8 ᠰᠠᠷ᠎ᠠ᠎ᠶᠢᠨ 8᠎ᠤ ᠡᠳᠦᠷ᠎ᠡᠴᠡ
12᠎ᠤ ᠡᠳᠦᠷ ᠪᠣᠯᠲᠠᠯ᠎ᠠ᠂ 2025 ᠣᠨ᠎ᠤ
ᠤᠯᠠᠭᠠᠨᠴᠠᠪ ᠬᠣᠲᠠ᠎ᠶᠢᠨ ᠠᠷᠪᠠᠨ ᠳᠥᠷᠪᠡᠳᠦᠭᠡᠷ ᠬᠤᠭᠤᠴᠠᠭᠠᠨ᠎ᠤ 《ᠲᠠᠯ᠎ᠠ ᠨᠤᠲᠤᠭ᠎ᠤᠨ
ᠠᠶᠠᠯᠠᠯ》 ᠨᠠᠭᠠᠳᠤᠮ ᠪᠠ ᠤᠯᠠᠭᠠᠨᠴᠠᠪ ᠬᠣᠲᠠ᠎ᠶᠢᠨ ᠮᠣᠩᠭᠣᠯ ᠮᠣᠷᠢᠨ᠎ᠤ ᠲᠠᠰ ᠠ᠋ᠴᠠ ᠳᠠᠪᠠᠭᠰᠠᠨ ᠬᠣᠯᠪᠣᠭᠠᠲᠤ ᠤᠷᠤᠯᠳᠤᠭᠠᠨ ᠳᠥᠷᠪᠡᠳ
ᠬᠣᠰᠢᠭᠤᠨ᠎ᠤ ᠭᠡᠭᠡᠨᠲᠠᠯ᠎ᠠ ᠲᠠᠯ᠎ᠠ ᠨᠤᠲᠤᠭ᠎ᠤᠨ ᠵᠢᠭᠤᠯᠴᠢᠯᠠᠯ᠎ᠤᠨ ᠦᠵᠡᠮᠵᠢ᠎ᠶᠢᠨ ᠣᠷᠣᠨ᠎ᠳᠤ ᠶᠠᠪᠤᠭᠳᠠᠨ᠎ᠠ᠃

ᠲᠤᠰ ᠤᠳᠠᠭᠠᠨ᠎ᠤ ᠠᠵᠢᠯᠯᠠᠭ᠎ᠠ
ᠨᠢ ᠤᠯᠠᠮᠵᠢᠯᠠᠯᠲᠤ ᠨᠠᠭᠠᠳᠤᠮ᠎ᠤᠨ ᠬᠤᠷᠠᠯ᠎ᠢᠶᠠᠷ ᠰᠠᠭᠤᠷᠢ ᠪᠣᠯᠭᠠᠵᠤ᠂ ᠡᠬᠢᠯᠡᠯᠲᠡ᠎ᠶᠢᠨ
ᠶᠣᠰᠣᠯᠠᠯ᠎ᠳᠤ 《ᠴᠠᠭ ᠬᠤᠭᠤᠴᠠᠭ᠎ᠠ ᠪᠠ ᠣᠷᠣᠨ ᠵᠠᠢ᠎ᠶᠢᠨ ᠠᠭᠤᠰᠤᠯᠴᠠᠯ᠎ᠤᠨ ᠬᠡᠯᠪᠡᠷᠢ》 ᠵᠢᠨ ᠲᠠᠯᠠᠪᠠᠢ᠎ᠳᠤ ᠣᠷᠣᠬᠤ ᠶᠣᠰᠣᠯᠠᠯ᠂ 《ᠤᠯᠠᠨ
ᠡᠰᠢᠲᠦ ᠤᠷᠠᠯᠢᠭ᠋᠎ᠢ ᠤᠶᠠᠯᠳᠤᠭᠤᠯᠬᠤ》ᠲᠣᠭᠯᠠᠯᠲᠠ᠎ᠶᠢᠨ ᠵᠢᠭ᠍ᠰᠠᠭᠠᠯ
ᠵᠢᠡᠷ ᠤᠯᠠᠭᠠᠨᠴᠠᠪ᠎ᠤᠨ 《ᠡᠷᠲᠡᠨ ᠡᠳᠦᠭᠡᠬᠢ ᠶᠢ
ᠠᠭᠤᠰᠤᠯᠴᠠᠭᠤᠯᠤᠭᠰᠠᠨ᠂ ᠨᠡᠭᠡᠭᠡᠯᠲᠡᠲᠡᠢ ᠪᠠᠭᠲᠠᠭᠠᠮᠵᠢᠲᠠᠢ》 ᠰᠣᠶᠣᠯ᠎ᠤᠨ ᠬᠡᠪ ᠨᠠᠮᠪᠠ᠎ᠶᠢ
ᠢᠯᠡᠷᠡᠭᠦᠯᠦᠨ᠎ᠡ᠃ ᠨᠠᠭᠠᠳᠤᠮ ᠳ᠋ᠤ VR ᠰᠢᠩᠭᠡᠭᠡᠯᠲᠡ᠎ᠶᠢ ᠠᠩᠬ᠎ᠠ ᠬᠡᠷᠡᠭᠯᠡᠵᠤ᠂ ᠵᠢᠭᠤᠯᠴᠢᠯᠠᠭᠰᠠᠳ ᠬᠠᠮᠢᠭ᠎ᠠ ᠪᠠᠢᠭᠰᠠᠨ ᠴᠤ᠌᠂
ᠵᠥᠪᠬᠡᠨ VR ᠲᠥᠬᠦᠭᠡᠷᠦᠮᠵᠢ ᠬᠡᠷᠡᠭᠰᠡᠪᠡᠯ
ᠳᠠᠷᠤᠢ ᠡᠬᠢᠯᠡᠯᠲᠡ᠎ᠶᠢᠨ ᠶᠣᠰᠣᠯᠠᠯ᠎ᠤᠨ ᠠᠬᠤᠢ ᠲᠠᠯᠠᠪᠠᠶ᠎ᠳᠤ 《ᠬᠦᠷᠴᠦ》᠂ ᠡᠬᠢᠯᠡᠯᠳᠡ ᠵᠢᠨ ᠶᠤᠰᠤᠯᠠᠯ᠎ᠢ 180 ᠭᠷᠡᠳᠦ᠋ᠰ ᠵᠢᠡᠷ ᠰᠤᠨᠢᠷᠬᠠᠵᠤ ᠪᠣᠯᠣᠨ᠎ᠠ᠃
5 ᠡᠳᠦᠷ᠎ᠦᠨ
ᠬᠤᠭᠤᠴᠠᠭ᠎ᠠ᠎ᠲᠠᠢ《ᠲᠠᠯ᠎ᠠ ᠨᠤᠲᠤᠭ᠎ᠤᠨ ᠠᠶᠠᠯᠠᠯ》ᠨᠠᠭᠠᠳᠤᠮ᠎ᠳᠤ᠂《ᠡᠷ᠎ᠡ᠎ᠶᠢᠨ ᠭᠤᠷᠪᠠᠨ ᠨᠠᠭᠠᠳᠤᠮ》᠎ᠤᠨ ᠤᠷᠤᠯᠳᠤᠭᠠᠨ᠎ᠤ ᠲᠣᠭᠣᠷᠢᠭ᠋ ᠢ᠋ ᠪᠥᠬᠥ ᠡᠳᠦᠷ᠎ᠢᠶᠡᠷ ᠨᠡᠭᠡᠭᠡᠯᠳᠡ ᠬᠢᠵᠥ᠂ ᠵᠢᠭᠤᠯᠴᠢᠯᠠᠭᠰᠠᠳ
ᠲᠠᠯ᠎ᠠ ᠨᠤᠲᠤᠭ᠎ᠤᠨ ᠣᠮᠣᠭ ᠪᠠᠬᠠᠳᠤᠯᠲᠤ ᠰᠡᠳᠬᠢᠯᠭᠡ᠎ᠶᠢ ᠪᠡᠶ᠎ᠡ᠎ᠪᠡᠷ᠎ᠢᠶᠡᠨ ᠮᠡᠳᠡᠷᠡᠵᠦ ᠪᠣᠯᠣᠨ᠎ᠠ᠃ 《ᠰᠠᠨᠰᠠᠷ·ᠨᠡᠭᠦᠳᠡᠯ ᠮᠠᠯᠵᠢᠯ》 ᠤᠷᠠᠯᠢᠭ᠋᠎ᠤᠨ ᠴᠤᠭᠯᠠᠭ᠎ᠠ ᠨᠢ 《ᠦᠵᠡᠮᠦᠷᠢ᠎ᠲᠠᠢ᠂
ᠲᠥᠷᠥᠭᠳᠡᠯ᠎ᠲᠠᠢ᠂ ᠣᠷᠣᠯᠴᠠᠵᠤ ᠪᠣᠯᠬᠤ》 ᠪᠡᠷ ᠭᠣᠣᠯ ᠣᠢᠯᠠᠭᠠᠭᠳᠠᠬᠤᠨ
ᠵᠢᠡᠨ ᠪᠣᠯᠭᠠᠵᠤ᠂ ᠥᠷᠭᠡᠨ ᠠᠭᠤᠳᠠᠮ ᠲᠠᠯ᠎ᠠ ᠨᠤᠲᠤᠭ᠎ᠲᠤ ᠶᠤᠭ᠎ᠠ᠂ ᠳᠠᠭᠤᠨ ᠵᠠᠰᠠᠯ᠎ᠤᠨ ᠠᠶᠠᠯᠠᠯ᠎ᠢᠶᠠᠨ ᠡᠬᠢᠯᠡᠭᠦᠯᠵᠦ᠂
ᠢᠰᠡᠭᠡᠢ᠎ᠶᠢᠨ ᠤᠷᠠᠯᠢᠭ᠋᠂ ᠬᠠᠳᠬᠤᠮᠠᠯ ᠵᠡᠷᠭᠡ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠵᠢᠯ᠎ᠢ
ᠰᠢᠰᠲᠧᠮ᠎ᠲᠠᠢ ᠳᠡᠯᠭᠡᠨ ᠦᠵᠡᠭᠦᠯᠵᠦ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠠᠰᠠᠯ ᠵᠢᠮᠰᠡᠭ᠂ ᠰᠣᠶᠣᠯ᠎ᠤᠨ
ᠪᠦᠲᠦᠭᠡᠯᠴᠢ ᠡᠭᠦᠳᠦᠯᠲᠡ᠂ ᠺᠣᠹᠧ᠂ ᠲᠤᠬᠠᠢ᠎ᠶᠢᠨ ᠭᠠᠵᠠᠷ᠎ᠤᠨ ᠣᠨᠴᠠᠯᠢᠭ᠋᠎ᠲᠠᠢ ᠠᠮᠲᠠᠲᠤ ᠢᠳᠡᠭᠡᠨ ᠵᠡᠷᠭᠡ᠎ᠶᠢ
ᠠᠭᠤᠰᠤᠯᠴᠠᠭᠤᠯᠵᠤ᠂ ᠬᠢᠯᠢ ᠠᠯᠤᠰᠯᠠᠨ ᠠᠭᠤᠰᠤᠯᠴᠠᠭᠰᠠᠨ ᠰᠣᠶᠣᠯ᠎ᠤᠨ ᠣᠢᠯᠠᠭᠠᠯᠲᠠ᠎ᠶᠢᠨ ᠦᠵᠡᠭᠳᠡᠯ᠎ᠢ ᠪᠤᠢ ᠪᠣᠯᠭᠠᠨ᠎ᠠ᠃
ᠢᠳᠡᠷ᠂ NAAN ᠬᠠᠮᠳᠤᠯᠢᠭ ᠳᠠᠭᠤᠤ ᠤᠷᠠᠯᠢᠭ᠋᠎ᠢᠶᠠᠷ
ᠬᠥᠭᠥᠷᠭᠡ ᠪᠣᠯᠭᠠᠵᠤ᠂ ᠲᠠᠯ᠎ᠠ ᠨᠤᠲᠤᠭ᠎ᠤᠨ ᠰᠣᠶᠣᠯ ᠪᠣᠯᠣᠨ ᠤᠳᠤ ᠦᠶ᠎ᠡ᠎ᠶᠢᠨ ᠤᠷᠠᠯᠢᠭ᠋᠎ᠤᠨ ᠤᠷᠤᠰᠬᠠᠯ᠎ᠢ ᠭᠦᠨᠵᠡᠭᠡᠢ
ᠬᠣᠯᠪᠣᠨ᠎ᠠ᠃ ᠭᠡᠷ ᠪᠦᠯᠢ ᠵᠢᠨ ᠲᠣᠭᠣᠷᠢᠭ᠋᠎ᠲᠤ ᠬᠡᠦᠬᠡᠳ᠎ᠦᠨ ᠴᠤᠭᠯᠠᠭ᠎ᠠ ᠮᠠᠢᠮᠠᠢ᠂ ᠲᠠᠯ᠎ᠠ ᠨᠤᠲᠤᠭ ᠡᠴᠡ ᠡᠷᠳᠡᠨᠢ
ᠬᠠᠢᠬᠤ᠂ ᠵᠢᠷᠤᠭ ᠵᠢᠷᠤᠬᠤ᠂ ᠭᠡᠷ ᠪᠦᠯᠢ᠎ᠶᠢᠨ ᠪᠤᠤᠬᠢᠶ᠎ᠠ ᠳᠠᠮᠵᠢᠭᠤᠯᠬᠤ ᠵᠡᠷᠭᠡ ᠰᠣᠨᠢᠷᠬᠠᠯᠲᠠᠢ ᠠᠵᠢᠯᠯᠠᠭᠠᠶᠠᠪᠤᠭᠳᠠᠭᠤᠯᠤᠨᠠ᠃
4 ᠡᠳᠦᠷ᠎ᠦᠨ ᠬᠤᠭᠤᠴᠠᠭ᠎ᠠ᠎ᠲᠠᠢ ᠮᠣᠩᠭᠣᠯ
ᠮᠣᠷᠢᠨ᠎ᠤ ᠲᠡᠰ᠎ᠠᠴᠠ ᠳᠠᠪᠠᠭᠰᠠᠨ ᠬᠣᠯᠪᠣᠭᠠᠲᠤ ᠤᠷᠤᠯᠳᠤᠭᠠᠨ᠎ᠳᠤ ᠤᠷᠤᠯᠳᠤᠭᠠᠨ ᠡᠬᠢᠯᠡᠬᠦ ᠶᠣᠰᠣᠯᠠᠯ᠂ ᠲᠤᠰᠬᠠᠢ
ᠮᠡᠷᠭᠡᠵᠢᠯ᠎ᠦᠨ ᠤᠷᠤᠯᠳᠤᠭᠠᠨ᠂ ᠵᠢᠭᠤᠯᠴᠢᠯᠠᠭᠰᠠᠳ᠎ᠤᠨ ᠨᠠᠭᠠᠳᠤᠮ ᠴᠡᠩᠭᠡᠯ᠂ ᠮᠣᠷᠢᠨ ᠮᠡᠷᠭᠡᠵᠢᠯ᠎ᠦᠨ ᠲᠣᠭᠯᠠᠯᠲᠠ
ᠵᠡᠷᠭᠡ 5 ᠶᠡᠬᠡ ᠲᠦᠷᠦᠯ᠎ᠦᠨ ᠠᠵᠢᠯᠯᠠᠭ᠎ᠠ
ᠶᠠᠪᠤᠭᠳᠠᠭᠤᠯᠵᠤ᠂ ᠮᠣᠩᠭᠣᠯ ᠮᠣᠷᠢᠨ᠎ᠤ ᠤᠷᠤᠯᠳᠤᠭᠠᠨ᠂ ᠡᠬᠦᠯᠳᠡᠷ ᠰᠠᠢᠵᠢᠷᠠᠭᠤᠯᠤᠭᠰᠠᠨ ᠮᠣᠷᠢᠨ᠎ᠤ ᠤᠷᠤᠯᠳᠤᠭᠠᠨ᠂
ᠳᠠᠭ᠎ᠠ ᠵᠢᠨ ᠤᠷᠤᠯᠳᠤᠭᠠᠨ᠂ ᠮᠣᠷᠢ ᠤᠨᠤᠵᠤ ᠰᠤᠷ ᠬᠠᠷᠪᠤᠬᠤ᠂ ᠰᠠᠭᠠᠳ ᠦᠨᠭᠭᠡᠷᠡᠬᠡᠬᠦ ᠤᠷᠤᠯᠳᠤᠭᠠᠨ ᠵᠡᠷᠭᠡ ᠤᠷᠤᠯᠳᠤᠭᠠᠨ᠎ᠤ
ᠲᠦᠷᠦᠯ ᠵᠦᠢᠯ᠎ᠢ ᠲᠣᠬᠢᠷᠠᠭᠤᠯᠪᠠ᠃
8 ᠰᠠᠷ᠎ᠠ᠎ᠶᠢᠨ
8᠎ᠤ ᠡᠳᠦᠷ᠂ ᠳᠥᠷᠪᠡᠳ ᠬᠣᠰᠢᠭᠤᠨ᠎ᠤ ᠬᠤᠪᠢᠯᠭᠠᠨ ᠣᠩᠭᠣᠴᠠ ᠨᠢᠭᠡᠳᠦᠭᠡᠷ
ᠨᠣᠮᠧᠷᠲᠤ ᠬᠠᠮᠤᠭ᠎ᠤᠨ ᠭᠣᠶᠣ᠌ ᠵᠠᠰᠠᠮᠠᠯ ᠵᠠᠮ ᠵᠢᠩᠬᠢᠨᠢ᠎ᠪᠡᠷ ᠠᠰᠢᠭ᠍ᠯᠠᠯᠲᠠ᠎ᠳᠤ ᠣᠷᠣᠬᠤ ᠪᠣᠯᠣᠨ᠎ᠠ᠃ ᠵᠠᠰᠠᠮᠠᠯ
ᠵᠠᠮ᠎ᠤᠨ ᠪᠥᠬᠥ ᠣᠷᠳᠣ᠌ ᠨᠢ 222 ᠺᠢᠯᠣᠮᠧᠲᠷ᠂ ᠡᠭᠦᠨ᠎ᠳᠦ ᠰᠣᠯᠣᠩᠭᠠᠨ
ᠵᠠᠮ 66 ᠺᠢᠯᠣᠮᠧᠲᠷ ᠪᠠᠢᠵᠤ᠂ ᠵᠠᠮ ᠳᠠᠭᠠᠤ᠎ᠳᠤ ᠣᠨᠴᠠᠯᠢᠭ᠍ᠲᠤ ᠦᠵᠡᠮᠵᠢ᠎ᠶᠢᠨ
ᠴᠡᠭ 9 ᠪᠣᠶ᠃ ᠳᠥᠷᠪᠡᠳ ᠤ᠋ᠨ ᠲᠠᠯ᠎ᠠ ᠨᠤᠲᠤᠭ᠂ ᠭᠡᠭᠡᠨᠲᠠᠯ᠎ᠠ ᠵᠢᠭᠤᠯᠴᠢᠯᠠᠯ᠎ᠤᠨ
ᠦᠵᠡᠮᠵᠢ᠎ᠶᠢᠨ ᠣᠷᠣᠨ᠂ ᠰᠢᠷᠠᠮᠥ᠋ᠷᠡᠨᠦ ᠰᠦᠮ᠎ᠡ᠂ ᠬᠤᠪᠢᠯᠭᠠᠨ ᠣᠩᠭᠣᠴᠠ ᠰᠢᠷᠢᠰ ᠨᠢᠰᠬᠦ ᠣᠩᠭᠣᠴᠠ᠎ᠶᠢᠨ ᠭᠣᠣᠯ
ᠪᠠᠭᠤᠯᠳᠠ ᠵᠢᠨ ᠲᠠᠯᠠᠪᠤᠷ᠂ ᠨᠤᠮᠤᠭᠠᠨ ᠠᠭᠤᠯᠠ ᠵᠡᠷᠭᠡ ᠦᠵᠡᠮᠵᠢ᠎ᠶᠢᠨ ᠣᠷᠣᠨ᠎ᠢᠶᠠᠷ ᠮᠤᠷᠤᠯᠵᠠᠨ ᠥᠩᠭᠡᠷᠡᠨ᠎ᠡ᠃
ᠢᠷᠡᠯᠳᠡ᠄ ᠰᠢᠨᠬᠤᠸᠠ ᠰᠦᠯᠵᠢᠶ᠎ᠡ