ᠮᠠᠨᠤ ᠤᠯᠤᠰᠲᠤ ᠴᠡᠴᠡᠭᠤᠨ ᠳᠤᠭᠤᠰᠤᠨᠳᠤ ᠬᠠᠷᠰᠢᠬᠤ ᠬᠦᠮᠤᠰ ᠶᠠᠪᠤᠬᠤ ᠳᠤᠰᠤᠮ ᠤᠯᠠᠰᠢᠷᠡᠵᠤ᠂ 4 ᠰᠠᠷ᠎ᠠ ᠲᠠᠢ ᠨᠢᠯᠬ᠎ᠠ ᠬᠡᠤᠬᠡᠳ ᠡᠴᠨ ᠠᠪᠤᠭᠠᠳ 60 ᠨᠠᠰᠤᠨ ᠡᠴᠨ ᠲᠡᠬᠡᠭᠰᠢᠬᠢ ᠨᠠᠰᠤᠳᠠᠨ ᠬᠦᠷᠳᠡᠯ᠎ᠠ ᠪᠦᠷ ᠴᠡᠴᠡᠭᠤᠨ ᠳᠤᠭᠤᠰᠤᠨᠳᠤ ᠬᠠᠷᠰᠢᠬᠤ ᠪᠠᠢᠳᠠᠯ ᠢᠯᠡᠷᠡᠵᠤ ᠪᠠᠢᠨ᠎ᠠ᠃ ᠲᠡᠬᠡᠪᠡᠯ ᠴᠡᠴᠡᠭᠤᠨ ᠳᠤᠭᠤᠰᠤ ᠵᠢ ᠬᠡᠷᠬᠢᠨ ᠰᠡᠷᠬᠡᠢᠯᠡᠪᠡᠯ ᠵᠤᠬᠢᠬᠤ ᠪᠤᠢ? ᠡᠨᠡ ᠳᠤᠬᠠᠢ ᠪᠡᠬᠡᠵᠢᠩ ᠬᠤᠳᠠ ᠵᠢᠨ ᠡᠪᠡᠳᠴᠢᠨ ᠬᠢᠵᠢᠭᠢ ᠰᠡᠷᠬᠡᠢᠯᠡᠨ ᠵᠠᠰᠠᠬᠤ ᠲᠦᠪᠤᠨ ᠬᠢᠨ ᠬᠠᠮᠢᠶᠠᠳᠡᠢ ᠮᠡᠳᠡᠬᠡ ᠨᠡᠢᠳᠡᠯᠡᠵᠤ ᠤᠯᠠᠨᠳᠤ ᠰᠠᠨᠠᠭᠤᠯᠤᠭᠰᠠᠠ ᠪᠠᠢᠨ᠎ᠠ᠃
ᠨᠢᠬᠡᠳᠤ᠂ ᠬᠤᠸᠠᠷ ᠴᠡᠴᠡᠭ ᠲᠠᠢ ᠰᠢᠭᠤᠳ ᠤᠢᠷᠠᠳᠤᠬᠤ ᠦᠬᠡᠢ᠃ ᠭᠠᠳᠠᠭᠰᠢ ᠭᠠᠷᠬᠤ ᠪᠡᠨ ᠴᠦᠬᠡᠳᠬᠡᠵᠤ᠂ ᠤᠨᠴᠠᠭᠠᠢᠯᠠᠨ ᠴᠡᠴᠡᠭᠤᠨ ᠳᠤᠭᠤᠰᠤ ᠶᠡᠬᠡᠳᠡᠢ ᠦᠶᠠᠰ᠂ ᠡᠬᠦᠳᠠ ᠴᠤᠩᠬᠤ ᠪᠡᠨ ᠪᠢᠳᠡᠬᠦᠮᠵᠢᠯᠡᠵᠤ ᠴᠢᠳᠠᠪᠠᠯ ᠬᠡᠷ ᠳᠤᠳᠤᠷ᠎ᠠ ᠪᠡᠨ ᠠᠭᠠᠷ ᠴᠡᠪᠡᠷᠰᠢᠬᠦᠯᠬᠦ ᠮᠠᠰᠢᠨᠢ ᠬᠡᠷᠡᠭᠯᠡᠬᠦ ᠬᠡᠷᠡᠭᠳᠡᠢ᠃
ᠬᠤᠶᠠᠷ ᠲᠤ᠌᠂ ᠭᠠᠳᠠᠭᠰᠢ ᠭᠠᠷᠪᠠᠯ ᠰᠡᠷᠬᠡᠢᠯᠡᠯᠳᠠ ᠪᠡᠨ ᠰᠠᠢᠳᠤᠷ ᠬᠢᠬᠦ ᠬᠡᠷᠡᠭᠳᠡᠢ᠃ ᠭᠠᠳᠠᠭᠰᠢ ᠭᠠᠷᠬᠤᠳᠠᠭᠠᠨ ᠤᠷᠳᠤ ᠬᠠᠨᠴᠤᠢ ᠲᠠᠢ ᠬᠤᠪᠴᠠᠰᠤ ᠡᠮᠤᠰᠴᠤ᠂ ᠠᠮᠠᠪᠴᠢ᠂ ᠨᠢᠳᠤᠨ ᠰᠢᠯ ᠵᠡᠬᠦᠵᠤ᠂ ᠮᠠᠰᠢᠨ ᠵᠢᠯᠤᠭᠤᠳᠬᠤ ᠳ᠋ᠠᠭᠠᠨ ᠴᠤᠩᠬᠤ ᠵᠢ ᠨᠢ ᠴᠢᠩᠭ᠎ᠠ ᠬᠠᠭᠠᠬᠤ ᠬᠡᠷᠡᠭᠳᠡᠢ᠃ ᠬᠡᠷ ᠲᠡᠬᠡᠨ ᠬᠠᠷᠢᠬᠰᠠᠠᠤ ᠲᠠᠷᠠᠭ᠎ᠠ ᠭᠠᠳᠠᠷ ᠬᠤᠪᠴᠠᠰᠤ ᠪᠡᠨ ᠲᠠᠷᠤᠢᠬᠠᠨ ᠰᠤᠯᠢᠵᠤ᠂ ᠨᠢᠭᠤᠷ ᠵᠢᠠᠨ ᠤᠬᠢᠶᠠᠵᠤ᠂ ᠠᠮᠠ ᠬᠠᠮᠠᠷ ᠵᠢᠠᠨ ᠵᠠᠢᠯᠠᠬᠤ ᠬᠡᠷᠡᠭᠳᠡᠢ᠃
ᠭᠤᠷᠪᠠᠳᠤ᠂ ᠳᠠᠷᠬᠠᠯᠠᠭ᠎ᠠ ᠪᠡᠨ ᠰᠠᠢᠵᠢᠷᠠᠭᠤᠯᠬᠤ ᠬᠡᠷᠡᠭᠳᠡᠢ᠃ ᠡᠬᠦᠨᠳᠤ ᠰᠠᠢᠨ ᠤᠨᠳᠠᠵᠤ ᠠᠮᠠᠷᠠᠨ᠂ ᠢᠳᠡᠬᠡᠨ ᠤᠮᠳᠠᠭᠠᠨ ᠵᠢᠠᠨ ᠵᠤᠬᠢᠴᠠᠭᠤᠯᠵᠤ᠂ ᠰᠢᠨ᠎ᠠ ᠰᠤᠷᠭᠤᠭ ᠨᠤᠭᠤᠭ᠎ᠠ ᠵᠢᠮᠢᠰ ᠢᠯᠡᠬᠦᠬᠡᠨ ᠢᠳᠡᠵᠤ᠂ ᠳᠤᠭᠳᠠᠭᠰᠠᠠ ᠬᠤᠭᠤᠴᠠᠭᠠᠨᠳᠤ ᠪᠠᠶ᠎ᠠ ᠪᠡᠨ ᠪᠤᠯᠪᠠᠰᠤᠷᠠᠭᠤᠯᠬᠤ ᠬᠡᠷᠡᠭᠳᠡᠢ᠃
ᠲᠦᠷᠪᠡᠳᠤ᠂ ᠬᠠᠷᠰᠢᠬᠤ ᠪᠠᠢᠳᠠᠯ ᠬᠦᠨᠳᠤᠷᠠᠪᠠᠯ ᠲᠠᠷᠤᠢᠬᠠᠨ ᠡᠮᠨᠡᠬᠦᠯᠬᠦ ᠬᠡᠷᠡᠭᠳᠡᠢ᠃ ᠠᠮᠠᠷᠬᠠᠨ ᠬᠠᠷᠰᠢᠳᠠᠭ ᠪᠠ ᠠᠭᠰᠠᠭ᠎ᠠ ᠡᠪᠡᠳᠴᠢᠨ ᠲᠠᠢ ᠬᠦᠮᠤᠰ ᠬᠤᠪᠴᠠᠰᠤ ᠬᠤᠨᠠᠷ ᠵᠢᠠᠨ ᠳᠤᠬᠢᠷᠠᠭᠤᠯᠵᠤ᠂ ᠵᠢᠩᠬᠢᠨᠠᠵᠤ ᠲᠠᠭᠠᠷᠠᠭᠠᠳ ᠬᠢᠮᠤᠷᠠᠭ᠎ᠠ ᠲᠠᠭᠰᠢᠭᠤᠷ ᠤᠯᠬᠤ ᠡᠴᠨ ᠪᠤᠯᠭᠤᠮᠵᠢᠯᠠᠬᠤ ᠬᠡᠷᠡᠭᠳᠡᠢ᠃ ᠬᠠᠷᠰᠢᠬᠤ ᠪᠠᠢᠳᠠᠯ ᠬᠦᠨᠳᠤᠷᠠᠪᠠᠯ ᠲᠠᠷᠤᠢᠬᠠᠨ ᠡᠮᠨᠡᠬᠦᠯᠬᠦ ᠬᠡᠷᠡᠭᠳᠡᠢ᠃
(《ᠠᠷᠠᠳᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)