᠩ ᠱᠢᠶᠠᠨ᠎ᠤ ᠯᠦᠩ ᠶᠠᠩ ᠱᠢᠶᠠᠩ᠎ᠳᠤ ᠬᠦᠷᠪᠡ᠃ ᠰᠢᠶᠠᠩ᠎ᠤᠨ ᠤᠢᠷᠠᠯᠴᠠᠭ᠎ᠠ ᠬᠦᠷᠬᠦ᠌ ᠦᠶ᠎ᠠ ᠳ᠋ᠤ᠂ ᠠᠭᠤᠯᠠ ᠶᠡᠭᠦᠷᠡᠵᠦ᠂ ᠲᠡᠷᠭᠡ ᠥᠩᠭᠡᠷᠡᠵᠦ᠍ ᠳᠡᠢᠯᠬᠦ᠌ ᠦᠭᠡᠢ ᠪᠤᠯᠵᠤ ᠠᠷᠭ᠎ᠠ ᠪᠤᠰᠤ ᠲᠣᠭ᠍ᠯᠠᠯᠲᠠ᠎ᠪᠡᠨ ᠵᠤᠭᠰᠤᠭᠠᠪᠠ᠃ ᠲᠣᠭ᠍ᠯᠠᠭ᠍ᠴᠢᠳ ᠲᠣᠰᠭᠣᠨ᠎ᠳᠤ ᠤᠲᠠᠰᠤ ᠠᠪᠴᠤ ᠬᠦᠷᠴᠤ ᠲᠡᠢᠯᠬᠦ ᠦᠬᠡᠢ ᠪᠤᠯᠤᠭᠰᠠᠨ᠎ᠢᠶᠡᠨ ᠮᠡᠳᠡᠭᠳᠡᠪᠡ᠃
ᠲᠣᠰᠭᠣᠨ᠎ᠤ ᠠᠷᠠᠳ ᠰᠣᠨᠣᠰᠤᠮᠠᠭ᠍ᠴᠠ ᠰᠠᠨᠳᠤᠷᠴᠤ᠌᠂ ᠤᠲᠠᠰᠤ᠎ᠪᠠᠨ ᠳᠠᠷᠤᠮᠠᠭᠴᠠ ᠳᠡᠭᠡᠰᠦ᠂ ᠳᠠᠮᠨᠠᠭᠤᠷ᠎ᠢᠶᠠᠨ ᠠᠪᠴᠤ᠌᠂ ᠲᠷᠠᠺᠲ᠋ᠣᠷ᠎ᠢᠶᠠᠨ ᠵᠢᠯᠤᠭᠤᠳᠤᠨ ᠤᠳᠠᠯ ᠦᠭᠡᠢ ᠠᠭᠤᠯᠠ ᠶᠡᠭᠦᠷᠡᠭᠰᠡᠨ ᠭᠠᠵᠠᠷ ᠬᠦᠷᠴᠦ᠍ ᠢᠷᠡᠪᠡ᠃
ᠣᠯᠠᠨ᠎ᠢᠶᠠᠷ᠎ᠢᠶᠠᠨ ᠲᠤᠭᠯᠠᠯᠳᠠ ᠵᠢᠨ ᠬᠡᠷᠡᠭᠰᠡᠯ᠂ ᠲᠤᠨᠤᠭ ᠲᠥᠬᠥᠭᠡᠷᠦᠮᠵᠢ᠎ᠵᠢ ᠡᠷᠭᠦᠨ ᠳᠠᠮᠨᠠᠵᠤ᠂ ᠠᠭᠤᠯᠠ ᠳᠠᠪᠠᠭ᠎ᠠ᠎ᠶ᠋ᠢ ᠳᠠᠪᠠᠵᠤ᠂ ᠲᠣᠰᠭᠣᠨ ᠵᠦᠭ ᠵᠢᠡᠨ ᠴᠢᠭᠯᠡᠪᠡ᠃ ᠲᠡᠳᠡᠭᠡᠷ ᠤ᠋ᠨ ᠲᠤᠳᠤᠷ᠎ᠠ ᠪᠠᠰᠠ ᠨᠢᠭᠡ ᠵᠢᠷᠮᠦᠰᠦᠨ ᠪᠦᠰᠡᠭᠦᠶ ᠪᠠᠢᠵᠤ᠂ ᠲᠡᠷᠡ ᠲᠣᠭ᠍ᠯᠠᠭ᠍ᠴᠢ᠎ᠶ᠋ᠢᠨ ᠬᠤᠪᠴᠠᠰᠤ ᠲᠠᠢ ᠪᠤᠭᠴᠤ ᠵᠢ ᠲᠤᠰᠴᠤ ᠠᠪᠤᠭᠠᠳ ᠲᠣᠰᠭᠣᠨ ᠤᠷᠤᠭᠤ ᠶᠠᠪᠤᠪᠠ᠃
ᠲᠣᠰᠭᠣᠨ᠎ᠤ ᠵᠠᠬ᠎ᠠ᠎ᠳᠤ᠂ ᠡᠷᠡᠭ᠌ᠲᠡᠶ ᠡᠮᠡᠭ᠌ᠲᠡᠶ ᠬᠥᠭ᠌ᠰᠢᠨ ᠵᠠᠯᠠᠭᠤᠪᠦᠬᠦᠳᠡᠭᠡᠷ ᠬᠦᠢᠲᠡᠨ ᠰᠠᠯᠬᠢᠨ᠎ᠳᠤ᠂ ᠬᠠᠯᠠᠭᠤᠨ ᠴᠠᠢ᠂ ᠭᠤᠯᠢᠷ ᠬᠤᠭᠤᠯᠠ᠂ ᠱᠢᠷ᠎ᠠ ᠪᠣᠭᠣᠷᠰᠣᠭ ᠪᠡᠯᠡᠳᠭᠡᠨ ᠬᠦᠯᠢᠶᠡᠵᠦ ᠪᠠᠢᠪᠠ᠃ ᠲᠣᠭ᠍ᠯᠠᠭ᠍ᠴᠢᠳ ᠮᠠᠰᠢ ᠰᠡᠳᠬᠢᠯ ᠳᠣᠭ᠍ᠳᠣᠯᠪᠠ᠃ ᠬᠣᠶᠠᠷ ᠴᠠᠭ ᠭᠠᠷᠤᠢ᠎ᠶ᠋ᠢᠨ ᠲᠣᠭ᠍ᠯᠠᠯᠲᠠ᠎ᠳᠤ᠂ ᠲᠤᠬᠯᠠᠬᠴᠢᠳ 《ᠪᠠᠢᠳᠠᠭ ᠡᠷᠳᠡᠮ》 ᠵᠢᠡᠨ ᠭᠠᠢᠬᠠᠭᠤᠯᠵᠤ᠂ ᠬᠠᠰᠬᠢᠷᠤᠨ ᠤᠤᠬᠠᠢᠯᠠᠬᠤ ᠲᠠᠭᠤᠨ ᠲᠠᠰᠤᠷᠠᠯᠳᠠ ᠦᠭᠡᠢ ᠰᠣᠨᠣᠰᠳᠠᠵᠤ᠂ ᠲᠣᠰᠭᠣᠨ᠎ᠤ ᠠᠷᠠᠳ ᠭᠠᠷ ᠤ᠋ᠨ ᠠᠯᠠᠭ᠎ᠠ ᠪᠠᠨ ᠤᠯᠠᠢᠳᠠᠯᠠ ᠲᠠᠰᠢᠵᠤ ᠤᠷᠮ᠎ᠠ ᠬᠠᠢᠷᠠᠯᠠᠵᠤ ᠪᠠᠢᠯ᠎ᠠ᠃
ᠡᠨᠡ ᠪᠣᠯ ᠨᠢᠭᠡ ᠤᠳᠠᠭᠠᠨ᠎ᠤ ᠦᠬᠡᠳᠡ ᠦᠬᠡᠳᠡ ᠡᠴᠡ ᠪᠠᠨ ᠲᠡᠮᠡᠦᠯᠦᠭᠰᠡᠨ ᠤᠳᠬ᠎ᠠ ᠠᠭᠤᠯᠭ᠎ᠠ ᠲᠠᠢ ᠠᠵᠢᠯᠯᠠᠭ᠎ᠠ ᠪᠣᠯᠤᠨ᠎ᠠ — ᠲᠣᠰᠭᠣᠨ᠎ᠤ ᠠᠷᠠᠳ ᠰᠣᠶᠣᠯ᠎ᠤᠨ ᠠᠮᠤ ᠬᠦᠨᠡᠰᠦ ᠬᠦᠷᠳᠡᠵᠦ᠂ ᠰᠣᠶᠣᠯ ᠨᠢ ᠬᠥᠳᠡᠭᠡ ᠲᠣᠰᠭᠣᠨ᠎ᠡᠴᠡ ᠡᠯᠪᠡᠭ ᠪᠠᠶᠠᠯᠢᠭ ᠱᠢᠮ᠎ᠡ ᠲᠡᠵᠢᠭᠡᠯ ᠣᠯᠵᠠᠢ᠃
ᠡᠢᠮᠦᠷᠬᠦᠦ 《ᠮᠥᠷᠥᠪᠡᠷᠢᠶᠡᠨ ᠲᠠᠮᠨᠠᠵᠤ ᠢᠷᠡᠭ᠌ᠰᠡᠨ ᠲᠣᠭ᠍ᠯᠠᠯᠲᠠ》 ᠵᠢ ᠰᠢ ᠵᠢᠨ ᠫᠢᠩ ᠴᠣᠬᠣᠯᠠᠪᠤᠷᠢᠦᠭᠴᠦ ᠨᠤᠲᠠᠯᠠᠪᠠ᠄ ᠢᠯᠡ ᠲᠣᠳᠣ ᠣᠨᠴᠠᠯᠢᠭ ᠲᠠᠢ᠂ ᠬᠡᠯᠪᠡᠷᠢ ᠨᠢ ᠤᠯᠠᠨ ᠶᠠᠩᠵᠤ ᠵᠢᠨ᠂ ᠦᠨᠳᠦᠰᠦᠨ ᠱᠠᠲᠤᠨ᠎ᠳᠤ ᠤᠢ᠍ᠢᠷᠠᠳᠤᠵᠤ᠂ ᠪᠠᠶᠠᠯᠢᠭ ᠦᠷ᠎ᠡ ᠪᠦᠲᠦᠮᠵᠢ ᠤᠯᠵᠠᠢ᠃
《ᠲᠡᠷᠡ ᠡᠳᠦᠷ ᠪᠢ ᠮᠤᠵᠢ᠎ᠶ᠋ᠢᠨ ᠵᠠᠰᠠᠭ ᠵᠠᠬᠢᠷᠭᠠᠨ᠎ᠤ ᠲᠥᠪ᠎ᠡᠴᠡ ᠴᠣᠬᠣᠯᠠᠪᠤᠷᠢ ᠵᠢ ᠠᠪᠬᠤ᠎ᠪᠠᠷ ᠣᠴᠢᠪᠠ᠃ ᠰᠠᠶᠢᠬᠠᠨ ᠶᠠᠪᠤᠬᠤ ᠬᠡᠵᠤ ᠪᠠᠢᠳᠠᠯ᠎ᠠ᠂ ᠠᠵᠢᠯᠳᠠᠨ᠎ᠡᠴᠡ ᠰᠢ ᠵᠢᠨ ᠫᠢᠩ ᠱᠦᠵᠢ ᠲᠠᠨ᠎ᠢ ᠬᠦᠯᠢᠶᠡᠵᠦ᠍ ᠪᠠᠢᠨ᠎ᠠ ᠭᠡᠪᠡ ᠁》 ᠭᠡᠵᠦ᠍ ᠯᠦ᠍ ᠱᠢᠶᠠᠩ ᠬᠠᠨ ᠰᠡᠳᠭᠢᠯ ᠳᠣᠭ᠍ᠳᠣᠯᠤᠨ ᠬᠡᠯᠡᠪᠡ᠃
ᠠᠯᠪᠠᠨ ᠭᠡᠷ᠎ᠲᠦᠨᠢ ᠬᠦᠷᠴᠤ ᠤᠴᠢᠬᠰᠠᠨ ᠳ᠋ᠤ᠂ ᠰᠢ ᠵᠢᠨ ᠫᠢᠩ ᠯᠦ᠍ ᠱᠢᠶᠠᠩ ᠬᠠᠨ᠎ᠤ ᠭᠠᠷ᠎ᠢ ᠬᠦᠴᠦᠲᠡᠢ ᠠᠳᠭᠤᠵᠤ᠄ 《ᠲᠠ᠎ᠨᠠᠷ᠎ᠤᠨ ᠲᠠᠷᠢᠶᠠᠴᠢᠳ᠎ᠤᠨ ᠲᠥᠯᠥᠭᠡ ᠮᠠᠰᠢ ᠤᠯᠠᠨ ᠰᠠᠢ᠌ᠨ ᠶᠠᠪᠤᠳᠠᠯ ᠬᠢᠭ᠌ᠰᠡᠨ᠎ᠳᠦ ᠲᠠᠯᠠᠷᠬᠠᠵᠤ ᠪᠠᠢᠨ᠎ᠠ! ᠲᠠ᠎ᠨᠠᠷ ᠨᠠᠷᠢᠨ ᠬᠢᠨᠠᠮᠠᠭᠠᠢ ᠳ᠋ᠦᠩᠨᠡᠵᠦ᠍᠂ ᠲᠠᠰᠤᠷᠠᠯᠲᠠ ᠦᠭᠡᠢ ᠲᠡᠭᠦᠯᠳᠡᠷᠵᠢᠭᠦᠯᠵᠦ᠍᠂ ᠨᠡᠩ ᠤᠯᠠᠨ ᠭᠣᠢᠳᠠ ᠰᠠᠢᠬᠠᠨ ᠲᠣᠭ᠍ᠯᠠᠯᠲᠠ᠎ᠶ᠋ᠢ ᠬᠥᠳᠡᠭᠡ ᠲᠣᠰᠭᠣᠨ᠎ᠳᠤ ᠬᠦᠷᠭᠡᠬᠦ᠌᠎ᠶ᠋ᠢ ᠬᠦᠰᠡᠵᠦ᠍ ᠪᠠᠢᠨ᠎ᠠ》 ᠭᠡᠪᠡ᠃
ᠡᠨᠡ ᠤᠳᠠᠭᠠᠨ᠎ᠤ ᠠᠭᠤᠯᠵᠠᠯᠲᠠ ᠨᠢ ᠯᠦ᠍ ᠱᠢᠶᠠᠩ ᠬᠠᠨ᠎ᠤ ᠡᠷᠴᠢ ᠵᠣᠷᠢᠭ᠎ᠢ ᠨᠡᠩ ᠬᠥᠪᠴᠢᠯᠡᠵᠦ᠍᠂ ᠨᠡᠩ ᠦᠷᠬᠦᠯᠵᠢ ᠬᠥᠳᠡᠭᠡ ᠪᠠᠭᠤᠵᠤ ᠲᠤᠬᠯᠠᠯᠳᠠ ᠭᠠᠷᠭᠠᠬᠤ ᠪᠤᠯᠵᠠᠢ᠃ 20 ᠵᠢᠯ᠎ᠦᠨ ᠬᠤᠭᠤᠴᠠᠭᠠᠨ᠎ᠳᠤ᠂ 《ᠴᠢᠶᠠᠨ ᠵᠢᠶᠠᠩ᠎ᠤᠨ ᠲᠠᠪᠠᠯᠭᠠᠨ》 5000 ᠭᠠᠷᠤᠢ ᠲᠠᠯᠠᠪᠠᠢ ᠲᠣᠭ᠍ᠯᠠᠯᠲᠠ ᠭᠠᠷᠭᠠᠵᠤ᠂ 1000 ᠭᠠᠷᠤᠢ ᠲᠦᠮᠡᠨ ᠬᠥᠮᠦᠨ ᠤᠳᠠᠭ᠎ᠠ ᠵᠢᠨ ᠦᠵᠡᠭ᠌ᠴᠢᠳ ᠲᠤ᠌ ᠲᠤᠬᠯᠠᠯᠳᠠ ᠰᠤᠨᠢᠷᠬᠠᠭᠤᠯᠪᠠ ᠁
《ᠴᠢᠶᠠᠨ ᠵᠢᠶᠠᠩ᠎ᠤᠨ ᠲᠠᠪᠠᠯᠭᠠᠨ》 ᠡᠮᠦᠨᠡᠬᠢ ᠲᠠᠪᠠᠯᠭᠠᠨ ᠨᠢ ᠬᠤᠢᠨᠠᠬᠢ ᠲᠠᠪᠠᠯᠭᠠᠨ᠎ᠢᠶᠡᠨ ᠲᠠᠢᠴᠢᠯᠠᠪᠠ — 20 ᠵᠢᠯ᠎ᠦᠨ ᠲᠤᠷᠰᠢ᠂ ᠲᠠᠷᠢᠶᠠᠴᠢᠨ ᠠᠢᠯ᠎ᠤᠨ ᠨᠣᠮ᠎ᠤᠨ ᠦᠷᠦᠭᠡ᠂ ᠰᠣᠶᠣᠯ᠎ᠤᠨ ᠶᠣᠰᠣᠯᠠᠯ᠎ᠤᠨ ᠲᠠᠩᠬᠢᠮ᠂ ᠬᠥᠳᠡᠭᠡ ᠲᠣᠰᠭᠣᠨ᠎ᠤ ᠮᠦᠽᠧᠢ ᠁ ᠬᠤᠷ᠎ᠠ᠎ᠶ᠋ᠢᠨ ᠳᠠᠷᠠᠭᠠᠬᠢ ᠬᠤᠯᠤᠰᠤᠨ ᠰᠦᠶ᠎ᠡ ᠮᠡᠲᠦ ᠢᠯᠡᠷᠡᠨ ᠭᠠᠷᠴᠤ᠂ ᠲᠣᠰᠭᠣᠨ᠎ᠤ ᠠᠷᠠᠳ ᠪᠠᠬᠠᠷᠠᠨ ᠬᠦᠭᠡᠭᠡᠴᠡᠯᠳᠦᠵᠦ᠂ ᠪᠠᠰᠠ ᠦᠢ ᠤᠯᠠᠨ ᠬᠤᠳᠠ᠎ᠶ᠋ᠢᠨ ᠠᠷᠠᠳ ᠴᠤ᠌ ᠪᠢᠱᠢᠷᠡᠨ ᠪᠠᠬᠠᠷᠬᠠᠵᠤ ᠢᠷᠡᠵᠤ ᠰᠤᠨᠢᠷᠬᠠᠵᠠᠭᠠᠪᠠ᠃
ᠤᠭ ᠰᠠᠨᠠᠭ᠎ᠠ᠎ᠪᠠᠨ ᠦᠯᠦ᠍ ᠮᠠᠷᠲᠠᠵᠤ᠂ ᠤᠷᠤᠭᠰᠢᠯᠠᠬᠤ ᠠᠯᠬᠤᠮ ᠦᠯᠦ᠍ ᠵᠣᠭ᠍ᠰᠣᠨ᠎ᠠ᠃ 2024 ᠣᠨ᠎ᠤ 4 ᠰᠠᠷ᠎ᠠ᠎ᠳᠤ᠂ ᠵᠧᠵᠢᠶᠠᠩ᠎ᠤᠨ ᠬᠢᠨ ᠪᠦᠬᠦ᠌ ᠤᠯᠤᠰ᠎ᠤ᠋ᠨ ᠠᠩᠬᠠᠳᠠᠬᠴᠢ ᠰᠣᠶᠣᠯ᠎ᠤᠨ ᠣᠨᠴᠠ ᠲᠣᠮᠢᠯᠠᠭ᠍ᠳᠠᠭ᠍ᠴᠢ᠎ᠶ᠋ᠢᠨ ᠲᠦᠷᠢᠮ᠎ᠢ ᠡᠭᠦᠳᠴᠦ᠍᠂ ᠥᠨᠳᠥᠷ ᠬᠡᠪ ᠪᠣᠯᠪᠠᠰᠤᠷᠠᠯ᠎ᠲᠠᠶ ᠰᠣᠶᠣᠯ᠎ᠤᠨ ᠴᠢᠳᠠᠪᠤᠷᠢᠲᠠᠨ᠎ᠢ 1500 ᠭᠠᠷᠤᠢ ᠰᠣᠩᠭᠣᠨ ᠲᠣᠮᠢᠯᠠᠵᠤ᠂ ᠱᠢᠯᠢᠳᠡᠭ ᠰᠣᠶᠣᠯ᠎ᠤᠨ ᠡᠬᠢ ᠪᠠᠶᠠᠯᠢᠭ᠎ᠢ ᠲᠠᠢ᠌ᠴᠢᠯᠠᠨ ᠦᠨᠳᠦᠰᠦᠨ ᠱᠠᠲᠤᠨ᠎ᠳᠤ ᠱᠢᠭᠤᠳ ᠬᠦᠷᠭᠡᠵᠦ᠍᠂ ᠬᠥᠳᠡᠭᠡ ᠲᠣᠰᠭᠣᠨ᠎ᠢ ᠬᠠᠪᠰᠤᠷᠤᠨ ᠴᠢᠨᠠᠷ ᠰᠠᠢᠲᠠᠢ ᠤᠯᠠᠨ ᠡᠱᠢᠵᠢᠭ᠌ᠰᠡᠨ ᠰᠣᠶᠣᠯ᠂ ᠬᠥᠳᠡᠭᠡ ᠲᠣᠰᠭᠣᠨ᠎ᠤ ᠠᠵᠤ ᠦᠢᠯᠡᠰ᠎ᠦᠨ ᠬᠥᠭ᠌ᠵᠢᠯᠲᠡ᠎ᠶ᠋ᠢ ᠠᠬᠢᠭᠤᠯᠬᠤ᠂ ᠣᠷᠣᠨ ᠪᠦᠰᠡ᠎ᠶ᠋ᠢᠨ ᠱᠢᠯᠢᠳᠡᠭ ᠰᠣᠶᠣᠯ᠎ᠢ ᠠᠭᠤᠳᠠᠯᠤᠨ ᠪᠣᠯᠪᠠᠰᠤᠷᠠᠭᠤᠯᠵᠤ ᠪᠠᠳᠠᠷᠠᠭᠤᠯᠬᠤ ᠵᠡᠷᠭᠡ ᠲᠠᠯ᠎ᠠ᠎ᠶ᠋ᠢᠨ ᠬᠡᠷᠡᠭ᠌ᠴᠡᠭᠡ᠎ᠶ᠋ᠢ ᠱᠢᠢᠳᠪᠦᠷᠢᠯᠡᠵᠦ᠍᠂ ᠥᠷᠭᠡᠨ ᠠᠭᠤᠳᠠᠮ ᠬᠦᠳᠡᠬᠡ ᠨᠤᠳᠤᠭ ᠲᠤ᠌ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ᠎ᠶ᠋ᠢ ᠠᠮᠢᠳᠤᠯᠢᠭ᠎ᠢᠶᠠᠷ ᠦᠢᠯᠡᠳᠦᠯᠭᠡᠵᠢᠭᠦᠯᠪᠡ᠃
《ᠰᠣᠶᠣᠯ ᠪᠣᠯ ᠳᠠᠷᠤᠢ 〈ᠬᠦᠮᠦᠨ᠎ᠤ ᠤᠬᠠᠭᠠᠷᠠᠯ〉᠂ ᠰᠣᠶᠣᠯ᠎ᠤᠨ ᠦᠢᠯᠡᠰ ᠪᠣᠯ ᠳᠠᠷᠤᠢ ᠬᠥᠮᠦᠨ᠎ᠦ ᠰᠡᠳᠭᠢᠯ ᠵᠣᠷᠢᠭ᠎ᠢ ᠬᠥᠮᠦᠵᠢᠭᠦᠯᠬᠦ᠌᠂ ᠬᠥᠮᠦᠨ᠎ᠦ ᠤᠷᠮ᠎ᠠ ᠰᠡᠳᠭᠢᠯᠭᠡ᠎ᠶ᠋ᠢ ᠬᠥᠮᠦᠵᠢᠭᠦᠯᠬᠦ᠌ ᠦᠢᠯᠡᠰ ᠮᠥᠨ᠃ ᠬᠥᠮᠦᠨ ᠪᠣᠯ ᠮᠥᠨ ᠴᠢᠨᠠᠷ ᠳᠡᠭᠡᠷ᠎ᠡ᠎ᠪᠡᠨ ᠰᠣᠶᠣᠯ᠎ᠤᠨ ᠬᠥᠮᠦᠨ ᠮᠥᠨ᠂ ᠬᠠᠷᠢᠨ 〈ᠪᠣᠳᠠᠰᠵᠢᠭ᠍ᠰᠠᠨ〉 ᠬᠥᠮᠦᠨ ᠪᠢᠰᠢ; ᠬᠦᠳᠡᠯᠦᠩᠬᠦᠢ᠂ ᠪᠦᠬᠦ᠌ ᠲᠠᠯ᠎ᠠ᠎ᠶ᠋ᠢᠨ ᠬᠥᠮᠦᠨ ᠮᠥᠨ᠂ ᠬᠠᠷᠢᠨ ᠬᠥᠱᠢᠭᠦᠵᠢᠭᠰᠡᠨ᠂〈ᠳᠠᠩ ᠴᠢᠭ᠌ᠯᠡᠯ᠎ᠤᠨ〉 ᠬᠥᠮᠦᠨ ᠪᠢᠰᠢ》᠃ 《ᡁᠢ ᠵᠢᠶᠠᠩ᠎ᠤᠨ ᠱᠢᠨ᠎ᠡ ᠦᠬᠦᠯᠡᠮᠵᠢ》 ᠳ᠋ᠤ ᠰᠢ ᠵᠢᠨ ᠫᠢᠩ ᠬᠥᠮᠦᠨ ᠬᠢᠭᠡᠳ ᠰᠣᠶᠣᠯ᠎ᠤᠨ ᠬᠠᠷᠢᠴᠠᠭ᠎ᠠ᠎ᠶ᠋ᠢ ᠤᠯᠠᠮ ᠨᠢᠭᠡ ᠠᠯᠬᠤᠮ ᠥᠭᠦᠯᠡᠪᠡ᠃
ᠰᠤᠶᠤᠯ ᠵᠢᠡᠷ ᠬᠦᠮᠦᠨ ᠢ᠋ ᠤᠬᠠᠭᠠᠷᠠᠭᠤᠯᠬᠤ ᠵᠢ ᠰᠢ ᠵᠢᠨ ᠫᠢᠩ ᠪᠡᠶ᠎ᠡ᠎ᠪᠡᠷ᠎ᠢᠶᠡᠨ ᠦᠢᠯᠡᠳᠦᠯᠭᠡᠵᠢᠭᠦᠯᠪᠡ᠃
ᠫᠠᠨ ᠠᠨ᠎ᠤ ᠡᠸ᠋ ᠱ᠌ᠢ ᠲᠣᠰᠭᠣᠨ᠂ ᠲᠡᠯᠡᠶ᠎ᠶ᠋ᠢᠨ ᠲᠦᠪᠱᠢᠨ᠎ᠡᠴᠡ 560 ᠭᠠᠷᠤᠶ ᠮᠧᠲ᠋ᠷ ᠡᠷᠭᠦᠭ᠌ᠳᠡᠵᠦ᠍᠂ 600 ᠭᠠᠷᠤᠶ ᠵᠢᠯ ᠤ᠋ᠨ ᠲᠡᠤᠬᠡ ᠲᠠᠢ᠃
ᠮᠢᠩ ᠤᠯᠤᠰ ᠴᠢᠩ ᠤᠯᠤᠰ᠎ᠤᠨ ᠦᠶ᠎ᠡ᠎ᠶ᠋ᠢᠨ ᠬᠦᠷᠢᠶ᠎ᠡ ᠬᠠᠱᠢᠶ᠎ᠠ ᠨᠢ ᠡᠷᠲᠡᠨ᠎ᠦ ᠥᠩᠭᠡ ᠡᠷᠲᠡᠨ᠎ᠦ ᠦᠨᠦᠷ ᠠᠮᠳᠠ ᠪᠡᠨ ᠪᠠᠳᠤᠯᠠᠵᠤ᠂ ᠠᠮᠢᠵᠢᠷᠠᠯ ᠤ᠋ᠨ ᠬᠦᠴᠦᠨ ᠵᠢᠡᠷ ᠪᠢᠯᠬᠠᠨ᠎ᠠ᠃ ᠬᠣᠲᠠᠭᠠᠵᠠᠷ ᠤᠳᠠᠭᠠᠨ ᠰᠠᠭᠤᠭ᠍ᠰᠠᠨ ᠬᠥᠮᠦᠰ ᠡᠨᠳᠡ ᠢᠷᠡᠪᠡᠯ᠂ ᠦᠨᠡᠨ ᠬᠦ᠌ ᠴᠡᠴᠡᠭ ᠬᠤᠸᠠᠷ ᠤ᠋ᠨ ᠶᠢᠷᠳᠢᠨᠴᠤ ᠳ᠋ᠤ ᠰᠡᠳᠭᠢᠯ ᠰᠠᠨᠠᠭ᠎ᠠ ᠠᠭᠤᠵᠢᠷᠠᠨ ᠲᠡᠨᠢᠢᠬᠦ ᠵᠢ ᠮᠡᠳᠡᠷᠡᠵᠦ᠍ ᠴᠢᠳᠠᠨ᠎ᠠ᠃
20 ᠭᠠᠷᠤᠢ ᠵᠢᠯ᠎ᠦᠨ ᠡᠮᠦᠨ᠎ᠡ᠂ ᠡᠨᠳᠡ ᠶᠠᠳᠠᠭᠤᠷᠠᠭᠠᠳ 200 ᠭᠠᠷᠤᠢ ᠲᠠᠰᠤᠯᠭ᠎ᠠ ᠯᠠ ᠬᠠᠭᠤᠴᠢᠨ ᠬᠠᠷ᠎ᠠ ᠪᠠᠢᠰᠢᠩ ᠦᠯᠡᠳᠡᠵᠦ᠍ ᠬᠤᠴᠤᠷᠤᠬᠰᠠᠨ — ᠲᠡᠳᠡᠭᠡᠷ ᠪᠤᠯ ᠲᠣᠰᠭᠣᠨ᠎ᠤ ᠠᠷᠠᠳ᠎ᠤᠨ ᠲᠤᠬᠠᠢ᠎ᠶ᠋ᠢᠨ ᠭᠠᠵᠠᠷ᠎ᠲᠤ ᠣᠨᠴᠠ ᠪᠠᠢᠳᠠᠭ ᠬᠠᠷ᠎ᠠ ᠬᠦᠷᠮᠡᠨ ᠴᠢᠯᠠᠭᠤᠯᠢᠭ᠎ᠢᠶᠠᠷ ᠪᠠᠷᠢᠭ᠍ᠰᠠᠨ ᠪᠠᠢᠰᠢᠩ ᠭᠡᠷ ᠪᠣᠯᠤᠨ᠎ᠠ᠃
2006 ᠣᠨ᠎ᠳᠤ᠂ ᠰᠢ ᠵᠢᠨ ᠫᠢᠩ ᠲᠣᠰᠭᠣᠨ᠎ᠳᠤ ᠢᠷᠡᠵᠤ ᠡᠳᠡᠭᠡᠷ ᠬᠠᠷ᠎ᠠ ᠴᠢᠯᠠᠭᠤᠨ ᠪᠠᠢᠰᠢᠩ ᠳ᠋ᠤ ᠲᠠᠲᠠᠭ᠍ᠳᠠᠵᠤ᠂ ᠲᠡᠷᠡ ᠪᠡᠷ ᠬᠡᠰᠡᠭ ᠬᠡᠰᠡᠭ ᠬᠠᠷ᠎ᠠ ᠴᠢᠯᠠᠭᠤ᠎ᠶ᠋ᠢ ᠢᠯᠪᠢᠭᠡᠳ᠂ ᠤᠯᠠᠨ᠎ᠳᠤ᠄ 《ᠡᠢᠮᠦ᠍ ᠴᠢᠯᠠᠭᠤ ᠮᠠᠰᠢ ᠰᠠᠢ᠌ᠨ! ᠡᠨᠡ ᠬᠦᠷᠮᠡᠨ ᠴᠢᠯᠠᠭᠤ ᠶᠠᠮᠠᠷ ᠰᠠᠢᠬᠠᠨ ᠪᠤᠢ ᠁》 ᠭᠡᠪᠡ᠃
ᠲᠤᠬᠠᠢ᠎ᠶ᠋ᠢᠨ ᠦᠶ᠎ᠡ᠎ᠳᠦ᠂ ᠲᠣᠰᠭᠣᠨ᠎ᠳ᠋ᠤ ᠵᠢᠭᠤᠯᠴᠢᠯᠠᠯ ᠢ᠋ ᠬᠦᠭᠵᠢᠭᠦᠯᠬᠦ ᠭᠡᠳ ᠲᠣᠰᠭᠣᠨ᠎ᠤ ᠠᠷᠠᠳ ᠬᠠᠭᠤᠴᠢᠨ ᠪᠠᠢᠱᠢᠩ᠎ᠢᠶᠠᠨ ᠨᠤᠷᠠᠭᠠᠵᠤ ᠥᠨᠳᠥᠷ ᠠᠰᠠᠷ ᠪᠠᠷᠢᠬᠤ᠎ᠪᠠᠷ ᠲᠦᠯᠦᠪᠯᠡᠵᠤ ᠪᠠᠢᠬᠰᠠᠨ ᠶᠤᠮ᠃ 《ᠰᠢ ᠵᠢᠨ ᠫᠢᠩ ᠱᠦᠵᠢ ᠬᠡᠯᠡᠵᠤ ᠪᠠᠢᠨ᠎ᠠ᠂ ᠡᠨᠡ ᠬᠦ᠌ ᠬᠠᠭᠤᠴᠢᠨ ᠲᠣᠰᠭᠣᠨ ᠮᠠᠰᠢ ᠣᠨᠴᠠᠯᠢᠭ᠎ᠲᠠᠶ᠂ ᠲᠠ᠎ᠨᠠᠷ ᠬᠠᠭᠤᠴᠢᠨ ᠪᠠᠢᠰᠢᠩ᠎ᠢᠶᠡᠨ ᠪᠢᠲᠡᠭᠡᠢ ᠨᠤᠷᠠᠭᠠᠴᠢᠬᠠ᠂ ᠲᠡᠭᠦᠨ᠎ᠢ ᠰᠠᠢᠲᠤᠷ ᠬᠠᠮᠠᠭᠠᠯᠠᠵᠤ ᠰᠠᠢᠲᠤᠷ ᠠᠱᠢᠭ᠍ᠯᠠᠬᠤ ᠬᠡᠷᠡᠭ᠌ᠲᠡᠢ᠃ ᠬᠡᠷᠪᠡ ᠬᠠᠭᠤᠴᠢᠨ ᠲᠣᠰᠭᠣᠨ᠎ᠢ ᠨᠤᠷᠠᠭᠠᠪᠠᠯ᠂ ᠲᠠᠷᠤᠢ ᠰᠣᠶᠣᠯ᠂ ᠦᠨᠳᠦᠰᠦ ᠪᠡᠨ ᠨᠤᠷᠠᠭᠠᠭᠰᠠᠨ ᠶᠠᠪᠤᠳᠠᠯ ᠪᠤᠯᠤᠨ᠎ᠠ ᠁》 ᠭᠡᠵᠦ᠍ ᠲᠤᠬᠠᠢ᠎ᠶ᠋ᠢᠨ ᠦᠶ᠎ᠡ᠎ᠳᠦ ᠦ᠋ ᠱ᠌ᠢ ᠲᠣᠰᠭᠣᠨ᠎ᠤ ᠨᠠᠮ᠎ᠤᠨ ᠡᠭᠦᠷ᠎ᠦᠨ ᠱᠦᠵᠢ ᠪᠠᠢᠭ᠍ᠰᠠᠨ ᠵᠠᠩ ᠸᠧᠢ ᠫᠢᠩ ᠡᠷᠭᠢᠴᠡᠭᠦᠯᠦᠨ ᠬᠡᠯᠡᠪᠡ᠃
ᠰᠢ ᠵᠢᠨ ᠫᠢᠩ ᠲᠣᠰᠭᠣᠨ᠎ᠤ ᠺᠠᠳ᠋ᠷ᠎ᠲᠤ᠄ ᠱᠢᠨ᠎ᠡ ᠬᠥᠳᠡᠭᠡ ᠲᠣᠰᠭᠣᠨ᠎ᠤ ᠪᠦᠲᠦᠭᠡᠨ ᠪᠠᠢᠭᠤᠯᠤᠯᠲᠠ ᠲᠤᠮᠳᠠ ᠨᠢᠬᠡ ᠯᠡ ᠬᠡᠪ᠎ᠢᠶᠡᠷ 《ᠶᠡᠬᠡ᠎ᠳᠦ ᠳᠤᠷᠠᠯᠠᠵᠤ ᠬᠠᠷᠢ᠎ᠶ᠋ᠢᠨ ᠬᠢ᠎ᠶ᠋ᠢ ᠬᠥᠭᠡᠭᠡᠴᠡᠯᠳᠦᠵᠦ᠍》 ᠪᠣᠯᠬᠤ ᠦᠭᠡᠢ᠂ ᠡᠷᠲᠡᠨ᠎ᠦ ᠲᠣᠰᠭᠣᠨ᠎ᠢ ᠰᠠᠢᠲᠤᠷ ᠬᠠᠮᠠᠭᠠᠯᠠᠵᠤ᠂ ᠭᠠᠵᠠᠷ ᠣᠷᠣᠨ᠎ᠤ ᠪᠠᠢᠳᠠᠯ᠎ᠳᠠᠭᠠᠨ ᠲᠤᠬᠢᠷᠠᠭᠤᠯᠤᠨ ᠲᠡᠭᠦᠨ᠎ᠦ ᠰᠣᠶᠣᠯ᠎ᠤᠨ ᠠᠭᠤᠯᠤᠭ᠍ᠳᠠᠬᠤᠨ᠎ᠢ ᠭᠦᠨᠵᠡᠭᠡᠢ ᠠᠭᠤᠳᠠᠯᠬᠤ ᠬᠡᠷᠡᠭ᠌ᠲᠡᠢ ᠭᠡᠵᠦ᠍ ᠠᠬᠢᠨ ᠳᠠᠬᠢᠨ ᠵᠠᠬᠢᠪᠠ᠃
ᠲᠡᠬᠦᠨ᠎ᠤ ᠬᠡᠯᠡᠭᠰᠡᠨ ᠡᠨᠡ ᠦᠭᠡ ᠨᠢ ᠵᠡᠬᠦᠳᠦᠯᠡᠵᠤ ᠪᠠᠢᠭᠰᠠᠨ ᠬᠥᠮᠦᠨ ᠢ᠋ ᠰᠡᠷᠢᠭᠡᠪᠠ — ᠬᠠᠭᠤᠴᠢᠨ ᠭᠡᠷ ᠪᠣᠯ ᠦᠨᠳᠦᠰᠦ᠂ ᠰᠣᠶᠣᠯ ᠪᠣᠯ ᠠᠯᠲᠠᠨ ᠲᠦᠯᠬᠢᠭᠦᠷ! 200 ᠭᠠᠷᠤᠢ ᠲᠠᠰᠤᠯᠭ᠎ᠠ ᠡᠷᠲᠡᠨ᠎ᠦ ᠪᠡᠢᠰᠢᠩᠵᠢᠡᠨ ᠲᠡᠳᠡ ᠨᠢᠭᠡ ᠲᠠᠰᠤᠯᠭ᠎ᠠ ᠴᠤ᠌ ᠬᠥᠳᠡᠯᠭᠡᠭᠰᠡᠨ ᠦᠭᠡᠢ᠂ ᠡᠳᠦᠭᠡ ᠡᠨᠳᠡᠬᠢ ᠨᠢ ᠪᠦᠬᠦ᠌ ᠤᠯᠤᠰ᠎ᠲᠤ ᠬᠠᠮᠤᠭ᠎ᠤᠨ ᠪᠦᠷᠢᠨ ᠬᠠᠳᠠᠭᠠᠯᠠᠭ᠍ᠳᠠᠵᠤ ᠪᠠᠢᠭ᠎ᠠ ᠡᠷᠲᠡᠨ᠎ᠦ ᠲᠣᠰᠭᠣᠨ᠎ᠤ ᠨᠢᠭᠡ ᠪᠤᠯᠵᠤ᠂ ᠪᠦᠬᠦ᠌ ᠤᠯᠤᠰ᠎ᠤᠨ ᠪᠣᠯᠪᠠᠰᠤᠨ ᠲᠣᠰᠭᠣᠨ᠎ᠢᠶᠠᠷ ᠦᠨᠡᠯᠡᠭ᠌ᠳᠡᠪᠡ᠃ ᠤᠢ᠍ᠢᠷ᠎ᠠ᠎ᠶ᠋ᠢᠨ 20 ᠵᠢᠯ᠎ᠦᠨ ᠬᠤᠭᠤᠴᠠᠭᠠᠨ᠎ᠳᠤ᠂ ᠲᠣᠰᠭᠣᠨ᠎ᠤ ᠡᠳᠡᠭᠡᠳ ᠭᠤᠶᠤ ᠦᠵᠡᠮᠵᠢ ᠪᠠ ᠰᠣᠶᠣᠯ ᠨᠢ ᠨᠡᠩ ᠤᠯᠠᠨ ᠬᠥᠮᠦᠰ᠎ᠦᠨ ᠠᠩᠬᠠᠷᠤᠯ᠎ᠢ ᠲᠠᠲᠠᠵᠠᠢ᠃ 2024 ᠣᠨ᠎ᠳᠤ 107 ᠲᠦᠮᠡᠨ ᠵᠢᠭᠤᠯᠴᠢᠯᠠᠭᠴᠢ ᠵᠢ ᠬᠦᠯᠢᠶᠡᠨ ᠠᠪᠴᠤ᠂ ᠪᠦᠬᠦ᠌ ᠲᠣᠰᠭᠣᠨ᠎ᠤ ᠰᠣᠶᠣᠯ ᠵᠢᠭᠤᠯᠴᠢᠯᠠᠯ᠎ᠤᠨ ᠣᠷᠣᠯᠭ᠎ᠠ 2 ᠳ᠋ᠦᠩᠱᠢᠭᠤᠷ ᠲᠥᠭᠥᠷᠢᠭ᠎ᠲᠦ ᠬᠦᠷᠴᠡᠢ ᠁ ᠰᠣᠶᠣᠯ᠎ᠤᠨ ᠬᠦᠴᠦᠨ᠎ᠢ ᠪᠣᠳᠠᠰ᠎ᠤᠨ ᠬᠦᠴᠦᠨ ᠪᠣᠯᠭᠠᠨ ᠬᠤᠪᠢᠷᠠᠭᠤᠯᠵᠤ᠂ ᠰᠣᠶᠣᠯ᠎ᠤᠨ ᠵᠥᠭᠡᠯᠡᠨ ᠪᠣᠳᠠᠲᠤ ᠬᠦᠴᠦᠨ᠎ᠢ ᠠᠵᠤ ᠠᠬᠤᠢ᠎ᠶ᠋ᠢᠨ ᠬᠠᠲᠠᠭᠤ ᠪᠣᠳᠠᠲᠤ ᠬᠦᠴᠦᠨ ᠪᠣᠯᠭᠠᠨ ᠬᠤᠪᠢᠷᠠᠭᠤᠯᠪᠠ᠃
ᠰᠣᠶᠣᠯ ᠪᠣᠯ ᠰᠦᠭ ᠰᠦᠨᠡᠰᠦ ᠮᠥᠨ᠂ ᠰᠣᠶᠣᠯ᠎ᠢᠶᠠᠷ ᠬᠥᠮᠦᠨ᠎ᠢ ᠤᠬᠠᠭᠠᠷᠠᠭᠤᠯᠬᠤ ᠨᠢ ᠶᠠᠭ ᠯᠡ ᠤᠷᠢᠬᠠᠨ ᠰᠠᠯᠬᠢ ᠥᠭ᠌ᠭᠢᠶᠡᠮᠦᠷ ᠬᠤᠷ᠎ᠠ ᠪᠡᠷ ᠰᠡᠳᠭᠢᠯ᠎ᠢ ᠤᠮᠳᠠᠯᠠᠬᠤ ᠮᠡᠳᠦ᠃
2006 ᠣᠨ᠎ᠤ 9 ᠰᠠᠷ᠎ᠠ᠎ᠶ᠋ᠢᠨ 27 ᠤ᠋ ᠡᠳᠦᠷ᠎ᠦᠨ ᠦᠳᠡ᠎ᠶ᠋ᠢᠨ ᠬᠣᠢᠨ᠎ᠠ᠂ ᠵᠧᠵᠢᠶᠠᠩ ᠶᠡᠬᠡ ᠰᠤᠷᠭᠠᠭᠤᠯᠢ᠎ᠶ᠋ᠢᠨ ᠽᠢ ᠵᠢᠨ ᠭᠠᠩ ᠰᠤᠷᠭᠠᠭᠤᠯᠢ᠎ᠶ᠋ᠢᠨ ᠲᠣᠭᠣᠷᠢᠭ᠎ᠲᠤ᠌᠃ ᠮᠢᠩᠭ᠎ᠠ ᠭᠠᠷᠤᠶ ᠬᠥᠮᠦᠨ᠎ᠦ ᠵᠢᠵᠢᠭ ᠲᠢᠶᠠᠲ᠋ᠷ᠎ᠲᠤ ᠬᠥᠮᠦᠰ ᠲᠦᠭᠦᠷᠲᠡᠯ᠎ᠡ ᠰᠠᠭᠤᠵᠠᠭᠠᠪᠠ᠃ ᠰᠤᠷᠤᠭᠴᠢᠳ ᠰᠢ ᠵᠢᠨ ᠫᠢᠩ ᠱᠦᠵᠢ᠎ᠶ᠋ᠢᠨ 《ᠰᠣᠶᠣᠯ᠎ᠤᠨ ᠤᠯᠠᠮᠵᠢᠯᠠᠯ᠎ᠢ ᠵᠠᠯᠭᠠᠮᠵᠢᠯᠠᠵᠤ ᠵᠧᠵᠢᠶᠠᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠤᠶ᠎ᠠ》 ᠭᠡᠬᠦ᠌ ᠮᠡᠳᠡᠭᠦᠯᠦᠯᠲᠡ᠎ᠶ᠋ᠢ ᠰᠣᠨᠣᠰᠭᠤ ᠪᠡᠷ ᠢᠷᠡᠵᠡᠭᠡᠪᠡ᠃ ᠡᠨᠡ ᠪᠣᠯ ᠰᠢ ᠵᠢᠨ ᠫᠢᠩ ᠭᠤᠷᠪᠠᠳᠠᠬᠢ ᠤᠳᠠᠭ᠎ᠠ ᠤᠶᠤᠲᠠᠳ᠎ᠲᠤ ᠬᠢᠴᠢᠶᠡᠯ ᠣᠷᠣᠵᠤ ᠪᠠᠢᠭ᠎ᠠ ᠶᠠᠪᠤᠳᠠᠯ ᠪᠣᠯᠤᠨ᠎ᠠ᠂ ᠰᠤᠷᠭᠠᠭᠤᠯᠢ᠎ᠳᠤ ᠣᠷᠣᠭᠠᠳ ᠤᠳᠠᠭᠠᠳᠤᠢ ᠪᠠᠢᠬᠰᠠᠨ ᠵᠠᠩ ᠳ᠋ᠦᠩ ᠯᠢᠶᠠᠩ ᠵᠣᠯ᠎ᠢᠶᠠᠷ ᠡᠨᠡ ᠤᠳᠠᠭ᠎ᠠ᠎ᠶ᠋ᠢᠨ ᠬᠢᠴᠢᠶᠡᠯ᠎ᠢ ᠰᠣᠨᠣᠰᠴᠠᠢ᠃
ᠮᠡᠳᠡᠬᠦᠯᠦᠯᠳᠡ ᠡᠬᠢᠯᠡᠬᠦ ᠡᠴᠡ ᠡᠮᠦᠨ᠎ᠡ ᠰᠢ ᠵᠢᠨ ᠫᠢᠩ ᠣᠯᠠᠨ᠎ᠳᠤ ᠨᠢᠭᠡ ᠦᠯᠢᠭᠡᠷ ᠶᠠᠷᠢᠵᠤ ᠥᠭ᠌ᠪᠡ᠃
《ᠦᠯᠢᠭᠡᠷ ᠨᠢ ᠮᠠᠰᠢ ᠰᠣᠨᠢᠷᠬᠠᠯᠲᠠᠶ᠃ ᠠᠭᠤᠯᠭ᠎ᠠ ᠨᠢ ᠪᠤᠯ ᠲᠤᠬᠠᠢ ᠵᠢᠨ ᠵᠢᠯ ᠮᠠᠤ ᠲᠡᠷᠢᠭᠦᠯᠡᠭ᠌ᠴᠢ ᠲᠤᠰᠭᠠᠢ ᠭᠠᠯᠲᠤ ᠲᠡᠷᠭᠡᠨ᠎ᠳᠦ ᠰᠠᠭᠤᠵᠤ ᠡᠾᠧᠨᠠᠨ ᠵᠢᠡᠷ ᠦᠩᠭᠡᠷᠡᠬᠦ ᠦᠶ᠎ᠠ ᠳ᠋ᠤ᠂ ᠨᠠᠨᠶᠠᠡᠭ᠌ᠤᠨ ᠭᠠᠵᠠᠷ ᠣᠷᠣᠨ᠎ᠤ ᠨᠠᠮ᠎ᠤᠨ ᠬᠤᠷᠢᠶ᠎ᠠ ᠵᠢᠨ ᠱᠦᠵᠢ ᠵᠢ ᠰᠢᠯᠭᠠᠨ ᠠᠰᠠᠭᠤᠭᠰᠠᠨ ᠦᠯᠢᠭᠡᠷ ᠪᠤᠯᠤᠨ᠎ᠠ᠄ ᠮᠠᠤ ᠲᠡᠷᠢᠭᠦᠯᠡᠭ᠌ᠴᠢ ᠲᠡᠷᠡ ᠱᠦᠵᠢ᠎ᠡᠴᠡ ᠨᠠᠨᠶᠠᠩ ᠤ᠋ᠨ ᠲᠡᠦᠬᠡ ᠪᠠ ᠴᠠᠭ᠎ᠤᠨ ᠪᠠᠢᠳᠠᠯ᠎ᠤᠨ ᠲᠤᠬᠠᠢ ᠠᠰᠠᠭᠤᠭ᠍ᠰᠠᠨ᠎ᠳᠤ ᠲᠡᠳ᠋ᠡ ᠪᠦᠷ ᠬᠠᠷᠢᠭᠤᠯᠵᠤ ᠴᠢᠳᠠᠭ᠍ᠰᠠᠨ ᠦᠭᠡᠢ᠃ ᠮᠠᠤ ᠲᠡᠷᠢᠭᠦᠯᠡᠭ᠌ᠴᠢ ᠨᠠᠰᠤ᠎ᠶ᠋ᠢ ᠨᠢ ᠠᠰᠠᠭᠤᠭ᠍ᠰᠠᠨ᠎ᠳᠤ ᠲᠡᠷᠡ ᠲᠠᠪᠢᠨ ᠲᠠᠪᠤᠲᠠᠢ ᠭᠡᠵᠦ᠍ ᠬᠠᠷᠢᠭᠤᠯᠪᠠ᠃ ᠡᠨᠡ ᠦᠶ᠎ᠠ ᠳ᠋ᠤ ᠮᠠᠤ ᠲᠡᠷᠢᠭᠦᠯᠡᠭ᠌ᠴᠢ᠄ 〈ᠴᠢ ᠡᠷᠲᠡᠨ ᠡᠳᠦᠭᠡ᠎ᠶ᠋ᠢ ᠮᠡᠳᠡᠬᠦ᠌ ᠦᠭᠡᠢ᠂ ᠵᠦᠪᠬᠡᠨ ᠥᠪᠡᠷ᠎ᠢ᠎ᠪᠡᠨ ᠲᠠᠪᠢᠨ ᠲᠠᠪᠤᠳᠠᠢ ᠬᠡᠳᠡᠭ᠎ᠢᠶᠡᠨ ᠯᠠ ᠮᠡᠳᠡᠨ᠎ᠠ〉 ᠭᠡᠪᠡ》 ᠭᠡᠵᠦ᠍ ᠵᠧᠵᠢᠶᠠᠩ ᠶᠡᠬᠡ ᠰᠤᠷᠭᠠᠭᠤᠯᠢ᠎ᠶ᠋ᠢᠨ ᠨᠠᠮ᠎ᠤᠨ ᠬᠤᠷᠢᠶ᠎ᠠ ᠵᠢᠨ ᠠᠯᠪᠠᠨ ᠭᠡᠷ᠎ᠦᠨ ᠳᠡᠳ᠋ ᠡᠷᠬᠢᠯᠡᠭ᠌ᠴᠢ ᠵᠠᠩ ᠳ᠋ᠦᠩ ᠯᠢᠶᠠᠩ ᠡᠷᠭᠢᠴᠡᠭᠦᠯᠦᠨ ᠶᠠᠷᠢᠪᠠ᠃
ᠰᠤᠷᠤᠭ᠍ᠴᠢᠳ᠎ᠤᠨ ᠢᠨᠢᠶᠡᠯᠳᠦᠬᠦ᠌ ᠲᠠᠭᠤᠨ᠎ᠤ ᠳᠤᠮᠳᠠ ᠰᠢ ᠵᠢᠨ ᠫᠢᠩ ᠵᠠᠯᠭᠠᠭᠠᠳ᠂ ᠪᠤᠰᠤᠳ ᠬᠥᠮᠦᠨ ᠲᠠ ᠨᠠᠷ ᠡᠴᠡ 《ᠵᠧᠵᠢᠶᠠᠩ ᠶᠠᠮᠠᠷ ᠵᠡᠷᠭᠡ ᠪᠣᠶ》 ᠭᠡᠵᠦ᠍ ᠠᠰᠠᠭᠤᠬᠤ ᠦᠶ᠎ᠠ᠎ᠳᠤ ᠲᠠ᠎ᠨᠠᠷ ᠶᠠᠭᠠᠬᠢᠵᠤ ᠬᠠᠷᠢᠭᠤᠯᠬᠤ ᠪᠣᠶ?ᠬᠡᠪᠡ᠃
《ᠡᠨᠡ ᠠᠰᠠᠭᠤᠯᠲᠠ ᠨᠢ ᠲᠡᠷᠡ ᠳᠣᠣᠷ᠎ᠠ᠎ᠨᠢ ᠨᠠᠳᠠ ᠳ᠋ᠤ ᠤᠯᠠᠨ ᠵᠦᠢᠯ᠎ᠢ ᠪᠤᠳᠤᠬᠳᠠᠭᠤᠯᠪᠠ᠃ ᠨᠢᠭᠡ ᠭᠠᠵᠠᠷ ᠣᠷᠣᠨ᠎ᠤ ᠲᠡᠦᠬᠡ ᠰᠣᠶᠣᠯ᠂ ᠠᠷᠠᠳ᠎ᠤᠨ ᠵᠠᠩ ᠵᠠᠩᠱᠢᠯ᠎ᠢ ᠤᠳᠤᠷᠢᠳᠭᠤ ᠺᠠᠳ᠋ᠷᠴᠤᠳ ᠣᠢᠯᠠᠭᠠᠬᠤ ᠴᠢᠬᠤᠯᠠᠲᠠᠢ᠎ᠪᠠᠷ ᠪᠠᠷᠠᠬᠤ ᠦᠭᠡᠢ᠂ ᠢᠷᠡᠭᠡᠳᠦᠢ᠎ᠳᠦ ᠠᠵᠢᠯ᠎ᠤᠨ ᠪᠠᠢᠷᠢ᠎ᠳ᠋ᠤ ᠭᠠᠷᠬᠤ ᠣᠶᠤᠲᠠᠨ ᠪᠢᠳᠠ ᠨᠡᠷ ᠴᠤ᠌ ᠠᠳᠠᠯᠢᠬᠠᠨ ᠡᠵᠡᠮᠱᠢᠬᠦ᠌ ᠴᠢᠬᠤᠯᠠᠲᠠᠢ ᠪᠠᠢᠨ᠎ᠠ》᠃ ᠰᠢ ᠵᠢᠨ ᠫᠢᠩ ᠰᠤᠷᠤᠭ᠍ᠴᠢᠳ᠎ᠢ ᠳᠤᠮᠳᠠᠳᠤ᠎ᠶ᠋ᠢᠨ ᠱᠢᠯᠢᠳᠡᠭ ᠰᠣᠶᠣᠯ᠎ᠤᠨ ᠤᠯᠠᠮᠵᠢᠯᠠᠯ᠎ᠢ ᠵᠠᠯᠭᠠᠮᠵᠢᠯᠠᠨ ᠪᠠᠳᠠᠷᠠᠭᠤᠯᠵᠤ᠂ ᠵᠧᠵᠢᠶᠠᠩ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠪᠣᠳᠠᠲᠠᠢ ᠠᠵᠢᠯᠯᠠᠵᠤ᠂ ᠡᠮᠦᠨ᠎ᠡ ᠡᠩᠨᠡᠭᠡᠨ᠎ᠳᠦ ᠶᠠᠪᠤᠬᠤ ᠬᠡᠷᠡᠭ᠌ᠲᠡᠢ ᠭᠡᠵᠦ᠍ ᠵᠣᠷᠢᠭ᠍ᠵᠢᠭᠤᠯᠪᠠ᠃
ᠮᠡᠳᠡᠭᠦᠯᠦᠯᠲᠡ ᠨᠢ ᠬᠣᠶᠠᠷ ᠴᠠᠭ ᠭᠠᠷᠤᠢ ᠦᠷᠭᠦᠯᠵᠢᠯᠡᠵᠦ᠍᠂ ᠵᠧᠵᠢᠶᠠᠩ᠎ᠤᠨ ᠤᠯᠠᠨ ᠡᠱᠢᠲᠦ ᠰᠣᠶᠣᠯ᠎ᠤᠨ ᠤᠯᠠᠮᠵᠢᠯᠠᠯ᠎ᠡᠴᠡ ᠠᠪᠤᠭᠠᠳ 《ᠵᠧᠵᠢᠶᠠᠩ᠎ᠤᠨ ᠵᠣᠷᠢᠭ ᠰᠠᠨᠠᠭ᠎ᠠ》 ᠵᠢᠨ ᠰᠣᠶᠣᠯ᠎ᠤᠨ ᠣᠨᠴᠠᠯᠢᠭ ᠬᠦᠷᠲᠡᠯ᠎ᠡ᠂ ᠵᠧᠵᠢᠶᠠᠩ᠎ᠤᠨ ᠬᠤᠳᠠᠯᠳᠤᠭᠠᠨ᠎ᠤ ᠰᠣᠶᠣᠯ᠎ᠡᠴᠡ ᠠᠪᠤᠭᠠᠳ ᠵᠧᠵᠢᠶᠠᠩ᠎ᠤᠨ ᠠᠵᠤ ᠠᠬᠤᠢ ᠬᠦᠷᠲᠡᠯ᠎ᠡ᠂ ᠰᠢ ᠵᠢᠨ ᠫᠢᠩ ᠤᠯᠠᠨ ᠡᠰᠢ ᠪᠠᠷᠢᠮᠳᠠ ᠲᠠᠲᠠᠵᠤ᠂ ᠡᠷᠳᠡᠨ᠎ᠤ ᠰᠤᠩᠭᠤᠳᠠᠭ ᠬᠡᠯᠡᠯᠬᠡ ᠵᠢ ᠪᠤᠯᠪᠠᠰᠤᠷᠠᠩᠭᠤᠢ ᠲᠤᠳᠤᠷᠬᠠᠢ ᠶᠠᠷᠢᠵᠤ᠂ ᠪᠠᠰᠠ ᠪᠠᠢᠨ ᠪᠠᠢᠨ ᠰᠤᠷᠤᠭ᠍ᠴᠢᠳ᠎ᠲᠠᠶ ᠬᠦᠳᠡᠯᠦᠯᠴᠡᠵᠤ᠂ ᠲᠤᠬᠠᠢ᠎ᠶ᠋ᠢᠨ ᠲᠠᠯᠠᠪᠠᠢ᠎ᠶ᠋ᠢᠨ ᠠᠭᠤᠷ ᠠᠮᠢᠰᠭᠤᠯ ᠮᠠᠰᠢ ᠬᠥᠭ᠌ᠵᠢᠶᠡᠨ ᠲᠡᠢ ᠪᠠᠢᠯ᠎ᠠ᠃
ᠰᠤᠷᠤᠭᠴᠢᠳ ᠰᠢ ᠵᠢᠨ ᠫᠢᠩ᠎ᠦᠨ ᠥᠷᠭᠡᠨ ᠳᠡᠯᠭᠡᠷ ᠡᠷᠳᠡᠮ ᠮᠡᠳᠡᠯᠭᠡ᠎ᠵᠢ ᠪᠠᠬᠠᠷᠬᠠᠨ ᠪᠢᠱᠢᠷᠡᠪᠡ᠃ 《ᠰᠢ ᠵᠢᠨ ᠫᠢᠩ ᠱᠦᠵᠢ ᠪᠣᠯ ᠦᠨᠡᠬᠡᠷ ᠡᠷᠳᠡᠮ ᠮᠡᠳᠡᠯᠭᠡ ᠤᠯᠠᠮᠵᠢᠯᠠᠵᠤ ᠡᠬᠡᠳᠡᠷᠡᠭᠡᠨ ᠲᠥᠭᠡᠷᠢᠭ᠌ᠳᠡᠯ᠎ᠢ ᠲᠠᠢᠯᠬᠤ ᠰᠠᠢᠨ ᠵᠢᠯᠤᠭᠤᠳᠬᠤ ᠪᠠᠭ᠍ᠰᠢ ᠮᠥᠨ》᠃ ᠰᠢ ᠵᠢᠨ ᠫᠢᠩ᠎ᠦᠨ ᠯᠠᠪᠳᠠᠭᠤᠨ ᠲᠣᠭ᠍ᠲᠠᠭᠤᠨ ᠡᠶᠡᠯᠰᠡᠭ ᠦᠬᠡ ᠲᠠᠭᠤᠨ᠂ ᠭᠦᠨ ᠭᠦᠨᠵᠡᠭᠡᠶ ᠡᠷᠳᠡᠮ ᠮᠡᠳᠡᠯᠭᠡ᠂ ᠡᠷᠬᠢᠮᠰᠦᠭ ᠳᠥᠯᠭᠡᠨ ᠬᠡᠪ ᠨᠠᠮᠪᠠ ᠪᠠ ᠲᠤᠢᠯ᠎ᠤᠨ ᠴᠢᠩᠭ᠎ᠠ ᠪᠤᠰᠤᠳ᠎ᠢ ᠨᠦᠯᠦᠬᠡᠯᠡᠬᠦ ᠳᠣᠲᠣᠨᠣᠰᠣᠭ ᠬᠦᠴᠦᠨ ᠨᠢ ᠵᠠᠩ ᠳ᠋ᠦᠩ ᠯᠢᠶᠠᠩ᠎ᠤᠨ ᠲᠠᠷᠢᠬᠢᠨ ᠳ᠋ᠤ ᠬᠦᠨ ᠰᠠᠭᠤᠭᠳᠠᠪᠠ᠃
ᠵᠧᠵᠢᠶᠠᠩ᠎ᠳᠤ ᠠᠵᠢᠯᠯᠠᠵᠤ ᠪᠠᠢᠬᠰᠠᠨ ᠬᠤᠭᠤᠴᠠᠭᠠᠨ᠎ᠳᠠᠭᠠᠨ᠂ ᠰᠢ ᠵᠢᠨ ᠫᠢᠩ ᠰᠤᠷᠤᠭ᠍ᠴᠢᠳ᠎ᠤᠨ ᠦᠵᠡᠯ ᠰᠠᠨᠠᠭ᠎ᠠ ᠤᠯᠤᠰ ᠲᠦᠷᠦ᠍᠎ᠶ᠋ᠢᠨ ᠬᠥᠮᠦᠵᠢᠯ᠎ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠦᠵᠡᠯ ᠰᠠᠨᠠᠭ᠎ᠠ ᠶᠣᠰᠣ ᠰᠤᠷᠲᠠᠬᠤᠨ᠎ᠢᠶᠠᠷ ᠬᠥᠮᠦᠰ᠎ᠦᠨ ᠰᠡᠳᠭᠢᠯ᠎ᠢ ᠨᠢᠭ᠍ᠲᠠᠷᠠᠭᠤᠯᠬᠤ᠂ ᠦᠢᠯᠡ ᠠᠵᠢᠯᠯᠠᠭ᠎ᠠ᠎ᠶ᠋ᠢ ᠬᠦᠲᠦᠯᠦᠨ ᠵᠢᠯᠣᠭᠣᠳᠭᠤ ᠦᠢᠯᠡᠳᠦᠯ᠎ᠢ ᠪᠠᠳᠠᠷᠠᠭᠤᠯᠬᠤ ᠬᠡᠷᠡᠭ᠌ᠲᠡᠢ ᠭᠡᠵᠦ᠍ ᠣᠨᠴᠠᠭᠠᠢᠯᠠᠨ ᠴᠢᠬᠤᠯᠠᠴᠢᠯᠠᠪᠠ᠃ ᠡᠢᠮᠦ᠍ᠷᠬᠦᠦ ᠰᠣᠶᠣᠯ᠎ᠢᠶᠡᠷ ᠬᠥᠮᠦᠨ᠎ᠢ ᠤᠬᠠᠭᠠᠷᠠᠭᠤᠯᠬᠤ ᠨᠢ ᠮᠠᠰᠢ ᠣᠯᠠᠨ ᠰᠤᠷᠤᠭ᠍ᠴᠢ᠎ᠶ᠋ᠢᠨ ᠨᠢᠭᠡ ᠨᠠᠰᠤ ᠵᠢ ᠨᠥᠯᠥᠭᠡᠯᠡᠪᠡ; ᠡᠢᠮᠦᠷᠬᠦᠦ ᠰᠣᠶᠣᠯ᠎ᠢᠶᠠᠷ ᠬᠥᠮᠦᠨ᠎ᠢ ᠤᠬᠠᠭᠠᠷᠠᠭᠤᠯᠬᠤ ᠨᠢ ᠲᠡᠳᠡᠨ᠎ᠦ ᠨᠢᠭᠡ ᠨᠠᠰᠤᠨ᠎ᠤ ᠡᠷᠬᠢᠮ ᠨᠠᠨᠳᠢᠨ ᠣᠶᠤᠨ ᠰᠠᠨᠠᠭᠠᠨ᠎ᠤ ᠥᠪ ᠬᠥᠷᠥᠩᠭᠡ ᠪᠣᠯᠤᠭ᠍ᠰᠠᠨ ᠪᠠᠢᠨ᠎ᠠ᠃
᠁
《ᠠᠷᠠᠳᠴᠢ ᠴᠢᠨᠠᠷ ᠪᠣᠯ ᠮᠠᠷᠺᠰ᠎ᠤᠨ ᠦᠵᠡᠯ᠎ᠦᠨ ᠮᠥᠨ ᠴᠢᠨᠠᠷ᠎ᠤᠨ ᠱᠢᠨᠵᠢ ᠴᠢᠨᠠᠷ ᠮᠥᠨ》᠃ ᠠᠷᠠᠳ ᠲᠦᠮᠡᠨ᠎ᠢᠶᠡᠷ ᠭᠤᠤᠯ ᠪᠣᠯᠭᠠᠬᠤ ᠪᠣᠯ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠦᠨᠳᠦᠰᠦᠨ ᠵᠣᠭ᠍ᠰᠣᠯᠲᠠ ᠮᠥᠨ᠂ 20 ᠵᠢᠯ᠎ᠦᠨ ᠲᠤᠷᠱᠢᠬᠢ ᠵᠧᠵᠢᠶᠠᠩ ᠮᠤᠵᠢ᠎ᠶ᠋ᠢᠨ《ᠨᠠᠶ᠋ᠮᠠᠨ ᠢᠨᠵᠧᠨᠧᠷᠢᠩ》᠎ᠢ᠋ ᠠᠬᠢᠭᠤᠯᠵᠤ᠂ ᠰᠣᠶᠣᠯ᠎ᠤᠨ ᠲᠣᠮᠣ ᠮᠤᠵᠢ ᠪᠠ ᠰᠣᠶᠣᠯ᠎ᠤᠨ ᠬᠦᠴᠦᠷᠬᠡᠭ ᠮᠤᠵᠢ᠎ᠶ᠋ᠢ ᠪᠥᠲᠥᠭᠡᠨ ᠪᠠᠢᠭᠤᠯᠬᠤ᠎ᠶ᠋ᠢᠨ ᠥᠷᠲᠡᠭ᠎ᠦᠨ ᠵᠣᠷᠢᠯᠲᠠ ᠪᠤᠯᠤᠬᠰᠠᠨ ᠪᠠᠢᠨ᠎ᠠ᠂ ᠨᠠᠩ ᠴᠤ᠌ ᠱᠢᠨ᠎ᠡ ᠴᠠᠭ ᠦᠶ᠎ᠡ᠎ᠶ᠋ᠢᠨ ᠰᠣᠶᠣᠯ᠎ᠤᠨ ᠪᠠᠢᠭᠤᠯᠤᠯᠲᠠ᠎ᠳᠤ ᠲᠤᠭᠤᠰᠢᠯᠠᠭᠳᠠᠭᠰᠠᠨ ᠢᠯᠡ ᠲᠣᠳᠣ ᠭᠤᠤᠯ ᠱᠢᠵᠢᠮ ᠪᠤᠯᠤᠬᠰᠠᠨ ᠪᠠᠢᠨ᠎ᠠ᠃
ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠰᠢ᠂ ᠮᠠᠨ᠎ᠤ ᠨᠠᠮ ᠰᠣᠶᠣᠯ᠎ᠤᠨ ᠪᠠᠢᠭᠤᠯᠤᠯᠲᠠ᠎ᠶ᠋ᠢ ᠲᠦᠷᠦ᠍᠎ᠶ᠋ᠢ ᠵᠠᠰᠠᠵᠤ ᠵᠠᠰᠠᠭ᠎ᠢ ᠡᠷᠬᠢᠯᠡᠬᠦ᠌ ᠲᠤᠪᠤᠢ᠌ᠮ᠎ᠠ ᠪᠠᠢᠷᠢᠨ᠎ᠳᠤ ᠲᠠᠯᠪᠢᠬᠤ᠎ᠶ᠋ᠢ ᠪᠠᠷᠢᠮᠲᠠᠯᠠᠵᠤ᠂ ᠠᠷᠠᠳ ᠤᠯᠠᠨ᠎ᠤ ᠤᠶᠤᠨ᠎ᠤ ᠰᠣᠶᠣᠯ᠎ᠤᠨ ᠠᠮᠢᠳᠤᠷᠠᠯ ᠨᠡᠩ ᠪᠠᠶᠠᠯᠢᠭ᠍ᠵᠢᠪᠠ᠃
2024 ᠣᠨ᠎ᠤ 10 ᠰᠠᠷ᠎ᠠ᠎ᠶ᠋ᠢᠨ 28 ᠤ᠋ ᠡᠳᠦᠷ᠂ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ ᠵᠢᠨ ᠤᠯᠤᠰ ᠲᠥᠷᠥ᠎ᠶ᠋ᠢᠨ ᠲᠣᠪᠴᠢᠶ᠎ᠠ ᠠᠷᠪᠠᠨ ᠳᠣᠯᠣᠳᠤᠭᠠᠷ ᠤᠳᠠᠭ᠎ᠠ᠎ᠶ᠋ᠢᠨ ᠬᠠᠮᠲᠤ᠎ᠶ᠋ᠢᠨ ᠰᠤᠷᠤᠯᠴᠠᠯᠭ᠎ᠠ ᠬᠢᠵᠦ᠍᠂ ᠶᠡᠷᠦᠩᠬᠡᠶ ᠱᠦᠵᠢ ᠰᠢ ᠵᠢᠨ ᠫᠢᠩ《ᠰᠣᠶᠣᠯ᠎ᠤᠨ ᠬᠦᠴᠦᠷᠬᠡᠭ ᠤᠯᠤᠰ᠎ᠢ ᠲᠦᠷᠭᠡᠳᠭᠡᠨ ᠪᠠᠢᠭᠤᠯᠬᠤ》 ᠤᠷᠢᠶᠠᠯᠠᠭ᠎ᠠ ᠭᠠᠷᠭᠠᠪᠠ!
ᠶᠡᠷᠦᠩᠬᠡᠢ ᠱᠦᠵᠢ ᠰᠢ ᠵᠢᠨ ᠫᠢᠩ᠄ 《ᠰᠣᠶᠣᠯ᠎ᠤᠨ ᠬᠦᠴᠦᠷᠬᠡᠭ ᠤᠯᠤᠰ᠎ᠤᠨ 〈ᠬᠦᠴᠦᠷᠬᠡᠭ〉 ᠨᠢ ᠡᠴᠦᠰ᠎ᠲᠡᠬᠡᠨ ᠠᠷᠠᠳ ᠲᠦᠮᠡᠨ᠎ᠦ ᠦᠵᠡᠯ ᠰᠠᠨᠠᠭᠠᠨ᠎ᠤ ᠬᠢᠷᠢ ᠲᠦᠪᠰᠢᠨ᠂ ᠤᠶᠤᠨ ᠰᠠᠨᠠᠭᠠᠨ᠎ᠤ ᠪᠠᠢᠳᠠᠯ᠂ ᠰᠣᠶᠣᠯ᠎ᠤᠨ ᠪᠣᠯᠪᠠᠰᠤᠷᠠᠯ ᠳᠡᠭᠡᠷ᠎ᠡ ᠢᠯᠡᠷᠡᠬᠦ᠌ ᠪᠣᠯᠤᠨ᠎ᠠ》 ᠭᠡᠵᠦ ᠴᠢᠬᠤᠯᠠᠴᠢᠯᠠᠪᠠ᠃ ᠰᠣᠶᠣᠯ᠎ᠢᠶᠠᠷ ᠬᠥᠮᠦᠨ᠎ᠢ ᠤᠬᠠᠭᠠᠷᠠᠭᠤᠯᠬᠤ ᠪᠣᠯ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠰᠣᠶᠣᠯ᠎ᠤᠨ ᠪᠠᠢᠭᠤᠯᠤᠯᠲᠠ᠎ᠶ᠋ᠢᠨ ᠨᠢᠭᠡᠨ ᠴᠢᠬᠤᠯᠠ ᠡᠭᠦᠷᠭᠡ ᠮᠥᠨ᠃
ᠰᠢ ᠬᠤ᠌ ᠨᠠᠭᠤᠷ ᠳᠡᠭᠡᠷ᠎ᠡ᠂ ᠤᠨᠢᠶᠠᠷ ᠬᠦᠳᠡᠩ ᠤ᠋ᠨ ᠲᠤᠮᠳᠠ ᠣᠩᠭᠣᠴᠠ ᠰᠦᠯᠵᠢᠯᠳᠤᠨᠠ᠃ ᠡᠷᠭᠢ ᠳᠡᠭᠡᠷ᠎ᠡ ᠨᠢ᠂ ᠬᠡᠦᠬᠡᠳ ᠤ᠋ᠳ ᠲᠤᠭᠯᠠᠨ ᠭᠦᠶᠦᠯᠳᠦᠵᠦ᠂ ᠭᠠᠷ ᠬᠤᠯᠪᠤᠨ ᠵᠢᠭᠤᠯᠴᠢᠯᠠᠬᠤ ᠠᠮᠠᠷᠠᠭ ᠬᠤᠤᠰ᠎ᠤᠳ ᠬᠠᠷᠠᠭᠳᠠᠨ᠎ᠠ᠂ ᠵᠠᠷᠢᠮ᠎ᠳᠠᠭᠠᠨ ᠪᠠᠰᠠ《ᠱᠢᠤᠢ ᠱᠢᠶᠠᠨ》᠂《ᠪᠠᠢ ᠨᠢᠶᠠᠩ ᠽᠢ》 《ᠡᠦ ᠺᠦᠩ》 ᠲᠠᠢ ᠬᠠᠷᠭᠤᠨ᠎ᠠ᠃ ᠨᠠᠭᠤᠷ᠎ᠤᠨ ᠬᠦᠪᠬᠡ ᠪᠡᠷ ᠵᠢᠭᠤᠯᠴᠢᠯᠠᠨ ᠠᠯᠬᠤᠯᠠᠬᠤ ᠦᠶ᠎ᠠ ᠳ᠋ᠤ᠂ ᠶᠠᠭ ᠯᠡ ᠵᠢᠷᠤᠭᠳᠤ ᠶᠢᠷᠳᠢᠨᠴᠤ ᠳ᠋ᠤ ᠠᠶᠠᠯᠠᠵᠤ ᠪᠠᠢᠭ᠎ᠠ ᠰᠢᠭ᠋ — ᠠᠷᠠᠳ ᠲᠦᠮᠡᠨ᠎ᠦ ᠰᠢ ᠬᠣ᠌ ᠨᠠᠭᠤᠷ ᠢ᠋ ᠬᠠᠷᠠᠬᠤ ᠪᠡᠷ ᠰᠡᠳᠭᠢᠯ ᠳᠣᠲᠣᠷ᠎ᠠ ᠡᠢᠮᠦ ᠨᠢᠭᠡᠨ ᠡᠷᠲᠡᠨ᠎ᠦ ᠰᠢᠯᠦᠭ ᠪᠤᠳᠤᠭᠳᠠᠨ᠎ᠠ —
《ᠶᠤᠰᠤ ᠡᠷᠳᠡᠮᠵᠢᠡᠷ ᠵᠠᠰᠠᠬ ᠡᠷᠬᠢᠯᠡᠬᠦ᠌ᠳᠦᠷ ᠶᠠᠭ ᠯᠡ ᠠᠯᠳᠠᠨ ᠭᠠᠳᠠᠰᠤ ᠤᠮᠠᠷᠠᠲᠤ ᠵᠢ ᠪᠠᠳᠤ ᠰᠠᠬᠢᠨ᠂ ᠣᠷᠣᠨ ᠪᠠᠢᠷᠢᠨ᠎ᠳᠠᠭᠠᠨ ᠰᠠᠭᠤᠵᠤ ᠤᠯᠠᠨ ᠤᠳᠤᠨ ᠮᠡᠴᠢᠳ ᠲᠡᠭᠦᠨ ᠢ᠋ ᠲᠤᠭᠤᠷᠢᠮᠤᠢ》!
ᠤᠯᠠ ᠮᠥᠷ᠎ᠢ ᠨᠢ ᠮᠦᠷᠳᠡᠪᠠᠯ ᠦᠨᠡᠨ ᠶᠣᠰᠣ᠎ᠶ᠋ᠢ ᠤᠢᠯᠠᠭᠠᠵᠤ ᠪᠤᠯᠤᠨ᠎ᠠ᠃
ᠲᠦᠷᠦ᠍᠎ᠶ᠋ᠢᠨ ᠡᠷᠬᠡ᠎ᠶ᠋ᠢ ᠲᠦᠮᠡᠨ᠎ᠤ ᠪᠤᠯᠭᠠᠬᠤ ᠠᠨ᠎ᠤ ᠬᠤᠯᠠ᠎ᠶ᠋ᠢᠨ ᠶᠠᠪᠤᠳᠠᠯ ᠪᠤᠰᠤ᠂ ᠶᠠᠪᠤᠪᠠᠰᠤ ᠬᠦᠷᠦᠶᠦ᠃
ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭᠠᠨ᠎ᠤ ᠵᠢᠯᠤᠭᠤᠳᠤᠯᠭ᠎ᠠ ᠳᠣᠣᠷ᠎ᠠ᠂ ᠪᠢᠳᠠ ᠱᠢᠨ᠎ᠡ ᠴᠠᠭ ᠦᠶ᠎ᠡ᠎ᠶ᠋ᠢᠨ ᠰᠣᠶᠣᠯ᠎ᠤᠨ ᠡᠭᠦᠷᠭᠡ ᠬᠠᠷᠢᠭᠤᠴᠠᠯᠭ᠎ᠠ᠎ᠶ᠋ᠢ ᠨᠡᠩ ᠰᠠᠢᠲᠤᠷ ᠡᠭᠦᠷᠭᠡᠯᠡᠵᠦ᠍᠂ ᠮᠠᠨ᠎ᠤ ᠡᠨᠡ ᠴᠠᠭ ᠦᠶ᠎ᠡ᠎ᠳᠦ ᠬᠠᠷᠢᠶᠠᠯᠠᠭ᠍ᠳᠠᠬᠤ ᠱᠢᠨ᠎ᠡ ᠰᠣᠶᠣᠯ᠎ᠢ ᠡᠭᠦᠳᠴᠦ᠍᠂ ᠨᠡᠢᠭᠡᠮ ᠵᠢᠷᠤᠮ᠎ᠤᠨ ᠰᠣᠶᠣᠯ᠎ᠤᠨ ᠬᠦᠴᠦᠷᠬᠡᠭ ᠤᠯᠤᠰ᠎ᠢ ᠪᠦᠳᠦᠭᠡᠨ ᠪᠠᠢᠭᠤᠯᠵᠤ᠂ ᠨᠡᠢᠭᠡᠮ ᠵᠢᠷᠤᠮ᠎ᠤᠨ ᠰᠣᠶᠣᠯ᠎ᠤᠨ ᠱᠢᠨ᠎ᠡ ᠭᠡᠷᠡᠯ ᠰᠠᠴᠤᠷᠠᠩᠭᠤᠢ ᠠᠮᠵᠢᠯᠲᠠ᠎ᠶ᠋ᠢ ᠡᠭᠦᠳᠴᠦ᠍᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠦᠶ᠎ᠡ!
(ᠰᠢᠨᠬᠤᠸᠠ ᠬᠤᠷᠢᠶ᠎ᠠ ᠵᠢᠨ ᠪᠡᠭᠡᠵᠢᠩ᠎ᠤᠨ 7 ᠰᠠᠷ᠎ᠠ ᠵᠢᠨ 28᠎ᠤ᠋ ᠴᠠᠬᠢᠯᠭᠠᠨ ᠮᠡᠳᠡᠬᠡ)