ᠰᠢ ᠵᠢᠨ ᠫᠢᠩ᠎ᠦᠨ ᠵᠠᠯᠠᠭᠤᠴᠤᠳ᠎ᠤᠨ ᠲᠤᠬᠠᠢ ᠦᠵᠡᠯᠲᠡ
2025-07-04 09:38:05
ᠵᠣᠬᠢᠶᠠᠭ᠍ᠴᠢ᠄
ᠰᠢᠨᠬᠤᠸᠠ ᠬᠤᠷᠢᠶ᠎ᠠ ᠵᠢᠨ ᠰᠤᠷᠪᠤᠯᠵᠢᠯᠠᠭ᠍ᠴᠢ
ᠣᠩᠱᠢᠭ᠍ᠰᠠᠨ ᠣᠳᠠᠭ᠎ᠠ᠄
★★★☆☆

ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭᠳᠠᠭᠰᠠᠨ 104 ᠵᠢᠯ᠎ᠦᠨ ᠤᠢ᠎ᠶᠢᠨ ᠲᠠᠰᠢᠷᠠᠮ᠎ᠳᠤ᠂ ᠡᠨᠡ ᠬᠦ᠌ 《ᠥᠷᠭᠡᠨ ᠤᠯᠠᠨ ᠵᠠᠯᠠᠭᠤᠴᠤᠳ᠎ᠢ ᠲᠥᠯᠥᠭᠡᠯᠡᠵᠦ᠂ ᠥᠷᠭᠡᠨ ᠤᠯᠠᠨ ᠵᠠᠯᠠᠭᠤᠴᠤᠳ᠎ᠤᠨ ᠬᠦᠷᠢᠶᠡᠯᠡᠯ᠎ᠢ ᠣᠯᠵᠤ᠂ ᠥᠷᠭᠡᠨ ᠤᠯᠠᠨ ᠵᠠᠯᠠᠭᠤᠴᠤᠳ᠎ᠲᠤ ᠲᠦᠰᠢᠭᠯᠡᠬᠦ》ᠳᠡᠯᠡᠬᠡᠢ᠎ᠶᠢᠨ ᠬᠠᠮᠤᠭ᠎ᠤᠨ ᠶᠡᠬᠡ ᠲᠦᠷᠦ᠎ᠶᠢᠨ ᠨᠠᠮ ᠰᠦᠷ ᠳᠠᠯᠠᠢᠴᠠᠲᠠᠢ ᠠᠭᠤᠤ ᠶᠡᠬᠡ ᠦᠢᠯᠡᠰ᠎ᠢ ᠬᠥᠲᠥᠯᠥᠨ ᠳᠠᠭᠠᠭᠤᠯᠵᠤ᠂ ᠶᠠᠭ ᠴᠤᠭ ᠵᠢᠪᠬᠤᠭ᠎ᠠ ᠪᠠᠳᠠᠷᠠᠩᠭᠤᠢ᠂ ᠤᠷᠢ ᠵᠠᠯᠠᠭᠤ ᠦᠶ᠎ᠡ ᠳ᠋ᠡᠭᠡᠨ ᠪᠠᠢᠬᠤ ᠶᠤᠮ᠃

ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶᠢᠨ ᠴᠠᠭ ᠦᠶ᠎ᠡ᠎ᠶᠢᠨ ᠠᠶᠠᠨ᠎ᠳᠤ᠂ ᠶᠡᠷᠦᠩᠬᠡᠢ ᠱᠦᠵᠢ ᠰᠢ ᠵᠢᠨ ᠫᠢᠩ ᠶᠡᠷᠦ ᠨᠢ ᠵᠠᠯᠠᠭᠤᠴᠤᠳ᠎ᠢ ᠲᠦᠢᠯ᠎ᠢᠶᠡᠷ ᠬᠠᠯᠠᠮᠵᠢᠯᠠᠳᠠᠭ᠃ ᠵᠠᠯᠠᠭᠤᠴᠤᠳ᠎ᠢ ᠬᠠᠯᠠᠮᠵᠢᠯᠠᠨ ᠬᠠᠢᠷᠠᠯᠠᠵᠤ᠂ ᠵᠠᠯᠠᠭᠤ ᠨᠠᠰᠤ᠎ᠶᠢ ᠮᠠᠭᠲᠠᠨ ᠰᠠᠢᠰᠢᠶᠠᠵᠤ᠂ ᠵᠠᠯᠠᠭᠤᠴᠤᠳ᠎ᠢ ᠰᠡᠩᠬᠡᠷᠡᠭᠦᠯᠵᠦ᠂ ᠵᠠᠯᠠᠭᠤ ᠨᠠᠰᠤ᠎ᠶᠢ ᠬᠥᠭᠵᠢᠭᠡᠨ᠎ᠡ᠃ ᠶᠡᠷᠦᠩᠬᠡᠢ ᠱᠦᠵᠢ᠄ 《ᠵᠠᠯᠠᠭᠤ ᠨᠠᠰᠤᠨ᠎ᠤ ᠬᠦᠴᠦᠨ ᠴᠢᠳᠠᠯ᠂ ᠵᠠᠯᠠᠭᠤ ᠨᠠᠰᠤᠨ᠎ᠤ ᠣᠷᠭᠢᠯᠤᠮ᠎ᠠ ᠬᠠᠯᠠᠭᠤᠨ ᠰᠡᠳᠭᠢᠯᠭᠡ᠂ ᠵᠠᠯᠠᠭᠤ ᠨᠠᠰᠤᠨ᠎ᠤ ᠡᠭᠦᠳᠦᠨ ᠪᠦᠲᠦᠭᠡᠯᠲᠡ ᠪᠣᠯ ᠢᠮᠠᠭᠲᠠ ᠳᠤᠮᠳᠠᠳᠤ᠎ᠶᠢᠨ ᠦᠨᠳᠦᠰᠦᠲᠡᠨ᠎ᠦ ᠡᠷᠡᠮᠡᠬᠡᠢᠯᠡᠨ ᠤᠷᠤᠭᠰᠢᠯᠠᠵᠤ᠂ ᠳᠡᠯᠡᠬᠡᠢ᠎ᠶᠢᠨ ᠦᠨᠳᠦᠰᠦᠲᠡᠨ᠎ᠦ ᠳᠤᠮᠳᠠ ᠰᠡᠬᠦᠢᠨ ᠰᠦᠨᠳᠡᠷᠯᠡᠬᠦ ᠵᠢ ᠠᠬᠢᠭᠤᠯᠬᠤ ᠰᠦᠷ ᠳᠠᠯᠠᠢᠴᠠᠲᠠᠢ ᠬᠦᠴᠦᠨ ᠮᠥᠨ!》 ᠭᠡᠵᠦ ᠭᠦᠨ ᠰᠡᠳᠭᠢᠯᠭᠡ ᠲᠠᠢ ᠪᠡᠷ ᠬᠡᠯᠡᠪᠡ᠃


(ᠨᠢᠭᠡ) ᠵᠠᠯᠠᠭᠤ ᠨᠠᠰᠤ᠎ᠪᠠᠨ ᠬᠡᠷᠬᠢᠨ ᠦᠯᠦ ᠬᠥᠰᠡᠷᠳᠡᠭᠦᠯᠬᠦ ᠪᠤᠢ?

《ᠬᠤᠪᠢ ᠬᠥᠮᠥᠨ᠎ᠦ ᠬᠦᠰᠡᠯᠡᠩ ᠬᠥᠭᠡᠭᠡᠴᠡᠯᠳᠦᠯ᠎ᠢᠶᠡᠨ ᠨᠠᠮ ᠪᠠ ᠤᠯᠤᠰ᠎ᠤᠨ ᠠᠵᠢᠯ ᠦᠢᠯᠡᠰ᠎ᠲᠦ ᠠᠭᠤᠰᠤᠯᠴᠠᠭᠤᠯᠤᠨ᠎ᠠ》

1981 ᠣᠨ᠎ᠤ ᠰᠡᠭᠦᠯᠴᠢ᠎ᠪᠡᠷ᠂ 28 ᠨᠠᠰᠤᠲᠠᠢ ᠰᠢ ᠵᠢᠨ ᠫᠢᠩ ᠨᠢᠭᠡ ᠨᠠᠰᠤᠨ᠎ᠤ ᠪᠡᠨ ᠨᠢᠭᠡᠨ ᠶᠡᠷᠦ ᠪᠤᠰᠤ᠎ᠶᠢᠨ ᠰᠣᠩᠭᠣᠯᠲᠠ ᠬᠢᠵᠡᠢ — ᠲᠥᠪ᠎ᠦᠨ ᠴᠡᠷᠢᠭ᠎ᠦᠨ ᠶᠠᠪᠤᠳᠠᠯ᠎ᠤᠨ ᠬᠤᠷᠢᠶ᠎ᠠ ᠵᠢᠨ ᠠᠯᠪᠠᠨ ᠲᠢᠩᠬᠢᠮ᠎ᠦᠨ ᠨᠠᠷᠢᠨ ᠪᠢᠴᠢᠭᠡᠴᠢ᠎ᠶᠢᠨ ᠠᠵᠢᠯ᠎ᠤᠨ ᠪᠠᠢᠷᠢ᠎ᠡᠴᠡ᠎ᠪᠠᠨ ᠰᠠᠯᠵᠤ᠂ ᠦᠨᠳᠦᠰᠦᠨ ᠱᠠᠲᠤᠨ᠎ᠳᠤ ᠬᠦᠷᠴᠦ ᠲᠤᠰᠢᠶᠠᠯ ᠡᠭᠦᠷᠭᠡᠯᠡᠨ ᠳᠠᠪᠲᠠᠨ ᠪᠣᠯᠪᠠᠰᠤᠷᠠᠪᠠ᠃ ᠡᠨᠡ ᠨᠢ ᠤᠳᠤᠷᠢᠳᠤᠯᠭ᠎ᠠ ᠪᠣᠯᠣᠨ ᠲᠥᠷᠥᠯ ᠰᠠᠳᠤᠨ ᠨᠠᠢᠵᠠ ᠨᠥᠬᠥᠳ᠎ᠢ ᠨᠢ ᠶᠡᠬᠡ ᠪᠡᠷ ᠭᠠᠢᠬᠠᠰᠢ ᠠᠯᠳᠠᠭᠤᠯᠪᠠ᠃

ᠲᠡᠷᠡ ᠦᠶ᠎ᠡ᠎ᠳᠦ᠂ ᠶᠡᠬᠡ ᠬᠡᠮᠵᠢᠶᠡᠨ᠎ᠦ ᠰᠡᠬᠡᠭᠡᠲᠡᠳ ᠬᠤᠲᠠ᠎ᠳᠤ ᠪᠤᠴᠠᠨ ᠢᠷᠡᠵᠦ᠂ ᠤᠯᠠᠨ ᠵᠢᠯ᠎ᠦᠨ ᠬᠠᠲᠠᠭᠤ ᠪᠡᠷᠬᠡᠰᠢᠶᠡᠯᠲᠦ ᠠᠮᠢᠳᠤᠷᠠᠯ ᠨᠢ ᠨᠢᠭᠡ ᠪᠦᠯᠦᠭ ᠬᠥᠮᠥᠰ᠎ᠢ 《ᠨᠦᠬᠥᠪᠦᠷᠢ ᠬᠦᠷᠲᠡᠬᠦ ᠰᠡᠳᠬᠢᠴᠡ》 ᠲᠠᠢ ᠪᠣᠯᠭᠠᠵᠤ᠂ ᠠᠮᠤᠷ ᠵᠢᠮᠤᠷ ᠲᠠᠭᠠᠯᠠᠮᠵᠢᠲᠠᠢ ᠠᠮᠢᠳᠤᠷᠠᠯ᠎ᠳᠤ ᠰᠢᠨᠤᠭᠤᠯᠵᠠᠢ᠃ 《ᠮᠠᠨ᠎ᠤ ᠡᠨᠡ ᠦᠶ᠎ᠡ᠎ᠶᠢᠨ ᠬᠥᠮᠥᠰ ᠡᠢᠮᠦ ᠠᠷᠭ᠎ᠠ᠎ᠪᠠᠷ ᠠᠯᠳᠠᠭᠰᠠᠨ ᠵᠠᠯᠠᠭᠤ ᠨᠠᠰᠤ᠎ᠪᠠᠨ ᠨᠥᠬᠥᠪᠦᠷᠢᠯᠡᠬᠦ ᠶᠣᠰᠣᠲᠠᠢ ᠭᠡᠵᠢ ᠦᠦ?》 ᠥᠭᠡᠷᠡᠴᠢᠯᠡᠯᠲᠡ᠎ᠶᠢᠨ ᠡᠬᠢᠨ᠎ᠦ ᠦᠶ᠎ᠡ᠎ᠳᠦ᠂ ᠠᠯᠢᠪᠠ ᠦᠢᠯᠡᠰ᠎ᠢᠶᠡᠨ ᠬᠥᠭᠵᠢᠭᠦᠯᠬᠦ ᠴᠢᠬᠤᠯᠠᠲᠠᠢ ᠪᠠᠢᠭᠰᠠᠨ ᠵᠠᠩᠭᠢᠯᠠᠭ᠎ᠠ᠎ᠶᠢᠨ ᠦᠶ᠎ᠡ᠎ᠳᠦ ᠵᠤᠭᠰᠤᠵᠤ᠂ ᠮᠥᠨ ᠯᠡ ᠶᠠᠳᠠᠭᠤ ᠬᠣᠭᠣᠰᠤᠨ ᠪᠠᠢᠭᠰᠠᠨ ᠨᠤᠲᠤᠭ᠎ᠤᠨ ᠠᠬ᠎ᠠ ᠳᠡᠭᠦᠦ ᠨᠠᠷ᠎ᠢᠶᠡᠨ ᠳᠤᠷᠠᠰᠤᠨ ᠰᠠᠨᠠᠭᠠᠯᠵᠠᠵᠤ᠂ ᠵᠠᠯᠠᠭᠤᠴᠤᠳ ᠠᠰᠠᠭᠤᠨ ᠪᠣᠳᠣᠯᠬᠢᠯᠠᠵᠤ ᠪᠠᠢᠯ᠎ᠠ᠃

《ᠠᠷᠠᠳ ᠲᠦᠮᠡᠨ ᠡᠴᠡ ᠬᠤᠯᠠᠳᠠᠵᠤ ᠲᠡᠳᠡᠨ᠎ᠦ ᠲᠥᠯᠥᠭᠡ ᠠᠮᠢ ᠪᠡᠶ᠎ᠡ᠎ᠪᠡᠨ ᠵᠣᠷᠢᠭᠤᠯᠤᠨ᠎ᠠ ᠭᠡᠬᠦ ᠬᠣᠭᠣᠰᠤᠨ ᠶᠠᠷᠢᠶ᠎ᠠ ᠨᠢ ᠨᠠᠮ᠎ᠠ ᠵᠢ  ᠬᠣᠭᠣᠰᠤᠨ ᠰᠠᠨᠠᠭᠳᠠᠭᠤᠯᠵᠤ᠂ ᠰᠠᠨᠠᠭ᠎ᠠ ᠠᠮᠤᠷ ᠦᠭᠡᠢ ᠪᠠᠢᠯᠭᠠᠵᠤ᠂ ᠲᠡᠷᠡ ᠦᠶ᠎ᠡ ᠳ᠋ᠦ ᠪᠢ ᠨᠢᠭᠡ ᠵᠦᠢᠯ᠎ᠦᠨ ᠤᠷᠢᠶᠠᠯᠠᠯ᠎ᠢ᠎ᠤᠯᠵᠤ ᠮᠡᠳᠡᠷᠡᠭᠰᠡᠨ ᠶᠤᠮ》᠃ ᠡᠢᠮᠦᠷᠬᠦ ᠤᠭ ᠰᠠᠨᠠᠭ᠎ᠠ᠎ᠶᠢ ᠡᠪᠦᠷᠯᠡᠨ᠂ ᠰᠢ ᠵᠢᠨ ᠫᠢᠩ ᠨᠥᠬᠥᠷ ᠵᠧᠩ ᠳ᠋ᠢᠩ᠎ᠳᠦ ᠬᠦᠷᠴᠦ ᠲᠤᠰᠢᠶᠠᠯ ᠡᠭᠦᠷᠭᠡᠯᠡᠨ᠂ ᠠᠷᠠᠳ ᠲᠦᠮᠡᠨ᠎ᠦ ᠳᠤᠮᠳᠠ᠎ᠭᠦᠨᠵᠡᠭᠡᠢᠷᠡᠨ ᠥᠪᠡᠷ᠎ᠦᠨ ᠦᠷᠳᠡᠭ᠎ᠢᠶᠡᠨ ᠡᠷᠢᠯᠬᠢᠯᠡᠬᠦ᠎ᠪᠡᠷ ᠵᠤᠷᠢᠭ ᠰᠢᠭᠤᠳᠴᠠᠢ᠃

28 ᠨᠠᠰᠤᠲᠠᠢ᠂ ᠶᠠᠭ ᠴᠤᠭ ᠵᠢᠪᠬᠤᠭ᠎ᠠ ᠪᠠᠳᠠᠷᠠᠩᠭᠤᠢ ᠦᠶ᠎ᠡ᠃

ᠡᠨᠡ ᠨᠢ ᠶᠠᠭ ᠥᠪᠡᠷ᠎ᠢ᠎ᠪᠡᠨ 《ᠬᠣᠷᠢᠨ ᠨᠠᠢ᠍ᠮᠠᠨ ᠵᠢᠷᠤᠯᠭ᠎ᠠ ᠲᠠᠢ ᠰᠤᠷᠤᠭᠴᠢ》 ᠬᠡᠮᠡᠭᠳᠡᠭᠰᠡᠨ ᠵᠠᠯᠠᠭᠤ ᠨᠠᠰᠤᠨ᠎ᠤ ᠮᠠᠤ ᠽᠧ ᠳ᠋ᠦᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠩᠬᠠᠳᠤᠭᠠᠷ ᠶᠡᠬᠡ ᠬᠤᠷᠠᠯ᠎ᠳᠤ ᠣᠷᠣᠯᠴᠠᠬᠤ ᠦᠶ᠎ᠡ᠎ᠶᠢᠨ ᠨᠠᠰᠤ ᠪᠣᠯᠣᠨ᠎ᠠ᠃ 1921 ᠣᠨ᠎ᠤ ᠵᠤᠨ᠂ ᠳᠤᠮᠳᠠᠴᠢ᠎ᠪᠠᠷ 28 ᠨᠠᠰᠤᠲᠠᠢ ᠨᠢᠭᠡ ᠪᠦᠯᠦᠭ ᠲᠡᠷᠢᠭᠦᠨ᠎ᠦ ᠬᠥᠮᠥᠰ ᠬᠠᠮᠲᠤ᠎ᠶᠢᠨ ᠬᠦᠰᠡᠯ ᠵᠣᠷᠢᠯᠲᠠ᠎ᠡᠴᠡ ᠪᠣᠯᠵᠤ ᠬᠠᠮᠲᠤ ᠴᠤᠭᠯᠠᠷᠠᠵᠤ᠂ ᠲᠡᠨᠢᠭᠡᠷ ᠠᠭᠤᠳᠠᠮ ᠨᠤᠲᠤᠭ ᠲᠡᠪᠢᠰᠭᠡᠷ ᠲᠡᠬᠢ ᠮᠠᠨᠳᠤᠯ ᠲᠤᠷᠤᠢᠳᠠᠯ᠎ᠢ ᠬᠡᠨ ᠲᠤᠭᠲᠠᠭᠠᠵᠤ᠎ᠬᠡᠨ ᠡᠵᠡᠨ ᠮᠡᠳᠡᠵᠦ ᠪᠠᠢᠬᠤ ᠪᠤᠢ ᠭᠡᠵᠦ ᠠᠰᠠᠭᠤᠵᠤ᠂ ᠭᠠᠯᠪᠠ ᠶᠢᠷᠲᠢᠨᠴᠦ ᠵᠢ ᠰᠢᠨᠡᠳᠭᠡᠭᠰᠡᠨ ᠲᠡᠦᠬᠡ᠎ᠶᠢᠨ ᠠᠭᠤᠤ ᠦᠢᠯᠡᠰ᠎ᠢ ᠡᠬᠢᠯᠡᠭᠦᠯᠪᠡ᠃

ᠡᠷᠲᠡᠨ᠎ᠡᠴᠡ ᠠᠪᠤᠭᠠᠳ ᠪᠠᠭᠠᠲᠤᠷ ᠬᠥᠮᠥᠰ ᠵᠠᠯᠠᠭᠤᠴᠤᠳ᠎ᠤᠨ ᠲᠤᠮᠳᠠ ᠡᠴᠡ ᠴᠤᠯᠭᠤᠷᠠᠨ ᠭᠠᠷᠴᠤ ᠢᠷᠡᠳᠡᠭ᠃ ᠨᠢᠭᠡ ᠤᠳᠠᠭ᠎ᠠ᠎ᠶᠢᠨ ᠶᠡᠬᠡ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠨᠢᠭᠡ ᠯᠡ ᠠᠮᠢᠰᠬᠤᠭ᠎ᠠ᠎ᠪᠠᠷ ᠠᠯᠢ ᠤᠯᠠᠨ ᠦᠩᠭᠡ ᠭᠡᠷᠡᠯ ᠲᠠᠢ ᠬᠦᠮᠦᠰ᠎ᠤᠨ ᠨᠡᠷ᠎ᠡ᠎ᠶᠢ ᠬᠡᠯᠡᠵᠦ ᠭᠠᠷᠭᠠᠪᠠ —

《ᠡᠪ ᠬᠠᠮᠲᠤ ᠨᠠᠮ᠎ᠤᠨ ᠲᠤᠩᠬᠠᠭ》 ᠢ᠋ ᠨᠡᠢᠲᠡᠯᠡᠬᠦ ᠦᠶ᠎ᠡ᠎ᠳᠦ ᠮᠠᠷᠺᠰ 30 ᠨᠠᠰᠤᠲᠠᠢ᠂ ᠡᠩᠭᠧᠯᠰ 28 ᠨᠠᠰᠤᠲᠠᠢ ᠪᠠᠢᠪᠠ᠃ ᠯᠧᠨᠢᠨ ᠬᠤᠪᠢᠰᠬᠠᠯᠲᠤ ᠬᠥᠳᠡᠯᠭᠡᠭᠡᠨ᠎ᠳᠦ ᠠᠩᠬ᠎ᠠ ᠣᠷᠣᠯᠴᠠᠬᠤ ᠦᠶᠡᠰ 17 ᠨᠠᠰᠤᠲᠠᠢ᠃ ᠨᠢᠶᠦ᠋ᠲ᠋ᠥᠨ ᠪᠣᠯᠣᠨ ᠯᠠᠢ᠍ᠢᠪᠨᠢᠼ ᠢᠯᠭᠠᠷᠠᠯ ᠴᠣᠮᠬᠠᠷᠠᠯ᠎ᠢ ᠢᠯᠡᠷᠡᠭᠦᠯᠬᠦ ᠦᠶ᠎ᠡ᠎ᠳᠦ ᠲᠤᠰ ᠲᠤᠰ 22 ᠨᠠᠰᠤᠲᠠᠢ᠂ 28 ᠨᠠᠰᠤᠲᠠᠢ ᠪᠠᠢᠪᠠ᠂ ᠳ᠋ᠠᠷᠸᠢᠨ ᠳᠡᠯᠡᠬᠡᠢ᠎ᠶᠢᠨ ᠪᠥᠮᠪᠥᠷᠴᠡᠭ᠎ᠢ ᠲᠣᠭᠣᠷᠢᠨ ᠠᠶᠠᠯᠠᠵᠤ ᠡᠬᠢᠯᠡᠬᠦ ᠦᠶ᠎ᠡ᠎ᠳᠦ 22 ᠨᠠᠰᠤᠲᠠᠢ ᠪᠠᠢᠪᠠ᠂ ᠠᠢᠨᠰᠲᠧᠨ ᠢᠪᠴᠤᠤ ᠤᠳᠬ᠎ᠠ ᠵᠢᠨ ᠬᠠᠷᠢᠴᠠᠩᠭᠤᠢ ᠤᠨᠤᠯ᠎ᠢ ᠳᠤᠷᠠᠳᠬᠤ ᠦᠶ᠎ᠡ᠎ᠳᠦ 26 ᠨᠠᠰᠤᠲᠠᠢ ᠪᠠᠢᠪᠠ᠃ ᠵᠢᠶᠠ ᠢ 《ᠪᠠᠷᠠᠭᠤᠨ ᠬᠠᠨ ᠤᠯᠤᠰ᠎ᠤᠨ ᠦᠶ᠎ᠡ᠎ᠶᠢᠨ ᠬᠠᠮᠤᠭ᠎ᠤᠨ ᠰᠠᠢᠨ ᠤᠯᠤᠰ ᠲᠥᠷᠥ᠎ᠶᠢᠨ ᠥᠭᠦᠯᠡᠯ》᠎ᠵᠢᠡᠨ ᠪᠢᠴᠢᠬᠦ ᠦᠶ᠎ᠡ᠎ᠳᠦ 30 ᠨᠠᠰᠤ ᠬᠦᠷᠦᠭᠡ ᠦᠭᠡᠢ ᠪᠠᠢᠵᠤ᠂ ᠸᠠᠩ ᠪᠥᠸᠧ ᠮᠢᠩᠭᠠᠨ ᠭᠠᠯᠪᠠ᠎ᠶᠢᠨ ᠨᠡᠷᠡᠲᠦ ᠵᠣᠬᠢᠶᠠᠯ 《ᠲᠧᠩ ᠸᠠᠩ ᠭᠧ ᠲᠠᠭᠳᠤ ᠵᠢᠨ ᠣᠷᠣᠰᠢᠯ》 ᠵᠢᠡᠨ ᠪᠢᠴᠢᠬᠦ ᠦᠶ᠎ᠡ᠎ᠳᠦ ᠰᠠᠶᠢ 20 ᠭᠠᠷᠤᠢ ᠨᠠᠰᠤᠲᠠᠢ ᠪᠠᠢᠵᠠᠢ ᠁

ᠲᠡᠦᠬᠡᠨ ᠳᠡᠭᠡᠷ᠎ᠡ ᠬᠡᠴᠢᠨᠡᠨ ᠤᠯᠠᠨ ᠠᠭᠤᠤ ᠦᠢᠯᠡᠰ ᠡᠢᠮᠦᠷᠬᠦ ᠵᠠᠯᠠᠭᠤ ᠨᠠᠰᠤᠨ᠎ᠤ ᠤᠨ ᠵᠢᠯ᠎ᠡᠴᠡ ᠡᠭᠦᠰᠦᠭᠰᠡᠨ ᠪᠤᠢ᠂ ᠬᠡᠴᠢᠨᠡᠨ ᠤᠯᠠᠨ ᠪᠣᠭᠳᠠ ᠮᠡᠷᠭᠡᠳ ᠭᠠᠷᠮᠠᠭᠠᠢ ᠪᠠᠭᠠᠲᠤᠷ ᠵᠠᠯᠠᠭᠤ ᠨᠠᠰᠤᠨ᠎ᠳᠠᠭᠠᠨ ᠲᠠᠷᠤᠢ ᠴᠠᠭ᠎ᠤᠨ ᠪᠠᠢᠳᠠᠯ᠎ᠢ ᠠᠵᠢᠨ ᠬᠤᠪᠢᠷᠠᠯᠲᠠ᠎ᠶᠢ ᠮᠡᠳᠡᠵᠤ᠂ ᠵᠣᠷᠢᠭ᠍ᠲᠠᠢ᠎ᠪᠠᠷ ᠪᠤᠰᠤᠳ᠎ᠡᠴᠡ ᠲᠦᠷᠦᠭᠦᠯᠡᠬᠦ ᠠᠭᠤᠳᠠᠮᠴᠢ ᠰᠡᠳᠬᠢᠯᠭᠡ ᠵᠢ ᠢᠯᠡᠷᠡᠭᠦᠯᠦᠭᠰᠡᠨ ᠪᠤᠢ᠃ ᠮᠠᠨ᠎ᠤ ᠨᠠᠮ ᠠᠷᠠᠳ ᠲᠦᠮᠡᠨ᠎ᠢ ᠤᠳᠤᠷᠢᠳᠤᠨ ᠬᠤᠪᠢᠰᠬᠠᠯ᠂ ᠪᠦᠲᠦᠭᠡᠨ ᠪᠠᠢᠭᠤᠯᠤᠯᠲᠠ᠂ ᠥᠭᠡᠷᠡᠴᠢᠯᠡᠯᠲᠡ ᠬᠢᠭᠰᠡᠨ ᠠᠭᠤᠤ ᠶᠡᠬᠡ ᠲᠡᠦᠬᠡᠨ ᠶᠠᠪᠤᠴᠠ᠎ᠳᠤ ᠵᠠᠯᠠᠭᠤ ᠪᠠᠭᠠᠲᠤᠷᠴᠤᠳ ᠨᠡᠩ ᠴᠤ᠌ ᠬᠤᠢᠨ᠎ᠠ ᠬᠤᠢᠨ᠎ᠠ ᠡᠴᠡ ᠪᠡᠨ ᠴᠣᠯᠭᠣᠷᠠᠨ ᠭᠠᠷᠤᠭᠰᠠᠨ ᠶᠤᠮ᠃ ᠬᠥᠮᠥᠨ᠎ᠦ ᠨᠢᠭᠡ ᠨᠠᠰᠤᠨ᠎ᠤ 《ᠰᠢᠵᠢᠷ ᠠᠯᠲᠠᠨ ᠴᠠᠭ ᠦᠶ᠎ᠡ》 ᠪᠡᠨ ᠬᠡᠷᠬᠢᠨ ᠡᠵᠡᠮᠳᠡᠬᠦ ᠪᠤᠢ? ᠴᠠᠭ ᠦᠶ᠎ᠡ᠎ᠶᠢ ᠠᠯᠤᠰᠯᠠᠭᠰᠠᠨ ᠮᠥᠩᠬᠡ᠎ᠶᠢᠨ ᠠᠰᠠᠭᠤᠯᠲᠠ ᠨᠢ ᠶᠠᠭ ᠯᠡ ᠥᠨᠳᠥᠷ᠎ᠲᠦ ᠡᠯᠭᠦᠭᠳᠡᠭᠰᠡᠨ ᠭᠡᠭᠡᠨ ᠲᠣᠯᠢ ᠰᠢᠭ᠂ ᠦᠶ᠎ᠡ ᠦᠶ᠎ᠡ᠎ᠶᠢᠨ ᠵᠠᠯᠠᠭᠤᠴᠤᠳ᠎ᠤᠨ ᠣᠶᠤᠨ ᠰᠠᠨᠠᠭ᠎ᠠ᠎ᠶᠢ ᠭᠡᠷᠡᠯᠲᠦᠭᠦᠯᠦᠨ᠎ᠡ᠃

ᠬᠥᠮᠥᠨ᠎ᠦ ᠠᠮᠢᠳᠤᠷᠠᠯ᠎ᠤᠨ ᠵᠠᠩᠭᠢᠯᠠᠭ᠎ᠠ ᠵᠢᠨ ᠴᠠᠭ ᠦᠶ᠎ᠡ ᠨᠢ ᠵᠥᠪᠬᠡᠨ ᠬᠡᠳᠦᠬᠡᠨ ᠠᠯᠬᠤᠮ ᠪᠠᠢᠨ᠎ᠠ᠃ ᠪᠣᠭᠳᠠ ᠮᠡᠷᠭᠡᠳ ᠪᠤᠯᠬᠤ ᠪᠡᠷ ᠵᠤᠷᠢᠭ ᠰᠢᠭᠤᠳᠪᠠᠰᠤ  ᠪᠣᠭᠳᠠ ᠮᠡᠷᠭᠡᠳ ᠪᠣᠯᠣᠮᠤᠢ᠃

2017 ᠣᠨ᠎ᠤ 《5·4》 ᠡᠴᠡ ᠡᠮᠦᠨᠡᠬᠡᠨ᠂ ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠤᠯᠤᠰ᠎ᠤᠨ ᠤᠯᠤᠰ ᠲᠥᠷᠥ ᠬᠠᠤᠯᠢ ᠴᠠᠭᠠᠵᠠ᠎ᠶᠢᠨ ᠶᠡᠬᠡ ᠰᠤᠷᠭᠠᠭᠤᠯᠢ᠎ᠶᠢᠨ 《ᠤᠭ ᠰᠠᠨᠠᠭ᠎ᠠ᠎ᠪᠠᠨ ᠥᠯᠥ ᠮᠠᠷᠲᠠᠵᠤ ᠨᠠᠮ᠎ᠢᠶᠠᠨ ᠳᠠᠭᠠᠬᠤ》 ᠭᠣᠣᠯ ᠰᠡᠳᠦᠪᠲᠦ ᠡᠪᠯᠡᠯ᠎ᠦᠨ ᠡᠳᠦᠷ᠎ᠦᠨ ᠠᠵᠢᠯᠯᠠᠭ᠎ᠠ᠎ᠳᠤ ᠣᠷᠣᠯᠴᠠᠵᠤ᠂ ᠰᠤᠷᠤᠭ᠍ᠴᠢᠳ᠎ᠲᠠᠢ ᠵᠢᠶᠣᠣ ᠢᠦᠢ ᠯᠦ᠍᠎ᠶᠢᠨ ᠵᠣᠷᠢᠭ᠋ ᠰᠠᠨᠠᠭ᠎ᠠ᠎ᠶᠢ ᠰᠤᠷᠤᠯᠴᠠᠬᠤ ᠲᠤᠬᠠᠢ ᠶᠠᠷᠢᠯᠴᠠᠵᠤ᠂ ᠲᠡᠳᠡᠨ᠎ᠢ 《ᠵᠣᠷᠢᠭ᠋ ᠰᠢᠭᠤᠳᠬᠤ ᠨᠢ ᠠᠯᠢᠪᠠ ᠪᠦᠬᠦᠨ᠎ᠢ ᠡᠬᠢᠯᠡᠬᠦᠯᠬᠦ᠎ᠶᠢᠨ ᠤᠷᠢᠲᠠᠯ ᠮᠥᠨ》 ᠭᠡᠵᠦ ᠵᠣᠷᠢᠭ᠍ᠵᠢᠭᠤᠯᠪᠠ᠃

1966 ᠣᠨ᠎ᠳᠤ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠎ᠳᠤ ᠰᠤᠷᠤᠯᠴᠠᠵᠤ ᠪᠠᠢᠭᠰᠠᠨ ᠰᠢ ᠵᠢᠨ ᠫᠢᠩ ᠮᠦ᠍ ᠴᠢᠩ ᠵᠡᠷᠭᠡ ᠨᠥᠬᠥᠳ᠎ᠦᠨ ᠰᠤᠷᠪᠤᠯᠵᠢᠯᠠᠨ ᠪᠢᠴᠢᠭᠰᠡᠨ 《ᠰᠢᠶᠠᠨ᠎ᠤ ᠨᠠᠮ᠎ᠤᠨ ᠬᠤᠷᠢᠶ᠎ᠠ ᠵᠢᠨ ᠱᠦᠵᠢ᠎ᠶᠢᠨ ᠦᠯᠢᠭᠡᠷ ᠳᠠᠭᠤᠷᠢᠶᠠᠯ — ᠵᠢᠶᠣᠣ ᠢᠦᠢ ᠯᠦ᠍》 ᠵᠢ ᠤᠩᠰᠢᠭᠠᠳ ᠭᠦᠨ ᠰᠡᠳᠬᠢᠯ ᠬᠥᠳᠡᠯᠪᠡ᠃ ᠲᠡᠷᠡ ᠡᠷᠭᠢᠴᠡᠭᠦᠯᠬᠦ᠎ᠳᠡᠭᠡᠨ᠄ 《ᠡᠨᠡ ᠬᠦ᠌ ᠶᠠᠪᠤᠳᠠᠯ ᠨᠠᠮ᠎ᠠ᠎ᠶᠢ ᠨᠥᠯᠥᠭᠡᠯᠡᠭᠰᠡᠭᠡᠷ ᠢᠷᠡᠵᠡᠢ᠃ ᠵᠠᠰᠠᠭ᠎ᠤᠨ ᠠᠵᠢᠯ ᠬᠢᠵᠦ᠂ ᠰᠢᠶᠠᠨ᠎ᠤ ᠨᠠᠮ᠎ᠤᠨ ᠬᠤᠷᠢᠶ᠎ᠠ ᠵᠢᠨ ᠱᠦᠵᠢ᠎ᠶᠢᠨ ᠲᠤᠰᠢᠶᠠᠯ᠎ᠢ ᠬᠠᠷᠢᠭᠤᠴᠠᠵᠤ᠂ ᠰᠡᠭᠦᠯᠡᠷ ᠨᠢ ᠶᠡᠷᠦᠩᠬᠡᠢ ᠱᠦᠵᠢ᠎ᠶᠢᠨ ᠲᠤᠰᠢᠶᠠᠯ᠎ᠢ ᠡᠭᠦᠷᠭᠡᠯᠡᠭᠰᠡᠨ ᠬᠦᠷᠲᠡᠯ᠎ᠡ᠂ ᠵᠢᠶᠣᠣ ᠢᠦᠢ ᠯᠦ᠍᠎ᠶᠢᠨ ᠵᠣᠷᠢᠭ᠋ ᠰᠠᠨᠠᠭ᠎ᠠ ᠨᠢ ᠢᠮᠠᠭᠲᠠ ᠬᠡᠷᠡᠯᠳᠦ ᠴᠠᠮᠬᠠᠬ ᠪᠣᠯᠣᠭᠰᠠᠭᠠᠷ ᠢᠷᠡᠵᠠᠢ》 ᠭᠡᠵᠡᠢ᠃

《ᠵᠢᠶᠣᠣ ᠢᠦᠢ ᠯᠦ᠍ ᠨᠥᠬᠥᠷ᠎ᠦᠨ ᠦᠶ᠋ᠯᠡ ᠠᠵᠢᠯᠯᠠᠭ᠎ᠠ᠎ᠶᠢ ᠬᠤᠷᠢᠶᠠᠩᠭᠤᠢᠯᠠᠪᠠᠯ᠂ ᠲᠠᠷᠤᠢ ᠨᠠᠮ᠎ᠢᠶᠠᠨ ᠡᠷᠡᠰ ᠳᠠᠭᠠᠭᠰᠠᠨ ᠶᠠᠪᠤᠳᠠᠯ ᠪᠣᠯᠣᠨ᠎ᠠ᠂ ᠲᠡᠷᠡ ᠨᠠᠰᠤᠨ ᠲᠤᠷᠰᠢᠲᠠ᠎ᠪᠠᠨ ᠨᠠᠮ᠎ᠤᠨ ᠬᠦᠴᠢᠷ ᠵᠣᠪᠠᠭᠤᠷᠢ᠎ᠶᠢ ᠬᠤᠪᠢᠶᠠᠯᠴᠠᠵᠤ᠂ ᠨᠠᠮ᠎ᠤᠨ ᠲᠥᠯᠥᠭᠡ ᠬᠡᠷᠡᠯ ᠭᠢᠯᠪᠠᠭ᠎ᠠ ᠨᠡᠮᠡᠷᠢᠯᠡᠭᠰᠡᠨ ᠶᠤᠮ》᠃ ᠶᠡᠷᠦᠩᠬᠡᠢ ᠱᠦᠵᠢ ᠰᠢ ᠵᠢᠨ ᠫᠢᠩ ᠦᠭᠡ ᠦᠨᠡᠨᠴᠢ ᠰᠡᠳᠬᠢᠯᠭᠡ ᠭᠦᠨ᠎ᠢᠶᠡᠷ ᠰᠤᠷᠤᠭ᠍ᠴᠢᠳ᠎ᠲᠤ᠂ ᠡᠨᠡ ᠬᠦ᠌ ᠤᠭ ᠰᠠᠨᠠᠭ᠎ᠠ᠎ᠪᠠᠨ ᠦᠯᠦ ᠮᠠᠷᠲᠠᠬᠤ ᠪᠣᠯ ᠮᠠᠨ᠎ᠤ ᠤᠯᠤᠰ᠎ᠤᠨ ᠥᠷᠭᠡᠨ ᠤᠯᠠᠨ ᠵᠠᠯᠠᠭᠤᠴᠤᠳ᠎ᠤᠨ ᠤᠯᠤᠰ ᠲᠦᠷᠦ᠎ᠶᠢᠨ ᠰᠣᠩᠭᠣᠯᠲᠠ ᠮᠥᠨ᠂ ᠪᠠᠰᠠ ᠴᠤ᠌ ᠮᠠᠨ᠎ᠤ ᠤᠯᠤᠰ᠎ᠤᠨ ᠥᠷᠭᠡᠨ ᠤᠯᠠᠨ ᠵᠠᠯᠠᠭᠤᠴᠤᠳ᠎ᠤᠨ ᠨᠢᠭᠡ ᠨᠠᠰᠤᠨ᠎ᠤ ᠴᠢᠭᠯᠡᠯ ᠮᠥᠨ ᠭᠡᠵᠦ ᠬᠡᠯᠡᠪᠡ᠃

《ᠵᠣᠷᠢᠭ᠋ ᠰᠢᠭᠤᠳᠬᠤ ᠦᠭᠡᠢ ᠪᠣᠯ ᠳᠡᠯᠡᠬᠡᠢ ᠳ᠋ᠠᠬᠢᠨ᠎ᠳᠤ ᠪᠦᠲᠦᠭᠡᠵᠦ ᠳᠡᠶ᠋ᠢᠯᠬᠦ ᠶᠠᠪᠤᠳᠠᠯ ᠭᠡᠵᠦ ᠠᠯᠠᠭ᠎ᠠ》᠂ ᠶᠡᠷᠦᠩᠬᠡᠢ ᠱᠦᠵᠢ ᠪᠣᠭᠳᠠ ᠮᠡᠷᠭᠡᠳ᠎ᠦᠨ ᠦᠭᠡ᠎ᠶᠢ ᠡᠰᠢᠯᠡᠨ ᠬᠡᠷᠡᠭᠯᠡᠬᠦ ᠪᠤᠯᠭᠠᠨ᠂ 《ᠵᠣᠷᠢᠭ᠋ ᠰᠢᠭᠤᠳᠬᠤ》 ᠵᠢᠨ ᠴᠢᠬᠤᠯᠠ ᠴᠢᠨᠠᠷ᠎ᠢ ᠴᠢᠬᠤᠯᠠᠴᠢᠯᠠᠳᠠᠭ᠃

《ᠬᠡᠷᠪᠡ ᠪᠢᠳᠡ ᠬᠥᠮᠥᠨ ᠲᠥᠷᠥᠯᠬᠢᠲᠡᠨ᠎ᠦ ᠲᠥᠯᠥᠭᠡ ᠬᠠᠮᠤᠭ᠎ᠠᠴᠠ ᠢᠯᠡᠭᠦᠦ ᠠᠵᠢᠯᠯᠠᠵᠤ ᠳᠡᠶ᠋ᠢᠯᠬᠦ ᠠᠵᠢᠯ ᠲᠦᠷᠦᠯ᠎ᠢ ᠰᠣᠩᠭᠣᠪᠠᠯ᠂ ᠬᠦᠨᠳᠦ ᠡᠭᠦᠷᠭᠡ ᠪᠢᠳᠡᠨ᠎ᠢ ᠳᠠᠷᠤᠵᠤ ᠳᠡᠶ᠋ᠢᠯᠬᠦ ᠦᠭᠡᠢ ᠶᠤᠮ᠂ ᠤᠴᠢᠷ ᠨᠢ ᠡᠨᠡ ᠪᠣᠯ ᠤᠯᠠᠨ᠎ᠤ ᠲᠥᠯᠥᠭᠡ ᠭᠠᠷᠭᠠᠭᠰᠠᠨ ᠦᠷᠡᠭᠳᠡᠯ ᠮᠥᠨ》᠂ 《ᠮᠠᠨ᠎ᠤ ᠦᠢᠯᠡᠰ ᠨᠠᠮ ᠵᠢᠮ᠎ᠢᠶᠡᠷ ᠣᠷᠣᠰᠢᠬᠤ ᠪᠣᠯᠣᠨ᠎ᠠ᠂ ᠭᠡᠪᠡᠴᠦ ᠲᠡᠷᠡ ᠨᠢ ᠦᠢᠯᠡᠳᠦᠯ᠎ᠢᠶᠡᠨ ᠡᠭᠦᠷᠢᠳᠡ ᠪᠠᠳᠠᠷᠠᠭᠤᠯᠬᠤ ᠪᠤᠯᠤᠨ᠎ᠠ᠂ ᠬᠠᠷᠢᠨ ᠪᠢᠳᠡᠨ᠎ᠤ ᠴᠢᠨᠳᠠᠷ᠎ᠲᠤ ᠬᠠᠨᠳᠤᠵᠤ᠂ ᠡᠷᠬᠢᠮ ᠳᠡᠭᠡᠳᠦ ᠬᠥᠮᠥᠰ ᠬᠠᠯᠠᠭᠤᠨ ᠨᠢᠯᠪᠤᠰᠤ ᠪᠡᠨ ᠤᠨᠠᠭᠠᠨ᠎ᠠ》᠃ 1835 ᠣᠨ᠎ᠳᠤ᠂ 17 ᠨᠠᠰᠤᠲᠠᠢ ᠮᠠᠷᠺᠰ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ ᠲᠡᠭᠦᠰᠬᠦ ᠵᠣᠬᠢᠶᠠᠯ᠎ᠳᠠᠭᠠᠨ ᠢᠩᠭᠢᠵᠦ ᠪᠢᠴᠢᠵᠡᠢ᠃

ᠮᠠᠷᠺᠰ᠎ᠤᠨ ᠮᠡᠨᠳᠦᠯᠡᠭᠰᠡᠨ 200 ᠵᠢᠯ᠎ᠦᠨ ᠤᠢ᠎ᠶᠢ ᠳᠤᠷᠠᠰᠬᠠᠬᠤ ᠶᠡᠬᠡ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠴᠢᠬᠤᠯᠠ ᠶᠠᠷᠢᠶ᠎ᠠ ᠲᠠᠯᠪᠢᠬᠤ᠎ᠳᠠᠭᠠᠨ 《ᠵᠠᠯᠠᠭᠤᠴᠤᠳ᠎ᠤᠨ ᠠᠵᠢᠯ ᠮᠡᠷᠭᠡᠵᠢᠯ ᠰᠣᠩᠭᠣᠬᠤ ᠦᠶ᠎ᠡ᠎ᠶᠢᠨ ᠪᠣᠳᠣᠯᠬᠢᠯᠠᠯ》 ᠭᠡᠬᠦ ᠵᠣᠬᠢᠶᠠᠯ᠎ᠢ ᠡᠰᠢᠯᠡᠪᠡ᠃ ᠲᠡᠷᠡ᠂ ᠮᠠᠷᠺᠰ ᠨᠢᠭᠡ ᠨᠠᠰᠤᠨ᠎ᠳᠠᠭᠠᠨ ᠭᠡᠰᠦᠨ ᠲᠡᠨᠦᠭᠦᠴᠢᠯᠡᠬᠦ ᠬᠦᠴᠢᠷ ᠵᠣᠪᠠᠭᠤᠷᠢ᠂ ᠶᠠᠳᠠᠭᠤ ᠬᠣᠭᠣᠰᠤᠨ ᠡᠪᠡᠳᠴᠢᠨ ᠵᠣᠪᠠᠯᠠᠩ᠎ᠤᠨ ᠲᠠᠷᠴᠢᠯᠠᠭᠠᠯ᠎ᠢ ᠬᠠᠰᠢᠷᠠᠲᠠᠯ᠎ᠠ ᠠᠮᠰᠠᠭᠰᠠᠨ ᠶᠤᠮ᠂ ᠭᠡᠪᠡᠴᠦ ᠲᠡᠷᠡ ᠤᠭ ᠰᠠᠨᠠᠭ᠎ᠠ᠎ᠪᠠᠨ ᠦᠯᠦ ᠮᠠᠷᠲᠠᠵᠤ᠂ ᠵᠤᠷᠢᠭ ᠰᠢᠭᠤᠳᠤᠨ ᠴᠥᠬᠥᠷᠡᠰᠢ ᠦᠭᠡᠢ ᠲᠡᠮᠡᠴᠡᠵᠦ᠂ ᠬᠥᠮᠥᠨ ᠲᠥᠷᠥᠯᠬᠢᠲᠡᠨ᠎ᠦ ᠴᠢᠯᠦᠭᠡᠯᠡᠯᠲᠡ᠎ᠶᠢᠨ ᠡᠷᠬᠢᠮ ᠳᠡᠭᠡᠳᠦ ᠬᠦᠰᠡᠯᠡᠩ᠎ᠦᠨ ᠲᠥᠯᠥᠭᠡ ᠡᠷᠡᠯᠬᠡᠭᠯᠡᠨ ᠲᠡᠮᠡᠴᠡᠵᠦ᠂ ᠨᠢᠭᠡ ᠨᠠᠰᠤᠨ᠎ᠤ ᠠᠭᠤᠤ ᠶᠡᠬᠡ ᠠᠮᠵᠢᠯᠲᠠ ᠪᠦᠲᠦᠮᠵᠢ ᠵᠢ ᠲᠡᠮᠡᠴᠡᠨ ᠤᠯᠵᠠᠢ᠃

ᠬᠦᠰᠡᠯᠡᠩ ᠢᠲᠡᠭᠡᠯ ᠪᠢᠰᠢᠷᠡᠯ ᠨᠢ ᠢᠷᠡᠭᠡᠳᠦᠢ᠎ᠶᠢᠨ ᠴᠢᠭᠯᠡᠯ᠎ᠢ ᠵᠢᠯᠣᠭᠣᠳᠤᠨ᠎ᠠ᠃ ᠵᠠᠯᠠᠭᠤᠴᠤᠳ ᠠᠯᠤᠰ ᠬᠡᠲᠦ᠎ᠶᠢᠨ ᠬᠦᠰᠡᠯ ᠵᠣᠷᠢᠯᠲᠠ ᠲᠠᠢ ᠪᠠᠢᠵᠤ᠂ ᠡᠷᠡᠯᠬᠡᠭᠯᠡᠨ ᠤᠷᠤᠭᠰᠢᠯᠠᠬᠤ ᠳᠠᠯᠳᠠ ᠬᠦᠴᠦᠨ᠎ᠢᠶᠡᠨ ᠬᠥᠭᠵᠢᠭᠡᠪᠡᠯ᠂ ᠵᠠᠯᠠᠭᠤ ᠨᠠᠰᠤ ᠵᠠᠯᠠᠭᠤᠷ ᠦᠭᠡᠢ ᠵᠠᠪᠢ ᠰᠢᠭ ᠲᠣᠭᠲᠠᠪᠤᠷᠢ ᠦᠭᠡᠢ ᠪᠠᠢᠵᠤ ᠴᠢᠳᠠᠬᠤ ᠦᠭᠡᠢ ᠶᠤᠮ᠃

2014 ᠣᠨ᠎ᠳᠤ᠂ ᠪᠠᠷᠠᠭᠤᠨ ᠣᠷᠣᠨ᠎ᠢ ᠳᠡᠮᠵᠢᠬᠦ ᠰᠤᠷᠭᠠᠨ ᠬᠥᠮᠦᠵᠢᠯ᠎ᠢ ᠳᠡᠮᠵᠢᠬᠦ ᠨᠢᠭᠡ ᠪᠦᠯᠦᠭ ᠲᠡᠭᠦᠰᠬᠦ ᠰᠤᠷᠤᠭ᠍ᠴᠢᠳ᠎ᠤᠨ ᠲᠥᠯᠥᠭᠡᠯᠡᠭᠴᠢ ᠶᠡᠷᠦᠩᠬᠡᠢ ᠱᠦᠵᠢ ᠰᠢ ᠵᠢᠨ ᠫᠢᠩ᠎ᠳᠦ ᠵᠠᠬᠢᠳᠠᠯ ᠪᠢᠴᠢᠵᠦ᠂ ᠳᠤᠷᠠᠲᠠᠶ᠎ᠠ 《ᠤᠯᠠᠭᠠᠨ ᠰᠤᠬᠠᠢ᠂ ᠭᠠᠯᠰᠠᠩ ᠴᠡᠴᠡᠭ》 ᠰᠢᠭ ᠪᠠᠷᠠᠭᠤᠨ ᠣᠷᠣᠨ᠎ᠳᠤ ᠦᠨᠳᠦᠰᠦᠯᠡᠵᠦ᠂ ᠰᠢᠨᠲᠠᠷᠠᠰᠢ ᠦᠭᠡᠢ᠂ ᠬᠦᠴᠢᠷ᠎ᠡᠴᠡ ᠠᠶᠤᠬᠤ ᠦᠭᠡᠢ᠂ ᠡᠭᠡᠯ ᠵᠢᠷ᠎ᠦᠨ ᠬᠥᠮᠥᠨ ᠪᠣᠯᠵᠤ᠂ ᠥᠷᠭᠡᠨ ᠠᠭᠤᠳᠠᠮ ᠨᠤᠲᠤᠭ ᠳᠡᠪᠢᠰᠬᠡᠷ᠎ᠲᠦ ᠬᠢᠵᠠᠭᠠᠯᠠᠰᠢ ᠦᠭᠡᠢ ᠠᠮᠢᠵᠢᠷᠠᠯ᠎ᠤᠨ ᠬᠦᠴᠦᠨ ᠣᠯᠭᠣᠨ᠎ᠠ ᠭᠡᠵᠦ ᠢᠯᠡᠳᠬᠡᠪᠡ᠃ ᠶᠡᠷᠦᠩᠬᠡᠢ ᠱᠦᠵᠢ᠎ᠶᠢᠨ ᠬᠠᠷᠢᠭᠤ ᠵᠠᠬᠢᠳᠠᠯ᠎ᠳᠤ ᠴᠢᠩ ᠦᠨᠡᠨᠴᠢ ᠰᠡᠳᠬᠢᠯᠭᠡ ᠪᠢᠯᠬᠠᠵᠤ᠄《ᠰᠠᠢᠨ ᠬᠦᠪᠡᠭᠦᠳ ᠦᠬᠢᠳ᠎ᠦᠨ ᠬᠦᠰᠡᠯ ᠵᠣᠷᠢᠯᠲᠠ ᠲᠦᠷᠪᠡᠨ ᠵᠦᠭ᠎ᠲᠦ ᠪᠤᠢ᠂ ᠬᠦᠰᠡᠯ ᠵᠣᠷᠢᠭ᠋᠎ᠲᠠᠢ ᠪᠣᠯ ᠡᠷᠡᠮᠡᠬᠡᠢᠯᠡᠨ ᠲᠡᠮᠡᠴᠡᠪᠡᠴᠦ ᠬᠠᠷᠠᠮᠰᠠᠬᠤ ᠦᠭᠡᠢ》 ᠭᠡᠵᠡᠢ᠃

ᠬᠠᠨ ᠭᠠᠷᠤᠳᠢ ᠠᠯᠤᠰ᠎ᠢ ᠵᠤᠷᠢᠨ ᠲᠦᠮᠡᠨ ᠭᠠᠵᠠᠷ᠎ᠢ ᠲᠤᠭᠤᠯᠤᠨ᠎ᠠ᠃ ᠵᠠᠯᠠᠭᠤ ᠨᠠᠰᠤᠨ᠎ᠤ ᠥᠳᠥ ᠵᠢᠭᠦᠷ ᠨᠢ ᠬᠡᠵᠢᠶᠡᠳᠡ ᠴᠠᠭ ᠦᠶ᠎ᠡ᠎ᠲᠠᠢ ᠵᠡᠷᠭᠡ᠎ᠪᠡᠷ ᠤᠷᠤᠭᠰᠢᠯᠠᠵᠤ᠂ ᠵᠠᠯᠠᠭᠤᠴᠤᠳ᠎ᠤᠨ ᠬᠦᠰᠡᠯ ᠵᠣᠷᠢᠭ᠋ ᠨᠢ ᠵᠠᠢᠯᠠᠰᠢ ᠦᠭᠡᠢ ᠤᠯᠤᠰ ᠣᠷᠣᠨ᠎ᠲᠠᠢ ᠰᠡᠳᠭᠢᠯ ᠨᠢᠭᠡᠲᠦᠨ ᠵᠡᠷᠭᠡ᠎ᠪᠡᠷ ᠤᠷᠤᠭᠰᠢᠯᠠᠬᠤ ᠶᠤᠮ᠃

ᠳᠡᠯᠡᠬᠡᠢ ᠳ᠋ᠠᠬᠢᠨ ᠰᠠᠮᠠᠭᠤᠨ ᠲᠡᠪᠵᠢᠶᠡᠨ ᠲᠠᠢ ᠦᠶ᠎ᠡ᠎ᠳᠦ᠂ ᠵᠠᠯᠠᠭᠤᠴᠤᠳ ᠲᠦᠷᠦᠭᠦᠯᠡᠨ ᠰᠡᠬᠡᠭᠡᠷᠡᠵᠦ᠂ ᠭᠠᠷ ᠡᠷᠭᠦᠨ ᠥᠨᠳᠥᠷ ᠬᠠᠰᠬᠢᠷᠴᠤ᠂ ᠤᠴᠢ ᠪᠠᠮᠪᠠᠷ᠎ᠢᠶᠠᠷ ᠦᠷ᠎ᠦᠨ ᠭᠡᠭᠡ᠎ᠶᠢ ᠭᠡᠷᠡᠯᠲᠦᠭᠦᠯᠦᠨ᠎ᠡ; ᠣᠷᠭᠢᠯᠤᠮ᠎ᠠ ᠬᠠᠯᠠᠭᠤᠨ ᠰᠡᠳᠬᠢᠯᠭᠡ ᠪᠢᠯᠬᠠᠭᠰᠠᠨ ᠣᠨ ᠰᠠᠷ᠎ᠠ ᠪᠣᠯ ᠵᠠᠯᠠᠭᠤᠴᠤᠳ᠎ᠤᠨ《 ᠤᠷᠢ ᠵᠠᠯᠠᠭᠤ ᠨᠠᠰᠤ᠎ᠪᠠᠨ ᠡᠬᠡ ᠤᠯᠤᠰ᠎ᠲᠠᠭᠠᠨ ᠵᠣᠷᠢᠭᠤᠯᠬᠤ》 ᠣᠮᠣᠭ ᠵᠣᠷᠢᠭ᠋ ᠪᠠᠢᠵᠤ᠂ 《ᠰᠢᠨᠵᠢᠯᠡᠬᠦ ᠤᠬᠠᠭᠠᠨ ᠲᠡᠢᠰᠢ ᠤᠷᠤᠭᠰᠢᠯᠠᠵᠤ᠂ ᠬᠦᠴᠢᠷ ᠪᠡᠷᠬᠡᠰᠢᠶᠡᠯ ᠲᠡᠢᠰᠢ ᠤᠷᠤᠭᠰᠢᠯᠠᠵᠤ᠂ ᠡᠵᠡᠭᠦᠢ ᠲᠠᠯ᠎ᠠ ᠲᠡᠢᠰᠢ ᠤᠷᠤᠭᠰᠢᠯᠠᠬᠤ》 ᠪᠡᠷ ᠵᠤᠷᠢᠭ ᠰᠢᠭᠤᠳᠤᠭᠰᠠᠨ ᠶᠠᠪᠤᠳᠠᠯ ᠪᠤᠯᠤᠨ᠎ᠠ; ᠬᠠᠭᠤᠴᠢᠨ᠎ᠢ ᠥᠭᠡᠷᠡᠴᠢᠯᠡᠵᠦ ᠰᠢᠨ᠎ᠡ᠎ᠶᠢ ᠪᠠᠶ᠋ᠢᠭᠤᠯᠬᠤ ᠴᠠᠭ ᠦᠶ᠎ᠡ᠎ᠪᠤᠯ᠂ ᠵᠠᠯᠠᠭᠤᠴᠤᠳ᠎ᠤᠨ ᠵᠣᠷᠢᠭ᠍ᠲᠠᠢ᠎ᠪᠠᠷ ᠥᠭᠡᠷᠡᠴᠢᠯᠡᠯᠲᠡ᠎ᠶᠢᠨ ᠭᠠᠪᠰᠢᠭᠠᠢᠯᠠᠭ᠍ᠴᠢ ᠪᠣᠯᠵᠤ᠂ ᠬᠡᠪ ᠰᠤᠷᠲᠠᠯ᠎ᠢ ᠡᠭᠦᠳᠴᠦ᠂ 《ᠪᠦᠯᠬᠦᠮᠳᠡᠵᠡᠭᠡᠵᠦ᠂ ᠳᠤᠮᠳᠠᠳᠤ᠎ᠪᠠᠨ ᠮᠠᠨᠳᠤᠭᠤᠯᠬᠤ》 ᠬᠦᠴᠦᠷᠬᠡᠭ ᠲᠠᠭᠤᠨ᠎ᠢ ᠬᠠᠩᠭᠢᠨᠠᠭᠤᠯᠤᠭᠰᠠᠨ ᠶᠠᠪᠤᠳᠠᠯ ᠪᠤᠯᠤᠨ᠎ᠠ᠃

ᠬᠠᠭᠤᠴᠢᠨ ᠳᠤᠮᠳᠠᠳᠤ ᠤᠯᠤᠰ᠎ᠡᠴᠡ ᠰᠢᠨ᠎ᠡ ᠳᠤᠮᠳᠠᠳᠤ ᠤᠯᠤᠰ ᠬᠦᠷᠲᠡᠯ᠎ᠡ᠂ ᠰᠢᠨ᠎ᠡ ᠵᠠᠯᠠᠭᠤᠴᠤᠳ᠎ᠡᠴᠡ ᠰᠢᠨ᠎ᠡ ᠴᠠᠭ ᠦᠶ᠎ᠡ᠎ᠶᠢᠨ ᠵᠠᠯᠠᠭᠤᠴᠤᠳ ᠬᠦᠷᠲᠡᠯ᠎ᠡ᠂ ᠵᠠᠭᠤᠨ ᠵᠢᠯ ᠤᠷᠤᠭᠤᠳᠠᠵᠤ ᠪᠠᠢᠭᠰᠠᠨ᠎ᠡᠴᠡ᠎ᠪᠠᠨ ᠰᠡᠷᠭᠦᠨ ᠮᠠᠨᠳᠤᠯᠲᠠ ᠲᠡᠢᠰᠢ ᠤᠷᠤᠭᠰᠢᠯᠠᠬᠤ ᠬᠦᠷᠲᠡᠯ᠎ᠡ᠂ ᠨᠢᠭᠡ ᠦᠶ᠎ᠡ᠎ᠶᠢᠨ ᠬᠥᠮᠥᠰ᠎ᠲᠦ ᠨᠢᠭᠡ ᠦᠶ᠎ᠡ᠎ᠶᠢᠨ ᠬᠥᠮᠥᠰ᠎ᠦᠨ ᠤᠴᠠᠷᠠᠯ ᠲᠣᠬᠢᠶᠠᠯ᠎ᠲᠠᠢ᠂ ᠨᠢᠭᠡ ᠦᠶ᠎ᠡ᠎ᠶᠢᠨ ᠬᠥᠮᠥᠰ᠎ᠲᠦ ᠨᠢᠭᠡ ᠦᠶ᠎ᠡ᠎ᠶᠢᠨ ᠬᠥᠮᠥᠰ᠎ᠦᠨ ᠬᠠᠷᠢᠭᠤᠴᠠᠯᠭ᠎ᠠ ᠡᠭᠦᠷᠭᠡᠯᠡᠯ᠎ᠲᠠᠢ ᠶᠤᠮ᠃

《ᠪᠢᠳᠡᠨ᠎ᠳᠦ ᠲᠤᠯᠭᠠᠷᠠᠵᠤ ᠪᠠᠢᠭ᠎ᠠ ᠰᠢᠨ᠎ᠡ ᠴᠠᠭ ᠦᠶ᠎ᠡ ᠪᠣᠯ ᠣᠢᠷ᠎ᠠ ᠦᠶ᠎ᠡ᠎ᠡᠴᠡ ᠨᠠᠭᠠᠰᠢᠬᠢ ᠳᠤᠮᠳᠠᠳᠤ᠎ᠶᠢᠨ ᠦᠨᠳᠦᠰᠦᠲᠡᠨ᠎ᠦ ᠬᠥᠭᠵᠢᠯᠲᠡ᠎ᠶᠢᠨ ᠬᠠᠮᠤᠭ᠎ᠤᠨ ᠰᠠᠢᠨ ᠴᠠᠭ ᠦᠶ᠎ᠡ ᠪᠣᠯᠬᠤ ᠪᠥᠭᠡᠳ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ ᠬᠠᠮᠤᠭ᠎ᠤᠨ ᠵᠠᠩᠭᠢᠯᠠᠭ᠎ᠠ᠎ᠶᠢᠨ ᠴᠠᠭ ᠦᠶ᠎ᠡ ᠪᠣᠯᠣᠨ᠎ᠠ》᠃

ᠤᠷᠢ ᠵᠠᠯᠠᠭᠤ ᠨᠠᠰᠤ᠎ᠪᠠᠨ ᠠᠯᠲᠠᠨ ᠰᠢᠷᠭᠠᠯ ᠴᠠᠭ ᠦᠶ᠎ᠡ᠎ᠳᠦ ᠵᠣᠷᠢᠭᠤᠯᠤᠨ᠎ᠠ᠃ ᠶᠡᠷᠦᠩᠬᠡᠢ ᠱᠦᠵᠢ ᠰᠢ ᠵᠢᠨ ᠫᠢᠩ᠎ᠦᠨ ᠬᠦᠰᠡᠯ ᠨᠠᠶ᠋ᠢᠳᠠᠯᠭ᠎ᠠ ᠨᠢ ᠬᠥᠮᠥᠰ᠎ᠢ ᠵᠣᠷᠢᠭ᠍ᠵᠢᠭᠤᠯᠤᠨ᠎ᠠ᠄《ᠵᠠᠯᠠᠭᠤᠴᠤᠳ ᠡᠷᠡᠯᠬᠡᠭ ᠵᠣᠷᠢᠭ᠋᠎ᠢ ᠡᠪᠦᠷᠯᠡᠨ ᠭᠠᠪᠢᠶ᠎ᠠ ᠪᠠᠶ᠋ᠢᠭᠤᠯᠬᠤ ᠨᠢ ᠶᠠᠭ ᠴᠠᠭ᠎ᠲᠠᠭᠠᠨ ᠲᠣᠬᠢᠶᠠᠯᠳᠤᠵᠤ ᠪᠤᠢ᠂ ᠡᠨᠡ ᠦᠶ᠎ᠡ᠎ᠳᠦ ᠬᠦᠴᠦᠯᠡᠨ ᠲᠡᠮᠡᠴᠡᠬᠦ ᠦᠭᠡᠢ ᠪᠣᠯ ᠶᠠᠮᠠᠷ ᠴᠠᠭ ᠦᠶ᠎ᠡ᠎ᠶᠢ ᠬᠦᠯᠢᠶᠡᠬᠦ ᠪᠤᠢ᠂ ᠡᠢᠨ ᠬᠦ᠌ ᠬᠠᠷᠢᠭᠤᠴᠠᠯᠭ᠎ᠠ ᠡᠭᠦᠷᠭᠡᠯᠡᠯ᠂ ᠪᠢ ᠬᠢᠬᠦ ᠦᠭᠡᠢ ᠥᠭᠡᠷ᠎ᠡ ᠬᠡᠨ ᠬᠢᠬᠦ ᠪᠤᠢ!》᠃

2020 ᠣᠨ᠎ᠤ 9 ᠰᠠᠷ᠎ᠠ᠎ᠳᠤ᠂ ᠶᠡᠷᠦᠩᠬᠡᠢ ᠱᠦᠵᠢ ᠰᠢ ᠵᠢᠨ ᠫᠢᠩ ᠪᠣᠷᠣᠭᠠᠨ᠎ᠤ ᠳᠤᠮᠳᠠ ᠬᠤᠨᠠᠨ ᠶᠡᠬᠡ ᠰᠤᠷᠭᠠᠭᠤᠯᠢ᠎ᠶᠢᠨ ᠶᠤᠸᠠᠢ ᠯᠦ᠍ ᠪᠢᠴᠢᠭ᠎ᠦᠨ ᠬᠦᠷᠢᠶᠡᠯᠡᠩ᠎ᠳᠦ ᠬᠦᠷᠪᠡ᠃

ᠶᠡᠷᠦᠩᠬᠡᠢ ᠱᠦᠵᠢ ᠢᠷᠡᠭᠰᠡᠨ᠎ᠢ ᠰᠣᠨᠣᠰᠤᠭᠠᠳ ᠵᠠᠯᠠᠭᠤ ᠰᠤᠷᠤᠭ᠍ᠴᠢᠳ ᠨᠣᠮ᠎ᠤᠨ ᠰᠠᠩ᠂ ᠬᠢᠴᠢᠶᠡᠯ᠎ᠦᠨ ᠭᠡᠷ᠂ ᠲᠤᠷᠰᠢᠯᠲᠠ᠎ᠶᠢᠨ ᠲᠠᠰᠤᠭ᠎ᠡᠴᠡ ᠬᠦᠷᠦᠯᠴᠡᠨ ᠢᠷᠡᠵᠦ᠂ ᠶᠣᠰᠣᠯᠠᠯ᠎ᠤᠨ ᠲᠠᠩᠬᠢᠮ᠎ᠤᠨ ᠡᠮᠦᠨ᠎ᠡ ᠲᠠᠯ᠎ᠠ᠎ᠳᠤ ᠴᠤᠭᠯᠠᠷᠠᠵᠤ᠂ ᠪᠠᠶᠠᠷᠯᠠᠯᠳᠤᠨ ᠭᠦᠯᠢᠶᠡᠵᠡᠭᠡᠪᠡ᠃

ᠡᠨᠡ ᠬᠦ᠌ ᠪᠠᠢᠳᠠᠯ᠎ᠢ ᠶᠡᠷᠦᠩᠬᠡᠢ ᠱᠦᠵᠢ ᠰᠢ ᠵᠢᠨ ᠫᠢᠩ ᠦᠵᠡᠭᠡᠳ᠄《〈 ᠴᠦ᠋ ᠤᠯᠤᠰ ᠡᠴᠡ ᠡᠷᠳᠡᠮᠲᠡᠨ ᠴᠢᠳᠠᠪᠤᠷᠢᠲᠠᠨ ᠴᠤᠯᠭᠤᠷᠠᠨ ᠭᠠᠷᠴᠤ ᠶᠤᠸᠠᠢ ᠯᠤ᠌ ᠪᠢᠴᠢᠭ᠎ᠤᠨ ᠬᠦᠷᠢᠶᠡᠯᠡᠨᠭ ᠨᠡᠨᠭ ᠴᠤ᠌ ᠡᠷᠳᠡᠮᠲᠡᠨ ᠮᠡᠷᠭᠡᠨ ᠴᠤᠭᠯᠠᠷᠠᠭᠰᠠᠨ ᠭᠠᠵᠠᠷ ᠪᠤᠯᠤᠮᠤᠢ〉》᠂ 《ᠮᠠᠨ᠎ᠤ ᠬᠣᠶᠠᠳᠤᠭᠠᠷ ᠵᠠᠭᠤᠨ ᠵᠢᠯ᠎ᠤᠨ ᠬᠠᠷᠠᠯᠲᠠ ᠬᠦᠷᠲᠡᠯ᠎ᠡ᠂ ᠪᠠᠰᠠ 30 ᠵᠢᠯ ᠪᠠᠢᠨ᠎ᠠ᠂ ᠲᠠ ᠨᠠᠷ ᠡᠨᠡ ᠬᠦ᠌ ᠴᠠᠭ ᠦᠶ᠎ᠡ᠎ᠶᠢᠨ ᠪᠤᠤᠬᠢᠶ᠎ᠠ ᠳᠠᠮᠵᠢᠭᠤᠯᠬᠤ ᠭᠣᠣᠯᠯᠠᠭ᠍ᠴᠢ ᠬᠦᠴᠦᠨ ᠪᠣᠯᠬᠤ ᠶᠣᠰᠣᠲᠠᠢ》 ᠭᠡᠵᠦ ᠰᠡᠳᠬᠢᠯ ᠳᠤᠭᠳᠤᠯᠤᠨ ᠬᠡᠯᠡᠪᠡ᠃

ᠶᠡᠷᠦᠩᠬᠡᠢ ᠱᠦᠵᠢ ᠤᠯᠠᠨ ᠤᠳᠠᠭ᠎ᠠ ᠰᠤᠷᠭᠠᠭᠤᠯᠢ᠎ᠶᠢᠨ ᠬᠦᠷᠢᠶᠡᠨ᠎ᠳᠦ ᠣᠷᠣᠵᠤ᠂ ᠵᠠᠯᠠᠭᠤᠴᠤᠳ᠎ᠲᠠᠢ ᠬᠠᠮᠲᠤ ᠨᠢᠭᠡ ᠲᠠᠩᠬᠢᠮ᠎ᠳᠤ ᠴᠤᠭᠯᠠᠷᠠᠵᠤ᠂ 《ᠴᠠᠭ᠎ᠤᠨ ᠰᠠᠢᠬᠠᠨ᠎ᠳᠦ ᠲᠠᠭᠠᠷᠠᠭᠰᠠᠨ》 ᠲᠤᠬᠠᠢ ᠠᠭᠤᠵᠢᠷᠠᠲᠠᠯ᠎ᠠ ᠶᠠᠷᠢᠯᠴᠠᠵᠤ᠂ 《ᠡᠭᠦᠨ᠎ᠦ ᠲᠥᠯᠥᠭᠡ ᠲᠡᠮᠡᠴᠡᠭᠡᠷᠡᠢ》 ᠭᠡᠵᠦ ᠵᠣᠷᠢᠭ᠍ᠵᠢᠭᠤᠯᠵᠤ᠂ ᠵᠠᠯᠠᠭᠤ ᠨᠠᠰᠤᠨ᠎ᠤ ᠬᠦᠰᠡᠯ ᠵᠡᠭᠦᠳᠦ᠎ᠵᠢᠨ ᠡᠬᠡ ᠭᠠᠵᠠᠷ᠎ᠲᠤ ᠦᠨᠳᠦᠰᠦᠯᠡᠵᠦ᠂ ᠴᠠᠭ ᠦᠶ᠎ᠡ᠎ᠳ᠋ᠤ ᠦᠶᠡᠯᠡᠬᠦ ᠲᠠᠭᠤᠨ᠎ᠢ ᠰᠤᠨᠤᠰᠪᠠ᠃

2018 ᠣᠨ᠎ᠤ ᠲᠠᠪᠤᠨ ᠰᠠᠷ᠎ᠠ᠎ᠶᠢᠨ ᠲᠦᠷᠪᠡᠨ᠎ᠡᠴᠡ ᠡᠮᠦᠨᠡᠬᠡᠨ᠂ ᠪᠡᠭᠡᠵᠢᠩ ᠶᠡᠬᠡ ᠰᠤᠷᠭᠠᠭᠤᠯᠢ᠎ᠶᠢᠨ ᠰᠤᠷᠤᠬ᠍ᠴᠢ ᠰᠦᠩ ᠰᠢ ᠶᠠᠷᠢᠯᠴᠠᠬᠤ ᠬᠤᠷᠠᠯ ᠳᠡᠭᠡᠷ᠎ᠡ ᠶᠡᠷᠦᠩᠬᠡᠢ ᠱᠦᠵᠢ ᠰᠢ ᠵᠢᠨ ᠫᠢᠩ᠎ᠳᠦ ᠥᠪᠡᠷ᠎ᠦᠨ ᠴᠡᠷᠢᠭ᠎ᠲᠦ ᠣᠷᠣᠵᠤ ᠠᠷᠠᠳ᠎ᠤᠨ ᠬᠡᠦᠬᠡᠳ ᠳᠡᠭᠦᠦ ᠨᠠᠷ ᠴᠡᠷᠢᠭ ᠪᠣᠯᠤᠭᠰᠠᠨ ᠥᠩᠭᠡᠷᠡᠯᠲᠡ ᠪᠠ ᠲᠥᠷᠥᠭᠳᠡᠯ᠎ᠢᠶᠡᠨ ᠬᠠᠷᠢᠭᠤ ᠮᠡᠳᠡᠭᠦᠯᠪᠡ᠃

ᠲᠡᠷᠡ᠂ ᠨᠣᠮ ᠤᠩᠰᠢᠵᠦ ᠪᠠᠢᠬᠤ ᠳ᠋ᠠᠭᠠᠨ 《ᠲᠣᠭᠣᠰᠣᠲᠤ ᠶᠢᠷᠲᠢᠨᠴᠦ ᠳ᠋ᠦ᠍ᠷ ᠬᠦᠷᠴᠦ᠂ ᠤᠯᠠᠨ᠎ᠲᠠᠢ ᠬᠠᠮᠲᠤ ᠭᠤᠨᠢᠭ᠍ᠯᠠᠨ ᠪᠠᠶᠠᠰᠴᠤ ᠶᠠᠪᠤᠬᠤᠶ᠎ᠠ᠂ ᠰᠠᠶᠢ ᠡᠭᠡᠯ ᠶᠢᠷᠲᠢᠨᠴᠦ᠎ᠵᠢᠨ ᠥᠭᠡᠷ᠎ᠡ ᠨᠢᠭᠡᠨ ᠶᠠᠨᠭᠵᠦ ᠲᠦᠷᠬᠦ ᠵᠢ ᠤᠯᠵᠤ ᠬᠠᠷᠠᠮᠤᠢ》 ᠭᠡᠬᠦ ᠪᠠᠳᠠᠭ᠎ᠢ ᠤᠩᠰᠢᠭᠠᠳ ᠮᠠᠰᠢ ᠰᠡᠳᠬᠢᠯ ᠬᠥᠳᠡᠯᠪᠡ ᠭᠡᠵᠡᠢ᠃ ᠶᠡᠷᠦᠩᠬᠡᠢ ᠱᠦᠵᠢ᠂ ᠡᠨᠡ ᠪᠣᠯ ᠨᠢᠭᠡᠨ ᠠᠬᠠᠮᠠᠳ ᠬᠤᠪᠢᠰᠬᠠᠯᠴᠢ᠎ᠶᠢᠨ ᠪᠢᠴᠢᠭᠰᠡᠨ ᠰᠢᠯᠦᠭ ᠪᠣᠯᠣᠨ᠎ᠠ᠂ ᠲᠡᠷᠡ ᠵᠠᠯᠠᠭᠤ᠎ᠳᠠᠭᠠᠨ ᠡᠨᠡ ᠰᠢᠯᠦᠭ᠎ᠢ ᠤᠩᠰᠢᠭᠠᠳ ᠪᠠᠰᠠ ᠮᠠᠰᠢ ᠰᠡᠳᠬᠢᠯ ᠬᠥᠳᠡᠯᠦᠭᠰᠡᠨ ᠶᠤᠮ᠂ ᠡᠨᠡ ᠦᠭᠡ ᠨᠢ ᠲᠡᠭᠦᠨ ᠲᠠᠢ ᠬᠠᠮᠲᠤ ᠪᠡᠷ ᠰᠡᠬᠡᠭᠡᠲᠡᠨ ᠵᠠᠯᠠᠭᠤᠴᠤᠳ᠎ᠤᠨ ᠣᠨ ᠰᠠᠷ᠎ᠠ᠎ᠶᠢ ᠥᠩᠭᠡᠷᠡᠭᠦᠯᠵᠡᠢ ᠭᠡᠵᠦ ᠬᠠᠷᠢᠭᠤᠯᠪᠠ᠃

《ᠮᠠᠨ᠎ᠤ ᠤᠷᠤᠰᠢᠨ ᠲᠤᠭᠲᠠᠨᠢᠵᠤ ᠪᠠᠢᠭ᠎ᠠ ᠡᠨᠡ ᠬᠦ᠌ ᠬᠤᠪᠢᠯᠭᠠᠨ ᠣᠷᠣᠨ᠎ᠤ ᠥᠩ ᠰᠢᠮᠡᠯᠢᠭ ᠬᠥᠷᠥᠰᠥ ᠰᠢᠷᠣᠢ ᠲᠠᠪᠤᠨ ᠮᠢᠩᠭ᠎ᠠ ᠭᠠᠷᠤᠢ ᠵᠢᠯ᠎ᠦᠨ ᠳᠤᠮᠳᠠᠳᠤ᠎ᠶᠢᠨ ᠪᠣᠯᠪᠠᠰᠤᠨ᠎ᠢ ᠪᠤᠢ ᠪᠣᠯᠭᠠᠵᠤ᠂ ᠡᠷᠢᠨ ᠵᠠᠭᠤᠨ᠎ᠤ ᠭᠠᠢᠬᠠᠮᠰᠢᠭ᠍ᠲᠤ ᠣᠨ ᠰᠠᠷ᠎ᠠ᠎ᠶᠢ ᠭᠡᠷᠡᠴᠢᠯᠡᠪᠡ᠂ ᠡᠬᠡ ᠤᠯᠤᠰ᠎ᠤᠨ ᠠᠭᠤᠯᠠ ᠤᠰᠤ᠂ ᠡᠪᠡᠰᠦ ᠮᠣᠳᠣ᠌ ᠪᠣᠯᠭᠠᠨ᠎ᠳᠤ ᠴᠥᠮ ᠨᠢᠭᠡ ᠵᠦᠢᠯ᠎ᠤᠨ ᠵᠣᠷᠢᠭ᠋ ᠰᠠᠨᠠᠭ᠎ᠠ᠂ ᠨᠢᠭᠡ ᠵᠦᠢᠯ᠎ᠤᠨ ᠬᠦᠴᠦᠨ ᠴᠢᠳᠠᠯ ᠠᠭᠤᠯᠤᠭᠳᠠᠵᠤ ᠪᠠᠢᠨ᠎ᠠ》᠃

2022 ᠣᠨ᠎ᠤ 4 ᠰᠠᠷ᠎ᠠ᠎ᠳᠤ᠂ ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭᠠᠭᠤᠯᠢ᠎ᠶᠢᠨ ᠪᠠᠭ᠍ᠰᠢ ᠰᠤᠷᠤᠭ᠍ᠴᠢᠳ᠎ᠤᠨ ᠲᠥᠯᠥᠭᠡᠯᠡᠭᠴᠢᠳ᠎ᠲᠠᠢ ᠶᠠᠷᠢᠯᠴᠠᠬᠤ᠎ᠳᠠᠭᠠᠨ᠂ ᠶᠡᠷᠦᠩᠬᠡᠢ ᠱᠦᠵᠢ ᠰᠢ ᠵᠢᠨ ᠫᠢᠩ ᠵᠠᠯᠠᠭᠤ᠎ᠶᠢᠨ ᠦᠶ᠎ᠡ᠎ᠶᠢᠨ ᠥᠩᠭᠡᠷᠡᠯᠲᠡ᠎ᠪᠡᠨ ᠡᠷᠭᠢᠴᠡᠭᠦᠯᠵᠦ᠂ ᠥᠷᠭᠡᠨ ᠤᠯᠠᠨ ᠵᠠᠯᠠᠭᠤᠴᠤᠳ᠎ᠢ 《ᠬᠥᠯ᠎ᠢᠶᠡᠷ᠎ᠢᠶᠡᠨ ᠡᠬᠡ ᠤᠯᠤᠰ᠎ᠤᠨ ᠡᠬᠡ ᠭᠠᠵᠠᠷ᠎ᠢ ᠬᠡᠮᠵᠢᠵᠦ᠂ ᠨᠢᠳᠦ᠎ᠪᠡᠷ᠎ᠢᠶᠡᠨ ᠳᠤᠮᠳᠠᠳᠤ ᠤᠯᠤᠰ᠎ᠤᠨ ᠵᠣᠷᠢᠭ᠋ ᠰᠠᠨᠠᠭ᠎ᠠ᠎ᠶᠢ ᠢᠯᠡᠷᠡᠭᠦᠯᠵᠦ᠂ ᠴᠢᠬᠢ᠎ᠪᠡᠷ᠎ᠢᠶᠡᠨ ᠠᠷᠠᠳ ᠲᠦᠮᠡᠨ᠎ᠦ ᠬᠦᠰᠡᠯ ᠱᠠᠭᠠᠷᠳᠠᠯᠭ᠎ᠠ᠎ᠶᠢ ᠰᠣᠨᠣᠰᠴᠤ᠂ ᠳᠣᠲᠣᠭᠠᠳᠤ ᠰᠡᠳᠬᠢᠯ᠎ᠢᠶᠡᠷ᠎ᠢᠶᠡᠨ ᠴᠠᠭ ᠦᠶ᠎ᠡ᠎ᠶᠢᠨ ᠰᠤᠳᠠᠰᠤ᠎ᠶᠢ ᠮᠡᠳᠡᠷᠡᠵᠦ᠂ ᠡᠬᠡ ᠤᠯᠤᠰ᠎ᠲᠠᠢ ᠪᠠᠨ ᠴᠢᠰᠤ ᠮᠢᠬᠠᠨ᠎ᠤ ᠪᠠᠷᠢᠯᠳᠤᠯᠭ᠎ᠠ ᠲᠠᠢ ᠪᠠᠢᠬᠤ᠂ ᠠᠷᠠᠳ ᠲᠦᠮᠡᠨ᠎ᠲᠠᠢ ᠠᠮᠢᠰᠬᠤᠭ᠎ᠠ᠎ᠪᠠᠨ ᠨᠢᠭᠡᠳᠬᠡᠵᠦ ᠬᠤᠪᠢ ᠵᠠᠶᠠᠭ᠎ᠠ᠎ᠪᠠᠨ ᠬᠠᠮᠲᠤᠳᠬᠠᠬᠤ ᠬᠠᠢᠷ᠎ᠠ ᠰᠡᠳᠬᠢᠯᠭᠡ᠎ᠪᠡᠨ ᠰᠤᠷᠤᠯᠭ᠎ᠠ᠎ᠶᠢᠨ ᠪᠦᠬᠦ ᠶᠠᠪᠤᠴᠠ᠎ᠳᠤ ᠲᠤᠭᠤᠰᠢᠯᠠᠭᠤᠯᠵᠤ᠂ ᠠᠵᠢᠯ ᠦᠢᠯᠡᠰ᠎ᠦᠨ ᠬᠥᠭᠡᠭᠡᠴᠡᠯᠳᠦᠯ᠎ᠳᠡᠭᠡᠨ ᠠᠭᠤᠰᠤᠯᠴᠠᠭᠤᠯᠬᠤ ᠬᠡᠷᠡᠭᠲᠡᠢ》 ᠭᠡᠵᠦ ᠭᠦᠨ ᠰᠡᠳᠬᠢᠯᠭᠡ᠎ᠲᠠᠢ᠎ᠪᠡᠷ ᠵᠠᠬᠢᠪᠠ᠃

ᠵᠠᠯᠠᠭᠤ ᠨᠠᠰᠤᠨ ᠳ᠋ᠠᠭᠠᠨ ᠬᠡᠷᠬᠢᠨ ᠣᠰᠣᠯᠳᠠᠵᠤ ᠪᠤᠯᠬᠤ ᠪᠤᠢ᠂ ᠬᠥᠮᠥᠨ᠎ᠦ ᠠᠮᠢᠳᠤᠷᠠᠯ ᠳ᠋ᠤ ᠬᠡᠷᠬᠢᠨ ᠬᠠᠷᠠᠮᠰᠠᠯ ᠦᠯᠡᠳᠡᠭᠡᠵᠦ ᠪᠤᠯᠬᠤ ᠪᠤᠢ? ᠭᠡᠷ ᠪᠦᠯᠢ ᠪᠤᠯᠤᠨ ᠤᠯᠤᠰ ᠤᠷᠤᠨ᠂ ᠬᠤᠪᠢ ᠬᠦᠮᠦᠨ ᠪᠤᠯᠤᠨ ᠬᠠᠮᠲᠤ ᠨᠡᠢᠲᠡ᠂ ᠬᠥᠮᠥᠨ᠎ᠦ ᠠᠮᠢᠳᠤᠷᠠᠯ᠎ᠤᠨ ᠤᠴᠠᠷᠠᠯ ᠳᠤᠬᠢᠶᠠᠯ ᠪᠤᠯᠤᠨ ᠴᠠᠭ ᠦᠶ᠎ᠡ᠎ᠶᠢᠨ ᠡᠭᠦᠷᠭᠡ ᠬᠠᠷᠢᠭᠤᠴᠠᠯᠭ᠎ᠠ ᠰᠣᠯᠪᠢᠴᠠᠵᠤ᠂ 《ᠬᠤᠯᠠ᠎ᠵᠢᠨ ᠬᠠᠷᠠᠴᠠ ᠪᠠᠢᠮᠠᠨᠵᠢᠨ ᠰᠠᠶᠢ ᠶᠡᠬᠡ ᠵᠢ ᠪᠦᠲᠦᠭᠡᠵᠦ ᠳᠡᠢᠯᠦᠮᠤᠢ》 ᠭᠡᠳᠡᠭ ᠬᠤᠪᠢᠰᠤᠩᠭᠤᠢ ᠠᠷᠭ᠎ᠠ ᠠᠭᠤᠯᠤᠭᠳᠠᠵᠤ ᠪᠠᠢᠨ᠎ᠠ᠃

ᠶᠠᠭ ᠯᠢ ᠳᠡ ᠵᠤᠤ᠎ᠶᠢᠨ 《ᠵᠠᠯᠠᠭᠤ ᠨᠠᠰᠤ》 ᠭᠡᠬᠦ ᠵᠣᠬᠢᠶᠠᠯ᠎ᠳᠤ ᠬᠡᠯᠡᠭᠰᠡᠨᠴᠢᠯᠡᠨ᠄ 《ᠤᠷᠢ ᠵᠠᠯᠠᠭᠤ ᠨᠠᠰᠤ᠎ᠪᠠᠷ᠎ᠢᠶᠠᠨ ᠤᠷᠢ ᠵᠠᠯᠠᠭᠤ ᠭᠡᠷ ᠪᠦᠯᠢ᠂ ᠤᠷᠢ ᠵᠠᠯᠠᠭᠤ ᠤᠯᠤᠰ ᠣᠷᠣᠨ᠂ ᠤᠷᠢ ᠵᠠᠯᠠᠭᠤ ᠦᠨᠳᠦᠰᠦᠲᠡᠨ᠂ ᠤᠷᠢ ᠵᠠᠯᠠᠭᠤ ᠬᠥᠮᠥᠨ ᠲᠥᠷᠥᠯᠬᠢᠲᠡᠨ᠂ ᠤᠷᠢ ᠵᠠᠯᠠᠭᠤ ᠳᠡᠯᠡᠬᠡᠢ᠎ᠶᠢᠨ ᠪᠥᠮᠪᠥᠷᠴᠡᠭ᠂ ᠤᠷᠢ ᠵᠠᠯᠠᠭᠤ ᠣᠷᠴᠢᠯᠠᠩ᠎ᠢ ᠡᠭᠦᠳᠦᠨ ᠪᠠᠢᠭᠤᠯᠵᠤ᠂ ᠬᠤᠪᠢ ᠨᠡᠮᠡᠷᠢ ᠦᠵᠡᠭᠦᠯᠬᠦ ᠪᠡᠷ ᠳᠠᠮᠵᠢᠨ ᠬᠢᠵᠠᠭᠠᠷ ᠦᠭᠡᠢ ᠪᠠᠶᠠᠷ ᠪᠠᠬᠠᠳᠤᠯ᠎ᠢ ᠡᠷᠢᠯᠬᠢᠯᠡᠵᠦ ᠠᠮᠢᠳᠤᠷᠠᠯ ᠳ᠋ᠤ ᠤᠳᠬ᠎ᠠ ᠠᠭᠤᠯᠭ᠎ᠠ ᠨᠡᠮᠡᠷᠢᠯᠡᠨ᠎ᠡ》᠃

ᠲᠤᠬᠠᠢ᠎ᠶᠢᠨ ᠵᠢᠯ ᠲᠠᠴᠢᠷ ᠨᠢᠮᠭᠡᠨ ᠰᠢᠷ᠎ᠠ ᠬᠥᠷᠥᠰᠥᠨ ᠳᠡᠭᠡᠷ᠎ᠡ᠂ ᠲᠥᠭᠡᠷᠢᠭᠳᠡᠯ᠂ ᠡᠷᠡᠭᠡᠯᠵᠡᠯ᠎ᠢᠶᠡᠨ ᠲᠠᠶᠠᠭᠳᠠᠵᠤ ᠢᠲᠡᠭᠡᠯ ᠲᠡᠭᠦᠯᠳᠡᠷ ᠪᠠᠢᠪᠠ; ᠵᠠᠯᠠᠭᠤ᠎ᠳᠠᠭᠠᠨ ᠮᠠᠷᠺᠰ ᠯᠧᠨᠢᠨ᠎ᠦ ᠦᠵᠡᠯ᠎ᠢ ᠤᠩᠰᠢᠵᠤ᠂ ᠵᠤᠪ ᠵᠤᠵᠠᠭᠠᠨ ᠨᠣᠮ ᠤᠩᠰᠢᠭ᠍ᠰᠠᠨ ᠲᠡᠮᠳᠡᠭᠯᠡᠯ ᠪᠢᠴᠢᠵᠦ᠂ 《ᠦᠭᠡᠢᠰᠬᠡᠯ᠎ᠦᠨ ᠦᠭᠡᠢᠰᠬᠡᠯ᠎ᠳᠦ ᠬᠦᠷᠴᠦ᠂ ᠬᠠᠭᠤᠴᠢᠨ᠎ᠢᠶᠠᠨ ᠳᠠᠪᠲᠠᠵᠤ ᠰᠢᠨ᠎ᠡ᠎ᠶᠢ ᠰᠤᠷᠤᠨ᠎ᠠ》; ᠭᠠᠳᠠᠭᠠᠳᠤ᠎ᠳᠤ ᠭᠠᠷᠬᠤ᠂ ᠠᠵᠢᠯ᠎ᠤᠨ ᠰᠣᠩᠭᠣᠯᠲᠠ᠎ᠳᠤ ᠲᠤᠯᠭᠠᠷᠠᠬᠤ ᠳ᠋ᠠᠭᠠᠨ᠂ ᠡᠴᠦᠰ᠎ᠲᠡᠬᠡᠨ 《ᠦᠢᠯᠡᠰ ᠪᠦᠲᠦᠭᠡᠬᠦ ᠰᠠᠨᠠᠭ᠎ᠠ᠎ᠲᠠᠢ》 ᠡᠴᠡ ᠪᠣᠯᠵᠤ ᠤᠯᠤᠰ᠎ᠤᠨ ᠳᠣᠲᠣᠭᠠᠳᠤ᠎ᠳᠤ ᠦᠯᠡᠳᠡᠪᠡ ᠁ ᠤᠯᠠᠨ ᠵᠢᠯ᠎ᠤᠨ ᠲᠤᠵᠢ᠂ ᠰᠢ ᠵᠢᠨ ᠫᠢᠩ ᠵᠠᠯᠠᠭᠤᠴᠤᠳ᠎ᠤᠨ ᠪᠤᠳᠤᠯ᠎ᠢ ᠭᠦᠨᠵᠡᠭᠡᠢ ᠣᠢᠯᠠᠭᠠᠵᠤ᠂ ᠨᠡᠩ ᠴᠤ᠌ ᠥᠪᠡᠷ᠎ᠦᠨ ᠥᠩᠭᠡᠷᠡᠯᠲᠡ᠎ᠪᠡᠷ᠎ᠢᠶᠡᠨ ᠵᠠᠯᠠᠭᠤᠴᠤᠳ᠎ᠤᠨ ᠶᠠᠪᠤᠵᠤ ᠰᠠᠭᠤᠬᠤ᠎ᠶᠢ ᠬᠥᠲᠥᠯᠥᠨ ᠵᠢᠯᠣᠭᠣᠳᠪᠠ᠃

ᠶᠠᠭᠤᠨ᠎ᠳᠤ 《ᠬᠤᠪᠢ ᠨᠡᠮᠡᠷᠢ ᠦᠵᠡᠭᠦᠯᠬᠦ ᠪᠡᠷ ᠳᠠᠮᠵᠢᠨ ᠬᠢᠵᠠᠭᠠᠷ ᠦᠭᠡᠢ ᠪᠠᠶᠠᠷ ᠪᠠᠬᠠᠳᠤᠯ᠎ᠢ ᠡᠷᠢᠯᠬᠢᠯᠡᠵᠦ ᠠᠮᠢᠳᠤᠷᠠᠯ ᠳ᠋ᠤ ᠤᠳᠬ᠎ᠠ ᠠᠭᠤᠯᠭ᠎ᠠ ᠨᠡᠮᠡᠷᠢᠯᠡᠬᠦ》 ᠪᠣᠶ?

ᠬᠤᠪᠢ ᠬᠥᠮᠥᠨ᠎ᠦ ᠨᠢᠭᠡ ᠳᠤᠰᠤᠯ ᠤᠰᠤ᠂ ᠵᠥᠪᠬᠡᠨ ᠦᠨᠳᠦᠰᠦᠲᠡᠨ᠎ᠦ ᠬᠦᠰᠡᠯᠡᠩ᠎ᠦᠨ ᠳᠠᠯᠠᠢ᠎ᠳᠦ ᠨᠡᠢᠯᠡᠨ ᠣᠷᠣᠪᠠᠯ ᠰᠠᠶᠢ ᠡᠭᠦᠷᠢᠳᠡ ᠰᠢᠷᠭᠢᠬᠦ ᠦᠭᠡᠢ; ᠵᠠᠯᠠᠭᠤ ᠨᠠᠰᠤᠨ᠎ᠤ ᠨᠢᠭᠡ ᠬᠤᠯᠤᠰᠤᠨ ᠣᠩᠭᠣᠴᠠ᠂ ᠵᠥᠪᠬᠡᠨ ᠴᠠᠭ ᠦᠶ᠎ᠡ᠎ᠶᠢᠨ ᠤᠷᠤᠭᠰᠢᠯᠠᠯᠲᠠ᠎ᠶᠢᠨ ᠳᠠᠪᠠᠯᠭᠠᠨ ᠳᠡᠭᠡᠷ᠎ᠡ ᠰᠡᠯᠢᠪᠡᠯ ᠰᠠᠶᠢ ᠯᠠᠪᠳᠠᠭᠤᠨ ᠠᠶᠠᠯᠠᠬᠤ ᠪᠤᠯᠤᠨ᠎ᠠ᠃


(ᠬᠣᠶᠠᠷ) ᠵᠠᠯᠠᠭᠤ ᠨᠠᠰᠤᠨ ᠳ᠋ᠠᠭᠠᠨ ᠶᠠᠭᠤᠨ᠎ᠤ ᠲᠦᠯᠦᠭᠡ ᠬᠦᠴᠦᠯᠡᠬᠦ ᠴᠢᠬᠤᠯᠠᠲᠠᠢ ᠪᠤᠢ?

《ᠪᠣᠳᠠᠲᠠᠢ ᠶᠠᠪᠤᠳᠠᠯ᠎ᠳᠤ ᠬᠦᠴᠦᠯᠡᠵᠦ᠂ ᠮᠡᠳᠡᠬᠦᠢ ᠬᠢᠬᠦᠢ᠎ᠶᠢ ᠨᠢᠭᠡᠳᠬᠡᠬᠦ ᠳᠡᠭᠡᠷ᠎ᠡ ᠬᠦᠴᠦᠯᠡᠬᠦ ᠬᠡᠷᠡᠭᠲᠡᠢ》

ᠰᠢᠰᠲᠸᠮ ᠲᠠᠢ ᠰᠤᠷᠤᠯᠴᠠᠯᠭ᠎ᠠ ᠪᠡᠷ ᠳᠠᠮᠵᠢᠨ ᠬᠡᠷᠡᠭ ᠪᠤᠳᠠᠰ᠎ᠤᠨ ᠮᠦᠨ ᠴᠢᠨᠠᠷ᠎ᠢ ᠲᠠᠨᠢᠵᠤ ᠮᠡᠳᠡᠨ᠎ᠡ᠃ 《ᠵᠠᠯᠠᠭᠤᠴᠤᠳ ᠶᠠᠭ ᠰᠠᠢᠬᠠᠨ ᠰᠤᠷᠤᠯᠴᠠᠯᠭ᠎ᠠ᠎ᠶᠢᠨ ᠰᠢᠵᠢᠷ ᠠᠯᠳᠠᠨ ᠴᠠᠭ ᠦᠶ᠎ᠡ᠎ᠳᠦ ᠪᠠᠢᠨ᠎ᠠ᠂ ᠰᠤᠷᠤᠯᠴᠠᠯᠭ᠎ᠠ᠎ᠶᠢ ᠲᠡᠷᠢᠭᠦᠨ ᠴᠢᠬᠤᠯᠠ ᠡᠭᠦᠷᠭᠡ᠂ ᠨᠢᠭᠡ ᠵᠦᠢᠯ᠎ᠦᠨ ᠬᠠᠷᠢᠭᠤᠴᠠᠯᠭ᠎ᠠ᠂ ᠨᠢᠭᠡ ᠵᠦᠢᠯ᠎ᠦᠨ ᠤᠶᠤᠨ ᠰᠠᠨᠠᠭᠠᠨ᠎ᠤ ᠬᠥᠭᠡᠭᠡᠴᠡᠯᠳᠦᠯ᠂ ᠨᠢᠭᠡ ᠵᠦᠢᠯ᠎ᠦᠨ ᠠᠮᠢᠳᠤᠷᠠᠯ᠎ᠤᠨ ᠠᠷᠭ᠎ᠠ ᠬᠡᠯᠪᠡᠷᠢ ᠪᠣᠯᠭᠠᠪᠠᠯ ᠵᠣᠬᠢᠨ᠎ᠠ》᠃

ᠰᠤᠷᠬᠤᠢ᠎ᠵᠢᠨ ᠵᠠᠮ ᠳ᠋ᠤᠷ ᠶᠠᠭᠤᠨ᠎ᠤ ᠤᠷᠢᠳ ᠵᠢᠮ᠎ᠡ ᠶᠣᠰᠣᠨ᠎ᠢ ᠮᠡᠳᠡᠮᠤᠢ; ᠵᠢᠮ᠎ᠡ ᠶᠤᠰᠤᠨ᠎ᠢ ᠮᠡᠳᠡᠬᠦᠢ ᠳ᠋ᠤᠷ ᠨᠤᠮ ᠰᠤᠳᠤᠷ ᠤᠨᠭᠰᠢᠮᠤᠢ᠃

ᠠᠨᠭᠬ᠎ᠠ ᠱᠠᠨᠰᠢ᠎ᠶᠢᠨ ᠬᠣᠢᠲᠤ ᠬᠡᠰᠡᠭ᠎ᠲᠦ ᠬᠦᠷᠴᠦ ᠪᠠᠷᠢᠭᠠᠳᠠ ᠳ᠋ᠤ ᠪᠠᠭᠤᠵᠤ ᠪᠠᠢᠬᠤ ᠳ᠋ᠤ᠂ ᠲᠣᠰᠬᠣᠨ᠎ᠤ ᠬᠥᠮᠥᠰ᠎ᠤᠨ ᠰᠡᠬᠡᠭᠡᠲᠡᠨ ᠵᠠᠯᠠᠭᠤᠴᠤᠳ᠎ᠤᠨ ᠳᠣᠲᠣᠷ᠎ᠠ ᠨᠠᠰᠤ᠎ᠪᠠᠷ ᠬᠠᠮᠤᠭ᠎ᠤᠨ ᠪᠠᠭ᠎ᠠ ᠪᠠᠢᠭᠰᠠᠨ ᠰᠢ ᠵᠢᠨ ᠫᠢᠩ᠎ᠦᠨ ᠲᠤᠬᠠᠢ ᠠᠩᠬᠠᠨ᠎ᠤ ᠰᠠᠭᠤᠭᠳᠠᠯ ᠭᠡᠪᠡᠯ᠂ 《ᠡᠨᠡ ᠲᠤᠷᠠᠩᠬᠠᠢ ᠥᠨᠳᠥᠷ ᠵᠠᠯᠠᠭᠤ ᠬᠣᠶᠠᠷ ᠬᠦᠨᠳᠦ ᠬᠠᠢᠷᠴᠠᠭ ᠲᠠᠢ ᠪᠠᠢᠳᠠᠭ》᠃

ᠬᠣᠶᠠᠷ ᠬᠠᠢᠷᠴᠠᠭ ᠳᠣᠲᠣᠷ᠎ᠠ ᠨᠢ ᠳᠦᠭᠦᠷᠲᠡᠯ᠎ᠡ ᠨᠣᠮ ᠰᠠᠪᠠᠯᠠᠭᠰᠠᠨ ᠪᠠᠢᠪᠠ᠃

ᠠᠭᠤᠯᠠᠨ᠎ᠳᠤ ᠭᠠᠷᠴᠤ ᠬᠣᠨᠢ ᠬᠠᠷᠢᠭᠤᠯᠤᠭᠰᠠᠨ ᠴᠤ᠌ ᠲᠡᠷᠡ᠂ ᠲᠠᠷᠢᠶᠠᠨ ᠠᠵᠢᠯ᠎ᠤᠨ ᠵᠠᠪᠰᠠᠷ᠎ᠲᠤ ᠴᠤ᠌ ᠲᠡᠷᠡ᠂ ᠰᠢ ᠵᠢᠨ ᠫᠢᠩ᠎ᠤᠨ ᠭᠠᠷ ᠡᠴᠡ ᠶᠡᠷᠦ ᠨᠢ ᠨᠤᠮ ᠪᠢᠴᠢᠭ ᠰᠠᠯᠬᠤ ᠦᠭᠡᠢ ᠪᠠᠢᠳᠠᠭ᠃ 30 ᠭᠠᠵᠠᠷ ᠶᠠᠪᠠᠭᠠᠨ᠎ᠶᠠᠪᠤᠵᠤ 《ᠹᠠᠦ᠋ᠰᠲ》 ᠭᠡᠬᠦ ᠨᠤᠮ᠎ᠢ ᠵᠢᠭᠡᠯᠡᠵᠦ᠂ ᠪᠠᠰᠠ 《ᠶᠠᠭᠠᠬᠢᠬᠤ ᠪᠤᠢ?》 ᠭᠡᠬᠦ ᠨᠤᠮ᠎ᠤᠨ ᠭᠣᠣᠯ ᠪᠠᠭᠠᠲᠤᠷ ᠷᠠᠾᠮᠸᠲ᠋ᠤᠹ᠎ᠢ ᠳᠠᠭᠤᠷᠢᠶᠠᠵᠤ ᠵᠣᠷᠢᠭ᠋ ᠰᠠᠨᠠᠭ᠎ᠠ᠎ᠪᠠᠨ ᠳᠠᠪᠲᠠᠨ ᠪᠣᠯᠪᠠᠰᠤᠷᠠᠭᠤᠯᠪᠠ᠃ ᠨᠤᠲᠤᠭ᠎ᠤᠨ ᠠᠬ᠎ᠠ ᠳᠡᠭᠦᠦ ᠨᠠᠷ᠎ᠦᠨ ᠴᠡᠭᠡᠵᠢᠯᠡᠵᠦ ᠪᠠᠢᠬᠤ᠎ᠪᠠᠷ᠄ ᠰᠢ ᠵᠢᠨ ᠫᠢᠩ ᠨᠢᠭᠡ ᠡᠳᠦᠷ ᠠᠵᠢᠯ ᠬᠢᠴᠢᠬᠡᠭᠡᠳ᠂ ᠣᠷᠣᠢ ᠨᠢ ᠪᠠᠰᠠ ᠨᠡᠭᠦᠷᠡᠰᠦᠨ ᠲᠤᠰᠤᠨ᠎ᠤ ᠳ᠋ᠧᠩ ᠠᠰᠠᠭᠠᠵᠤ 《ᠲᠣᠭᠣᠰᠬ᠎ᠠ ᠰᠢᠭ᠋ ᠵᠤᠵᠠᠭᠠᠨ ᠨᠣᠮ》 ᠤᠨᠭᠰᠢᠳᠠᠭ᠃

ᠪᠣᠳᠠᠰ᠎ᠤᠨ ᠪᠠ ᠰᠣᠶᠣᠯ᠎ᠤᠨ ᠠᠮᠢᠳᠤᠷᠠᠯ ᠶᠠᠳᠠᠭᠤ ᠬᠣᠭᠣᠰᠤᠨ ᠪᠠᠢᠭᠰᠠᠨ ᠴᠠᠭ ᠦᠶ᠎ᠡ ᠳ᠋ᠤ᠂ ᠪᠤᠢ᠍ᠢᠳᠠ ᠪᠥᠭᠯᠡᠭᠦᠦ ᠪᠥᠭᠡᠳ ᠡᠵᠡᠭᠦᠢ ᠰᠢᠷ᠎ᠠ ᠬᠥᠷᠥᠰᠥᠲᠦ ᠥᠨᠳᠥᠷᠯᠢᠭ ᠳᠡᠭᠡᠷ᠎ᠡ᠂ ᠵᠠᠯᠠᠭᠤ ᠰᠢ ᠵᠢᠨ ᠫᠢᠩ 《ᠨᠢᠭᠡ ᠶᠠᠭᠤᠮ᠎ᠠ ᠵᠢ ᠮᠡᠳᠡᠬᠦ ᠦᠭᠡᠢ ᠪᠣᠯᠪᠠᠰᠤ ᠭᠦᠨ᠎ᠡ ᠢᠴᠢᠭᠦᠷᠢ ᠲᠦᠷᠦᠭᠳᠡᠵᠦ᠂ ᠡᠷᠳᠡᠮ ᠮᠡᠳᠡᠯᠭᠡ ᠵᠢ ᠤᠮᠲᠠᠭᠠᠰᠴᠤ ᠪᠠᠢᠭ᠎ᠠ ᠮᠡᠲᠦ ᠰᠤᠷᠤᠯᠴᠠᠬᠤ》 ᠣᠪᠣᠷ᠎ᠢᠶᠠᠷ ᠨᠣᠮ᠎ᠤᠨ ᠲᠠᠯᠠᠢ᠎ᠳᠦ ᠱᠤᠮᠪᠠᠵᠤ᠂ ᠬᠠᠢᠨ ᠰᠦᠪᠡᠭᠴᠢᠯᠡᠳᠡᠭ ᠪᠠᠢᠵᠠᠢ᠃

《ᠬᠦᠯᠢᠴᠡᠩᠭᠦᠢ ᠪᠤᠰᠤ ᠵᠠᠩ᠎ᠢ ᠢᠯᠠᠨ ᠳᠠᠪᠠᠵᠤ᠂ ᠰᠡᠳᠬᠢᠯ᠎ᠢᠶᠡᠨ ᠲᠣᠭᠲᠠᠭᠤᠨ ᠪᠣᠯᠭᠠᠵᠤ ᠪᠠᠢᠭᠠᠳ ᠰᠣᠩᠭᠣᠳᠠᠭ ᠵᠣᠬᠢᠶᠠᠯ᠎ᠢ ᠢᠯᠡᠭᠦᠬᠡᠨ ᠤᠩᠰᠢᠵᠤ᠂ ᠲᠡᠭᠦᠨ᠎ᠦ ᠤᠴᠢᠷ ᠶᠣᠰᠣ᠌᠎ᠶᠢ ᠢᠯᠡᠭᠦᠬᠡᠨ ᠮᠡᠳᠡᠬᠦ ᠬᠡᠷᠡᠭᠲᠡᠢ》᠂《ᠰᠢᠷᠭᠠᠭᠤ ᠰᠤᠷᠤᠯᠴᠠᠵᠤ᠂ ᠡᠷᠳᠡᠮ ᠮᠡᠳᠡᠯᠭᠡ ᠰᠤᠷᠬᠤ᠎ᠳᠠᠭᠠᠨ ᠴᠢᠳᠠᠮᠠᠭᠠᠢ ᠪᠠᠢᠵᠤ᠂ ᠰᠤᠷᠤᠭᠰᠠᠨ ᠮᠡᠳᠡᠯᠭᠡ᠎ᠪᠡᠨ ᠰᠡᠳᠬᠢᠯ ᠵᠢᠷᠦᠬᠡᠨ᠎ᠳᠡᠭᠡᠨ ᠰᠢᠩᠭᠡᠭᠡᠵᠦ᠂ ᠥᠪᠡᠷ᠎ᠦᠨ ᠦᠵᠡᠯᠲᠡ ᠲᠠᠨᠢᠯᠲᠠ᠎ᠪᠠᠨ ᠪᠦᠷᠢᠯᠳᠦᠭᠦᠯᠬᠦ᠎ᠶᠢ ᠴᠢᠬᠤᠯᠠᠴᠢᠯᠠᠬᠤ ᠬᠡᠷᠡᠭᠲᠡᠢ》᠂ 《ᠦᠰᠦᠭ᠎ᠲᠠᠢ ᠨᠣᠮ᠎ᠢ ᠢᠯᠡᠭᠦᠬᠡᠨ ᠤᠩᠰᠢᠬᠤ᠎ᠪᠠᠷ ᠪᠠᠷᠠᠬᠤ ᠦᠭᠡᠢ ᠦᠰᠦᠭ ᠦᠭᠡᠢ ᠨᠣᠮ᠎ᠢ ᠴᠤ᠌ ᠢᠯᠡᠭᠦᠬᠡᠨ ᠤᠩᠰᠢᠵᠤ᠂ ᠬᠥᠮᠥᠨ᠎ᠦ ᠠᠮᠢᠳᠤᠷᠠᠯ᠎ᠤᠨ ᠲᠤᠷᠰᠢᠯᠭ᠎ᠠ ᠪᠠ ᠨᠡᠢᠭᠡᠮ᠎ᠦᠨ ᠮᠡᠳᠡᠯᠭᠡ᠎ᠶᠢ ᠰᠤᠷᠤᠯᠴᠠᠬᠤ᠎ᠶᠢ ᠴᠢᠬᠤᠯᠠᠴᠢᠯᠠᠬᠤ ᠬᠡᠷᠡᠭᠲᠡᠢ》 ᠁ ᠶᠡᠷᠦᠩᠬᠡᠢ ᠱᠦᠵᠢ ᠰᠢ ᠵᠢᠨ ᠫᠢᠩ ᠴᠢᠩ ᠰᠡᠳᠬᠢᠯ᠎ᠡᠴᠡ᠎ᠪᠡᠨ ᠶᠠᠷᠢᠵᠤ᠂ ᠵᠠᠯᠠᠭᠤᠴᠤᠳ᠎ᠲᠤ ᠥᠪᠡᠷ᠎ᠦᠨ ᠣᠢᠯᠠᠭᠠᠯᠲᠠ ᠪᠠ ᠪᠣᠳᠣᠯᠬᠢᠯᠠᠯ᠎ᠢᠶᠠᠨ ᠤᠯᠠᠮᠵᠢᠯᠠᠪᠠ᠃

ᠵᠠᠯᠠᠭᠤᠴᠤᠳ ᠬᠡᠷᠬᠢᠨ ᠴᠢᠳᠠᠪᠤᠷᠢᠲᠠᠨ ᠪᠣᠯᠵᠤ᠂ ᠬᠥᠮᠥᠨ᠎ᠦ ᠠᠮᠢᠳᠤᠷᠠᠯ᠎ᠤᠨ ᠵᠠᠮ ᠳ᠋ᠠᠭᠠᠨ ᠬᠡᠷᠬᠢᠨ ᠯᠠᠪᠳᠠᠭᠤᠨ ᠲᠣᠭᠲᠠᠭᠤᠨ᠎ᠢᠶᠠᠷ ᠬᠤᠯᠠ ᠠᠶᠠᠯᠠᠬᠤ ᠪᠤᠢ? ᠶᠡᠷᠦᠩᠬᠡᠢ ᠱᠦᠵᠢ ᠰᠢ ᠵᠢᠨ ᠫᠢᠩ᠄《ᠶᠣᠰᠣ᠌ ᠰᠤᠷᠲᠠᠬᠤᠨ᠎ᠢ ᠪᠤᠢ ᠪᠣᠯᠭᠠᠬᠤ᠎ᠪᠠᠷ ᠤᠷᠢᠲᠠᠯ ᠪᠣᠯᠭᠠᠵᠤ᠂ ᠪᠡᠶ᠎ᠡ᠎ᠪᠡᠨ ᠵᠠᠰᠠᠬᠤ᠎ᠪᠠᠷ ᠦᠨᠳᠦᠰᠦ ᠪᠣᠯᠭᠠᠬᠤ ᠬᠡᠷᠡᠭᠲᠡᠢ᠂ ᠡᠨᠡ ᠪᠣᠯ ᠴᠢᠳᠠᠪᠤᠷᠢᠲᠠᠨ᠎ᠤ ᠦᠰᠦᠨ ᠪᠣᠶ᠋ᠢᠵᠢᠯᠲᠠ᠎ᠶᠢᠨ ᠦᠨᠳᠦᠰᠦᠨ ᠯᠣᠭᠢᠭ᠋ ᠮᠥᠨ》 ᠭᠡᠵᠦ ᠨᠢᠭᠡ ᠦᠭᠦᠯᠡᠪᠦᠷᠢ ᠪᠡᠷ ᠬᠤᠷᠢᠶᠠᠨᠭᠭᠤᠢᠯᠠᠨ ᠬᠡᠯᠡᠪᠡ᠃

《ᠵᠢᠷᠤᠬᠠᠢᠲᠤ ᠨᠣᠮ》 ᠳ᠋ᠤ᠌ 《ᠬᠦᠷᠦᠰᠦᠲᠦ ᠳᠡᠯᠡᠬᠡᠢ ᠦᠷᠭᠡᠨ ᠠᠭᠤᠳᠠᠮ᠂ ᠡᠷᠳᠡᠮᠲᠡᠨ ᠮᠡᠷᠭᠡᠳ ᠡᠷᠳᠡᠮ ᠨᠤᠮ ᠰᠤᠷᠴᠤ ᠬᠦᠨᠳᠤ ᠡᠭᠦᠷᠭᠡ ᠡᠭᠦᠷᠬᠡᠯᠡᠮᠤᠢ》 ᠭᠡᠵᠦ ᠪᠢᠴᠢᠭᠰᠡᠨ ᠪᠠᠢᠳᠠᠭ᠂ 《ᠶᠡᠬᠡ ᠰᠤᠷᠲᠠᠬᠤᠶ》 ᠵᠢᠨ ᠡᠬᠢᠨ᠎ᠤ ᠵᠤᠬᠢᠶᠠᠯ᠎ᠳᠦ 《ᠶᠡᠬᠡ ᠰᠤᠷᠲᠠᠬᠤᠶ᠎ᠶᠢᠨ ᠶᠣᠰᠣᠨ ᠮᠣᠷᠠᠯ ᠰᠤᠷᠲᠠᠬᠤᠨ᠎ᠢ ᠮᠡᠳᠡᠬᠦᠢ ᠳ᠋ᠤᠷ ᠠᠮᠣᠢ》 ᠭᠡᠵᠦ ᠪᠢᠴᠢᠵᠡᠢ᠂ 《ᠶᠣᠰᠣᠯᠠᠯᠲᠤ ᠨᠣᠮ》 ᠳ᠋ᠤ᠌ 《ᠪᠡᠶ᠎ᠡ᠎ᠪᠡᠨ ᠵᠠᠰᠠᠵᠤ ᠦᠭᠡ ᠶᠠᠷᠢᠶ᠎ᠠ᠎ᠪᠠᠨ ᠦᠢᠯᠡᠳᠦᠯᠭᠡᠵᠢᠭᠦᠯᠦᠮᠦᠢ᠂ ᠡᠭᠦᠨ᠎ᠢ ᠰᠠᠢᠨ ᠶᠠᠪᠤᠳᠠᠯ ᠬᠡᠮᠡᠮᠦᠢ》 ᠁ ᠡᠨᠡ ᠪᠤᠯ ᠳᠤᠮᠳᠠᠳᠤ᠎ᠶᠢᠨ ᠦᠨᠳᠦᠰᠦᠲᠡᠨ᠎ᠦ ᠮᠢᠩᠭᠠᠨ ᠵᠢᠯ ᠦᠷᠭᠦᠯᠵᠢᠯᠡᠭᠰᠡᠨ ᠪᠡᠶ᠎ᠡ᠎ᠪᠡᠨ ᠵᠠᠰᠠᠬᠤ ᠶᠤᠰᠤᠨ ᠮᠦᠨ᠃

ᠳᠣᠲᠣᠷ᠎ᠠ᠎ᠪᠠᠨ ᠢᠲᠡᠭᠡᠯ ᠵᠤᠷᠢᠭ᠎ᠲᠠᠢ ᠪᠠᠢᠪᠠᠯ ᠰᠠᠶᠢ ᠬᠤᠯᠠ ᠶᠠᠪᠤᠵᠤ ᠴᠢᠳᠠᠨ᠎ᠠ᠃ ᠰᠢ ᠵᠢᠨ ᠫᠢᠩ ᠨᠥᠬᠥᠷ ᠵᠸᠩ ᠳ᠋ᠢᠩ ᠳ᠋ᠤ᠌ ᠬᠦᠷᠴᠦ ᠲᠤᠰᠢᠶᠠᠯ ᠡᠭᠦᠷᠭᠡᠯᠡᠭᠰᠡᠨ᠎ᠦ ᠳᠠᠷᠠᠭ᠎ᠠ᠂ ᠠᠯᠪᠠᠨ ᠭᠡᠷ᠎ᠲᠡᠬᠡᠨ ᠨᠢᠭᠡᠨ ᠤᠷᠠᠨ ᠪᠢᠴᠢᠯᠭᠡ᠎ᠶᠢᠨ ᠪᠦᠲᠦᠭᠡᠯ ᠡᠯᠭᠦᠵᠦ᠂《ᠳᠤᠳᠤᠨᠤ ᠪᠤᠯᠪᠠᠴᠦ ᠰᠦᠯᠪᠡᠭᠡᠯᠡᠬᠦ ᠦᠭᠡᠢ᠂ ᠡᠶ᠎ᠡ ᠲᠠᠢ ᠠᠳᠠᠯ᠎ᠠ ᠠᠳᠠᠯᠢ ᠪᠤᠰᠤ》 ᠭᠡᠬᠦ ᠪᠢᠴᠢᠭᠡᠰᠦ ᠪᠢᠴᠢᠵᠦ᠂ ᠤᠬᠠᠮᠰᠠᠷ᠎ᠡᠴᠡ᠎ᠪᠠᠨ ᠡᠷᠳᠡᠮᠲᠡᠨ ᠮᠡᠷᠭᠡᠳ᠎ᠦᠨ ᠵᠠᠩ ᠰᠤᠷᠲᠠᠯ᠎ᠢᠶᠠᠷ ᠥᠪᠡᠷ᠎ᠢ᠎ᠪᠡᠨ ᠱᠠᠭᠠᠷᠳᠠᠵᠤ᠂ ᠪᠡᠶ᠎ᠡ ᠪᠠᠨ ᠵᠠᠰᠠᠵᠤ ᠭᠡᠷ᠎ᠵᠢᠡᠨ ᠲᠤᠳᠤᠮᠳᠠᠵᠤ᠂ ᠤᠯᠤᠰ᠎ᠵᠢᠡᠨ ᠵᠠᠰᠠᠵᠤ ᠲᠡᠯᠡᠬᠡᠢ ᠵᠢ ᠲᠤᠬᠳᠠᠭᠤᠨ ᠪᠤᠯᠭᠠᠬᠤ ᠭᠡᠰᠡᠨ ᠬᠥᠭᠡᠭᠡᠴᠡᠯᠳᠦᠯ᠎ᠢᠶᠡᠨ ᠢᠯᠡᠷᠡᠭᠦᠯᠦᠭᠰᠡᠨ ᠪᠠᠢᠨ᠎ᠠ᠃

2014 ᠣᠨ᠎ᠤ 5 ᠰᠠᠷ᠎ᠠ᠎ᠶᠢᠨ 4 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠪᠡᠭᠡᠵᠢᠩ ᠶᠡᠬᠡ ᠰᠤᠷᠭᠠᠭᠤᠯᠢ᠎ᠳᠤ ᠬᠦᠷᠴᠦ᠂ 《ᠬᠥᠮᠥᠨ᠎ᠦ ᠠᠮᠢᠳᠤᠷᠠᠯ᠎ᠤᠨ ᠠᠨᠭᠬᠠᠨ᠎ᠤ ᠠᠯᠬᠤᠮ᠎ᠵᠢᠡᠨ ᠰᠠᠢᠲᠤᠷ ᠠᠯᠬᠤᠬᠤ ᠬᠡᠷᠡᠭᠲᠡᠢ》 ᠭᠡᠬᠦ ᠠᠮᠢᠳᠤᠯᠢᠭ᠋ ᠵᠦᠢᠷᠯᠡᠯ᠎ᠢᠶᠡᠷ᠂ ᠨᠢᠭᠡ ᠬᠥᠮᠥᠨ᠎ᠦ ᠦᠰᠦᠨ ᠪᠣᠶ᠋ᠢᠵᠢᠯᠲᠠ᠎ᠶᠢᠨ ᠡᠬᠢᠨ᠎ᠦ ᠬᠤᠭᠤᠴᠠᠭᠠᠨ᠎ᠳᠤ ᠵᠥᠪ ᠦᠷᠳᠡᠭ᠎ᠦᠨ ᠬᠠᠨᠳᠤᠰᠢ᠎ᠶᠢ ᠪᠤᠢ ᠪᠣᠯᠭᠠᠬᠤ᠎ᠶᠢᠨ ᠴᠢᠬᠤᠯᠠ ᠴᠢᠨᠠᠷ᠎ᠢ ᠵᠢᠭᠠᠵᠤ ᠭᠠᠷᠭᠠᠪᠠ᠃

ᠪᠡᠭᠡᠵᠢᠩ ᠶᠡᠬᠡ ᠰᠤᠷᠭᠠᠭᠤᠯᠢ᠎ᠶᠢᠨ ᠶᠠᠷᠢᠯᠴᠠᠬᠤ ᠬᠤᠷᠠᠯ ᠳᠡᠭᠡᠷ᠎ᠡ ᠳᠤᠷᠠᠳᠤᠭᠰᠠᠨ 《ᠰᠢᠷᠭᠠᠭᠤ ᠰᠤᠷᠤᠯᠴᠠᠬᠤ᠂ ᠶᠣᠰᠣ᠌ ᠰᠤᠷᠲᠠᠬᠤᠨ ᠰᠤᠷᠬᠤ᠂ ᠢᠯᠭᠠᠨ ᠲᠣᠳᠣᠯᠠᠬᠤ᠂ ᠦᠨᠡᠨᠴᠢ ᠰᠢᠳᠤᠷᠭᠤ ᠪᠠᠢᠬᠤ》 ᠨᠠᠢ᠍ᠮᠠᠨ ᠦᠰᠦᠭ᠎ᠦᠨ ᠰᠤᠷᠭᠠᠯ ᠦᠭᠡ᠎ᠡᠴᠡ ᠪᠦᠬᠦ ᠤᠯᠤᠰ᠎ᠤᠨ ᠵᠠᠯᠠᠭᠤᠴᠤᠳ᠎ᠤᠨ ᠬᠣᠯᠪᠣᠭ᠎ᠠ ᠰᠤᠷᠤᠭ᠍ᠴᠢᠳ᠎ᠤᠨ ᠬᠣᠯᠪᠣᠭ᠎ᠠ᠎ᠳᠤ ᠢᠯᠡᠭᠡᠭᠰᠡᠨ ᠪᠠᠶᠠᠷ᠎ᠤᠨ ᠵᠠᠬᠢᠳᠠᠯ᠎ᠳᠡᠬᠢ 《ᠠᠯᠤᠰ ᠬᠡᠳᠤ᠎ᠶᠢᠨ ᠬᠦᠰᠡᠯᠡᠩ᠎ᠲᠠᠢ ᠪᠠᠢᠬᠤ᠂ ᠮᠣᠷᠠᠯ ᠴᠢᠳᠠᠪᠤᠷᠢ᠎ᠶᠢ ᠵᠡᠷᠭᠡ ᠪᠡᠷ ᠴᠢᠬᠤᠯᠠᠴᠢᠯᠠᠬᠤ᠂ ᠶᠣᠰᠣ᠌ ᠰᠤᠷᠲᠠᠬᠤᠨ᠎ᠢ ᠵᠡᠷᠭᠡ ᠪᠡᠷ ᠰᠤᠷᠤᠯᠴᠠᠬᠤ᠂ ᠵᠣᠷᠢᠭ᠍ᠲᠠᠢ᠎ᠪᠠᠷ ᠵᠠᠮ ᠨᠡᠭᠡᠭᠡᠬᠦ》 ᠭᠡᠬᠦ ᠠᠷᠪᠠᠨ ᠵᠢᠷᠭᠤᠭᠠᠨ ᠦᠭᠡ ᠬᠦᠷᠲᠡᠯ᠎ᠡ ᠁ ᠶᠡᠷᠦᠩᠬᠡᠢ ᠱᠦᠵᠢ ᠰᠢ ᠵᠢᠨ ᠫᠢᠩ ᠰᠢᠨ᠎ᠡ ᠴᠠᠭ ᠦᠶ᠎ᠡ᠎ᠶᠢᠨ ᠰᠠᠢᠨ ᠵᠠᠯᠠᠭᠤᠴᠤᠳ᠎ᠢ ᠬᠥᠮᠥᠵᠢᠭᠦᠯᠬᠦ ᠴᠠᠭ ᠦᠶ᠎ᠡ᠎ᠶᠢᠨ ᠰᠡᠳᠦᠪ᠎ᠢ ᠭᠦᠨᠵᠡᠭᠡᠢ ᠪᠣᠳᠣᠯᠬᠢᠯᠠᠵᠤ᠂ ᠥᠷᠭᠡᠨ ᠤᠯᠠᠨ ᠵᠠᠯᠠᠭᠤᠴᠤᠳ᠎ᠲᠤ ᠶᠣᠰᠣ᠌ ᠰᠤᠷᠲᠠᠬᠤᠨ᠎ᠢᠶᠠᠷ ᠪᠡᠶ᠎ᠡ᠎ᠪᠡᠨ ᠵᠠᠰᠠᠬᠤ ᠠᠮᠢᠳᠤᠷᠠᠬᠤᠢ᠎ᠶᠢᠨ ᠪᠠᠢᠷᠢᠰᠢᠯ᠎ᠢ ᠵᠢᠭᠠᠵᠤ ᠥᠭᠭᠦᠭᠰᠡᠨ ᠪᠠᠢᠨ᠎ᠠ᠃

ᠶᠣᠰᠣ᠌ ᠮᠣᠷᠠᠯ᠎ᠢ ᠵᠦᠭᠡᠷ ᠰᠠᠭᠤᠭᠠᠳ ᠬᠣᠭᠣᠰᠤᠨ ᠶᠠᠷᠢᠵᠤ ᠪᠣᠯᠬᠤ ᠦᠭᠡᠢ᠃ ᠵᠠᠯᠠᠭᠤ ᠨᠠᠰᠤ ᠪᠣᠯ ᠨᠢᠭᠡᠨ ᠴᠤᠭ ᠪᠠᠳᠠᠷᠠᠩᠭᠤᠢ ᠲᠡᠮᠳᠡᠭ ᠦᠭᠡ ᠮᠥᠨ᠂ ᠨᠡᠩ ᠴᠤ᠌ ᠨᠢᠭᠡᠨ ᠡᠬᠢᠯᠡᠨ ᠬᠢᠬᠦ ᠦᠢᠯᠡ ᠦᠭᠡ ᠮᠥᠨ᠂ ᠡᠷᠬᠡᠪᠰᠢ 《ᠪᠣᠳᠠᠲᠠᠢ ᠶᠠᠪᠤᠳᠠᠯ ᠳ᠋ᠤ ᠬᠦᠴᠦᠯᠡᠵᠦ᠂ ᠮᠡᠳᠡᠬᠦᠢ ᠬᠢᠬᠦᠢ᠎ᠶᠢ ᠨᠢᠭᠡᠳᠬᠡᠬᠦ ᠳᠡᠭᠡᠷ᠎ᠡ ᠬᠦᠴᠦᠯᠡᠬᠦ ᠬᠡᠷᠡᠭᠲᠡᠢ》᠃

ᠯᠢᠶᠠᠩ ᠵᠢᠶᠠ ᠾᠧ ᠶᠡᠬᠡ ᠪᠠᠷᠢᠭᠠᠳᠠ᠎ᠶᠢᠨ ᠨᠠᠮ᠎ᠤᠨ ᠡᠭᠦᠷ᠎ᠦᠨ ᠱᠦᠵᠢ᠎ᠶᠢᠨ ᠲᠤᠰᠢᠶᠠᠯ᠎ᠢ ᠬᠠᠷᠢᠭᠤᠴᠠᠵᠤ ᠪᠠᠢᠬᠤ᠎ᠳᠠᠭᠠᠨ᠂ ᠰᠢ ᠵᠢᠨ ᠫᠢᠩ ᠨᠥᠬᠥᠷ ᠰᠣᠨᠢᠨ ᠳᠡᠭᠡᠷ᠎ᠡ᠎ᠡᠴᠡ ᠰᠸᠴᠤᠸᠠᠨ᠎ᠤ ᠠᠷᠠᠳ ᠲᠦᠮᠡᠨ ᠤ᠋ ᠲᠤᠮᠳᠠ ᠨᠠᠮᠤᠭ᠎ᠤᠨ ᠬᠡᠢ᠎ᠶᠢ ᠠᠰᠢᠭ᠍ᠯᠠᠬᠤ᠎ᠶᠢ ᠳᠡᠯᠭᠡᠷᠡᠭᠦᠯᠦᠭᠰᠡᠨ ᠵᠣᠬᠢᠶᠠᠯ᠎ᠢ ᠤᠩᠰᠢᠭᠠᠳ ᠮᠠᠰᠢ ᠰᠡᠳᠬᠢᠯ ᠳᠣᠭᠳᠣᠯᠪᠠ᠃ ᠲᠡᠷᠡ ᠶᠠᠪᠠᠭᠠᠨ᠎ᠢᠶᠠᠷ ᠬᠡᠳᠦᠨ ᠠᠷᠪᠠᠨ ᠭᠠᠵᠠᠷ᠎ᠤᠨ ᠠᠭᠤᠯᠠᠨ ᠵᠠᠮ᠎ᠢ᠋ ᠶᠠᠪᠤᠵᠤ ᠶᠠᠨᠴᠤᠸᠠᠨ ᠰᠢᠶᠠᠨ᠎ᠤ ᠲᠥᠪ᠎ᠲᠦ ᠬᠦᠷᠴᠦ᠂ ᠰᠢᠶᠠᠨ᠎ᠤ ᠳᠡᠮᠵᠢᠯᠭᠡ᠎ᠶᠢ ᠣᠯᠬᠤ ᠪᠡᠷ ᠴᠢᠷᠮᠠᠢᠪᠠ᠃ ᠲᠠᠷᠠᠭ᠎ᠠ ᠨᠢ᠂ ᠰᠢ ᠵᠢᠨ ᠫᠢᠩ ᠵᠡᠷᠭᠡ 6 ᠬᠥᠮᠥᠨ ᠮᠢᠩᠭᠠᠨ ᠭᠠᠵᠠᠷ ᠠᠶᠠᠯᠠᠵᠤ ᠰᠸᠴᠤᠸᠠᠨ᠎ᠳᠤ ᠬᠦᠷᠴᠦ 《ᠨᠣᠮ ᠵᠠᠯᠠᠵᠤ》᠂ 40 ᠡᠳᠦᠷ᠎ᠲᠦ 5 ᠭᠠᠵᠠᠷ ᠣᠷᠣᠨ᠎ᠤ 17 ᠰᠢᠶᠠᠨ᠎ᠢᠶᠠᠷ ᠶᠠᠪᠤᠵᠤ᠂ ᠨᠠᠮᠤᠭ᠎ᠤᠨ ᠬᠡᠢ᠎ᠶᠢᠨ ᠲᠠᠲᠠᠭᠠᠯ᠎ᠳᠤ ᠬᠦᠷᠬᠦ ᠪᠦᠷᠢ᠂ ᠲᠡᠳᠡ ᠪᠦᠷ ᠱᠠᠲᠤ ᠪᠡᠷ ᠳᠣᠲᠣᠷ᠎ᠠ ᠨᠢ ᠣᠷᠣᠵᠤ ᠦᠵᠡᠵᠦ᠂ ᠡᠳᠦᠷ ᠨᠢ ᠰᠢᠨᠵᠢᠯᠡᠨ ᠪᠠᠢᠴᠠᠭᠠᠵᠤ᠂ ᠰᠦᠨᠢ ᠨᠢ ᠳ᠋ᠦᠩᠨᠡᠯᠳᠡ ᠬᠢᠳᠡᠭ ᠪᠠᠢᠪᠠ᠃

ᠰᠣᠷᠣᠭᠰᠠᠨ ᠮᠡᠳᠡᠯᠭᠡ᠎ᠪᠡᠨ ᠠᠪᠴᠤ ᠯᠢᠶᠠᠩ ᠵᠢᠶᠠ ᠾᠧ᠎ᠳᠦ ᠬᠠᠷᠢᠭ᠍ᠰᠠᠨ᠎ᠤ ᠳᠠᠷᠠᠭ᠎ᠠ᠂ ᠰᠢ ᠵᠢᠨ ᠫᠢᠩ ᠵᠢᠯᠣᠭᠣᠳᠤᠭ᠍ᠴᠢ᠂ ᠮᠡᠷᠭᠡᠵᠢᠯᠲᠡᠨ ᠪᠣᠯᠤᠭᠰᠠᠨ ᠪᠥᠭᠡᠳ ᠪᠠᠰᠠ ᠪᠠᠷᠢᠯᠭ᠎ᠠ᠎ᠶᠢᠨ ᠠᠵᠢᠯᠲᠠᠨ ᠪᠣᠯᠵᠤ᠂ ᠨᠤᠲᠤᠭ᠎ᠤᠨ ᠠᠬ᠎ᠠ ᠳᠡᠭᠦᠦ ᠨᠠᠷ᠎ᠢᠶᠡᠨ ᠳᠠᠭᠠᠭᠤᠯᠤᠨ ᠳᠠᠬᠢᠨ ᠳᠠᠪᠲᠠᠨ ᠦᠢᠯᠡᠳᠦᠯᠭᠡᠵᠢᠭᠦᠯᠵᠦ᠂ ᠱᠠᠨᠰᠢ᠎ᠶᠢᠨ ᠠᠩᠬᠠᠳᠠᠭ᠍ᠴᠢ ᠨᠠᠮᠤᠭ᠎ᠤᠨ ᠬᠡᠢ᠎ᠶᠢᠨ ᠴᠥᠭᠥᠷᠥᠮ᠎ᠢ ᠪᠠᠢᠭᠤᠯᠵᠤ᠂ 《ᠨᠠᠮᠤᠭ᠎ᠤᠨ ᠬᠡᠢ ᠴᠢᠨᠯᠢᠩ ᠳᠠᠪᠠᠭ᠎ᠠ᠎ᠶᠢ ᠳᠠᠪᠠᠬᠤ ᠦᠭᠡᠢ》 ᠭᠡᠬᠦ ᠬᠡᠯᠡᠯᠭᠡ᠎ᠶᠢ ᠡᠪᠳᠡᠪᠡ᠃

ᠮᠡᠳᠡᠬᠦ᠎ᠪᠡᠷ ᠬᠢᠬᠦ᠎ᠶᠢ ᠠᠬᠢᠭᠤᠯᠬᠤ᠂ ᠦᠢᠯᠡ ᠠᠵᠢᠯᠯᠠᠭ᠎ᠠ᠎ᠪᠠᠷ ᠮᠡᠳᠡᠯᠭᠡ᠎ᠶᠢ ᠡᠷᠢᠯᠬᠢᠯᠡᠬᠦ ᠪᠣᠯ ᠶᠡᠷᠦᠩᠬᠡᠢ ᠱᠦᠵᠢ ᠰᠢ ᠵᠢᠨ ᠫᠢᠩ᠎ᠦᠨ ᠢᠮᠠᠭᠲᠠ ᠪᠠᠷᠢᠮᠳᠠᠯᠠᠭᠰᠠᠭᠠᠷ ᠢᠷᠡᠭᠰᠡᠨ ᠵᠠᠩ ᠴᠢᠨᠠᠷ ᠪᠣᠯᠣᠨ᠎ᠠ᠂ ᠮᠥᠨ ᠴᠦ᠍ ᠥᠷᠭᠡᠨ ᠤᠯᠠᠨ ᠵᠠᠯᠠᠭᠤᠴᠤᠳ᠎ᠲᠤ ᠢᠮᠠᠭᠲᠠ ᠲᠠᠯᠪᠢᠭ᠍ᠰᠠᠭᠠᠷ ᠢᠷᠡᠭᠰᠡᠨ ᠬᠦᠰᠡᠯ ᠡᠷᠡᠮᠡᠯᠵᠡᠯ ᠪᠣᠯᠣᠨ᠎ᠠ᠃

1985 ᠣᠨ᠎ᠳᠤ᠂ ᠰᠢᠶᠠᠮᠧᠨ ᠶᠡᠬᠡ ᠰᠤᠷᠭᠠᠭᠤᠯᠢ᠎ᠳᠤ ᠰᠤᠷᠤᠯᠴᠠᠵᠤ ᠪᠠᠢᠭᠰᠠᠨ ᠵᠠᠩ ᠬᠣᠩ ᠯᠢᠶᠠᠩ ᠲᠤᠬᠠᠢ᠎ᠶᠢᠨ ᠦᠶ᠎ᠡ᠎ᠳᠦ ᠰᠢᠶᠠᠮᠧᠨ ᠬᠤᠳᠠ᠎ᠶᠢᠨ ᠨᠠᠮ᠎ᠤᠨ ᠬᠤᠷᠢᠶ᠎ᠠ ᠵᠢᠨ ᠪᠠᠢᠩᠭᠤ᠎ᠶᠢᠨ ᠭᠡᠰᠢᠭᠦᠨ᠂ ᠬᠤᠳᠠ᠎ᠶᠢᠨ ᠳᠡᠳ᠋ ᠳᠠᠷᠤᠭ᠎ᠠ ᠪᠠᠢᠭᠰᠠᠨ ᠰᠢ ᠵᠢᠨ ᠫᠢᠩ᠎ᠲᠠᠢ ᠲᠠᠨᠢᠯᠴᠠᠭᠰᠠᠨ ᠪᠥᠭᠡᠳ ᠦᠷᠭᠦᠯᠵᠢ ᠰᠢ ᠵᠢᠨ ᠫᠢᠩ ᠨᠥᠬᠥᠷ᠎ᠦᠨ ᠵᠢᠯᠣᠭᠣᠳᠤᠯᠭ᠎ᠠ ᠪᠠ ᠬᠠᠪᠰᠤᠷᠤᠯᠭ᠎ᠠ᠎ᠶᠢ ᠣᠯᠳᠠᠭ᠃

ᠠᠩᠬ᠎ᠠ ᠤᠳᠠᠭ᠎ᠠ ᠠᠭᠤᠯᠵᠠᠬᠤ᠎ᠳᠤ᠂ ᠰᠢ ᠵᠢᠨ ᠫᠢᠩ ᠨᠥᠬᠥᠷ᠎ᠦᠨ ᠨᠢᠭᠡ ᠦᠭᠡ ᠵᠠᠩ ᠬᠣᠩ ᠯᠢᠶᠠᠩ᠎ᠤᠨ ᠰᠡᠳᠬᠢᠯ᠎ᠳᠦ ᠭᠦᠨ ᠬᠠᠳᠠᠩᠰᠢᠵᠠᠢ᠄《ᠲᠠ ᠨᠠᠷ ᠬᠡᠳᠦᠢᠪᠡᠷ ᠮᠠᠰᠢ ᠤᠯᠠᠨ ᠨᠣᠮ ᠤᠩᠰᠢᠭ᠍ᠰᠠᠨ ᠪᠣᠯᠪᠠᠴᠤ ᠨᠣᠮ ᠳᠣᠲᠣᠷᠡᠬᠢ ᠮᠠᠰᠢ ᠤᠯᠠᠨ ᠮᠡᠳᠡᠯᠭᠡ ᠨᠢ 〈ᠢᠯᠡᠭᠦᠴᠡ〉ᠪᠠᠢᠨ᠎ᠠ᠂ ᠭᠠᠭᠴᠠ ᠬᠦ᠌ ᠤᠯᠠᠨ ᠲᠦᠮᠡᠨ᠎ᠦ ᠦᠢᠯᠡᠳᠦᠯᠭᠡ᠎ᠲᠠᠢ ᠤᠶᠠᠯᠳᠤᠭᠤᠯᠪᠠᠯ ᠰᠠᠶᠢ 〈ᠢᠯᠡᠭᠦᠴᠡ〉 ᠵᠦᠢᠯᠡᠰ ᠢ᠋ ᠨᠢ ᠰᠢᠬᠠᠨ ᠭᠠᠷᠭᠠᠵᠤ ᠴᠢᠳᠠᠨ᠎ᠠ᠃ ᠨᠣᠮ ᠪᠢᠴᠢᠭ ᠳᠡᠭᠡᠷᠡᠬᠢ ᠮᠡᠳᠡᠯᠭᠡ᠎ᠶᠢ 〈ᠰᠢᠬᠠᠪᠠᠯ〉 ᠰᠠᠶᠢ ᠮᠡᠳᠡᠯᠭᠡ᠎ᠶᠢ 〈ᠦᠨᠡᠨ ᠪᠤᠳᠠᠳᠠᠢ ᠬᠡᠷᠡᠭᠴᠡᠭᠡ〉 ᠲᠠᠢ ᠪᠣᠯᠭᠠᠵᠤ ᠴᠢᠳᠠᠨ᠎ᠠ》᠃

1990 ᠣᠨ᠎ᠳᠤ᠂ ᠹᠦᠵᠧᠦ ᠬᠤᠳᠠ᠎ᠶᠢᠨ ᠨᠠᠮ᠎ᠤᠨ ᠬᠤᠷᠢᠶ᠎ᠠ ᠵᠢᠨ ᠱᠦᠵᠢ ᠪᠠᠢᠭᠰᠠᠨ ᠰᠢ ᠵᠢᠨ ᠫᠢᠩ ᠪᠡᠭᠡᠵᠢᠩ ᠶᠡᠬᠡ ᠰᠤᠷᠭᠠᠭᠤᠯᠢ᠎ᠡᠴᠡ ᠹᠦᠵᠢᠶᠠᠨ᠎ᠳ᠋ᠤ ᠬᠦᠷᠴᠦ ᠨᠡᠢᠭᠡᠮ᠎ᠦᠨ ᠦᠢᠯᠡᠳᠦᠯᠭᠡ᠎ᠬᠢᠭᠰᠡᠨ ᠪᠦᠯᠬᠦᠮ᠎ᠤ᠋ᠨ ᠰᠤᠷᠤᠭ᠍ᠴᠢᠳ᠎ᠲᠠᠢ ᠶᠠᠷᠢᠯᠴᠠᠪᠠ᠃ ᠰᠤᠷᠤᠭᠴᠢᠳ ᠤ᠋ᠨ ᠬᠠᠯᠠᠭᠤᠨ ᠬᠠᠷᠠᠴᠠ᠎ᠵᠢ ᠬᠠᠷᠠᠭᠠᠳ᠄《ᠰᠤᠷᠭᠠᠭᠤᠯᠢ᠎ᠶᠢᠨ ᠰᠤᠷᠤᠬ᠍ᠰᠠᠨ ᠮᠡᠳᠡᠯᠭᠡ ᠵᠢ ᠬᠡᠲᠦᠢᠳᠦᠭᠰᠡᠨ᠂ ᠲᠡᠭᠦᠰ ᠴᠢᠳᠠᠪᠤᠷᠢ᠎ᠪᠡᠷ ᠦᠵᠡᠵᠦ ᠪᠣᠯᠬᠤ ᠦᠭᠡᠢ᠂ ᠭᠠᠭᠴᠠ ᠬᠦ᠌ ᠨᠡᠢᠭᠡᠮ ᠳᠡᠭᠡᠷ᠎ᠡ ᠤᠯᠠᠨ ᠲᠦᠮᠡᠨ᠎ᠲᠠᠢ ᠨᠢᠭ᠍ᠲᠠᠷᠠᠨ ᠪᠦᠯᠬᠦᠮᠳᠡᠵᠦ᠂ ᠬᠠᠮᠲᠤ᠎ᠪᠠᠷ ᠴᠢᠷᠮᠠᠢᠪᠠᠯ ᠰᠠᠶᠢ ᠨᠡᠢᠭᠡᠮ᠎ᠦᠨ ᠬᠠᠷᠢᠭᠤᠴᠠᠯᠭᠠᠲᠤ ᠰᠡᠳᠬᠢᠯᠭᠡ᠎ᠶᠢ ᠪᠤᠢ ᠪᠣᠯᠭᠠᠵᠤ ᠴᠢᠳᠠᠨ᠎ᠠ᠂ ᠰᠠᠶᠢ ᠦᠨᠡᠨ ᠤᠬᠠᠭᠠᠨ ᠢ᠋ ᠤᠯᠵᠤ ᠴᠢᠳᠠᠨ᠎ᠠ》 ᠭᠡᠪᠡ᠃

ᠴᠠᠭᠠᠰᠤᠨ ᠳᠡᠭᠡᠷ᠎ᠡ᠎ᠡᠴᠡ ᠣᠯᠵᠤ ᠮᠡᠳᠡᠭᠰᠡᠨ ᠨᠢ ᠡᠴᠦᠰ᠎ᠲᠡᠬᠡᠨ ᠭᠦᠢᠬᠡᠨ ᠰᠠᠨᠠᠭᠳᠠᠨ᠎ᠠ᠂ ᠤᠴᠢᠷ ᠤᠬᠠᠭᠠᠨ᠎ᠢ ᠮᠡᠳᠡᠬᠦ᠎ᠳᠦ ᠥᠪᠡᠷ᠎ᠢᠶᠡᠨ ᠬᠢᠬᠦ ᠬᠡᠷᠡᠭᠲᠡᠢ᠃ ᠲᠡᠭᠡᠪᠡᠯ ᠦᠨᠳᠦᠰᠦᠨ ᠱᠠᠲᠤᠨ᠎ᠤ ᠨᠢᠭᠡᠳᠦᠭᠡᠷ ᠹᠷᠣᠨᠲ᠎ᠲᠤ ᠣᠴᠢᠵᠤ᠂ ᠠᠷᠠᠳ ᠲᠦᠮᠡᠨ᠎ᠦ ᠳᠡᠷᠭᠡᠳᠡ ᠣᠴᠢᠬᠤ ᠬᠡᠷᠡᠭᠳᠡᠢ᠃

《ᠲᠠᠷᠢᠶᠠᠨ ᠴᠢᠬᠢ ᠵᠢ ᠳ᠋ᠦᠩᠰᠡ ᠪᠡᠷ ᠲᠠᠷᠤᠪᠠᠯ ᠰᠠᠶᠢ ᠨᠠᠩ ᠭᠦᠨ ᠪᠤᠯᠠᠭᠳᠠᠵᠤ᠂ ᠨᠠᠩ ᠪᠠᠲᠤ ᠦᠨᠳᠦᠰᠦᠯᠡᠵᠦ᠂ ᠰᠠᠯᠬᠢ ᠪᠣᠷᠣᠭᠠᠨ᠎ᠤ ᠳᠤᠮᠳᠠ ᠤᠢᠴᠢᠬᠤ ᠦᠭᠡᠢ᠂ ᠵᠣᠭᠰᠣᠵᠤ ᠴᠢᠳᠠᠨ᠎ᠠ᠃ ᠵᠠᠯᠠᠭᠤᠴᠤᠳ ᠴᠤ᠌ ᠦᠨᠳᠦᠰᠦᠨ ᠱᠠᠲᠤᠨ᠎ᠳᠤ ᠦᠨᠳᠦᠰᠦᠯᠡᠵᠦ᠂ ᠰᠠᠭᠤᠷᠢ᠎ᠪᠠᠨ ᠪᠠᠲᠤᠳᠬᠠᠪᠠᠯ᠂ ᠬᠣᠢᠨᠠᠬᠢ ᠵᠠᠮ ᠳ᠋ᠠᠭᠠᠨ ᠰᠠᠶᠢ ᠨᠠᠩ ᠯᠠᠪᠳᠠᠭᠤᠨ ᠨᠠᠩ ᠬᠣᠯᠠ ᠶᠠᠪᠤᠵᠤ ᠴᠢᠳᠠᠨ᠎ᠠ᠃ ᠦᠨᠳᠦᠰᠦᠨ ᠱᠠᠲᠤᠨ᠎ᠳᠤ ᠳᠠᠪᠲᠠᠨ ᠪᠣᠯᠪᠠᠰᠤᠷᠠᠵᠤ᠂ ᠠᠷᠠᠳ ᠲᠦᠮᠡᠨ᠎ᠦ ᠳᠤᠮᠳᠠ ᠭᠦᠨᠵᠡᠭᠡᠢᠷᠡᠬᠦ ᠪᠣᠯ ᠵᠠᠯᠠᠭᠤ ᠨᠠᠰᠤᠨ᠎ᠤ ᠬᠦᠴᠦᠨ ᠴᠢᠳᠠᠯ᠎ᠤᠨ ᠡᠬᠢ ᠪᠤᠯᠠᠭ ᠮᠥᠨ᠃

ᠥᠭᠡᠷᠡᠴᠢᠯᠡᠯᠲᠡ ᠨᠡᠭᠡᠭᠡᠯᠲᠡ᠎ᠶᠢᠨ ᠡᠬᠢᠨ᠎ᠦ ᠦᠶ᠎ᠡ᠎ᠳᠦ᠂ ᠶᠠᠭ ᠰᠠᠢᠬᠠᠨ ᠭᠤᠴᠢᠨ ᠨᠠᠰᠤᠳᠠᠢ ᠵᠸᠩᠳᠢᠩ ᠰᠢᠶᠠᠨ᠎ᠤ ᠨᠠᠮ᠎ᠤᠨ ᠬᠤᠷᠢᠶ᠎ᠠ ᠵᠢᠨ ᠱᠦᠵᠢ ᠰᠢ ᠵᠢᠨ ᠫᠢᠩ ᠰᠤᠷᠪᠤᠯᠵᠢᠯᠠᠬᠤ᠎ᠪᠠᠷ ᠢᠷᠡᠭᠰᠡᠨ ᠰᠤᠷᠪᠤᠯᠵᠢᠯᠠᠭ᠍ᠴᠢ᠎ᠳᠤ᠄《〈ᠳᠤᠮᠳᠠᠳᠤ ᠤᠯᠤᠰ᠎ᠤᠨ ᠵᠠᠯᠠᠭᠤᠴᠤᠳ〉 ᠰᠡᠳᠬᠦᠯ ᠳᠡᠭᠡᠷ᠎ᠡ 〈ᠠᠮᠢᠳᠤᠷᠠᠯ᠎ᠤᠨ ᠵᠠᠮ ᠶᠠᠭᠠᠬᠢᠭᠠᠳ ᠶᠠᠪᠤᠬᠤ ᠳᠤᠳᠤᠮ ᠢᠪᠴᠤᠷᠠᠵᠤ ᠪᠠᠢᠬᠤ〉 ᠲᠤᠬᠠᠢ ᠮᠠᠷᠭᠤᠯᠳᠤᠵᠤ ᠪᠠᠢᠭᠰᠠᠨ ᠪᠢᠰᠢ ᠦᠦ? ᠲᠠ ᠦᠨᠡᠨ᠎ᠡᠴᠡ ᠵᠥᠪ᠎ᠢ ᠡᠷᠢᠵᠦ ᠮᠢᠨᠤ ᠦᠢᠯᠡᠳᠦᠯᠭᠡ ᠪᠣᠯᠣᠨ ᠲᠥᠷᠥᠭᠳᠡᠯ᠎ᠢ ᠪᠢᠴᠢ᠂ ᠮᠢᠨᠦ ᠦᠨᠳᠦᠰᠦᠨ ᠱᠠᠲᠤᠨ᠎ᠤ ᠵᠠᠯᠠᠭᠤ ᠺᠠᠳ᠋ᠷ᠎ᠤᠨ ᠵᠣᠭᠰᠣᠴᠠ᠎ᠡᠴᠡ ᠶᠠᠷᠢᠶ᠎ᠠ ᠲᠠᠯᠪᠢᠭ᠍ᠰᠠᠨ᠎ᠢᠶᠠᠷ ᠪᠤᠳᠤᠴᠢᠬ᠎ᠠ》 ᠭᠡᠵᠦ ᠬᠡᠯᠡᠪᠡ᠃

ᠬᠠᠷᠢᠭᠤᠯᠲᠠ᠎ᠶᠢᠨ ᠬᠠᠭᠤᠳᠠᠰᠤ᠎ᠶᠢ ᠠᠮᠢᠳᠤ ᠴᠣᠪᠣᠭᠣᠯᠢᠭ᠋ ᠦᠢᠯᠡᠳᠦᠯᠭᠡ᠎ᠶᠢᠨ ᠳᠤᠮᠳᠠ ᠪᠢᠴᠢᠭᠯᠡᠨ᠎ᠡ —

ᠬᠥᠳᠡᠭᠡ ᠲᠣᠰᠬᠣᠨ᠎ᠳᠤ ᠬᠦᠷᠴᠦ ᠰᠢᠨᠵᠢᠯᠡᠨ ᠪᠠᠢᠴᠠᠭᠠᠬᠤ ᠳ᠋ᠠᠭᠠᠨ᠂ ᠨᠤᠲᠤᠭ᠎ᠤᠨ ᠠᠬ᠎ᠠ ᠳᠡᠭᠦᠦ ᠨᠠᠷ᠎ᠦᠨ ᠲᠠᠷᠢᠶᠠᠨ ᠴᠢᠬᠢ ᠠᠷᠴᠢᠵᠤ ᠪᠠᠢᠬᠤ ᠲᠠᠭᠠᠷᠠᠯᠳᠤᠵᠤ᠂ ᠲᠡᠷᠡᠪᠡᠷ ᠬᠠᠨᠴᠤᠢ ᠰᠢᠮᠠᠯᠠᠨ ᠨᠤᠲᠤᠭ᠎ᠤᠨ ᠠᠬ᠎ᠠ ᠳᠡᠭᠦᠦ ᠨᠠᠷ᠎ᠲᠠᠢ᠎ᠪᠡᠨ ᠬᠠᠮᠳᠤ ᠠᠵᠢᠯᠯᠠᠬᠤ᠎ᠶᠢᠨ ᠳᠠᠭᠠᠤ ᠶᠠᠷᠢᠯᠴᠠᠵᠤ᠂ ᠪᠡᠶ᠎ᠡ᠎ᠪᠡᠷ᠎ᠢᠶᠡᠨ ᠬᠡᠪ ᠳᠦᠷᠢᠮ ᠪᠣᠯᠵᠤ ᠪᠠᠢᠭᠤᠯᠭ᠎ᠠ᠎ᠶᠢᠨ ᠺᠠᠳ᠋ᠷ᠎ᠢ 《ᠦᠨᠳᠦᠰᠦᠨ ᠱᠠᠲᠤᠨ᠎ᠳᠤ ᠬᠦᠷᠴᠦ ᠪᠠᠢᠴᠠᠭᠠᠯᠲᠠ ᠬᠢᠵᠦ᠂ ᠡᠴᠦᠰ ᠲᠦ᠍ᠨᠢ ᠲᠤᠯᠲᠠᠯ᠎ᠠ ᠪᠠᠢᠴᠠᠭᠠᠵᠤ᠂ ᠪᠠᠢᠳᠠᠯ᠎ᠢ ᠪᠡᠶ᠎ᠡ᠎ᠪᠡᠷ᠎ᠢᠶᠡᠨ ᠣᠢᠯᠠᠭᠠᠵᠤ᠂ ᠰᠢᠭᠤᠳ ᠲᠤᠰᠬᠠᠯ᠎ᠢ ᠰᠣᠨᠣᠰᠴᠤ᠂ 〈ᠡᠬᠢ ᠡᠭᠦᠰᠦᠯ〉 ᠢ᠋ ᠨᠢ ᠡᠷᠢᠯᠬᠢᠯᠡᠬᠦ ᠬᠡᠷᠡᠭᠲᠡᠢ》 ᠭᠡᠵᠦ ᠱᠠᠭᠠᠷᠳᠠᠪᠠ;

ᠲᠤᠬᠠᠢ᠎ᠶᠢᠨ ᠭᠠᠵᠠᠷ᠎ᠤᠨ ᠠᠵᠤ ᠠᠬᠤᠢ ᠪᠠ ᠲᠠᠷᠢᠶᠠᠯᠠᠩ᠎ᠤᠨ ᠲᠠᠯ᠎ᠠ᠎ᠪᠠᠷ 《ᠨᠢᠭᠡ ᠯᠡ ᠲᠠᠯ᠎ᠠ᠎ᠶᠢ ᠠᠳᠬᠤᠬᠤ》 ᠣᠳᠣᠬᠢ ᠪᠠᠢᠳᠠᠯ ᠪᠠ ᠲᠠᠷᠢᠶᠠᠴᠢᠳ᠎ᠤᠨ ᠠᠮᠢᠳᠤᠷᠠᠯ᠎ᠤᠨ ᠬᠦᠴᠢᠷᠳᠡᠯ᠎ᠢ ᠣᠢᠯᠠᠭᠠᠵᠤ ᠮᠡᠳᠡᠭᠡᠳ᠂ ᠭᠠᠵᠠᠷ ᠣᠷᠣᠨ᠂ ᠮᠤᠵᠢ᠂ ᠪᠡᠭᠡᠵᠢᠩ᠎ᠳᠦ ᠣᠴᠢᠵᠤ᠂ ᠠᠷᠠᠳ ᠢᠷᠭᠡᠳ᠎ᠢ ᠥᠨᠳᠥᠷ ᠦᠨ᠎ᠡ᠎ᠪᠡᠷ ᠲᠠᠲᠠᠪᠤᠷᠢᠯᠠᠨ ᠬᠤᠳᠠᠯᠳᠤᠵᠤ ᠠᠪᠬᠤ ᠬᠦᠨᠳᠦ ᠳᠠᠷᠤᠯᠲᠠ᠎ᠡᠴᠡ ᠴᠢᠯᠦᠭᠡᠯᠡᠵᠦ ᠭᠠᠷᠭᠠᠪᠠ;

ᠬᠥᠳᠡᠭᠡ ᠲᠣᠰᠬᠣᠨ᠎ᠤ ᠵᠠᠯᠠᠭᠤᠴᠤᠳ᠎ᠤᠨ ᠲᠠᠸᠠᠷ᠎ᠤᠨ ᠦᠢᠯᠡᠳᠪᠦᠷᠢᠯᠡᠯ᠎ᠦᠨ ᠠᠰᠠᠭᠤᠳᠠᠯ᠎ᠢ ᠠᠳᠬᠤᠭᠰᠠᠨ ᠲᠤᠬᠠᠢ ᠲᠤᠰᠬᠠᠭᠰᠠᠨ ᠵᠠᠬᠢᠳᠠᠯ᠎ᠢ ᠣᠯᠣᠭᠰᠠᠨ ᠤ᠋ ᠲᠠᠷᠠᠭ᠎ᠠ᠂ ᠨᠢᠭᠡᠳᠦᠭᠡᠷ ᠲᠤᠰᠬᠠᠯ ᠨᠢ ᠲᠠᠷᠤᠢ ᠴᠢᠳᠠᠪᠤᠷᠢᠲᠠᠨ ᠢ᠋ ᠣᠯᠵᠤ ᠮᠡᠳᠡᠭᠰᠡᠨ ᠪᠠᠶᠠᠷ ᠪᠠᠶᠠᠰᠤᠯ ᠪᠠᠢᠵᠤ᠂ ᠪᠠᠢᠳᠠᠯ᠎ᠢ ᠬᠢᠨᠠᠨ ᠪᠠᠢᠴᠠᠭᠠᠵᠤ᠂ ᠨᠦᠬᠦᠭᠡ ᠡᠲᠡᠭᠡᠳ᠎ᠢᠶᠡᠷ᠎ᠢᠶᠡᠨ ᠲᠣᠰᠬᠣᠨ᠎ᠤ ᠲᠠᠸᠠᠷ᠎ᠤᠨ ᠦᠢᠯᠡᠳᠪᠦᠷᠢᠯᠡᠯ ᠎ᠢ ᠠᠳᠬᠤᠭᠤᠯᠬᠤ᠎ᠪᠠᠷ ᠱᠠᠭᠠᠷᠳᠠᠪᠠ ᠁

ᠵᠸᠩᠳᠢᠩ ᠳ᠋ᠤ᠌ ᠠᠵᠢᠯᠯᠠᠭᠰᠠᠨ ᠭᠤᠷᠪᠠᠨ ᠵᠢᠯ ᠭᠠᠷᠤᠢ ᠳ᠋ᠤ᠂ ᠰᠢ ᠵᠢᠨ ᠫᠢᠩ ᠨᠥᠬᠥᠷ ᠪᠦᠬᠦ ᠰᠢᠶᠠᠨ᠎ᠤ ᠲᠣᠰᠬᠣᠨ ᠪᠣᠯᠭᠠᠨ᠎ᠢᠶᠠᠷ ᠶᠠᠪᠤᠵᠤ᠂ ᠺᠠᠳ᠋ᠷ ᠤᠯᠠᠨ ᠲᠦᠮᠡᠨ᠎ᠲᠠᠢ ᠨᠢᠭ᠍ᠲᠠᠷᠠᠨ ᠪᠦᠯᠬᠦᠮᠳᠡᠵᠦ᠂ ᠦᠨᠳᠦᠰᠦᠨ ᠱᠠᠲᠤᠨ᠎ᠤ ᠬᠦᠰᠡᠨ ᠡᠷᠡᠮᠡᠯᠵᠡᠵᠦ ᠪᠠᠢᠭ᠎ᠠ ᠲᠥᠯᠥᠪᠯᠡᠭᠡ᠎ᠶᠢ ᠤᠨᠢᠯᠠᠵᠤ᠂ ᠬᠥᠭᠵᠢᠯᠲᠡ᠎ᠶᠢ ᠡᠷᠢᠯᠬᠢᠯᠡᠵᠦ᠂ ᠵᠸᠩᠳᠢᠩ᠎ᠢ ᠴᠠᠭ ᠦᠶ᠎ᠡ᠎ᠶᠢᠨ ᠶᠡᠬᠡ ᠤᠷᠤᠰᠬᠠᠯ᠎ᠢ ᠬᠥᠭᠡᠭᠡᠵᠦ ᠭᠦᠢᠴᠡᠭᠦᠯᠵᠦ᠂ ᠵᠠᠮ᠎ᠢ ᠨᠢ ᠶᠠᠪᠤᠬᠤ ᠲᠤᠳᠤᠮ ᠥᠷᠭᠡᠨ ᠳᠠᠷᠳᠠᠩ ᠪᠣᠯᠭᠠᠪᠠ᠃

ᠴᠢᠩ ᠤᠯᠤᠰ᠎ᠤᠨ ᠬᠥᠮᠥᠨ ᠵᠧᠩ ᠪᠠᠨ ᠴᠢᠶᠣᠤ᠎ᠶᠢᠨ ᠠᠯᠳᠠᠷᠲᠤ ᠰᠢᠯᠦᠭ 《ᠬᠤᠯᠤᠰᠤ ᠴᠢᠯᠠᠭᠤ》 ᠳ᠋ᠤ᠌᠂ ᠶᠡᠷᠦᠩᠬᠡᠢ ᠱᠦᠵᠢ ᠰᠢ ᠵᠢᠨ ᠫᠢᠩ ᠭᠦᠨ ᠲᠥᠷᠥᠭᠳᠡᠯ᠎ᠲᠠᠢ ᠪᠠᠢᠵᠤ᠂ ᠬᠡᠳᠦᠨ ᠦᠰᠦᠭ ᠵᠠᠰᠠᠵᠤ᠂ ᠲᠤᠬᠠᠢ᠎ᠶᠢᠨ ᠵᠢᠯ᠎ᠳᠦ ᠬᠥᠳᠡᠭᠡ ᠪᠠᠭᠤᠭᠰᠠᠨ ᠲᠥᠷᠥᠭᠳᠡᠯ᠎ᠢᠶᠡᠨ ᠢᠯᠡᠳᠬᠡᠪᠡ᠄《ᠦᠨᠳᠦᠰᠦᠨ ᠱᠠᠲᠤᠨ᠎ᠳᠤ ᠭᠦᠨᠵᠡᠭᠡᠢᠷᠡᠬᠦ᠎ᠶᠢ ᠰᠤᠯᠠᠷᠠᠭᠤᠯᠤᠯ ᠦᠭᠡᠢ ᠴᠢᠩᠭ᠎ᠠ ᠠᠳᠬᠤᠵᠤ᠂ ᠤᠯᠠᠨ ᠲᠦᠮᠡᠨ᠎ᠦ ᠳᠤᠮᠳᠠ ᠦᠨᠳᠦᠰᠦᠯᠡᠨ᠎ᠡ᠃ ᠮᠢᠩᠭᠠᠨ ᠪᠡᠷᠬᠡ ᠲᠦᠮᠡᠨ ᠴᠣᠬᠢᠯᠲᠠ᠎ᠳᠤ ᠬᠠᠳᠠᠨ ᠪᠠᠲᠤ ᠬᠡᠪ᠎ᠢᠶᠡᠷ᠎ᠢᠶᠡᠨ᠂ ᠰᠠᠯᠬᠢ ᠪᠣᠷᠣᠭᠠᠨ᠎ᠢ ᠬᠠᠢᠬᠤᠷᠤᠯ ᠦᠭᠡᠢ ᠴᠢᠷᠮᠠᠢᠨ ᠤᠷᠤᠭᠰᠢᠯᠠᠨ᠎ᠠ》᠃

ᠤᠯᠠᠨ ᠵᠢᠯ᠎ᠦᠨ ᠲᠠᠷᠠᠭ᠎ᠠ᠂ ᠥᠩᠭᠡᠷᠡᠭᠰᠡᠨ᠎ᠢᠶᠡᠨ ᠡᠷᠭᠢᠴᠡᠭᠦᠯᠬᠦ᠎ᠳᠡᠭᠡᠨ᠂ ᠲᠡᠷᠡ᠄ 《ᠬᠥᠮᠥᠨ᠎ᠦ ᠶᠢᠷᠲᠢᠨᠴᠦ᠂ ᠦᠨᠳᠦᠰᠦᠨ ᠱᠠᠲᠤᠨ᠎ᠳᠤ ᠪᠠᠢᠨ᠎ᠠ》᠃

2023 ᠣᠨ᠎ᠤ 3 ᠰᠠᠷ᠎ᠠ᠎ᠳᠤ᠂ ᠪᠦᠬᠦ ᠤᠯᠤᠰ᠎ᠤᠨ ᠬᠣᠶᠠᠷ ᠬᠤᠷᠠᠯ᠎ᠤᠨ ᠵᠢᠶᠠᠩᠰᠤ᠎ᠶᠢᠨ ᠲᠥᠯᠥᠭᠡᠯᠡᠭᠴᠢᠳ᠎ᠦᠨ ᠪᠦᠯᠬᠦᠮ᠎ᠦᠨ ᠬᠢᠨᠠᠨ ᠵᠥᠪᠯᠡᠬᠦ ᠠᠬᠤᠢ ᠲᠠᠯᠠᠪᠠᠢ᠎ᠳᠤ᠂ 《ᠨᠠᠶᠠᠭᠠᠳ ᠣᠨ᠎ᠡᠴᠡ ᠰᠡᠭᠦᠯᠡᠷ ᠲᠦᠷᠦᠭᠰᠡᠨ》 ᠬᠥᠷᠥᠰᠥ ᠰᠢᠷᠣᠢ᠎ᠶᠢᠨ ᠤᠬᠠᠭᠠᠨ᠎ᠤ ᠮᠠᠰᠲᠧᠷ ᠸᠧᠢ ᠴᠢᠶᠣᠤ ᠲᠥᠯᠥᠭᠡᠯᠡᠭᠴᠢ ᠶᠡᠷᠦᠩᠬᠡᠢ ᠱᠦᠵᠢ᠎ᠳᠦ ᠥᠪᠡᠷ᠎ᠦᠨ ᠰᠤᠷᠤᠭᠰᠠᠨ᠎ᠢᠶᠠᠨ ᠬᠡᠷᠡᠭᠯᠡᠵᠦ᠂ ᠨᠤᠲᠤᠭ᠎ᠲᠠᠭᠠᠨ ᠪᠤᠴᠠᠵᠤ ᠦᠢᠯᠡᠰ ᠪᠣᠰᠬᠠᠵᠤ ᠲᠣᠭᠠᠴᠢᠯᠠᠭᠰᠠᠨ ᠲᠠᠷᠢᠶᠠᠨ ᠭᠠᠵᠠᠷ᠎ᠤᠨ ᠲᠠᠷᠢᠮᠠᠯ᠎ᠤᠨ ᠮᠡᠷᠭᠡᠵᠢᠯᠲᠡᠨ ᠪᠣᠯᠤᠭᠰᠠᠨ ᠥᠩᠭᠡᠷᠡᠯᠲᠡ᠎ᠪᠡᠨ ᠶᠠᠷᠢᠵᠤ ᠥᠭᠪᠡ᠃

ᠶᠡᠷᠦᠩᠬᠡᠢ ᠱᠦᠵᠢ᠄ 《ᠸᠧᠢ ᠴᠢᠶᠣᠤ ᠰᠢᠭ᠋ ᠡᠢᠮᠦ ᠨᠥᠬᠥᠳ ᠬᠥᠳᠡᠭᠡ᠎ᠳᠦ ᠣᠴᠢᠬᠤ ᠨᠢ ᠮᠠᠰᠢ ᠰᠠᠢᠨ!》 ᠭᠡᠵᠦ ᠮᠠᠭᠳᠠᠨ ᠰᠠᠢᠰᠢᠶᠠᠪᠠ᠃

ᠵᠠᠯᠠᠭᠤ ᠨᠠᠰᠤᠨ ᠳ᠋ᠠᠭᠠᠨ᠂ ᠬᠠᠮᠢᠭ᠎ᠠ ᠬᠦᠴᠦ ᠲᠠᠯᠪᠢᠵᠤ᠂ ᠬᠡᠨ᠎ᠳᠦ ᠵᠤᠷᠢᠭᠤᠯᠵᠤ᠂ ᠬᠡᠷᠬᠢᠨ ᠰᠡᠳᠬᠢᠯ ᠲᠠᠯᠪᠢᠬᠤ ᠪᠤᠢ?

ᠶᠡᠷᠦᠩᠬᠡᠢ ᠱᠦᠵᠢ ᠰᠢ ᠵᠢᠨ ᠫᠢᠩ ᠥᠷᠭᠡᠨ ᠤᠯᠠᠨ ᠵᠠᠯᠠᠭᠤᠴᠤᠳ᠎ᠲᠤ ᠬᠡᠪ ᠳᠠᠭᠤᠷᠢᠶᠠᠯ ᠦᠵᠡᠭᠦᠯᠵᠦ᠂ ᠰᠤᠷᠭᠠᠯ ᠦᠭᠡ ᠪᠡᠯᠡᠭᠯᠡᠪᠡ᠃


(ᠭᠤᠷᠪᠠ) ᠵᠠᠯᠠᠭᠤ ᠨᠠᠰᠤᠨ ᠎ᠳᠠᠭᠠᠨ ᠬᠡᠷᠬᠢᠨ ᠭᠡᠷᠡᠯ ᠭᠢᠯᠪᠠᠭ᠎ᠠ᠎ᠰᠠᠴᠤᠷᠠᠭᠤᠯᠬᠤ ᠪᠤᠢ?

《ᠵᠠᠯᠠᠭᠤ ᠨᠠᠰᠤ ᠳᠠᠪᠲᠠᠯᠲᠠ᠎ᠪᠠᠷ ᠬᠡᠷᠡᠯ ᠭᠢᠯᠪᠠᠭ᠎ᠠ᠎ᠪᠠᠨ ᠰᠠᠴᠤᠷᠠᠭᠤᠯᠵᠤ᠂ ᠬᠥᠮᠥᠨ᠎ᠦ ᠠᠮᠢᠳᠤᠷᠠᠯ ᠲᠡᠮᠡᠴᠡᠯ᠎ᠢᠶᠡᠷ ᠬᠥᠭᠵᠢᠨ ᠮᠠᠨᠳᠤᠨ᠎ᠠ》

ᠨᠢᠭᠡ ᠦᠶ᠎ᠡ᠎ᠶᠢᠨ ᠬᠥᠮᠥᠨ ᠨᠢᠭᠡ ᠦᠶ᠎ᠡ᠎ᠶᠢᠨ ᠬᠥᠮᠥᠨ᠎ᠦ ᠵᠠᠯᠠᠭᠤ ᠨᠠᠰᠤ᠎ᠲᠠᠢ᠃

ᠣᠳᠣᠬᠠᠨ᠎ᠤ ᠵᠠᠯᠠᠭᠤ ᠨᠢᠭᠡ ᠦᠶ᠎ᠡ᠎ᠶᠢᠨ ᠬᠢᠨ ᠤ᠋ ᠦᠰᠦᠨ ᠪᠣᠢᠵᠢᠯᠳᠡ ᠳ᠋ᠤ ᠡᠬᠡ ᠤᠯᠤᠰ᠎ᠤᠨ ᠬᠦᠴᠦᠷᠬᠡᠭᠵᠢᠨ ᠮᠠᠨᠳᠤᠬᠤ ᠳᠠᠭᠠᠯᠳᠤᠵᠤ᠂ ᠥᠷᠭᠡᠨ ᠠᠭᠤᠳᠠᠮ ᠬᠠᠷᠠᠭ᠎ᠠ ᠪᠠ ᠥᠷᠭᠡᠨ ᠠᠭᠤᠳᠠᠮ ᠣᠷᠣᠨ ᠵᠠᠢ᠎ᠲᠠᠢ ᠪᠠᠢᠵᠤ᠂ ᠪᠠᠰᠠ ᠦᠰᠦᠨ ᠪᠣᠢᠵᠢᠬᠤ ᠡᠪᠡᠷᠰᠢᠶᠡᠯ ᠪᠠ ᠲᠥᠭᠡᠷᠢᠭᠳᠡᠯ᠎ᠲᠠᠢ ᠶᠤᠮ᠃

ᠵᠠᠷᠢᠮ ᠨᠢ ᠠᠮᠢᠳᠤᠷᠠᠯ᠎ᠤᠨ 《ᠪᠠᠭ᠎ᠠ ᠠᠵᠠ ᠵᠠᠪᠰᠢᠶᠠᠨ》 ᠳ᠋ᠤ ᠰᠣᠭᠲᠣᠭᠤᠷᠠᠵᠤ᠂ ᠬᠤᠪᠢ ᠨᠡᠮᠡᠷᠢ ᠵᠢᠨ 《ᠴᠢᠳᠠᠪᠬᠢ ᠪᠠ ᠦᠨ᠎ᠡ᠎ᠶᠢᠨ ᠬᠠᠷᠢᠴᠠᠯ》 ᠢ᠋ ᠬᠥᠭᠡᠭᠡᠴᠡᠯᠳᠦᠳᠡᠭ; ᠵᠠᠷᠢᠮ ᠨᠢ ᠠᠮᠠᠨ ᠳᠡᠭᠡᠷ᠎ᠡ᠎ᠪᠡᠨ 《ᠪᠦᠷ ᠪᠤᠯᠤᠨ᠎ᠠ》 ᠭᠡᠵᠦ᠂ ᠳᠣᠲᠣᠷ᠎ᠠ᠎ᠪᠠᠨ ᠬᠠᠷᠢᠨ 《ᠳᠤᠷ᠎ᠠ ᠦᠭᠡᠢ》 ᠪᠠᠢᠵᠤ᠂《ᠪᠦᠷᠢᠮᠦᠰᠦᠨ ᠬᠤᠢᠷᠭᠤᠰᠢᠵᠤ ᠴᠢᠳᠠᠬᠤ ᠦᠭᠡᠢ》᠂ ᠪᠠᠰᠠ 《ᠦᠷᠢᠰᠦᠯᠳᠦᠭᠡᠳ ᠭᠠᠷᠬᠤ ᠦᠭᠡᠢ》 ᠵᠢᠨ ᠲᠤᠮᠳᠠ 《ᠲᠠᠬᠢᠨ ᠲᠠᠪᠳᠠᠨ᠎ᠠ》; ᠪᠠᠰᠠ 《ᠳᠥᠲᠡ ᠵᠠᠮ ᠡᠷᠢᠬᠦ》᠂ 《ᠵᠠᠪᠰᠢᠶᠠᠨ᠎ᠢ ᠳᠠᠯᠢᠮᠳᠠᠭᠤᠯᠵᠤ》᠂ ᠤᠬᠤᠷᠬᠠᠨ ᠬᠤᠭᠤᠴᠠᠭᠠᠨ ᠳ᠋ᠤ ᠨᠡᠷ᠎ᠡ ᠮᠠᠨᠳᠤᠵᠤ ᠭᠡᠨᠡᠳᠲᠡ ᠪᠠᠶᠠᠵᠢᠬᠤ᠎ᠶᠢ ᠬᠦᠰᠡᠨ᠎ᠡ ᠁

《ᠵᠠᠷᠢᠮ ᠵᠠᠯᠠᠭᠤᠴᠤᠳ ᠵᠠᠯᠠᠭᠤ ᠨᠠᠰᠤᠨ ᠳ᠋ᠠᠭᠠᠨ ᠲᠠᠷᠤᠢ ᠵᠠᠯᠬᠠᠭᠤ᠂ ᠬᠣᠢᠷᠭᠤ᠂ ᠭᠠᠵᠢᠭᠤ ᠵᠢ ᠰᠤᠷᠪᠠ᠃ ᠪᠠᠰᠠ ᠵᠠᠷᠢᠮ ᠵᠠᠯᠠᠭᠤᠴᠤᠳ ᠨᠢ ᠰᠠᠨᠠᠭ᠎ᠠ ᠨᠢ ᠶᠡᠬᠡ ᠴᠢᠳᠠᠯ ᠨᠢ ᠪᠠᠭ᠎ᠠ᠂ ᠬᠦᠪᠰᠦᠯᠵᠡᠨ ᠬᠦᠭᠡᠷᠴᠦ᠂ ᠬᠡᠢ ᠪᠤᠳᠤᠯ᠎ᠳᠠᠭᠠᠨ ᠰᠠᠭᠠᠲᠠᠵᠤ᠂ ᠦᠢᠯᠡᠳᠦᠯᠭᠡ᠎ᠡᠴᠡ ᠬᠣᠢᠷᠭᠤᠰᠢᠵᠤ᠂ ᠴᠢᠨᠠᠭᠰᠢᠯᠠᠪᠠᠯ ᠲᠡᠭᠷᠢ ᠳᠡᠭᠡᠷ᠎ᠡ᠎ᠡᠴᠡ ᠱᠠᠯᠪᠢᠩ ᠤᠨᠠᠬᠤ᠂ ᠨᠢᠭᠡ ᠯᠡ ᠲᠡᠭᠡᠷ᠎ᠡ ᠠᠯᠢᠪᠠ ᠵᠢ ᠪᠦᠲᠦᠭᠡᠬᠦ᠎ᠪᠠᠷ ᠭᠣᠷᠢᠳᠠᠵᠤ ᠪᠠᠢᠨ᠎ᠠ》᠃ ᠶᠡᠷᠦᠩᠬᠡᠢ ᠱᠦᠵᠢ ᠰᠢ ᠵᠢᠨ ᠫᠢᠩ᠄《ᠵᠢᠷᠭᠠᠯ ᠴᠡᠩᠭᠡᠯ᠎ᠢ ᠬᠥᠭᠡᠭᠡᠴᠡᠯᠳᠦᠵᠦ᠂ ᠵᠦᠭᠡᠷ ᠰᠠᠭᠤᠵᠤ ᠪᠡᠯᠡᠨ᠎ᠢ ᠢᠳᠡᠬᠦ ᠶᠠᠮᠠᠷᠪᠠ ᠪᠣᠳᠣᠯ ᠰᠡᠳᠬᠢᠯᠭᠡ᠂ ᠤᠷᠤᠭᠰᠢᠯᠠᠨ ᠳᠠᠪᠰᠢᠬᠤ᠎ᠶᠢ ᠪᠤᠳᠤᠬᠤ ᠦᠭᠡᠢ᠂ ᠬᠥᠳᠡᠯᠮᠦᠷᠢᠯᠡᠬᠦ ᠦᠭᠡᠢ᠎ᠪᠡᠷ ᠣᠯᠬᠤ ᠶᠠᠮᠠᠷᠪᠠ ᠪᠣᠳᠣᠯ ᠰᠡᠳᠬᠢᠯᠭᠡ ᠨᠢ ᠤᠯᠤᠰ ᠣᠷᠣᠨ ᠪᠠ ᠦᠨᠳᠦᠰᠦᠲᠡᠨ᠎ᠦ ᠬᠥᠭᠵᠢᠯᠲᠡ᠎ᠳᠦ ᠴᠥᠮ ᠬᠣᠣᠷ ᠬᠥᠨᠥᠭᠡᠯ᠎ᠲᠠᠢ᠂ ᠵᠠᠯᠠᠭᠤ ᠬᠤᠪᠢ ᠬᠥᠮᠥᠨ᠎ᠦ ᠦᠰᠦᠨ ᠪᠣᠶ᠋ᠢᠵᠢᠯᠲᠠ᠎ᠳᠤ ᠴᠤ᠌ ᠠᠰᠢᠭ᠋ ᠦᠭᠡᠢ ᠶᠤᠮ》 ᠭᠡᠵᠦ ᠭᠦᠨ ᠬᠦᠨᠵᠡᠭᠡᠢ ᠵᠢᠭᠠᠵᠤ ᠭᠠᠷᠭᠠᠪᠠ᠃

ᠵᠠᠯᠠᠭᠤ ᠨᠠᠰᠤ ᠪᠣᠯ ᠬᠥᠮᠥᠨ᠎ᠦ ᠠᠮᠢᠳᠤᠷᠠᠯ᠎ᠤᠨ ᠬᠠᠪᠤᠷ᠂ ᠬᠥᠮᠥᠨ᠎ᠦ ᠠᠮᠢᠳᠤᠷᠠᠯ᠎ᠤᠨ ᠭᠡᠷᠡᠯ ᠰᠠᠴᠤᠷᠠᠩᠭᠤᠢ ᠴᠠᠭ ᠦᠶ᠎ᠡ ᠮᠥᠨ᠃ ᠴᠠᠭ ᠦᠶ᠎ᠡ᠎ᠶᠢᠨ ᠬᠦᠴᠦᠲᠦ ᠤᠷᠤᠰᠬᠠᠯ ᠳᠤᠮᠳᠠ᠂ ᠵᠠᠯᠠᠭᠤᠴᠤᠳ ᠬᠡᠷᠬᠢᠨ ᠡᠭᠦᠷᠭᠡ ᠬᠠᠷᠢᠭᠤᠴᠠᠯᠭ᠎ᠠ᠎ᠪᠠᠨ ᠬᠥᠰᠡᠷᠳᠡᠭᠦᠯᠬᠦ ᠦᠭᠡᠢ᠂ ᠵᠠᠯᠠᠭᠤ ᠨᠠᠰᠤᠨ᠎ᠳᠠᠭᠠᠨ ᠬᠡᠷᠬᠢᠨ ᠭᠡᠷᠡᠯ ᠭᠢᠯᠪᠠᠭ᠎ᠠ᠎ᠰᠠᠴᠤᠷᠠᠭᠤᠯᠬᠤ ᠪᠤᠢ?

80 ᠭᠠᠷᠤᠢ ᠵᠢᠯ᠎ᠦᠨ ᠡᠮᠦᠨ᠎ᠡ᠂ ᠮᠠᠤ ᠽᠸ ᠳ᠋ᠦᠩ ᠨᠥᠬᠥᠷ᠄ 《ᠶᠠᠭᠤ᠎ᠶᠢ ᠵᠢᠱ᠌ᠢᠶᠡᠴᠢ ᠵᠠᠯᠠᠭᠤᠴᠤᠳ ᠭᠡᠬᠦ ᠪᠤᠢ? ᠶᠠᠷᠢᠶᠠᠨ ᠦᠭᠡᠢ ᠡᠭᠦᠷᠢᠳᠡ ᠲᠡᠮᠡᠴᠡᠬᠦ ᠡᠨᠡ ᠬᠦ᠌ ᠵᠤᠷᠪᠤᠰ ᠢ᠋ ᠪᠠᠷᠢᠮᠳᠠᠯᠠᠭᠰᠠᠨ ᠪᠠᠢᠬᠤ ᠬᠡᠷᠡᠭᠲᠡᠢ》 ᠭᠡᠪᠡ᠃

ᠰᠢᠨ᠎ᠡ ᠴᠠᠭ ᠦᠶ᠎ᠡ᠎ᠳᠦ᠂ ᠶᠡᠷᠦᠩᠬᠡᠢ ᠱᠦᠵᠢ ᠰᠢ ᠵᠢᠨ ᠫᠢᠩ᠄《ᠪᠢᠳᠡᠨ᠎ᠦ ᠠᠮᠢᠳᠤᠷᠠᠯ᠎ᠤᠨ ᠨᠥᠬᠥᠴᠡᠯ ᠰᠠᠢᠵᠢᠷᠠᠭᠰᠠᠨ ᠪᠣᠯᠪᠠᠴᠤ ᠲᠡᠮᠡᠴᠡᠯ᠎ᠦᠨ ᠵᠣᠷᠢᠭ᠋ ᠰᠠᠨᠠᠭ᠎ᠠ᠎ᠶᠢ ᠥᠴᠥᠬᠡᠨ ᠴᠦ᠍ ᠰᠤᠯᠠᠷᠠᠭᠤᠯᠵᠤ ᠪᠣᠯᠬᠤ ᠦᠭᠡᠢ᠂ ᠳᠤᠮᠳᠠᠳᠤ ᠤᠯᠤᠰ᠎ᠤᠨ ᠵᠠᠯᠠᠭᠤᠴᠤᠳ᠎ᠤᠨ ᠡᠭᠦᠷᠢᠳᠡ ᠲᠡᠮᠡᠴᠡᠬᠦ ᠰᠠᠢᠨ ᠤᠯᠠᠮᠵᠢᠯᠠᠯ᠎ᠢᠶᠠᠨ ᠥᠴᠥᠬᠡᠨ ᠴᠦ᠍ ᠲᠠᠶᠠᠭᠳᠠᠵᠤ ᠪᠣᠯᠬᠤ ᠦᠭᠡᠢ》 ᠭᠡᠵᠦ ᠤᠷᠢᠶᠠᠯᠠᠪᠠ᠃

ᠵᠠᠯᠠᠭᠤ ᠨᠠᠰᠤᠨ᠎ᠳᠠᠭᠠᠨ ᠬᠡᠷᠬᠢᠨ ᠭᠡᠷᠡᠯ ᠭᠢᠯᠪᠠᠭ᠎ᠠ ᠰᠠᠴᠤᠷᠠᠭᠤᠯᠬᠤ ᠪᠤᠢ? 《ᠡᠩ ᠲᠡᠷᠢᠭᠦᠨ᠎ᠳᠦ 〈ᠥᠪᠡᠷ᠎ᠢᠶᠡᠨ ᠵᠣᠪᠠᠯᠠᠩ ᠡᠷᠢᠬᠦ〉 ᠬᠡᠷᠡᠭᠲᠡᠢ》᠃

ᠲᠤᠬᠠᠢ᠎ᠶᠢᠨ ᠵᠢᠯ᠎ᠳᠦ᠂ ᠯᠢᠶᠠᠩ ᠵᠢᠶᠠ ᠾᠧ᠎ᠶᠢᠨ ᠨᠤᠲᠤᠭ᠎ᠤᠨ ᠠᠬ᠎ᠠ ᠳᠡᠭᠦᠦ ᠨᠠᠷ᠎ᠦᠨ ᠨᠢᠳᠦᠨ᠎ᠳᠦ ᠰᠢ ᠵᠢᠨ ᠫᠢᠩ ᠪᠣᠯ 《ᠬᠠᠯᠠ ᠵᠤᠪᠠᠯᠠᠩ ᠶᠡᠬᠡ ᠠᠮᠰᠠᠭᠰᠠᠨ》 ᠰᠠᠢᠨ ᠵᠠᠯᠠᠭᠤ ᠪᠣᠯᠣᠨ᠎ᠠ᠃

ᠤᠷᠲᠤ ᠬᠤᠭᠤᠴᠠᠭ᠎ᠠ᠎ᠪᠠᠷ ᠰᠢᠨ᠎ᠡ ᠰᠣᠷᠭᠣᠭ ᠢᠳᠡᠰᠢᠨ ᠨᠣᠭᠣᠭ᠎ᠠ ᠣᠯᠵᠤ ᠢᠳᠡᠬᠦ ᠦᠭᠡᠢ᠂ ᠬᠣᠭᠣᠯᠠᠢ ᠠᠮᠠ ᠬᠠᠳᠠᠵᠤ ᠪᠠᠢᠬᠤ ᠳ᠋ᠦ᠂ ᠨᠤᠲᠤᠭ᠎ᠤᠨ ᠬᠥᠮᠥᠰ᠎ᠦᠨ ᠬᠦᠷᠭᠡᠭᠰᠡᠨ ᠳᠠᠷᠤᠰᠢᠯᠠᠭᠰᠠᠨ ᠨᠣᠭᠣᠭ᠎ᠠ ᠪᠣᠯ ᠳᠠᠷᠤᠢ ᠬᠠᠮᠤᠭ ᠰᠠᠢᠨ ᠠᠮᠲᠠᠲᠤ ᠢᠳᠡᠭᠡᠨ ᠪᠣᠯᠣᠨ᠎ᠠ; ᠲᠡᠰᠬᠢᠮ᠎ᠡ ᠬᠦᠢᠲᠡᠨ ᠡᠳᠦᠷ ᠲᠣᠰᠬᠣᠨ᠎ᠤ ᠠᠷᠠᠳ᠎ᠢᠶᠠᠨ ᠳᠠᠭᠠᠭᠤᠯᠤᠨ ᠬᠤᠳᠳᠤᠭ ᠮᠠᠯᠲᠠᠵᠤ᠂ ᠬᠠᠮᠤᠭ ᠲᠡᠷᠢᠭᠦᠨ᠎ᠳᠦ ᠬᠤᠳᠳᠤᠭ᠎ᠲᠤ ᠣᠷᠣᠵᠤ᠂ ᠶᠠᠰᠤ ᠵᠢᠩᠭᠢᠨᠡᠮ᠎ᠡ ᠬᠦᠢᠲᠡᠨ ᠰᠢᠪᠠᠷ᠎ᠲᠤ ᠭᠢᠰᠬᠢᠵᠦ ᠠᠵᠢᠯ ᠬᠢᠨ᠎ᠡ ᠁

ᠮᠥᠷᠥᠨ ᠳᠡᠭᠡᠷᠡᠬᠢ ᠠᠷᠠᠰᠤ ᠱᠠᠭᠠᠷᠠᠲᠠᠯ᠎ᠠ ᠠᠵᠢᠯᠯᠠᠵᠤ᠂ ᠬᠦᠨᠳᠦ ᠡᠭᠦᠷᠭᠡ᠎ᠶᠢ ᠡᠭᠦᠷᠭᠡᠯᠡᠨ᠂ 《ᠲᠠᠪᠤᠨ ᠪᠣᠭᠣᠮᠲᠠ》 ᠵᠢ ᠳᠠᠪᠠᠵᠤ᠂ ᠰᠥᠰᠥ ᠵᠣᠷᠢᠭ᠋᠎ᠢᠶᠠᠨ ᠳᠠᠪᠲᠠᠨ ᠪᠣᠯᠪᠠᠰᠤᠷᠠᠭᠤᠯᠤᠭᠠᠳ ᠰᠠᠶᠢ 《ᠠᠷᠠᠳ ᠲᠦᠮᠡᠨ᠎ᠢ ᠵᠢᠩᠬᠢᠨᠢ ᠣᠢᠯᠠᠭᠠᠭᠰᠠᠨ》 ᠶᠤᠮ᠃

ᠵᠢᠨᠭᠬᠢᠨᠢ ᠠᠮᠵᠢᠯᠲᠠ᠎ᠵᠢ ᠬᠦᠴᠢᠷ ᠪᠡᠷᠬᠡᠰᠢᠶᠡᠯ᠎ᠢ ᠲᠤᠭᠤᠯᠵᠤ ᠣᠯᠳᠠᠭ᠂ ᠵᠠᠯᠠᠭᠤᠴᠤᠳ ᠳᠦᠭᠦᠮ ᠳᠦᠳᠡ ᠵᠠᠮ᠎ᠢ ᠬᠦᠭᠡᠭᠡᠴᠡᠯᠳᠦᠵᠦ ᠪᠤᠯᠬᠤ ᠦᠭᠡᠢ᠃

ᠨᠡᠢᠭᠡᠮ᠎ᠦᠨ ᠡᠳ᠋ ᠪᠣᠳᠠᠰ ᠡᠯᠪᠡᠭ ᠳᠡᠯᠪᠡᠭ ᠪᠠᠢᠳᠠᠭ ᠡᠴᠡ ᠤᠳᠤᠬᠢ ᠪᠠᠢᠳᠠᠯ᠎ᠳᠠᠭᠠᠨ ᠰᠡᠳᠬᠢᠯ ᠬᠠᠨᠤᠵᠤ᠂ ᠴᠠᠭ ᠦᠶ᠎ᠡ᠎ᠶᠢᠨ ᠬᠤᠪᠢᠷᠠᠯᠲᠠ ᠳᠤᠮᠳᠠ ᠵᠣᠭᠰᠣᠨ ᠠᠵᠢᠭ᠍ᠯᠠᠵᠤ᠎ᠲᠠᠢ ᠬᠠᠷᠢᠴᠠᠭᠤᠯᠪᠠᠯ᠂ ᠬᠤᠪᠢᠰᠤᠯᠲᠠ᠎ᠶᠢᠨ ᠤᠷᠤᠰᠬᠠᠯ ᠳᠤᠮᠳᠠ ᠳᠠᠪᠠᠯᠭᠠᠨ ᠰᠥᠷᠴᠦ᠂ ᠬᠥᠭᠵᠢᠯᠲᠡ᠎ᠶᠢᠨ ᠥᠨᠳᠥᠷᠯᠢᠭ ᠳᠡᠭᠡᠷ᠎ᠡ ᠳᠠᠬᠢᠨᠲᠠ ᠨᠣᠶᠠᠨ ᠣᠷᠭᠢᠯ᠎ᠳᠤ ᠠᠪᠠᠷᠢᠬᠤ ᠨᠢ 《ᠥᠪᠡᠰᠦᠪᠡᠨ ᠵᠣᠪᠠᠯᠠᠩ ᠡᠷᠢᠵᠦ》 ᠪᠠᠢᠭ᠎ᠠ ᠶᠠᠪᠤᠳᠠᠯ ᠪᠤᠯᠬᠤ ᠨᠢ ᠳᠠᠮᠵᠢᠭ᠋ ᠦᠭᠡᠢ ᠶᠤᠮ᠃ ᠭᠡᠲᠡᠯ᠎ᠡ᠂ 《ᠵᠥᠪᠬᠡᠨ ᠲᠠᠭᠠᠯᠠᠮᠵᠢᠲᠠᠢ ᠠᠮᠢᠳᠤᠷᠠᠬᠤ᠎ᠶᠢ ᠪᠣᠳᠣᠵᠤ ᠪᠠᠢᠬᠤ ᠨᠢ ᠡᠭᠡᠯ ᠶᠡᠷᠦᠮᠳᠡᠭ ᠬᠥᠭᠡᠭᠡᠴᠡᠯᠳᠦᠯ ᠪᠣᠯᠣᠨ᠎ᠠ᠃ ᠪᠢ 〈ᠵᠣᠪᠠᠯᠠᠩ᠎ᠤᠨ ᠳᠠᠯᠠᠢ〉 ᠳ᠋ᠤ᠌ ᠣᠷᠣᠬᠤ᠎ᠪᠠᠷ ᠪᠡᠯᠡᠳᠬᠡᠵᠦ ᠪᠠᠢᠨ᠎ᠠ》᠃

2022 ᠣᠨ᠎ᠤ 6 ᠰᠠᠷ᠎ᠠ᠎ᠳᠤ᠂ ᠰᠸᠴᠤᠸᠠᠨ᠎ᠤ ᠢ ᠪᠢᠨ ᠳᠡᠭᠡᠳᠦ ᠰᠤᠷᠭᠠᠭᠤᠯᠢ᠎ᠶᠢᠨ ᠴᠢᠦ ᠱᠢ ᠬᠤᠷᠠᠯ᠎ᠤᠨ ᠲᠠᠩᠬᠢᠮ᠎ᠳᠤ᠂ ᠶᠡᠷᠦᠩᠬᠡᠢ ᠱᠦᠵᠢ ᠰᠢ ᠵᠢᠨ ᠫᠢᠩ ᠪᠠᠭ᠍ᠰᠢ ᠰᠤᠷᠤᠭ᠍ᠴᠢᠳ᠎ᠲᠠᠢ ᠳᠣᠲᠣᠨᠣ᠌᠎ᠪᠠᠷ ᠶᠠᠷᠢᠯᠴᠠᠪᠠ᠃ ᠲᠤᠬᠠᠢ᠎ᠶᠢᠨ ᠲᠠᠯᠠᠪᠠᠢ᠎ᠳᠤ ᠨᠢᠭᠡ ᠰᠤᠷᠤᠭ᠍ᠴᠢ ᠴᠡᠷᠢᠭ᠎ᠲᠦ ᠣᠷᠣᠵᠤ ᠥᠩᠭᠡᠷᠡᠭᠰᠡᠨ᠎ᠢ ᠰᠣᠨᠣᠰᠤᠭᠠᠳ ᠶᠡᠷᠦᠩᠬᠡᠢ ᠱᠦᠵᠢ ᠲᠤᠢᠯ᠎ᠢᠶᠠᠷ ᠪᠠᠶᠠᠷᠯᠠᠵᠤ᠄ 《ᠡᠢᠮᠦ ᠥᠩᠭᠡᠷᠡᠯᠲᠡ᠎ᠲᠠᠢ ᠪᠠᠢᠳᠠᠭ ᠨᠢ ᠮᠠᠰᠢ ᠰᠠᠢᠨ ᠤᠴᠢᠷ᠂ ᠪᠣᠯᠣᠳ ᠲᠡᠮᠦᠷ᠎ᠢ ᠢᠩᠭᠢᠵᠦ ᠳᠠᠪᠲᠠᠨ ᠪᠣᠯᠪᠠᠰᠤᠷᠠᠭᠤᠯᠤᠭᠰᠠᠨ ᠶᠤᠮ》 ᠭᠡᠵᠦ ᠵᠤᠷᠢᠭᠵᠢᠭᠤᠯᠪᠠ᠃

ᠡᠨᠡ ᠰᠤᠷᠤᠭ᠍ᠴᠢ᠎ᠵᠢᠨ ᠨᠡᠷ᠎ᠡ ᠯᠢᠦ ᠵᠢᠶᠠᠩ ᠭᠡᠳᠡᠭ᠃ ᠶᠡᠬᠡ ᠰᠤᠷᠭᠠᠭᠤᠯᠢ᠎ᠶᠢᠨ ᠬᠤᠭᠤᠴᠠᠭᠠᠨ᠎ᠳᠠᠭᠠᠨ᠂ ᠲᠡᠷᠡ ᠴᠡᠷᠢᠭ᠎ᠦᠨ ᠬᠤᠸᠠᠷᠠᠨ᠎ᠳᠤ ᠣᠷᠣᠵᠤ᠂ ᠵᠡᠪᠰᠡᠭᠲᠦ ᠴᠠᠭᠳᠠᠭ᠎ᠠ᠎ᠶᠢᠨ ᠰᠢᠨᠵᠢᠶᠠᠩ᠎ᠤᠨ ᠶᠡᠷᠦᠩᠬᠡᠢ ᠠᠩᠭᠢ᠎ᠶᠢᠨ ᠪᠠᠶᠠᠨᠭᠣᠣᠯ᠎ᠤᠨ ᠰᠠᠯᠪᠤᠷᠢ ᠠᠩᠭᠢ᠎ᠶᠢᠨ ᠪᠥᠸᠧ ᠬ᠍ᠤ ᠳᠤᠮᠳᠠ ᠠᠩᠭᠢ᠎ᠳᠤ 2 ᠵᠢᠯ᠎ᠦᠨ ᠴᠡᠷᠢᠭ᠎ᠤᠨ ᠠᠮᠢᠳᠤᠷᠠᠯ᠎ᠢ ᠥᠩᠭᠡᠷᠡᠭᠦᠯᠵᠡᠢ᠃

ᠰᠢᠨᠵᠢᠶᠠᠩ᠎ᠳᠤ ᠰᠠᠶᠢ ᠬᠦᠷᠬᠦ ᠣᠶ᠋ᠢᠶ᠎ᠠ᠎ᠳᠤ᠂ ᠨᠡᠯᠦᠭᠡᠷ ᠶᠡᠬᠡ ᠭᠣᠪᠢ᠎ᠶᠢ ᠬᠠᠷᠠᠭᠠᠳ᠂ ᠯᠢᠦ ᠵᠢᠶᠠᠩ ᠲᠣᠯᠣᠭᠠᠢ ᠳᠦᠭᠦᠷᠡᠩ 《ᠪᠢ ᠶᠠᠭᠠᠬᠢᠭᠠᠳ ᠡᠨᠳᠡ ᠢᠷᠡᠭᠰᠡᠨ ᠪᠣᠶ》 ᠭᠡᠳᠡᠭ ᠪᠣᠳᠣᠯ ᠲᠥᠷᠥᠭᠳᠡᠪᠡ᠃ ᠭᠡᠲᠡᠯ᠎ᠡ᠂ ᠬᠥᠮᠥᠨ᠎ᠦ ᠠᠮᠢᠳᠤᠷᠠᠯ ᠵᠦᠭᠡᠷ ᠢᠳᠡᠬᠦ ᠵᠣᠪᠠᠯᠠᠩ ᠭᠡᠵᠦ ᠪᠠᠢᠳᠠᠭ ᠦᠭᠡᠢ᠃

ᠯᠢᠦ ᠵᠢᠶᠠᠩ ᠲᠡᠭᠦᠰᠬᠦ ᠤᠯᠠᠷᠢᠯ᠎ᠤᠨ ᠡᠯ᠎ᠡ ᠰᠢᠯᠭᠠᠯᠲᠠ᠎ᠳᠤ ᠴᠣᠯᠭᠣᠷᠠᠨ ᠭᠠᠷᠴᠤ᠂ ᠮᠠᠰᠢ ᠣᠯᠠᠨ ᠠᠵᠢᠯᠲᠠᠨ ᠡᠯᠰᠡᠬᠦ ᠨᠢᠭᠡᠴᠢ ᠲᠡᠭᠦᠨ᠎ᠦ ᠴᠡᠷᠢᠭ᠎ᠲᠦ ᠣᠷᠣᠭᠰᠠᠨ ᠥᠩᠭᠡᠷᠡᠯᠲᠡ᠎ᠶᠢ ᠴᠢᠬᠤᠯᠠᠴᠢᠯᠠᠨ ᠦᠵᠡᠵᠡᠢ᠃

ᠶᠡᠷᠦᠩᠬᠡᠢ ᠱᠦᠵᠢ ᠰᠢ ᠵᠢᠨ ᠫᠢᠩ᠂ 《ᠵᠠᠯᠠᠭᠤ ᠨᠠᠰᠤᠨ᠎ᠳᠠᠭᠠᠨ ᠬᠠᠯᠠ ᠠᠮᠰᠠᠬᠤ᠎ᠶᠢ ᠰᠣᠩᠭᠣᠪᠠᠯ ᠯᠠᠪ ᠣᠯᠣᠯᠲᠠ᠎ᠲᠠᠢ ᠪᠣᠯᠣᠨ᠎ᠠ》 ᠭᠡᠵᠦ ᠬᠡᠯᠡᠪᠡ᠃ 《 ᠬᠦᠴᠢᠷ》᠎ᠢ᠋ ᠠᠮᠰᠠᠪᠠᠯ ᠴᠠᠭ ᠮᠥᠴᠡ ᠠᠶᠠᠨᠳᠠᠭᠠᠨ ᠠᠮᠵᠢᠯᠲᠠ ᠣᠯᠣᠯᠲᠠ᠎ᠶᠢ ᠱᠠᠩᠨᠠᠨ᠎ᠠ᠃ ᠡᠢ᠍ᠢᠨ ᠬᠦ᠌ 《ᠬᠦᠴᠢᠷ ᠵᠣᠪᠠᠯᠠᠩ ᠪᠠ ᠪᠠᠶᠠᠷ ᠪᠠᠶᠠᠰᠤᠯ᠎ᠬᠤᠤᠰᠯᠠᠭᠰᠠᠨ ᠵᠠᠯᠠᠭᠤ ᠨᠠᠰᠤ》 ᠨᠢ ᠵᠠᠯᠠᠭᠤ ᠨᠠᠰᠤᠨ᠎ᠤ ᠪᠠᠢᠪᠠᠰᠤ ᠵᠣᠬᠢᠬᠤ ᠦᠨᠦᠷ ᠠᠮᠲᠠ ᠪᠣᠯᠤᠭᠰᠠᠨ ᠪᠠᠢᠨ᠎ᠠ᠃

ᠵᠠᠯᠠᠭᠤ ᠨᠠᠰᠤᠨ᠎ᠳᠠᠭᠠᠨ ᠬᠡᠷᠬᠢᠨ ᠭᠡᠷᠡᠯ ᠭᠢᠯᠪᠠᠭ᠎ᠠ ᠰᠠᠴᠤᠷᠠᠭᠤᠯᠬᠤ ᠪᠤᠢ? 《〈ᠶᠠᠭᠠᠷᠠᠬᠤ〉 ᠵᠢ ᠴᠡᠭᠡᠷᠯᠡᠨ᠎ᠡ᠂ ᠠᠮᠵᠢᠯᠲᠠ ᠤᠯᠬᠤ᠎ᠵᠢ ᠶᠠᠭᠠᠷᠠᠵᠤ ᠪᠤᠯᠬᠤ ᠦᠭᠡᠢ》᠃

《ᠡᠨᠡ ᠨᠢ ᠶᠠᠭ ᠨᠢᠭᠡᠨ ᠠᠪᠤᠷᠭᠤ ᠬᠦᠴᠦᠲᠡᠨ᠂ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠬᠦᠨᠳᠦ ᠡᠷᠭᠦᠯᠲᠡ᠎ᠶᠢᠨ ᠮᠠᠩᠯᠠᠢ᠎ᠲᠠᠢ ᠠᠳᠠᠯᠢ᠂ ᠲᠡᠷᠡ ᠵᠠᠭᠤᠨ ᠺᠢᠯᠣᠭ᠌ᠷᠠᠮ᠂ ᠬᠣᠶᠠᠷ ᠵᠠᠭᠤᠨ ᠺᠢᠯᠣᠭ᠌ᠷᠠᠮ ᠡᠷᠭᠦᠵᠦ ᠴᠢᠳᠠᠨ᠎ᠠ᠂ ᠭᠡᠪᠡᠴᠦ ᠠᠷᠪᠠᠨ ᠺᠢᠯᠣᠭ᠌ᠷᠠᠮ᠂ ᠬᠣᠷᠢᠨ ᠺᠢᠯᠣᠭ᠌ᠷᠠᠮ ᠡᠷᠭᠦᠬᠦ᠎ᠡᠴᠡ ᠡᠬᠢᠯᠡᠭᠰᠡᠨ ᠶᠤᠮ》᠃ 2010 ᠣᠨ᠎ᠤ 1 ᠰᠠᠷ᠎ᠠ᠎ᠳᠤ᠂ ᠬᠤᠸᠠ ᠵᠦᠩ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠶᠡᠬᠡ ᠰᠤᠷᠭᠠᠭᠤᠯᠢ᠎ᠶᠢᠨ ᠨᠢᠭᠡ ᠤᠳᠠᠭ᠎ᠠ᠎ᠶᠢᠨ ᠭᠣᠣᠯ ᠰᠡᠳᠦᠪᠲᠦ ᠨᠠᠮ᠎ᠤᠨ ᠡᠳᠦᠷ᠎ᠦᠨ ᠠᠵᠢᠯᠯᠠᠭ᠎ᠠ᠎ᠳᠤ ᠣᠷᠣᠯᠴᠠᠬᠤ᠎ᠳᠠᠭᠠᠨ᠂ ᠰᠢ ᠵᠢᠨ ᠫᠢᠩ ᠨᠥᠬᠥᠷ ᠰᠤᠷᠤᠭ᠍ᠴᠢᠳ᠎ᠲᠤ ᠪᠠᠭ᠎ᠠ ᠶᠠᠪᠤᠳᠠᠯ᠎ᠡᠴᠡ ᠡᠬᠢᠯᠡᠨ ᠬᠢᠵᠦ᠂ 《ᠬᠡᠲᠦᠷᠬᠡᠢ ᠳᠡᠭᠡᠭᠦᠷ ᠰᠠᠨᠠᠭᠠᠷᠬᠠᠵᠤ ᠪᠣᠯᠬᠤ ᠦᠭᠡᠢ》 ᠭᠡᠵᠦ ᠰᠠᠨᠠᠭᠤᠯᠵᠠᠢ᠃

ᠵᠠᠮ ᠬᠡᠳᠦᠢ ᠬᠤᠯᠠ ᠪᠣᠯᠪᠠᠴᠤ᠂ ᠶᠠᠪᠤᠪᠠᠰᠤ ᠬᠦᠷᠤᠮᠤᠢ; ᠶᠠᠪᠤᠳᠠᠯ ᠬᠡᠳᠦᠢ ᠪᠡᠷᠭᠡ ᠪᠣᠯᠪᠠᠴᠤ᠂ ᠬᠢᠪᠡᠰᠦ ᠪᠦᠲᠦᠮᠤᠢ᠃ ᠦᠰᠦᠨ ᠪᠣᠢᠵᠢᠬᠤ ᠵᠠᠮ ᠳᠡᠭᠡᠷ᠎ᠡ᠂ ᠤᠷᠤᠭᠰᠢᠯᠠᠬᠤ ᠠᠯᠬᠤᠮ ᠪᠣᠯᠭᠠᠨ ᠪᠦᠷ ᠮᠠᠭᠲᠠᠭᠤᠰᠢᠲᠠᠢ; ᠴᠠᠭ ᠦᠶ᠎ᠡ᠎ᠶᠢᠨ ᠤᠷᠲᠤ ᠮᠦᠷᠡᠨ᠎ᠳᠤ᠂ ᠪᠠᠭᠴᠠ ᠭᠡᠷᠡᠯ ᠪᠦᠷᠢ ᠦᠨᠭᠭᠡ ᠲᠤᠳᠤᠷᠠᠨ ᠭᠢᠯᠠᠯᠵᠠᠨ᠎ᠠ᠃

ᠡᠯ᠎ᠡ ᠠᠵᠢᠯ ᠲᠦᠷᠦᠯ᠎ᠢ ᠠᠵᠢᠬᠤᠶ᠎ᠠ᠂ ᠬᠡᠴᠢᠨᠡᠨ ᠤᠯᠠᠨ ᠦᠭᠡ ᠳᠠᠭᠤᠨ ᠦᠭᠡᠢ ᠠᠵᠢᠯ᠎ᠤᠨ ᠪᠠᠢᠷᠢ᠎ᠳᠤ ᠵᠠᠯᠠᠭᠤᠴᠤᠳ᠎ᠤᠨ ᠬᠦᠴᠦ ᠬᠥᠯᠥᠰᠦ᠎ᠦᠯᠡᠳᠡᠵᠦ᠂ ᠬᠡᠴᠢᠨᠡᠨ ᠤᠯᠠᠨ ᠰᠦᠷ ᠳᠠᠯᠠᠢᠴᠠᠲᠠᠢ ᠠᠵᠢᠯ ᠦᠢᠯᠡᠰ᠎ᠲᠦ ᠵᠠᠯᠠᠭᠤᠴᠤᠳ᠎ᠤᠨ ᠨᠠᠨᠳᠢᠨ ᠵᠤᠷᠢᠭᠤᠯᠤᠯ ᠰᠢᠩᠭᠡᠵᠦ ᠪᠠᠢᠳᠠᠭ ᠠᠵᠢ᠃

2023 ᠣᠨ᠎ᠤ 7 ᠰᠠᠷ᠎ᠠ᠎ᠳᠤ᠂ ᠵᠢᠶᠠᠩᠰᠤ᠎ᠶᠢᠨ ᠨᠠᠨᠵᠢᠩ᠎ᠳᠤ ᠰᠢᠨᠵᠢᠯᠡᠨ ᠪᠠᠢᠴᠠᠭᠠᠬᠤ᠎ᠳᠠᠭᠠᠨ᠂ ᠶᠡᠷᠦᠩᠬᠡᠢ ᠱᠦᠵᠢ ᠰᠢ ᠵᠢᠨ ᠫᠢᠩ ᠡᠨᠧᠷᠭᠢ᠎ᠶᠢᠨ ᠢᠨᠲ᠋ᠸᠷ ᠰᠦᠯᠵᠢᠶᠡᠨ᠎ᠦ ᠬᠦᠷᠢᠶᠡᠨ᠎ᠦ ᠳᠡᠭᠡᠳᠦ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠤ ᠠᠬᠤᠢᠯᠠᠯ ᠨᠠᠨ ᠷᠦᠢ ᠪᠦᠯᠦᠭᠯᠡᠯ᠎ᠳᠦ ᠬᠦᠷᠴᠦ᠂ ᠵᠠᠯᠠᠭᠤ ᠰᠤᠳᠤᠯᠤᠨ ᠨᠡᠭᠡᠭᠡᠬᠦ ᠠᠵᠢᠯᠲᠠᠳ᠎ᠲᠠᠢ ᠳᠣᠲᠣᠨᠣ᠌᠎ᠪᠠᠷ ᠶᠠᠷᠢᠯᠴᠠᠪᠠ᠃

ᠠᠵᠤ ᠠᠬᠤᠢᠯᠠᠯ᠎ᠤᠨ ᠣᠶᠤᠨᠴᠢ ᠦᠢᠯᠡᠳᠬᠦ ᠦᠢᠯᠡᠳᠪᠦᠷᠢ᠎ᠵᠢᠨ ᠲᠣᠭᠣᠷᠢᠭ᠋᠎ᠲᠤ᠂ ᠤᠯᠠᠨ᠎ᠢᠶᠠᠷ᠎ᠢᠶᠠᠨ ᠬᠦᠷᠢᠶᠡᠯᠡᠨ ᠢᠷᠡᠵᠦ᠂ ᠶᠡᠷᠦᠩᠬᠡᠢ ᠱᠦᠵᠢ᠎ᠲᠠᠢ ᠮᠡᠨᠳᠦᠴᠢᠯᠡᠬᠦ᠎ᠳᠦ ᠵᠠᠯᠠᠭᠤ ᠨᠠᠰᠤᠨ᠎ᠤ ᠠᠭᠤᠷ ᠠᠮᠢᠰᠬᠤᠯ ᠪᠢᠯᠬᠠᠨ᠎ᠠ᠃

ᠣᠯᠠᠨ᠎ᠤ ᠴᠣᠭ ᠵᠣᠷᠢᠭ᠋ ᠪᠠᠳᠠᠷᠠᠩᠭᠤᠢ᠂ ᠢᠲᠡᠭᠡᠯ ᠵᠣᠷᠢᠭ᠋ ᠲᠡᠭᠦᠯᠳᠡᠷ ᠪᠠᠢᠬᠤ᠎ᠶᠢ ᠬᠠᠷᠠᠭᠠᠳ᠂ ᠶᠡᠷᠦᠩᠬᠡᠢ ᠱᠦᠵᠢ ᠰᠢ ᠵᠢᠨ ᠫᠢᠩ᠄

《ᠪᠢᠳᠡ ᠶᠡᠬᠡ ᠴᠢᠳᠠᠪᠤᠷᠢᠲᠠᠨ ᠣᠷᠣᠢ ᠠᠮᠵᠢᠯᠲᠠ ᠤᠯᠳᠠᠭ ᠭᠡᠵᠦ ᠬᠡᠯᠡᠳᠡᠭ᠂ ᠶᠡᠬᠡ ᠴᠢᠳᠠᠪᠤᠷᠢᠲᠠᠨ ᠭᠡᠭᠴᠢ ᠶᠠᠭᠤ ᠪᠤᠢ? ᠲᠡᠳᠡᠭᠡᠷ ᠬᠠᠮᠤᠭ᠎ᠤᠨ ᠰᠠᠢᠨ ᠵᠦᠢᠯ᠂ ᠬᠠᠮᠤᠭ᠎ᠤᠨ ᠤᠬᠢ ᠰᠢᠯᠢᠳᠡᠭ ᠵᠦᠢᠯ᠎ᠢ ᠪᠣᠯ ᠴᠥᠮ ᠨᠢᠭᠡ ᠯᠡ ᠳᠣᠣᠷ᠎ᠠ ᠪᠦᠲᠦᠭᠡᠵᠦ ᠴᠢᠳᠠᠬᠤ ᠪᠢᠰᠢ᠂ ᠴᠥᠮ ᠮᠠᠰᠢ ᠶᠡᠬᠡ ᠬᠦᠴᠦ ᠣᠷᠣᠭᠤᠯᠬᠤ ᠬᠡᠷᠡᠭᠲᠡᠢ᠂ ᠴᠢᠨᠠᠭᠰᠢᠯᠠᠪᠠᠯ ᠨᠢᠭᠡ ᠨᠠᠰᠤᠨ᠎ᠤ ᠤᠶᠤᠨ ᠴᠢᠳᠠᠯ᠎ᠢᠶᠠᠨ ᠴᠤ᠌ ᠵᠠᠷᠤᠴᠠᠭᠤᠯᠳᠠᠭ᠃ ᠤᠯᠠᠨ᠎ᠢᠶᠠᠷ᠎ᠢᠶᠠᠨ ᠠᠯᠤᠰ ᠬᠡᠳᠤ᠎ᠶᠢᠨ ᠵᠣᠷᠢᠯᠲᠠ᠎ᠲᠠᠢ᠂ ᠯᠠᠪᠳᠠᠭᠤᠨ ᠪᠠᠲᠤᠲᠠᠢ᠎ᠪᠠᠷ᠂ ᠠᠯᠬᠤᠮ ᠠᠯᠬᠤᠮ᠎ᠢᠶᠠᠷ ᠤᠷᠤᠭᠰᠢᠯᠠᠵᠤ᠂ ᠠᠷᠪᠠᠨ ᠵᠢᠯ᠎ᠳᠤ ᠨᠢᠭᠡ ᠰᠡᠯᠡᠮ᠎ᠡ ᠪᠢᠯᠡᠭᠦᠳᠡᠬᠦ ᠵᠣᠷᠢᠭ᠋᠎ᠢᠶᠠᠷ᠂ 〈ᠨᠢᠭᠡ ᠨᠠᠰᠤ᠎ᠪᠠᠷ᠎ᠢᠶᠠᠨ ᠨᠢᠭᠡ ᠶᠠᠪᠤᠳᠠᠯ᠎ᠢ ᠪᠦᠲᠦᠭᠡᠬᠦ〉 ᠪᠠᠷᠢᠮᠲᠠᠯᠠᠯ᠎ᠢᠶᠠᠷ ᠦᠨ᠎ᠡ ᠦᠷᠳᠡᠭ᠎ᠲᠠᠢ ᠬᠥᠮᠥᠨ᠎ᠦ ᠠᠮᠢᠳᠤᠷᠠᠯ᠎ᠢ ᠴᠣᠭᠴᠠᠯᠠᠬᠤ᠎ᠶᠢ ᠬᠦᠰᠡᠵᠦ ᠪᠠᠢᠨ᠎ᠠ》 ᠭᠡᠵᠦ ᠬᠦᠰᠡᠯ ᠨᠠᠢᠳᠠᠯᠭ᠎ᠠ ᠲᠠᠯᠪᠢᠨ ᠭᠡᠯᠡᠪᠡ᠃

ᠵᠠᠯᠠᠭᠤ ᠨᠠᠰᠤᠨ᠎ᠳᠠᠭᠠᠨ ᠬᠡᠷᠬᠢᠨ ᠭᠡᠷᠡᠯ ᠭᠢᠯᠪᠠᠭ᠎ᠠ ᠰᠠᠴᠤᠷᠠᠭᠤᠯᠬᠤ ᠪᠤᠢ? 《ᠵᠣᠷᠢᠭ᠍ᠲᠠᠢ᠎ᠪᠠᠷ ᠬᠣᠰᠢᠭᠤᠴᠢ ᠪᠣᠯᠬᠤ ᠬᠡᠷᠡᠭᠲᠡᠢ》᠃

ᠵᠠᠯᠠᠭᠤᠴᠤᠳ᠎ᠲᠤ ᠬᠠᠮᠤᠭ᠎ᠡᠴᠡ ᠢᠯᠡᠭᠦᠦ ᠭᠠᠪᠰᠢᠭᠠᠢᠯᠠᠬᠤ ᠵᠣᠷᠢᠭ᠋᠎ᠲᠠᠢ ᠶᠤᠮ᠃

ᠯᠢᠶᠠᠩ ᠵᠢᠶᠠ ᠾᠧ᠎ᠳᠦ ᠲᠡᠮᠦᠷ᠎ᠤᠨ ᠦᠢᠯᠡᠰ᠎ᠦᠨ ᠬᠣᠷᠰᠢᠶ᠎ᠠ᠂ ᠣᠶᠣᠳᠠᠯ᠎ᠤᠨ ᠬᠣᠷᠰᠢᠶ᠎ᠠ᠂ ᠣᠷᠣᠯᠠᠨ ᠪᠣᠷᠣᠯᠠᠭᠤᠯᠬᠤ ᠳᠡᠯᠭᠡᠭᠦᠷ ᠡᠷᠬᠢᠯᠡᠵᠦ᠂ ᠬᠥᠳᠡᠯᠮᠦᠷᠢ ᠬᠦᠴᠦᠨ᠎ᠢ ᠴᠢᠯᠦᠭᠡᠯᠡᠵᠦ᠂ ᠲᠣᠰᠬᠣᠨ᠎ᠤ ᠠᠷᠠᠳ᠎ᠲᠤ ᠳᠥᠭᠥᠮ ᠦᠵᠡᠭᠦᠯᠪᠡ; ᠵᠧᠩᠳ᠋ᠢᠩ᠎ᠳᠦ 《ᠬᠠᠭᠠᠰ ᠬᠣᠲᠠ ᠳᠡᠭᠦᠷᠭᠡ᠎ᠶᠢᠨ ᠬᠡᠯᠪᠡᠷᠢ》 ᠵᠢᠨ ᠠᠵᠤ ᠠᠬᠤᠢ᠎ᠶᠢᠨ ᠬᠥᠭᠵᠢᠯᠲᠡ᠎ᠶᠢᠨ ᠵᠠᠮ᠎ᠢ ᠪᠦᠲᠦᠭᠡᠯᠴᠢ᠎ᠪᠡᠷ ᠳᠤᠷᠠᠳᠤᠨ ᠭᠠᠷᠭᠠᠪᠠ; ᠰᠢᠶᠠᠮᠧᠨ᠎ᠳᠤ ᠮᠠᠨ᠎ᠤ ᠤᠯᠤᠰ᠎ᠤᠨ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠬᠠᠮᠤᠭ ᠡᠷᠲᠡᠨ᠎ᠦ ᠨᠢᠭᠡ ᠬᠤᠪᠢ 15 ᠵᠢᠯ ᠠᠯᠤᠰᠯᠠᠭᠰᠠᠨ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠎ᠶᠢᠨ ᠲᠥᠯᠦᠪᠵᠢᠭᠦᠯᠭᠡ᠎ᠶᠢ ᠤᠳᠤᠷᠢᠳᠤᠨ ᠨᠠᠢᠷᠠᠭᠤᠯᠤᠨ ᠵᠣᠬᠢᠶᠠᠪᠠ ᠁ ᠵᠠᠯᠠᠭᠤ ᠨᠠᠰᠤᠨ᠎ᠤ ᠰᠢ ᠵᠢᠨ ᠫᠢᠩ᠎ᠦᠨ ᠰᠢᠨ᠎ᠡ᠎ᠶᠢ ᠡᠭᠦᠳᠬᠦ ᠤᠬᠠᠮᠰᠠᠷ᠂ ᠪᠠᠢᠯᠳᠤᠬᠤ ᠪᠣᠳᠣᠯᠭ᠎ᠠ᠎ᠶᠢᠨ ᠰᠡᠳᠬᠢᠬᠦᠢ ᠨᠢ ᠵᠠᠯᠠᠭᠤ ᠬᠦᠰᠡᠯ ᠵᠡᠭᠦᠳᠦ᠎ᠪᠡᠨ ᠬᠥᠭᠡᠭᠡᠴᠡᠯᠳᠦᠭᠴᠢ᠎ᠳᠦ ᠵᠢᠱ᠌ᠢᠶ᠎ᠡ ᠦᠵᠡᠭᠦᠯᠪᠡ᠄ 《ᠵᠠᠯᠠᠭᠤᠴᠤᠳ ᠪᠣᠯ ᠨᠡᠢᠭᠡᠮ ᠳᠡᠭᠡᠷᠡᠬᠢ ᠬᠠᠮᠤᠭ᠎ᠤᠨ ᠠᠮᠢᠵᠢᠷᠠᠯ᠎ᠤᠨ ᠬᠦᠴᠦᠨ᠎ᠲᠠᠢ᠂ ᠬᠠᠮᠤᠭ᠎ᠤᠨ ᠪᠦᠲᠦᠭᠡᠯᠴᠢ ᠴᠢᠨᠠᠷᠲᠠᠢ ᠬᠦᠮᠦᠰ ᠮᠥᠨ᠂ ᠰᠢᠨ᠎ᠡ᠎ᠶᠢ ᠡᠭᠦᠳᠴᠦ ᠡᠭᠦᠳᠦᠨ ᠪᠦᠲᠦᠭᠡᠬᠦ ᠡᠮᠦᠨ᠎ᠡ ᠡᠩᠨᠡᠭᠡᠨ᠎ᠳᠦ ᠶᠠᠪᠤᠬᠤ ᠶᠣᠰᠣᠲᠠᠢ》᠃

2025 ᠣᠨ᠎ᠤ ᠡᠬᠢᠨ᠎ᠦ ᠵᠢᠯ᠎ᠳᠦ᠂ ᠵᠡᠭᠦᠨ ᠬᠣᠢᠲᠤ᠎ᠶᠢᠨ ᠶᠠᠩᠭᠠᠷ ᠪᠥᠵᠢᠭ ᠦᠰᠦᠷᠳᠡᠭ ᠨᠢᠭᠡ ᠪᠦᠯᠦᠭ ᠬᠥᠮᠥᠨ ᠳᠦᠷᠰᠦᠲᠦ ᠮᠠᠰᠢᠨ ᠬᠥᠮᠥᠨ ᠨᠡᠷ᠎ᠡ ᠭᠠᠷᠤᠭᠰᠠᠨ ᠪᠥᠭᠡᠳ ᠬᠠᠩᠵᠧᠦ᠎ᠶᠢᠨ ᠢᠦᠢ ᠱᠣ᠌ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠡᠭᠦᠳᠦᠭᠴᠢ ᠸᠠᠩ ᠰᠢᠩ ᠰᠢᠩ ᠴᠤ᠌ ᠨᠡᠷ᠎ᠡ ᠠᠯᠳᠠᠷᠰᠢᠵᠠᠢ᠃

2 ᠰᠠᠷ᠎ᠠ᠎ᠶᠢᠨ 17᠎ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠠᠷᠠᠳ᠎ᠤᠨ ᠡᠵᠡᠩᠨᠡᠯᠲᠡ᠎ᠶᠢᠨ ᠠᠵᠤ ᠠᠬᠤᠢᠯᠠᠯ᠎ᠤᠨ ᠶᠠᠷᠢᠯᠴᠠᠬᠤ ᠬᠤᠷᠠᠯ᠎ᠳᠤ ᠣᠷᠣᠯᠴᠠᠵᠤ᠂ 《ᠶᠡᠷᠡᠭᠡᠳ ᠣᠨ᠎ᠡᠴᠡ ᠰᠡᠭᠦᠯᠡᠷ ᠲᠦᠷᠦᠭᠰᠡᠳ》ᠪᠤᠯᠬᠤ ᠸᠠᠩ ᠰᠢᠩ ᠰᠢᠩ ᠪᠣᠯ ᠶᠠᠷᠢᠶ᠎ᠠ ᠲᠠᠯᠪᠢᠬᠤ ᠲᠥᠯᠥᠭᠡᠯᠡᠭᠴᠢ᠎ᠶᠢᠨ ᠨᠢᠭᠡ ᠪᠣᠯᠣᠨ᠎ᠠ᠃ ᠲᠡᠷᠡ ᠶᠠᠷᠢᠶᠠᠨ᠎ᠳᠠᠭᠠᠨ᠄ 《ᠮᠠᠨ᠎ᠤ ᠠᠵᠤ ᠠᠬᠤᠢᠯᠠᠯ ᠪᠣᠯᠣᠨ ᠪᠢᠳᠡ ᠥᠪᠡᠷ᠎ᠢᠶᠡᠨ ᠴᠥᠮ ᠳᠤᠮᠳᠠᠳᠤ ᠤᠯᠤᠰ᠎ᠲᠤ ᠲᠦᠷᠦᠵᠦ ᠥᠰᠦᠭᠰᠡᠨ ᠶᠤᠮ》 ᠭᠡᠵᠦ ᠳᠤᠭᠳᠤᠯᠤᠨ ᠬᠡᠯᠡᠪᠡ ᠃

ᠶᠠᠷᠢᠯᠴᠠᠬᠤ ᠬᠤᠷᠠᠯ ᠲᠡᠭᠦᠰᠬᠦ ᠦᠶ᠎ᠡ᠎ᠳᠦ᠂ ᠶᠡᠷᠦᠩᠬᠡᠢ ᠱᠦᠵᠢ ᠰᠢ ᠵᠢᠨ ᠫᠢᠩ ᠠᠷᠠᠳ᠎ᠤᠨ ᠡᠵᠡᠩᠨᠡᠯᠲᠡ᠎ᠶᠢᠨ ᠠᠵᠤ ᠠᠬᠤᠢᠯᠠᠯ᠎ᠤᠨ ᠬᠠᠷᠢᠭᠤᠴᠠᠯᠭᠠᠲᠠᠨ᠎ᠤ ᠲᠥᠯᠥᠭᠡᠯᠡᠭᠴᠢᠳ᠎ᠦᠨ ᠳᠤᠮᠳᠠ ᠬᠦᠷᠴᠦ᠂ ᠤᠯᠠᠨ᠎ᠲᠠᠢ ᠨᠢᠭᠡᠳ ᠨᠢᠭᠡ᠎ᠪᠡᠷ ᠭᠠᠷ ᠠᠳᠬᠤᠪᠠ᠃ ᠸᠠᠩ ᠰᠢᠩ ᠰᠢᠩ ᠲᠠᠢ ᠠᠭᠤᠯᠵᠠᠭᠠᠳ᠂ ᠶᠡᠷᠦᠩᠬᠡᠢ ᠱᠦᠵᠢ ᠢᠨᠢᠶᠡᠮᠰᠦᠭᠯᠡᠨ᠄ 《ᠴᠢ ᠪᠣᠯ ᠬᠠᠮᠤᠭ᠎ᠤᠨ ᠵᠠᠯᠠᠭᠤ ᠨᠢ ᠶᠤᠮ᠃ ᠤᠯᠤᠰ ᠣᠷᠣᠨ᠎ᠤ ᠰᠢᠨ᠎ᠡ ᠡᠭᠦᠳᠦᠯᠲᠡ ᠨᠢ ᠵᠠᠯᠠᠭᠤ ᠨᠢᠭᠡ ᠦᠶ᠎ᠡ᠎ᠶᠢᠨ ᠬᠢᠨ᠎ᠦ ᠬᠦᠴᠦᠨ ᠴᠢᠳᠠᠯ᠎ᠢᠶᠠᠨ ᠡᠷᠭᠦᠬᠦ᠎ᠶᠢ ᠱᠠᠭᠠᠷᠳᠠᠨ᠎ᠠ ᠰᠢᠤ》 ᠭᠡᠵᠦ ᠬᠡᠯᠡᠪᠡ᠃

ᠣᠳᠣᠬᠠᠨ᠎ᠳᠤ᠂ ᠪᠦᠬᠦ ᠪᠥᠮᠪᠥᠷᠴᠡᠭ᠎ᠦᠨ ᠰᠢᠨ᠎ᠡ ᠨᠢᠭᠡ ᠡᠭᠡᠯᠵᠢ᠎ᠶᠢᠨ ᠰᠢᠨᠵᠢᠯᠡᠬᠦ ᠤᠬᠠᠭᠠᠨ ᠲᠸᠭ᠌ᠨᠢᠢᠠ᠋ ᠮᠡᠷᠭᠡᠵᠢᠯ᠎ᠦᠨ ᠬᠤᠪᠢᠰᠬᠠᠯ ᠪᠣᠯᠣᠨ ᠠᠵᠤ ᠦᠢᠯᠡᠰ᠎ᠦᠨ ᠬᠤᠪᠢᠰᠤᠯᠲᠠ ᠥᠷᠨᠢᠨ ᠬᠥᠭᠵᠢᠵᠦ ᠪᠠᠢᠨ᠎ᠠ᠂ ᠴᠠᠭ ᠦᠶ᠎ᠡ ᠨᠢ ᠰᠢᠪᠲᠤᠯᠤᠯᠲᠠ ᠬᠢᠵᠦ ᠰᠢᠨ᠎ᠡ᠎ᠶᠢ ᠡᠭᠦᠳᠬᠦ᠎ᠳᠦ ᠨᠡᠩ ᠥᠨᠳᠥᠷ ᠱᠠᠭᠠᠷᠳᠠᠯᠭ᠎ᠠ ᠳᠤᠷᠠᠳᠴᠤ᠂ ᠰᠢᠨ᠎ᠡ ᠴᠠᠭ ᠦᠶ᠎ᠡ᠎ᠶᠢᠨ ᠵᠠᠯᠠᠭᠤᠴᠤᠳ ᠵᠣᠷᠢᠭ᠍ᠲᠠᠢ᠎ᠪᠠᠷ ᠪᠤᠰᠤᠳ᠎ᠡᠴᠡ ᠲᠦᠷᠦᠭᠦᠯᠡᠬᠦ ᠣᠮᠣᠭ ᠵᠣᠷᠢᠭ᠋᠂ ᠨᠢᠯᠬ᠎ᠠ ᠲᠤᠭᠤᠯ ᠪᠠᠷᠰ᠎ᠡᠴᠡ ᠠᠶᠤᠬᠤ ᠦᠭᠡᠢ ᠡᠷᠴᠢ ᠵᠣᠷᠢᠭ᠋᠎ᠢᠶᠠᠨ ᠪᠠᠲᠤᠯᠠᠵᠤ᠂ ᠰᠢᠨ᠎ᠡ᠎ᠶᠢ ᠡᠭᠦᠳᠴᠦ ᠡᠭᠦᠳᠦᠨ ᠪᠦᠲᠦᠭᠡᠬᠦ᠎ᠶᠢ ᠵᠠᠯᠠᠭᠤ ᠨᠠᠰᠤᠨ᠎ᠤ ᠠᠯᠤᠰ᠎ᠤᠨ ᠠᠶᠠᠯᠠᠯ᠎ᠤᠨ ᠬᠥᠳᠡᠯᠭᠡᠬᠦ ᠬᠦᠴᠦᠨ᠂ ᠵᠠᠯᠠᠭᠤ ᠨᠠᠰᠤᠨ᠎ᠤ ᠡᠷᠡᠯᠬᠡᠭᠯᠡᠨ ᠲᠡᠮᠡᠴᠡᠬᠦ ᠡᠨᠧᠷᠭᠢ ᠪᠣᠯᠭᠠᠬᠤ᠎ᠶᠢ ᠨᠡᠩ ᠱᠠᠭᠠᠷᠳᠠᠵᠤ ᠪᠠᠢᠨ᠎ᠠ᠃

ᠳᠡᠭᠡᠷ᠎ᠡ ᠵᠠᠭᠤᠨ᠎ᠤ ᠨᠠᠶᠠᠭᠠᠳ ᠣᠨ᠎ᠳᠤ᠂ 《ᠭᠤᠴᠢᠨ ᠨᠠᠰᠤ》 ᠭᠡᠬᠦ ᠮᠡᠳᠡᠭᠡᠯᠡᠯ᠎ᠦᠨ ᠤᠷᠠᠨ ᠵᠣᠬᠢᠶᠠᠯ᠎ᠳᠤ ᠵᠠᠯᠠᠭᠤ ᠨᠠᠰᠤᠨ᠎ᠤ ᠰᠢ ᠵᠢᠨ ᠫᠢᠩ ᠪᠧᠢ ᠳ᠋ᠠᠢ ᠾᠧ ᠭᠣᠣᠯ᠎ᠤᠨ ᠬᠥᠪᠡᠭᠡᠨ᠎ᠳᠦ ᠠᠩᠬ᠎ᠠ ᠤᠳᠠᠭ᠎ᠠ ᠳᠠᠯᠠᠢ ᠳᠡᠭᠡᠷ᠎ᠡ ᠳᠠᠪᠠᠯᠭᠠᠨ ᠥᠭᠰᠥᠭᠰᠡᠨ ᠦᠯᠢᠭᠡᠷ᠎ᠢ ᠪᠢᠴᠢᠪᠡ —

《ᠲᠡᠷᠡ ᠬᠡᠳᠦᠢᠪᠡᠷ ᠥᠴᠥᠬᠡᠨ ᠴᠦ᠍ ᠲᠤᠷᠰᠢᠯᠭ᠎ᠠ ᠦᠭᠡᠢ ᠪᠣᠯᠪᠠᠴᠤ᠂ ᠨᠢᠭᠡ ᠵᠦᠢᠯ᠎ᠦᠨ ᠰᠠᠯᠬᠢ ᠳᠠᠪᠠᠯᠭᠠᠨ᠎ᠤ ᠳᠤᠮᠳᠠ ᠲᠡᠮᠡᠴᠡᠬᠦ ᠴᠢᠩᠭ᠎ᠠ ᠬᠦᠰᠡᠯ ᠨᠢ ᠲᠡᠭᠦᠨ᠎ᠢ ᠪᠣᠰᠴᠤ ᠵᠣᠭᠰᠣᠨ᠂ ᠬᠠᠯᠭᠢᠯᠠᠨ ᠳᠠᠪᠠᠯᠭᠠᠯᠠᠬᠤ ᠳᠠᠯᠠᠢ᠎ᠶᠢᠨ ᠳᠠᠪᠠᠯᠭᠠᠨ ᠵᠦᠭ ᠤᠷᠤᠭᠰᠢᠯᠠᠭᠤᠯᠵᠠᠢ》᠃

ᠭᠠᠪᠰᠢᠭᠠᠢᠯᠠᠭ᠍ᠴᠢ ᠳᠠᠪᠠᠯᠭᠠᠨ᠎ᠤ ᠡᠮᠦᠨ᠎ᠡ ᠵᠣᠭᠰᠣᠵᠤ᠂ ᠲᠡᠮᠡᠴᠡᠭᠴᠢ ᠡᠭᠦᠷᠢᠳᠡ ᠤᠷᠢ ᠵᠠᠯᠠᠭᠤ ᠪᠡᠷ ᠵᠢᠡᠨ᠃

ᠵᠠᠯᠠᠭᠤ ᠨᠠᠰᠤ ᠪᠣᠯ ᠶᠡᠷᠦ ᠨᠢ ᠠᠮᠠᠷᠬᠠᠨ ᠥᠩᠭᠡᠷᠡᠳᠡᠭ ᠨᠠᠰᠤ ᠪᠢᠰᠢ᠂ ᠬᠠᠷᠢᠨ ᠨᠢᠭᠡ ᠵᠦᠢᠯ᠎ᠦᠨ ᠰᠡᠳᠬᠢᠴᠡ᠎ᠵᠢᠨ ᠪᠠᠢᠳᠠᠯ ᠮᠥᠨ᠃ ᠣᠮᠣᠭ ᠵᠣᠷᠢᠭ᠋᠎ᠢᠶᠠᠨ ᠬᠠᠯᠠᠬᠤ ᠦᠭᠡᠢ᠂ ᠴᠤᠭ ᠰᠦᠯᠳᠡ᠎ᠪᠡᠨ ᠠᠯᠳᠠᠬᠤ ᠦᠭᠡᠢ᠂ ᠰᠥᠰᠥ ᠵᠣᠷᠢᠭ᠋᠎ᠢᠶᠠᠨ ᠰᠤᠯᠠᠷᠠᠭᠤᠯᠬᠤ ᠦᠭᠡᠢ᠂ ᠬᠥᠮᠥᠨ ᠪᠣᠯᠭᠠᠨ᠎ᠤ ᠲᠡᠮᠡᠴᠡᠯ᠎ᠤᠨ ᠳᠦᠷᠢ ᠳᠦᠷᠬᠦ ᠪᠣᠯ ᠳᠠᠷᠤᠢ ᠵᠠᠯᠠᠭᠤ ᠨᠠᠰᠤᠨ᠎ᠤ ᠳᠦᠷᠢ ᠳᠦᠷᠬᠦ ᠮᠦᠨ᠃

《ᠨᠠᠷᠠ ᠮᠠᠨᠳᠤᠬᠤᠶ᠎ᠠ᠂ ᠵᠠᠮ ᠰᠠᠷᠠᠭᠤᠯ ᠳᠠᠷᠳᠠᠩ ᠪᠣᠯᠣᠮᠤᠢ᠃ ᠭᠣᠣᠯ᠎ᠡᠴᠡ ᠳᠠᠯᠳᠠ ᠤᠷᠤᠰᠬᠠᠯ ᠭᠠᠷᠴᠤ᠂ ᠨᠡᠯᠦᠭᠡᠷ ᠳᠠᠯᠠᠢ᠎ᠳᠦ ᠴᠢᠳᠬᠤᠯᠠᠨ᠎ᠠ》᠃ ᠵᠠᠭᠤᠨ ᠵᠢᠯ᠎ᠦᠨ ᠡᠮᠦᠨ᠎ᠡ᠂ ᠤᠷᠢᠳᠤᠰ ᠢᠩᠭᠢᠵᠦ 《ᠪᠠᠭᠠᠴᠤᠳ᠎ᠤᠨ ᠳᠤᠮᠳᠠᠳᠤ ᠤᠯᠤᠰ》 ᠢ᠋ ᠳᠦᠷᠰᠦᠯᠡᠵᠦ ᠪᠠᠢᠵᠠᠢ᠃

ᠥᠨᠥᠳᠥᠷ᠂ ᠲᠡᠦᠬᠡ᠎ᠶᠢᠨ ᠤᠷᠬᠢᠯ᠎ᠡᠴᠡ ᠪᠠᠷᠠᠯᠠᠬᠤᠶ᠎ᠠ᠂ ᠳᠤᠮᠳᠠᠳᠤ᠎ᠶᠢᠨ ᠬᠥᠪᠡᠭᠦᠳ ᠥᠬᠢᠳ᠎ᠦᠨ ᠤᠷᠢ ᠵᠠᠯᠠᠭᠤ ᠵᠢᠪᠬᠤᠭ᠎ᠠ ᠪᠠᠳᠠᠷᠠᠵᠦ᠂ ᠵᠠᠭᠤᠨ ᠵᠢᠯ᠎ᠦᠨ ᠲᠣᠮᠣ᠌ ᠨᠠᠮ᠎ᠤᠨ ᠡᠷᠴᠢ ᠬᠦᠴᠦᠨ ᠤᠷᠬᠢᠯᠤᠨ᠂ ᠣᠳᠣᠬᠢᠴᠢᠯᠠᠭᠰᠠᠨ ᠤᠯᠤᠰ᠎ᠲᠤ ᠬᠢᠵᠠᠭᠠᠯᠠᠰᠢ ᠦᠭᠡᠢ ᠠᠮᠢᠵᠢᠷᠠᠯ᠎ᠤᠨ ᠬᠦᠴᠦᠨ ᠪᠢᠯᠬᠠᠨ᠎ᠠ᠃

《ᠨᠢᠭᠡ ᠦᠨᠳᠦᠰᠦᠲᠡᠨ ᠭᠠᠭᠴᠠ ᠬᠦ᠌ ᠵᠠᠯᠠᠭᠤᠴᠤᠳ ᠲᠦ᠍ ᠬᠦᠰᠡᠯ ᠨᠠᠢᠳᠠᠯᠭ᠎ᠠ ᠲᠠᠯᠪᠢᠨ᠂ ᠤᠷᠢ ᠵᠠᠯᠠᠭᠤ ᠪᠠᠢᠳᠠᠯ ᠵᠢᠡᠨ ᠥᠨᠢ ᠡᠭᠦᠷᠢᠳᠡ ᠬᠠᠳᠠᠭᠠᠯᠠᠪᠠᠯ ᠰᠠᠶᠢ ᠬᠥᠭᠵᠢᠨ ᠮᠠᠨᠳᠤᠵᠤ ᠴᠢᠳᠠᠨ᠎ᠠ》᠃ ᠮᠠᠨ᠎ᠤ ᠦᠨᠳᠦᠰᠦᠲᠡᠨ ᠴᠤᠭ ᠪᠠᠳᠠᠷᠠᠩᠭᠤᠢ᠂ ᠮᠠᠨ᠎ᠤ ᠦᠢᠯᠡᠰ᠎ᠤᠨ ᠢᠷᠡᠭᠡᠳᠦᠢ ᠭᠡᠭᠡᠨ ᠰᠠᠷᠠᠭᠤᠯ ᠶᠤᠮ᠃

(ᠰᠤᠷᠪᠤᠯᠵᠢᠯᠠᠭ᠍ᠴᠢ ᠵᠦ᠍ ᠵᠢᠢ ᠴᠠᠢ   ᠭᠤᠤ ᠯᠧᠢ    ᠳ᠋ᠦᠩ ᠪᠥᠸᠧ ᠲᠢᠩ     ᠬᠤ᠌ ᠮᠧᠩ ᠰᠢᠤᠸᠠᠢ

(ᠰᠢᠨᠬᠤᠸᠠ ᠬᠤᠷᠢᠶ᠎ᠠ ᠵᠢᠨ ᠪᠡᠭᠡᠵᠢᠩ᠎ᠦᠨ 7 ᠰᠠᠷ᠎ᠠ᠎ᠶᠢᠨ 1᠎ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号