ᠪᠦᠳᠦᠵᠥ ᠪᠦᠷᠢᠯᠬᠦ ᠨᠢ ᠪᠤᠯᠭᠤᠮᠵᠢ ᠪᠡᠷ
2025-07-03 10:01:19
ᠵᠣᠬᠢᠶᠠᠭ᠍ᠴᠢ᠄
ᠬᠠᠰ
ᠣᠩᠱᠢᠭ᠍ᠰᠠᠨ ᠣᠳᠠᠭ᠎ᠠ᠄
★★★☆☆

ᠬᠦᠢᠵᠸᠤ ᠮᠤᠵᠢ ᠵᠢᠨ ᠴᠢᠶᠠᠨ ᠰᠢ ᠬᠤᠳᠠ ᠵᠢᠨ ᠵᠠᠭᠤᠨ ᠭᠠᠵᠠᠷ ᠤ᠋ᠨ ᠵᠢᠷᠤᠬᠳᠤ ᠬᠤᠩᠬᠢᠯ ᠤ᠋ᠨ ᠦᠵᠡᠮᠵᠢ ᠵᠢᠨ ᠤᠷᠤᠨ ᠳ᠋ᠤ ᠲᠦᠷᠦᠭᠦᠭᠡᠨ ᠵᠢᠭᠤᠯᠴᠢᠯᠠᠯ ᠤ᠋ᠨ ᠤᠩᠭᠤᠴᠠ ᠬᠦᠷᠪᠡᠭᠰᠡᠨ ᠡᠨᠳᠡᠯ ᠭᠠᠷᠴᠤ᠂ ᠬᠦᠮᠦᠨ ᠬᠠᠷ᠎ᠠ ᠡᠨᠳᠡᠭᠰᠡᠨ ᠴᠢᠮᠡᠬᠡ ᠨᠢ ᠰᠤᠨᠤᠰᠤᠬᠰᠠᠨ ᠪᠦᠬᠦᠨ ᠤ᠋ ᠰᠡᠳᠬᠢᠯ ᠢ᠋ ᠡᠮᠵᠡᠭᠯᠡᠬᠦᠯᠬᠦ ᠳ᠋ᠤ᠂ ᠬᠠᠷᠢᠨ ᠬᠢᠵᠢᠶᠠᠯᠢ ᠨᠠᠰᠤᠨ ᠤ᠋ ᠨᠢᠬᠡᠨ ᠡᠮᠡᠭᠳᠡᠢ ᠤᠩᠭᠤᠴᠠᠴᠢᠨ ᠭᠡᠨᠡᠳᠳᠡ ᠵᠢᠨ ᠴᠢᠩᠭ᠎ᠠ ᠰᠤᠯᠢᠭ ᠤᠷᠤᠰᠬᠠᠯᠳᠤ ᠴᠠᠬ ᠠᠭᠤᠷ᠎ᠢ ᠪᠤᠯᠭᠤᠮᠵᠢᠳᠠᠢ ᠠᠷᠭᠠᠴᠠᠭᠠᠵᠤ᠂ ᠦᠬᠦᠵᠥ ᠰᠡᠬᠡᠬᠦ ᠵᠢᠨ ᠲᠡᠷᠡᠭᠡᠨ ᠬᠤᠷᠤᠮ᠎ᠳᠦ 8 ᠬᠡᠥᠬᠡᠳ ᠢ᠋ ᠪᠠᠬᠳᠠᠭᠠᠬᠰᠠᠨ ᠨᠢᠭᠡ ᠤᠩᠭᠤᠴᠠ ᠵᠢᠭᠤᠯᠴᠢᠨ ᠢ᠋ ᠠᠮᠤᠷ ᠲᠦᠪᠰᠢᠨ ᠵᠢᠡᠷ ᠡᠷᠬᠢ᠎ᠳᠦ ᠭᠠᠷᠭᠠᠬᠰᠠᠨ ᠶᠠᠪᠤᠳᠠᠯ ᠨᠢ ᠶᠤᠰᠤᠳᠠᠢ 《ᠵᠤᠯ ᠪᠤᠰᠤ ᠵᠢᠨ ᠳᠤᠳᠤᠷᠠᠬᠢ ᠳᠦᠮᠡᠨ ᠵᠤᠯ》 ᠭᠡᠮᠡᠭᠳᠡᠨ ᠨᠡᠢᠬᠡᠮ ᠤ᠋ᠨ ᠬᠠᠷᠢᠯᠴᠠᠭᠠᠨ ᠤ᠋ ᠪᠠᠭᠠᠵᠢ ᠪᠡᠷ ᠦᠷᠬᠡᠨ ᠰᠠᠴᠤᠬᠳᠠᠵᠤ᠂ 《ᠬᠡᠷᠡᠭ ᠢᠷᠡᠪᠡᠯ ᠴᠢᠨᠤᠬᠢ᠂ ᠬᠡᠰᠢᠭ ᠢᠷᠡᠪᠡᠯ ᠮᠢᠨᠤᠬᠢ》 ᠭᠡᠮᠡᠭᠰᠡᠳ ᠲᠤ᠌ ᠶᠠᠭᠤ ᠨᠢᠭᠡ ᠵᠢ ᠰᠡᠩᠬᠡᠷᠡᠬᠦᠯᠦᠮᠡᠷ᠃

《ᠶᠢᠷᠳᠢᠨᠴᠤ ᠵᠢᠨ ᠳᠦᠮᠡᠨ ᠶᠠᠪᠤᠳᠠᠯ ᠳ᠋ᠤᠷ ᠪᠤᠯᠭᠤᠮᠵᠢᠯᠠᠬᠤ ᠳ᠋ᠠᠭᠠᠨ ᠢᠯᠠᠵᠥ᠂ ᠤᠮᠳᠤᠭᠠᠢᠯᠠᠬᠤ ᠳ᠋ᠠᠭᠠᠨ ᠢᠯᠠᠬᠳᠠᠳᠠᠭ ᠪᠤᠶᠤ》 ᠭᠡᠵᠥ ᠰᠦᠩ ᠤᠯᠤᠰ ᠤ᠋ᠨ ᠳᠠᠭᠤᠯᠠᠯ ᠳ᠋ᠤ ᠳᠡᠮᠳᠡᠭᠯᠡᠬᠡᠰᠤᠳᠡᠢ᠃ ᠡᠷᠳᠡᠨ ᠡᠳᠦᠬᠡ ᠬᠡᠰᠡᠨ ᠦᠭᠡᠢ᠂ ᠬᠦᠮᠦᠨ ᠲᠡᠷᠢᠭᠦᠳᠡᠨ᠎ᠤ ᠬᠢᠴᠢᠶᠠᠮᠵᠢ ᠪᠤᠯᠭᠤᠮᠵᠢ ᠦᠬᠡᠢ ᠡᠴᠡ ᠪᠤᠯᠵᠥ ᠶᠠᠮᠠᠷ ᠨᠢᠬᠡᠨ ᠶᠠᠪᠤᠳᠠᠯ ᠳ᠋ᠤ ᠬᠤᠬᠢᠷᠠᠯ ᠠᠮᠰᠠᠬᠰᠠᠨ ᠤᠴᠢᠷ ᠤᠯᠤᠰ ᠤᠷᠤᠨ ᠢᠯᠭᠠᠯ ᠦᠬᠡᠢ᠂ ᠠᠵᠢᠯ ᠲᠦᠷᠦᠯ ᠪᠦᠬᠦᠨ᠎ᠳᠤ᠂ ᠬᠦᠷᠢᠶ᠎ᠡ ᠴᠠᠷᠠᠭ᠎ᠠ ᠪᠤᠯᠭᠠᠨ ᠳ᠋ᠤ ᠪᠦᠷ ᠡᠭᠦᠰᠳᠡᠭ ᠬᠡᠳᠡᠭ ᠢ᠋ ᠠᠮᠸᠷᠢᠺᠠ ᠵᠢᠨ 《ᠦᠷᠢᠰᠦᠯᠳᠦᠭᠴᠢ ᠨᠡᠷᠡᠮᠵᠢᠳᠤ》 ᠰᠠᠨᠰᠠᠷ ᠤ᠋ᠨ ᠨᠢᠰᠬᠡᠯ ᠳᠡᠯᠪᠡᠷᠡᠭᠰᠡᠨ᠂ ᠺᠤᠷᠢᠶᠠ ᠵᠢᠨ ᠰᠠᠨ ᠹᠸᠩ ᠪᠦᠷᠢᠨ ᠪᠠᠷᠠᠭᠠᠲᠤ ᠳᠤᠮᠤ ᠠᠰᠠᠷ ᠨᠤᠷᠠᠬᠰᠠᠨ ᠵᠡᠷᠬᠡ ᠡᠨᠳᠡᠯ᠎ᠤᠨ ᠦᠨᠳᠦᠰᠦ ᠰᠢᠯᠳᠠᠭᠠᠨ ᠬᠡᠷᠡᠴᠢᠯᠡᠵᠤ ᠪᠠᠢᠳᠠᠭ᠃

《ᠪᠤᠯᠭᠤᠮᠵᠢᠳᠠᠢ ᠪᠤᠯ ᠪᠤᠷᠤᠭᠤ ᠴᠦᠬᠡᠨ᠂ ᠪᠤᠳᠤᠯᠭ᠎ᠠ ᠳᠠᠢ ᠪᠤᠯ ᠬᠡᠨᠡᠳᠡᠯ ᠴᠦᠬᠡᠨ》 ᠬᠡᠳᠡᠭ᠃ ᠬᠡᠬᠦ ᠳ᠋ᠡᠬᠡᠨ 《ᠪᠤᠯᠭᠤᠮᠵᠢᠳᠠᠢ》 ᠬᠡᠳᠡᠭ ᠨᠢ ᠬᠠᠭᠤᠴᠢᠨ ᠵᠢᠡᠨ ᠪᠠᠷᠢᠮᠳᠠᠯᠠᠬᠤ ᠬᠡᠪᠰᠢᠮᠠᠯ᠂ ᠠᠶᠠᠨ ᠵᠠᠮ ᠳ᠋ᠠᠭᠠᠨ ᠬᠤᠢᠷᠭᠤᠰᠢᠬᠤ ᠵᠢᠷᠤᠬᠡᠰᠢᠶᠡᠯ ᠤ᠋ᠨ ᠳᠦᠯᠦᠬᠡᠨ ᠤ᠋ ᠦᠬᠡ ᠪᠢᠰᠢ᠂ ᠰᠢᠨ᠎ᠡ ᠵᠢ ᠬᠦᠬᠡᠬᠡᠴᠡᠯᠳᠦᠬᠦ ᠭᠡᠨᠡᠨ ᠤᠷᠤᠯᠳᠤᠯᠭ᠎ᠠ᠂ ᠳᠤᠷ᠎ᠠ ᠮᠡᠳᠡᠨ ᠤᠷᠤᠬᠰᠢᠯᠠᠬᠤ ᠴᠦᠯᠢᠰ ᠬᠢᠳᠡᠯ ᠨᠡᠩ ᠴᠤ᠌ ᠪᠢᠰᠢ᠂ ᠬᠠᠷᠢᠨ ᠪᠤᠰᠤᠳᠴᠢ ᠵᠢᠮ᠎ᠡ ᠶᠤᠰᠤᠨ ᠤ᠋ ᠳᠤᠬᠠᠢ ᠠᠵᠢᠬᠯᠠᠯᠳᠠ ᠳ᠋ᠤ ᠰᠠᠭᠤᠷᠢᠯᠠᠬᠰᠠᠨ ᠦᠪᠡᠷ ᠪᠡᠶ᠎ᠡ ᠵᠢᠨ ᠤᠢ ᠮᠡᠳᠡᠷᠡᠮᠵᠢ ᠵᠢᠨ ᠤᠨᠤᠪᠴᠢᠳᠠᠢ ᠮᠠᠭᠠᠳᠯᠠᠯ᠂ ᠨᠠᠢᠳᠠᠪᠤᠷᠢᠳᠠᠢ ᠰᠤᠩᠭᠤᠯᠳᠠ ᠮᠥᠨ︔ ᠬᠡᠷᠡᠭ ᠶᠠᠪᠤᠳᠠᠯ ᠤ᠋ᠨ ᠬᠦᠭᠵᠢᠯ ᠤ᠋ᠨ ᠵᠢᠮ᠎ᠡ ᠶᠤᠰᠤ ᠵᠢ ᠤᠶᠤᠨ ᠤ᠋ ᠬᠠᠷᠠᠴᠠ ᠪᠠᠷ ᠰᠢᠨᠵᠢᠵᠥ᠂ ᠬᠦᠨᠳᠦᠳᠬᠡᠨ ᠵᠢᠷᠤᠮᠯᠠᠬᠰᠠᠨ ᠤ᠋ ᠤᠷᠢᠳᠠᠯ ᠳᠤᠤᠷᠠᠬᠢ ᠵᠦᠪ ᠬᠢᠳᠠᠯ᠂ ᠪᠦᠳᠦᠮᠵᠢᠳᠠᠢ ᠳᠠᠪᠠᠯᠳᠠ ᠮᠦᠨ᠃ ᠤᠶᠤᠠᠯᠢᠭ ᠮᠠᠭᠠᠳᠯᠠᠯ᠎ᠳᠤ ᠰᠠᠭᠤᠷᠢᠯᠠᠵᠤ᠂ ᠤᠴᠢᠷ ᠶᠠᠪᠤᠳᠠᠯ᠎ᠳᠤ ᠪᠤᠯᠭᠤᠮᠵᠢᠲᠠᠢ ᠬᠠᠨᠳᠤᠬᠤ᠂ ᠢᠯᠠᠩᠭᠤᠶ᠎ᠠ ᠵᠠᠩᠭᠢᠯᠠᠭ᠎ᠠ ᠵᠢᠨ ᠴᠠᠭ ᠮᠦᠴᠡ᠎ᠳᠤ ᠪᠤᠯᠭᠤᠮᠵᠢᠲᠠᠢ ᠪᠠᠢᠵᠤ ᠵᠥᠪ ᠰᠢᠢᠳ ᠭᠠᠷᠭᠠᠬᠤ ᠨᠢ ᠳᠡᠭᠡᠷ᠎ᠡ ᠳᠤᠷᠠᠳᠤᠭᠰᠠᠨ ᠭᠡᠨᠡᠳᠲᠡ ᠵᠢᠨ ᠡᠨᠳᠡᠯ᠂ ᠭᠠᠢ ᠭᠠᠮᠰᠢᠭ ᠵᠡᠷᠭᠡ ᠵᠢᠨ ᠳᠤᠮᠳᠠ ᠦᠷᠡᠭᠳᠡᠯ ᠰᠦᠢᠳᠦᠯ ᠡᠴᠡ ᠵᠠᠢᠯᠠᠰᠭᠢᠵᠤ ᠴᠢᠳᠠᠬᠤ ᠵᠢᠨ ᠠᠨᠢᠰᠤ ᠪᠤᠯᠬᠤ ᠶᠤᠮ᠃

ᠪᠤᠯᠭᠤᠮᠵᠢ ᠳᠠᠢ ᠪᠠᠢᠬᠤ ᠵᠢᠨ ᠳᠤᠬᠠᠢ ᠬᠠᠤᠯᠢ ᠵᠢᠨ ᠵᠦᠭᠯᠡᠬᠦᠷ᠂ ᠳᠦᠷᠢᠮ ᠭᠤᠷᠢᠮ ᠤ᠋ᠨ ᠵᠢᠷᠤᠮᠵᠢᠯ ᠬᠡᠵᠥ ᠪᠠᠢᠭ᠎ᠠ ᠦᠬᠡᠢ ᠴᠤ᠌᠂ ᠳᠡᠷᠡ ᠨᠢ ᠬᠦᠮᠦᠨ ᠤ᠋ ᠳᠤᠷᠭᠠᠨ ᠮᠡᠳᠡᠷᠡᠮᠵᠢ ᠵᠢᠨ ᠳᠤᠯᠢᠳᠠᠯ᠂ ᠤᠢ ᠪᠢᠯᠢᠭ ᠤ᠋ᠨ ᠰᠢᠯᠭᠠᠭᠤᠷ ᠪᠤᠯᠳᠠᠭ᠃ ᠬᠦᠮᠦᠰ ᠮᠡᠳᠡᠯᠬᠡ ᠮᠡᠳᠡᠴᠡ ᠪᠠᠨ ᠦᠷᠬᠡᠵᠢᠬᠦᠯᠵᠥ᠂ ᠤᠢ ᠤᠬᠠᠭᠠᠨ ᠵᠢᠡᠨ ᠬᠤᠷᠴᠠᠯᠠᠵᠥ᠂ ᠳᠤᠯᠵᠥ ᠢᠷᠡᠬᠦ ᠳᠦᠮᠡᠨ ᠶᠠᠪᠤᠳᠠᠯ ᠳ᠋ᠤ ᠬᠢᠨᠠᠭᠤᠷ ᠪᠤᠯᠭᠤᠮᠵᠢᠳᠠᠢ ᠬᠠᠨᠳᠤᠳᠠᠭ ᠯᠡ ᠶᠤᠮ ᠪᠤᠯ᠂ ᠳᠤᠬᠠᠢᠯᠠᠬᠰᠠᠨ ᠠᠵᠢᠯ ᠠᠯᠪᠠ ᠡᠬᠦᠷᠬᠡᠯᠡᠯ ᠬᠠᠷᠢᠭᠤᠴᠠᠯᠭ᠎ᠠ ᠪᠠᠨ ᠠᠯᠳᠠᠯ ᠤᠰᠤᠯ ᠦᠬᠡᠢ ᠪᠡᠶᠡᠯᠡᠬᠦᠯᠵᠥ᠂ ᠴᠢᠨᠠᠬᠰᠢᠯᠠᠨ ᠨᠦᠷᠢᠨ ᠢᠷᠡᠬᠦ ᠭᠠᠢ ᠭᠠᠮᠰᠢᠭ ᠢ᠋ ᠴᠤ᠌ ᠪᠦᠳᠦᠮᠵᠢᠳᠡᠢ ᠠᠷᠭᠠᠴᠠᠭᠠᠵᠥ᠂ ᠡᠳ᠋ ᠬᠦᠷᠦᠩᠬᠡ ᠵᠢᠨ ᠬᠤᠬᠢᠷᠠᠯ᠂ ᠠᠮᠢ ᠨᠠᠰᠤᠨ ᠤ᠋ ᠰᠦᠢᠳᠤᠯ ᠡᠴᠡ ᠵᠠᠢᠯᠠᠰᠬᠢᠵᠤ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号