— ᠨᠠᠰᠤ ᠵᠤᠨ ᠬᠤᠶᠠᠷ ᠨᠠᠮᠠᠶ᠋ᠢ ᠨᠠᠷᠢᠨ ᠵᠦᠰᠡ ᠪᠣᠯᠭᠠᠨ ᠰᠡᠮᠡᠷᠡᠭᠦᠯᠦᠨᠡ
ᠠᠭᠤᠯᠠᠰ᠎ᠨᠢ ᠬᠥᠬᠡ ᠤᠨᠢᠶᠠᠷ᠎ᠢᠶᠠᠨ ᠲᠠᠲᠠᠭᠠᠳ ᠪᠣᠷᠤᠭ᠎ᠠ ᠣᠷᠤᠬᠤ ᠱᠢᠭ᠋ ᠠᠳᠤᠭᠤ᠎ᠨᠢ ᠳᠡᠨᠵᠢ᠎ᠪᠠᠨ ᠪᠠᠷᠢᠭᠠᠳ ᠬᠠᠯᠠᠭᠤ ᠲᠥᠭᠡᠨᠡᠬᠦ᠌ ᠱᠢᠭ ᠠᠷᠭᠠᠯ᠎ᠤᠨ ᠴᠠᠭᠠᠨ᠎ᠠ ᠬᠤᠶᠠᠷ ᠯᠠᠮᠠ ᠭᠠᠯᠠᠭᠤ ᠢᠷᠡᠭᠡᠳ ᠠᠳᠤᠭᠤᠨ᠎ᠤ ᠬᠤᠮᠣᠯ ᠳᠡᠭᠡᠷ᠎ᠡ ᠠᠳᠤᠭᠤᠴᠢᠨ ᠴᠡᠭ᠌ᠴᠡᠦᠬᠡᠢ ᠵᠢᠷᠭᠢᠭᠡᠳ ᠰᠠᠢᠬᠠᠨ ᠵᠤᠨ ᠪᠣᠯᠬᠤ᠎ᠨᠢ᠃ ᠰᠠᠭᠠᠷᠢ᠎ᠲᠠᠢ ᠲᠠᠪᠠᠭ ᠭᠢᠯᠠᠯᠵᠠᠭᠤᠯᠤᠨ ᠲᠠᠪᠠᠷᠠᠵᠤ ᠪᠠᠢᠭ᠍ᠰᠠᠨ ᠪᠠᠭ᠎ᠠ᠎ᠶ᠋ᠢᠨ ᠦᠶ᠎ᠡ᠎ᠶ᠋ᠢᠨ ᠵᠤᠨ ᠱᠢᠭ᠋ ᠲᠡᠢᠮᠦ᠍ ᠨᠢᠭᠡ ᠰᠠᠢᠬᠠᠨ ᠵᠤᠨ ᠪᠣᠯᠬᠤ᠎ᠨᠢ ᠱᠢᠭ᠋ ᠬᠠᠷᠠᠭ᠍ᠳᠠᠭᠠᠳ ᠱᠢᠭᠤᠭ᠍ᠰᠠᠨ ᠬᠠᠶᠠᠭ᠎ᠠ᠎ᠪᠠᠷ ᠨᠣᠭᠤᠭ᠎ᠠ ᠤᠷᠭᠤᠬᠤ ᠠᠨᠢᠷ ᠠᠨᠢᠷᠲᠤᠨᠠ᠃
ᠬᠤᠨᠢᠨ᠎ᠤ ᠬᠥᠮᠥᠨ ᠪᠥᠭ ᠪᠥᠭ ᠱᠤᠭ᠍ᠰᠢᠭᠤᠯᠤᠨ ᠤᠶᠠᠭᠠᠨ ᠱᠤᠩ ᠳᠡᠭᠡᠷ᠎ᠡ ᠢᠷᠡᠵᠦ᠍ ᠪᠠᠭᠤᠬᠤ ᠰᠢᠬ᠂ ᠠᠭᠤᠷ ᠰᠠᠪᠰᠠᠭ᠍ᠰᠠᠨ ᠰᠡᠭᠦᠯᠴᠢ᠎ᠶ᠋ᠢᠨ ᠲᠣᠭᠤᠭᠠᠨ᠎ᠤ ᠬᠠᠯᠠᠭᠤᠨ ᠰᠣᠪᠰᠣᠨᠠᠴᠠ ᠬᠤᠶᠠᠷ ᠠᠶᠠᠭ᠎ᠠ ᠲᠣᠭ᠍ᠲᠠᠭᠠᠴᠢᠬᠠᠭᠠᠳ 《ᠬᠤᠨᠢ ᠰᠠᠭᠠᠬᠤ ᠣᠢᠷᠠᠲᠤᠴᠢᠬᠠᠯᠠ》 ᠭᠡᠳ ᠬᠤᠨᠢᠨ᠎ᠤ᠎ᠪᠠᠨ ᠬᠤᠢᠨ᠎ᠠ᠎ᠠᠴᠠ ᠰᠠᠯᠬᠢ᠎ᠲᠠᠢ ᠬᠥᠳᠡᠯᠳᠡᠭ ᠪᠠᠢᠭ᠍ᠰᠠᠨ᠎ᠨᠢ ᠥᠴᠥᠭᠡᠳᠦᠷᠬᠡᠨᠤ ᠶᠤᠮ ᠱᠢᠭ ᠰᠠᠨᠠᠭ᠍ᠳᠠᠭᠤᠯᠤᠨ᠎ᠠ᠃ ᠬᠦᠷᠡᠩ ᠵᠡᠭᠡᠷᠳᠡ ᠪᠣᠯᠴᠢᠬᠠᠭ᠍ᠰᠠᠨ ᠬᠦᠩᠭᠡᠨ ᠳᠡᠭᠡᠭᠡᠷ ᠲᠡᠷᠯᠢᠭ᠎ᠲᠠᠢ ᠡᠪᠦᠭᠡᠳ᠎ᠤᠨ ᠮᠢᠨᠢ ᠪᠠᠷ᠎ᠠ ᠲᠣᠮᠤᠭ᠎ᠤᠨ ᠶᠤᠮᠱᠢᠭ ᠦᠵᠡᠭ᠌ᠳᠡᠭᠡᠳ ᠨᠠᠳᠠ᠎ᠳᠤ ᠲᠠᠭᠤᠵᠤ ᠭᠦᠢᠴᠡᠬᠦ᠌ ᠦᠭᠡᠢ ᠣᠷᠣᠮ ᠮᠥᠷ᠎ᠢ ᠦᠯᠡᠳᠡᠭᠡᠭ᠌ᠰᠡᠨ ᠳ᠋ᠠ᠃
《ᠬᠤᠯᠪᠣᠭᠠᠨ᠎ᠳᠤ ᠬᠤᠨᠢ ᠱᠢᠷᠭᠤᠴᠢᠬᠠᠯᠠ》 ᠭᠡᠵᠦ᠍ ᠬᠤᠯᠪᠣᠭ᠍ᠰᠠᠨ ᠬᠤᠨᠢᠨ᠎ᠤ᠎ᠪᠠᠨ ᠤᠴᠢᠭᠢ ᠬᠥᠭᠡᠭᠡᠨ ᠱᠢᠪᠬᠠᠷᠴᠤ᠌ ᠪᠠᠢᠭ᠍ᠰᠠᠨ ᠡᠮᠧ ᠪᠠᠷᠬᠢᠷᠠᠬᠤ᠎ᠳᠤ ᠳᠦᠷᠦᠭᠡ᠎ᠲᠠᠢ ᠰᠦ ᠬᠠᠷᠠᠵᠤ ᠪᠠᠢᠭ᠍ᠰᠠᠨ ᠮᠠᠨ᠎ᠤ ᠭᠤᠷᠪᠠ ᠲᠣᠮᠣ ᠬᠥᠮᠥᠨ ᠪᠣᠯᠵᠤ ᠬᠡᠳᠡᠷᠲᠡᠭᠡᠨ ᠬᠡᠳᠡᠷᠭᠡ ᠰᠠᠭᠤᠭ᠍ᠰᠠᠨ ᠬᠤᠨᠢ᠎ᠶ᠋ᠢ ᠪᠣᠰᠭᠠᠬᠤ ᠭᠡᠵᠦ᠍ ᠨᠢᠰᠤ ᠨᠤᠯᠮᠤᠰᠤ᠎ᠪᠠᠨ ᠴᠢᠷᠦᠨ ᠪᠠᠢᠬᠤ᠎ᠳᠤ ᠠᠱᠢᠭᠦᠢ ᠬᠤᠷᠣᠭᠠᠨᠤ ᠡᠩᠭᠡᠷ ᠬᠥᠭᠡᠷᠦᠭ᠌ᠰᠡᠨ ᠰᠤᠪᠠᠢ ᠱᠢᠳᠦᠯᠡᠩ ᠶ᠋ᠢᠡᠨ ᠵᠤᠯᠭᠠᠭᠠᠵᠤ ᠪᠠᠢᠭ᠍ᠰᠠᠨ ᠠᠪᠤ ᠮᠢᠨᠢ ᠲᠣᠮᠣ ᠲᠣᠮᠣ ᠠᠯᠬᠤᠯᠠᠨ ᠢᠷᠡᠵᠦ᠍ ᠬᠤᠯᠪᠣᠭᠠᠨ᠎ᠳᠤ ᠱᠣᠩᠨᠣᠢᠵᠤ ᠣᠢᠴᠢᠭ᠍ᠰᠠᠨ ᠬᠤᠨᠢ᠎ᠶ᠋ᠢ ᠡᠷᠭᠦᠵᠦ᠍ ᠪᠣᠰᠭᠠᠭᠠᠳ ᠮᠤᠯᠲᠤᠯᠵᠤ ᠲᠠᠯᠪᠢᠨ᠎ᠠ᠃ 《ᠪᠣᠷᠤᠭ᠎ᠠ ᠣᠷᠤᠬᠤ᠎ᠠᠴᠠ ᠡᠮᠦᠨ᠎ᠡ ᠵᠠᠪᠳᠤᠶᠠ᠂ ᠨᠠᠭᠠᠰᠢ᠎ᠪᠠᠨ ᠢᠷᠡᠭᠡᠳ ᠮᠠᠳᠠᠢ᠎ᠶ᠋ᠢᠨ ᠠᠮᠠᠰᠠᠷ ᠪᠠᠷᠢᠭᠠᠳ ᠠᠯᠢ》 ᠭᠡᠵᠦ᠍ ᠠᠪᠤ ᠮᠢᠨᠢ ᠴᠦ᠍ ᠬᠤᠭᠤᠯᠠᠢ ᠠᠳᠭᠤᠷᠠᠭᠤᠯᠤᠨ ᠳᠠᠭᠤᠳᠠᠳᠠᠭ᠃
ᠠᠩᠭᠠᠬᠠᠢ᠂ ᠪᠥᠵᠥᠩ᠂ ᠭᠥᠯᠥᠭᠡ ᠮᠠᠨ᠎ᠤ ᠭᠡᠳᠦᠭᠦᠯᠡ ᠠᠷᠣ᠎ᠶ᠋ᠢᠨ ᠳᠡᠷᠡᠰᠦᠨ᠎ᠳᠤ ᠨᠢᠭᠡ ᠨᠢᠭᠡ᠎ᠶ᠋ᠢ᠎ᠪᠠᠨ ᠬᠥᠭᠡᠭᠡᠨ ᠲᠠᠭᠤᠭ᠍ᠰᠠᠭᠠᠷ ᠬᠠᠷᠢᠭᠤᠯᠤᠭ᠍ᠰᠠᠨ ᠬᠤᠷᠠᠭ᠎ᠠ ᠢᠱᠢᠭᠡ᠎ᠪᠠᠨ ᠠᠯᠳᠠᠵᠤ ᠨᠡᠢᠯᠡᠭᠦᠯᠦᠭᠡᠳ ᠱᠢᠷᠪᠦᠰᠦᠨ ᠬᠤᠢᠪᠢ᠎ᠶ᠋ᠢᠨ 《ᠱᠢᠪ》 ᠭᠡᠰᠡᠨ ᠠᠮᠲᠠ᠎ᠶ᠋ᠢ ᠴᠦ᠍ ᠦᠵᠡᠵᠦ᠍ ᠪᠠᠢᠭ᠍ᠰᠠᠨ ᠳ᠋ᠠ᠃ ᠤᠯᠠᠢᠲᠠᠯ᠎ᠠ ᠱᠢᠪᠬᠠᠳᠠᠭᠤᠯᠤᠭ᠍ᠰᠠᠨ ᠴᠣᠨᠳᠣᠭᠤᠷ ᠣᠷᠣᠢ ᠤᠨᠲᠠᠬᠤ᠎ᠳᠤ ᠬᠤᠷᠣᠰᠤᠭᠠᠳ ᠠᠪᠤ᠎ᠠᠴᠠ ᠮᠢᠨᠢ ᠥᠭᠡᠷ᠎ᠡ ᠱᠢᠷᠦᠭᠦᠨ ᠬᠥᠮᠥᠨ ᠪᠠᠢᠬᠤ ᠦᠭᠡᠢ ᠱᠢᠭ ᠰᠠᠨᠠᠭ᠍ᠳᠠᠭᠠᠳ ᠨᠢᠯᠪᠤᠰᠤ ᠪᠥᠮᠪᠥᠷᠢᠭᠦᠯᠳᠡᠭ᠃ ᠬᠠᠴᠠᠷ ᠳᠠᠭᠠᠭ᠍ᠰᠠᠨ ᠨᠢᠯᠪᠤᠰᠤ᠎ᠶ᠋ᠢ ᠠᠯᠠᠭᠠᠪᠠᠷᠢᠶᠠᠨ ᠵᠦᠯᠭᠦᠭᠡᠳ ᠬᠠᠮᠢᠭ᠎ᠠ᠎ᠪᠠᠨ ᠬᠠᠳᠠᠭᠠᠯᠠᠵᠤ ᠪᠠᠢᠭ᠍ᠰᠠᠨ᠎ᠢ ᠮᠡᠳᠡᠬᠦ᠌ ᠦᠭᠡᠢ ᠡᠮᠧ ᠮᠢᠨᠢ ᠬᠤᠶᠠᠷ ᠳᠡᠭᠦᠦ᠍᠎ᠠᠴᠠ ᠨᠢᠭᠤᠨ ᠱᠢᠬᠢᠷ᠎ᠤᠨ ᠬᠤᠯᠲᠣᠷᠬᠠᠢ ᠬᠦᠯᠬᠦᠭᠦᠯᠳᠡᠭ ᠪᠠᠢᠭ᠍ᠰᠠᠨ ᠲᠡᠷᠡ ᠣᠭᠤᠳᠤᠩᠤᠨ ᠪᠢᠷᠠᠭᠤ ᠱᠢᠭ᠋ ᠵᠤᠨᠨᠤᠭᠤᠳ ᠤᠬᠤᠷᠬᠠᠢ᠎ᠶ᠋ᠢᠨ ᠨᠢᠯᠪᠤᠰᠤ ᠪᠣᠯᠵᠤ ᠬᠠᠯᠠᠭᠤᠬᠠᠨ ᠪᠥᠷᠲᠥᠯᠵᠡᠨ ᠪᠦᠷᠦᠯᠵᠡᠨᠡ᠃
ᠬᠤᠷᠠᠭ᠎ᠠ᠎ᠪᠠᠨ ᠴᠠᠭᠠᠯᠠᠴᠢᠬᠠᠭᠠᠳ ᠮᠠᠨ᠎ᠤ ᠬᠢ ᠵᠤᠰᠠᠮᠠᠯ ᠭᠠᠷᠳᠠᠭ ᠪᠠᠢᠭ᠍ᠰᠠᠨ᠃ ᠵᠤᠰᠠᠮᠠᠯ᠎ᠳᠤ ᠪᠠᠭᠤᠴᠢᠬᠠᠭᠠᠳ ᠬᠤᠷᠠᠭ᠎ᠠ᠎ᠪᠠᠨ ᠬᠢᠷᠭᠠᠵᠤ ᠤᠷᠳᠤ᠎ᠶ᠋ᠢᠨ ᠤᠩᠭᠠᠰᠤ᠎ᠪᠠᠨ ᠵᠤᠯᠭᠠᠭᠠᠳᠠᠭ ᠶᠤᠮ᠃ ᠦᠵᠦᠮᠦᠴᠢᠨ ᠬᠤᠨᠢᠨ᠎ᠤ ᠤᠷᠳᠤ᠎ᠶ᠋ᠢᠨ ᠤᠩᠭᠠᠰᠤᠨ᠎ᠳᠤ ᠬᠠᠢᠴᠢᠨᠤ ᠦᠵᠦᠭᠦᠷ ᠱᠢᠷᠭᠤᠬᠤᠪᠠᠷ ᠠᠨᠠᠢ ᠪᠠᠢᠳᠠᠭ᠎ᠠᠴᠠ ᠬᠥᠭᠡᠷᠦᠭ᠌ᠰᠡᠨ ᠬᠤᠨᠢ᠎ᠪᠠᠨ ᠭᠤᠣᠯᠳᠠᠭᠤ ᠵᠤᠯᠭᠠᠭᠠᠳᠠᠭ ᠶᠤᠮ᠃ ᠬᠠᠷᠢᠨ ᠨᠠᠮᠤᠷ᠎ᠤᠨ ᠠᠬᠠᠷᠢ ᠪᠣᠯ ᠬᠠᠢᠴᠢᠯᠠᠨ᠎ᠠ᠃ ᠵᠤᠯᠭᠠᠭᠠᠭ᠍ᠰᠠᠨ ᠤᠩᠭᠠᠰᠤ᠎ᠪᠠᠨ ᠲᠦᠱᠢᠭᠡᠳ ᠪᠢ ᠴᠦ᠍ ᠬᠠᠶᠠ᠎ᠳᠠᠭᠠᠨ ᠤᠨᠲᠠᠭᠠᠳ ᠥᠭ᠌ᠴᠢᠭᠡᠳᠡᠭ᠃ 《ᠭᠤᠪᠢ᠎ᠳᠤ ᠬᠡᠳᠦᠨ ᠲᠡᠮᠡᠭᠡ ᠢᠷᠡᠴᠢᠭᠡᠭᠡᠳ ᠪᠠᠢᠨ᠎ᠠ᠃ ᠰᠡᠷᠢᠭᠦᠦ ᠣᠷᠤᠬᠤ᠎ᠪᠠᠷ ᠰᠠᠯᠬᠢ᠎ᠪᠠᠨ ᠪᠠᠷᠢᠨ ᠪᠣᠷᠣ ᠱᠢᠷᠡᠭᠡ ᠤᠷᠤᠭᠤ ᠬᠥᠳᠡᠯᠬᠦ᠌ ᠪᠠᠢᠬ᠎ᠠ》 ᠭᠡᠵᠦ᠍ ᠠᠪᠤ ᠮᠢᠨᠢ ᠠᠶᠠᠭ᠎ᠠ ᠴᠠᠢ ᠣᠭᠤᠴᠢᠬᠤ ᠵᠠᠭᠤᠷ᠎ᠠ ᠡᠳᠦᠷ᠎ᠤᠨ ᠬᠠᠷᠠᠭ᠍ᠰᠠᠨ᠎ᠢᠶᠠᠨ ᠶᠠᠷᠢᠨ᠎ᠠ᠃ ᠦᠭᠡᠨ᠎ᠳᠤ ᠳᠤᠷᠠᠲᠠᠢ ᠪᠢ ᠦᠭᠡ ᠲᠤᠰᠭᠠᠯ ᠦᠭᠡᠢ 《ᠶᠠᠭᠠᠬᠢᠬᠤ᠎ᠳᠠᠭᠠᠨ ᠪᠣᠷᠣ ᠱᠢᠷᠡᠭᠡ ᠤᠷᠤᠭᠤ ᠬᠥᠳᠡᠯᠳᠡᠭ ᠶᠤᠮ》 ᠭᠡᠬᠦ᠌᠎ᠳᠤ 《ᠵᠣᠭ᠍ᠳᠣᠷᠢᠨᠢ ᠵᠤᠮᠠᠭᠠᠭ᠍ᠰᠠᠨ ᠱᠠᠯᠳᠠᠩ ᠲᠡᠮᠡᠭᠡᠳ ᠱᠢᠯᠢ᠂ ᠬᠠᠩᠭᠠᠢ᠂ ᠭᠤᠪᠢ ᠳᠠᠮᠵᠢᠨ ᠰᠠᠯᠬᠢ ᠪᠠᠷᠢᠭᠠᠳ ᠶᠠᠪᠤᠳᠠᠭ ᠶᠤᠮ᠃ ᠨᠢᠭᠡ ᠵᠤᠨ ᠨᠠᠮᠤᠷ ᠰᠠᠯᠬᠢ ᠪᠠᠷᠢᠵᠤ ᠶᠠᠪᠤᠴᠢᠬᠠᠭᠠᠳ ᠰᠡᠷᠢᠭᠦᠦ ᠣᠷᠤᠵᠤ ᠰᠠᠯᠬᠢ ᠰᠡᠷᠴᠢᠭᠢᠨᠡᠬᠦ᠌ᠪᠠᠷ ᠨᠤᠲᠤᠭ ᠤᠷᠤᠭᠤ᠎ᠪᠠᠨ ᠡᠷᠭᠢᠳᠡᠭ ᠶᠤᠮ》 ᠭᠡᠯᠡ᠃ ᠡᠭᠡᠷᠡᠦᠯ ᠱᠢᠭ ᠡᠷᠭᠢᠯᠳᠦᠭᠡᠳ ᠣᠴᠢᠭ ᠰᠦᠪᠡᠭ᠌ᠴᠢ᠎ᠨᠢ ᠣᠯᠳᠠᠬᠤ ᠦᠭᠡᠢ ᠲᠣᠮᠣᠴᠤᠤᠯ᠎ᠤᠨ ᠦᠭᠡᠨ᠎ᠤ ᠤᠳᠭ᠎ᠠ᠎ᠶ᠋ᠢ ᠣᠯᠬᠤ ᠭᠡᠵᠦ᠍ ᠲᠠᠷᠢᠬᠢ᠎ᠪᠠᠨ ᠱᠢᠪᠬᠠᠨ ᠮᠣᠬᠤᠭᠠᠵᠤ ᠪᠠᠢᠭ᠍ᠰᠠᠨ ᠬᠡᠦᠬᠡᠳ ᠨᠠᠰᠤᠨ᠎ᠤ ᠮᠢᠨᠢ ᠵᠤᠨ ᠬᠠᠶᠠᠭ᠎ᠠ᠎ᠪᠠᠨ ᠰᠡᠬᠦᠨ ᠬᠠᠭᠠᠯᠭ᠎ᠠ᠎ᠪᠠᠨ ᠵᠢᠷᠲᠠᠢᠯᠭᠠᠨ ᠵᠤᠰᠠᠵᠤ ᠪᠠᠢᠬᠤ ᠱᠢᠭ᠋ ᠦᠵᠡᠭ᠌ᠳᠡᠬᠦ᠌ ᠶᠤᠮ᠃
ᠠᠪᠤ ᠠᠷᠢᠬᠢ ᠲᠠᠲᠠᠳᠠᠭ ᠪᠣᠯᠬᠤᠷ ᠶᠤᠮ ᠤᠤ ᠮᠡᠳᠡᠬᠦ᠌ ᠦᠬᠡᠢ᠃ ᠡᠮᠧ᠎ᠶ᠋ᠢᠨ ᠨᠡᠷᠡᠭ᠌ᠰᠡᠨ ᠨᠡᠷᠡᠮᠡᠯ ᠴᠢᠩᠭ᠎ᠠ ᠭᠠᠷᠳᠠᠭ᠃ ᠠᠢᠷᠠᠭ᠎ᠨᠢ ᠠᠷᠢᠬᠢ ᠣᠷᠤᠴᠢᠬᠠᠭᠠᠳ ᠰᠥᠨᠢᠵᠢᠨ ᠪᠤᠴᠠᠯᠵᠤ ᠱᠤᠤᠭᠢᠭᠠᠳ ᠯᠠ ᠲᠣᠰᠣ ᠤᠨᠠᠵᠤ ᠥᠭ᠌ᠬᠦ ᠦᠭᠡᠢ ᠡᠮᠧ᠎ᠶᠢᠨ ᠦᠢᠯᠡ᠎ᠶ᠋ᠢ ᠪᠠᠷᠠᠳᠠᠭ᠃ ᠠᠢᠷᠠᠭ᠎ᠤᠨ ᠪᠦᠯᠢᠯᠭᠡᠪᠠᠨ ᠭᠦᠢᠴᠡᠬᠦ᠌ ᠭᠡᠵᠦ᠍ ᠡᠮᠧ ᠮᠢᠨᠢ ᠴᠦ᠍ ᠠᠢᠷᠠᠭ᠎ᠤᠨ ᠭᠠᠩᠠᠴᠠᠪᠠᠨ ᠳᠡᠮᠡᠢ ᠦᠨᠳᠦᠷ ᠦᠭᠡᠢ ᠮᠠᠨ᠎ᠤ ᠬᠡᠲᠦ᠍᠎ᠶ᠋ᠢ᠎ᠪᠠᠨ ᠬᠥᠮᠥᠷᠢᠭ᠌ᠰᠡᠨ ᠲᠦᠩᠫᠦᠩ ᠳᠡᠭᠡᠷ᠎ᠡ ᠵᠣᠭ᠍ᠰᠣᠭᠠᠴᠢᠬᠠᠭᠠᠳ ᠠᠢᠷᠠᠭ ᠪᠦᠯᠢᠬᠦᠯᠦᠨᠡ᠃ ᠨᠢᠭᠡ ᠬᠤᠶᠠᠷ ᠭᠤᠷᠪᠠ ᠁ ᠭᠡᠳ ᠳᠠᠬᠢᠨ ᠳᠠᠪᠲᠠᠨ ᠲᠣᠭᠠᠯᠠᠭᠤᠯᠤᠨᠠ᠃ ᠨᠢᠭᠡ ᠮᠡᠳᠡᠬᠦ᠌᠎ᠳᠤ ᠬᠤᠶᠠᠷ ᠳᠡᠭᠦᠦ ᠮᠢᠨᠢ ᠴᠦ᠍ ᠵᠠᠭᠤ ᠬᠦᠷᠲᠡᠯ᠎ᠡ ᠲᠣᠭᠠᠯᠠᠵᠤ ᠴᠢᠳᠠᠬᠤ ᠪᠣᠯᠤᠭ᠍ᠰᠠᠨ ᠳ᠋ᠠ᠃ ᠤᠷᠤᠭᠤᠯ ᠤᠨᠵᠢ᠌ᠯᠭᠠᠭ᠍ᠰᠠᠨ ᠮᠠᠨ᠎ᠤ ᠬᠡᠲᠦ᠍᠎ᠶ᠋ᠢᠨ ᠤᠩᠰᠠᠢᠭ᠍ᠰᠠᠨ ᠳᠦᠷᠢ᠎ᠶ᠋ᠢ ᠬᠠᠷᠠᠭᠠᠳ ᠡᠮᠧ ᠮᠢᠨᠢ 《ᠮᠡᠬᠡᠢ ᠰᠤᠩᠭᠢᠨ᠎ᠠ᠂ ᠬᠠᠯᠢᠶᠠᠷ ᠭᠤᠭᠤᠳ ᠳᠡᠭᠦᠭᠡᠳ ᠢᠷ᠎ᠡ᠃ ᠡᠮᠧ᠎ᠨᠢ ᠱᠢᠨ᠎ᠡ ᠮᠢᠬ᠎ᠠ᠎ᠪᠠᠷ ᠭᠤᠶᠣ ᠠᠮᠲᠠᠲᠠᠢ ᠪᠤᠤᠰᠠ ᠪᠠᠷᠢᠵᠤ ᠥᠭ᠌ᠭᠦᠶ᠎ᠡ》 ᠭᠡᠳ ᠯᠠ᠃
ᠦᠷᠭᠦᠭ᠌ᠰᠡᠨ ᠢᠨᠵᠠᠭ᠎ᠠ ᠰᠢᠬ᠂ ᠡᠭᠦᠯᠡᠨ᠎ᠤ ᠰᠡᠭᠦᠳᠡᠷ ᠱᠢᠭ᠂ ᠭᠤᠳᠣᠭᠤᠨᠠᠳᠠᠭ᠍ᠰᠠᠨ ᠲᠤᠭᠤᠯ ᠰᠢᠬ᠂ ᠭᠤᠪᠱᠢᠭ᠍ᠰᠠᠨ ᠢᠱᠢᠭᠡ ᠱᠢᠭ ᠲᠣᠭ᠍ᠯᠠᠨ ᠠᠯᠢᠶᠠᠯᠠᠭ᠍ᠰᠠᠨ ᠪᠠᠭ᠎ᠠ ᠨᠠᠰᠤᠨ᠎ᠤ ᠮᠢᠨᠢ ᠤᠯᠠ ᠮᠥᠷ ᠬᠦᠭᠡᠪᠦᠷ᠎ᠤᠨ ᠴᠠᠬᠢᠯᠳᠠᠭ᠎ᠤᠨ ᠬᠥᠬᠡ ᠴᠡᠴᠡᠭ ᠲᠦ᠍ ᠪᠣᠢ᠂ ᠪᠤᠲᠠ ᠪᠤᠲᠠ ᠬᠠᠷᠭᠠᠨ᠎ᠠ᠎ᠶ᠋ᠢᠨ ᠱᠢᠷ᠎ᠠ ᠵᠤᠯᠠᠢ (ᠴᠡᠴᠡᠭ) ᠳ᠋ᠦ ᠪᠤᠢ᠂ ᠡᠷᠢᠶᠡᠨ ᠠᠯᠠᠭ ᠡᠷᠪᠡᠬᠡᠢ᠎ᠶ᠋ᠢᠨ ᠦᠩᠭᠡᠨ᠎ᠳᠤ ᠪᠤᠢ᠃ ᠬᠠᠷ᠎ᠠ ᠮᠣᠳᠣᠨ ᠠᠭᠠᠷᠤ᠎ᠳᠤ ᠵᠤᠵᠠᠭᠠᠨ ᠵᠥᠭᠡᠬᠡᠢ ᠰᠠᠭᠤᠭᠠᠳ᠂ ᠵᠥᠭᠡᠬᠡᠢ ᠱᠢᠭ ᠵᠥᠭᠡᠯᠡᠨ ᠵᠦᠰᠡ ᠰᠦᠨ ᠴᠠᠮᠴᠠ᠎ᠶ᠋ᠢᠨ ᠦᠨᠦᠷ᠎ᠲᠤ ᠰᠡᠮᠡᠰᠡᠷᠡᠨ ᠰᠡᠮᠡᠰᠡᠷᠡᠨ ᠰᠡᠮᠡᠰᠡᠷᠡᠭᠡᠳ ᠴᠡᠯ ᠨᠣᠭᠤᠭᠠᠨ ᠪᠠᠢᠳᠠᠭ ᠮᠥᠭᠦᠨ ᠬᠦᠷᠢᠶᠡᠨ᠎ᠳᠤ ᠮᠥᠩᠭᠦᠨ ᠪᠣᠷᠣᠭᠠᠨ ᠪᠣᠯᠵᠤ ᠰᠡᠩᠰᠡᠷᠡᠨ ᠰᠡᠩᠰᠡᠷᠡᠨᠡ᠃ ᠠᠷᠭᠠᠯ᠎ᠤᠨ ᠤᠯᠠᠭᠠᠨ ᠴᠤᠭ ᠤᠯᠠᠯᠵᠠᠭᠠᠳ ᠯᠠ ᠠᠢᠷᠠᠭ᠎ᠤᠨ ᠲᠣᠰᠣᠲᠠᠢ ᠮᠥᠭᠦ᠎ᠶ᠋ᠢᠨ ᠱᠢᠷᠠᠮᠠᠯ ᠬᠤᠭᠤᠯᠠᠢ ᠰᠡᠷᠪᠡᠭᠡᠨᠡᠭᠦᠯᠦᠨ ᠱᠢᠯᠦᠰᠦᠶ᠋ᠢ ᠬᠤᠷᠠᠭᠤᠯᠤᠭᠠᠳ ᠬᠡᠢ ᠵᠠᠯᠭᠢᠭᠤᠯᠳᠠᠭ ᠪᠠᠢᠭ᠍ᠰᠠᠨ ᠳ᠋ᠠ᠃ 《ᠬᠡᠢ ᠵᠠᠯᠭᠢᠭᠠᠳ ᠯᠠ᠂ ᠬᠠᠯᠠᠭᠤᠨ ᠴᠠᠢ ᠴᠢᠯᠠᠢ ᠣᠭᠤᠴᠢᠭᠠᠳ ᠵᠣᠬᠢᠰᠭᠤᠪᠠᠨ ᠨᠠᠮᠳᠠᠭᠠᠴᠢ ᠳ᠋ᠠ》 ᠭᠡᠮᠡᠭ᠌ᠰᠡᠨ ᠡᠴᠢᠭᠡ᠎ᠶ᠋ᠢᠨ ᠮᠢᠨᠢ ᠳᠠᠭᠤᠨ ᠴᠦ᠍ ᠪᠦᠦᠷ ᠲᠦᠦᠷ ᠰᠣᠨᠣᠰᠳᠠᠬᠤ ᠱᠢᠭ᠋ ᠪᠣᠯᠣᠨ᠎ᠠ᠃ ᠵᠤᠨ᠎ᠤ ᠪᠣᠷᠣᠭᠠᠨ ᠴᠦ᠍ ᠵᠤᠯᠤᠵᠤ ᠪᠠᠢᠬᠤ ᠱᠢᠭ᠋ ᠬᠡᠳᠦᠨ ᠡᠳᠦᠷ᠎ᠢᠶᠠᠷ ᠵᠦᠰᠡᠷᠡᠳᠡᠭ ᠪᠠᠢᠭ᠍ᠰᠠᠨ ᠳ᠋ᠠ᠃ ᠵᠤᠯᠭᠠᠭᠠᠭ᠍ᠰᠠᠨ ᠬᠤᠨᠢᠨ᠎ᠳᠠᠭᠠᠨ ᠠᠪᠤ ᠮᠢᠨᠢ ᠰᠠᠨᠠᠭ᠎ᠠ ᠪᠣᠯᠵᠤ ᠭᠤᠵᠣᠩ ᠮᠠᠨᠠᠭ᠎ᠠ᠎ᠲᠠᠢ ᠬᠤᠨᠤᠨ᠎ᠠ᠃ ᠪᠡᠭᠡᠷᠡᠵᠦ᠍ ᠡᠯᠢᠭᠡᠳᠡᠨ ᠵᠢᠰᠡᠭ᠌ᠰᠡᠨ ᠬᠤᠨᠢᠳᠤᠨᠢᠶᠠᠨ ᠲᠣᠯᠣᠭᠠᠢ᠎ᠶ᠋ᠢ᠎ᠨᠢ ᠭᠠᠷᠭᠠᠨ ᠨᠦᠬᠡ ᠤᠬᠤᠨ ᠭᠠᠵᠠᠷ᠎ᠲᠤ ᠪᠤᠯᠠᠵᠤ ᠲᠠᠯᠪᠢᠳᠠᠭ ᠪᠠᠢᠭ᠍ᠰᠠᠨ᠃ ᠭᠠᠵᠠᠷ᠎ᠤᠨ ᠢᠯᠴᠢᠨ᠎ᠳᠤ ᠲᠡᠩᠬᠡᠷᠡᠭ᠌ᠰᠡᠨ ᠬᠤᠨᠢ ᠵᠦᠭ ᠴᠢᠭ᠎ᠢᠶᠠᠨ ᠣᠯᠬᠤ ᠦᠭᠡᠢ ᠭᠠᠷᠤᠭᠠᠳ ᠭᠦᠶᠦᠬᠦ᠌᠎ᠶ᠋ᠢ ᠬᠠᠷᠠᠵᠤ ᠵᠣᠭ᠍ᠰᠣᠵᠤ ᠪᠠᠢᠭ᠍ᠰᠠᠨ ᠳ᠋ᠠ᠃ ᠶᠠᠭᠤ ᠪᠦᠬᠦᠨ᠎ᠳᠤ ᠵᠦᠢ ᠪᠠᠢᠳᠠᠭ᠎ᠢ ᠶᠡᠷᠦᠮᠳᠡᠭ ᠨᠢᠭᠡᠨ ᠬᠥᠳᠡᠯᠦᠯ ᠪᠠᠷᠢᠯ᠎ᠠᠴᠠ ᠣᠯᠵᠤ ᠲᠠᠨᠢᠳᠠᠭ ᠪᠠᠢᠭ᠍ᠰᠠᠨ ᠶᠤᠮ᠃ ᠬᠠᠨᠠᠨᠤ ᠱᠢᠭᠢᠷᠡᠪᠠᠷ ᠣᠷᠤᠵᠤ ᠢᠷᠡᠭ᠌ᠰᠡᠨ ᠬᠦᠢᠲᠡᠨ ᠪᠠᠬ᠎ᠠ᠎ᠶ᠋ᠢ ᠭᠠᠯ᠎ᠤᠨ ᠬᠠᠢᠴᠢ᠎ᠪᠠᠷ ᠬᠠᠪᠴᠢᠨ ᠬᠤᠯᠠᠳᠠᠭᠤᠯᠳᠠᠭ ᠪᠠᠢᠭ᠍ᠰᠠᠨ᠎ᠢ᠂ ᠲᠠᠮᠤᠭ᠍ᠰᠠᠨ ᠳᠡᠭᠡᠰᠦ ᠱᠢᠭ ᠤᠷᠳᠤ ᠡᠷᠢᠶᠡᠨ ᠬᠤᠷᠣᠬᠠᠢ᠎ᠶ᠋ᠢ ᠰᠦ᠎ᠪᠠᠷ ᠠᠷᠭᠠᠳᠠᠨ ᠵᠠᠢᠯᠠᠭᠤᠯᠳᠠᠭ ᠤᠬᠠᠭᠠᠨ᠎ᠢ᠂ ᠴᠣᠷᠳᠠᠭ᠍ᠰᠠᠨ ᠢᠮᠠᠭ᠎ᠠ᠎ᠶ᠋ᠢ ᠬᠦᠴᠥᠲᠡᠢ ᠠᠢᠷᠠᠭ ᠴᠢᠳᠭᠤᠨ ᠪᠣᠰᠭᠠᠳᠠᠭᠢ᠂ ᠪᠢᠯᠴᠠᠤᠳᠤᠭ᠍ᠰᠠᠨ ᠴᠣᠯᠴᠣᠩᠢ ᠱᠢᠷᠠᠰᠣᠪᠠᠷ ᠱᠠᠪᠱᠢᠨ ᠡᠳᠡᠭᠡᠳᠡᠭ ᠪᠠᠢᠭ᠍ᠰᠠᠨ᠎ᠢ᠂ ᠭᠠᠷᠠᠩᠭᠠᠳᠤᠭ᠍ᠰᠠᠨ ᠭᠦᠯᠦᠭᠡᠨ᠎ᠳᠤ ᠬᠠᠯᠠᠭᠤᠨ ᠴᠠᠭ᠎ᠠ ᠳᠣᠯᠢᠶᠠᠯᠭᠠᠭᠠᠳ ᠳᠣᠮᠨᠠᠳᠠᠭ ᠪᠠᠢᠭ᠍ᠰᠠᠨ᠎ᠢ ᠁ ᠶᠠᠷᠢᠭᠠᠳ ᠪᠠᠷᠠᠬᠤ ᠪᠢᠰᠢ᠃ ᠲᠡᠷᠡ ᠣᠨ ᠵᠢᠯ᠎ᠤᠨ ᠰᠡᠷᠢᠭᠦᠨ ᠳᠡᠨᠵᠢᠨ᠎ᠳᠤ ᠣᠴᠢᠴᠢᠬᠠᠭᠠᠳ ᠲᠡᠮᠡᠭᠡᠨ ᠬᠥᠬᠦ᠌ ᠲᠡᠭᠦᠳᠡᠭ ᠪᠠᠭ᠎ᠠ ᠨᠠᠰᠤᠨ᠎ᠤ᠎ᠪᠠᠨ ᠵᠤᠨ ᠵᠢᠷᠤᠭ ᠬᠤᠶᠠᠷ᠎ᠢ ᠣᠯᠣᠭᠠᠳ ᠠᠪᠴᠢᠬᠠᠬᠤ ᠱᠢᠭ᠋ ᠰᠠᠨᠠᠭ᠍ᠳᠠᠬᠤ ᠶᠤᠮ᠃
ᠤᠯᠠᠭᠠᠨ ᠬᠦᠭᠡᠪᠦᠷ ᠭᠡᠵᠦ᠍ ᠳᠠᠪᠬᠤᠷ ᠳᠠᠪᠬᠤᠷ ᠳᠠᠯᠠᠩᠯᠠᠭ᠍ᠰᠠᠨ ᠵᠣ ᠬᠥᠪᠦᠭᠡ᠎ᠲᠠᠢ ᠨᠤᠲᠤᠭ ᠶᠤᠮ ᠳ᠋ᠠ᠃ ᠲᠣᠪᠤ ᠲᠣᠪᠣᠴᠠᠭ᠂ ᠳᠡᠨᠵᠢ ᠲᠣᠰᠢ ᠦᠷᠭᠦᠯᠵᠢᠯᠡᠭᠡᠳ ᠳᠡᠭᠦᠨ᠎ᠤ ᠳᠤᠮᠳᠠᠬᠢ ᠲᠤᠯᠭ᠎ᠠ᠎ᠶ᠋ᠢᠨ ᠭᠤᠷᠪᠠᠨ ᠣᠴᠤᠭ᠎ᠤᠨ ᠴᠢᠯᠠᠭᠤ ᠱᠢᠭ᠋ ᠪᠠᠢᠴᠠᠨᠤ ᠡᠮᠦᠨᠡᠬᠢ ᠳᠣᠱᠢᠨ ᠳᠡᠭᠡᠷ᠎ᠡ ᠮᠠᠨ᠎ᠤ ᠬᠢ ᠵᠤᠰᠠᠳᠠᠭ᠃ ᠪᠠᠷᠠᠭᠤᠨ ᠬᠤᠢᠨᠠᠬᠢ ᠳᠥᠷᠪᠡᠯᠵᠢᠨ ᠳᠡᠨᠵᠢᠨ ᠳᠡᠭᠡᠷ᠎ᠡ ᠨᠠᠭᠠᠴᠤᠶ᠋ᠢᠨᠬᠢ ᠵᠤᠰᠠᠳᠠᠭ᠃ ᠵᠡᠭᠦᠨ ᠬᠤᠢᠲᠤ᠎ᠬᠢ ᠨᠠᠮᠬᠠᠨ ᠳᠣᠪᠣᠭ ᠳᠡᠭᠡᠷ᠎ᠡ ᠨᠠᠭᠠᠴᠤ᠌ ᠬᠦᠷᠭᠡᠨ ᠠᠪᠤ᠎ᠶ᠋ᠢᠨ᠎ᠬᠢ ᠪᠠᠭᠤᠳᠠᠭ᠃ ᠣᠴᠣᠭ᠍ᠯᠠᠵᠤ ᠪᠠᠭᠤᠭ᠍ᠰᠠᠨ ᠭᠤᠷᠪᠠᠨ ᠭᠡᠷ᠎ᠤᠨ ᠲᠤᠭᠤᠯ᠎ᠨᠢ ᠨᠡᠢᠯᠡᠭᠡᠳ ᠢᠳᠡᠱᠢᠯᠡᠨᠡ᠃ ᠬᠠᠯᠠᠭᠤ ᠲᠥᠭᠡᠨᠡᠨ ᠨᠠᠷᠠ ᠬᠠᠯᠠᠬᠤ᠎ᠪᠠᠷ ᠬᠡᠨ᠎ᠤ ᠬᠢᠨᠢ ᠭᠠᠳᠠᠭ᠎ᠠ ᠬᠦᠷᠪᠡᠯ ᠲᠡᠳᠡᠨ᠎ᠤ ᠬᠢᠨᠢ ᠤᠰᠤᠯᠠᠵᠤ ᠨᠠᠢᠷᠠᠭ᠍ᠰᠠᠨ ᠲᠡᠷᠭᠡᠨ᠎ᠤ᠎ᠪᠠᠨ ᠠᠷᠠᠯ ᠳᠡᠭᠡᠷ᠎ᠡ ᠨᠠᠪᠲᠠᠷᠬᠠᠢ ᠱᠢᠷ᠎ᠠ ᠢᠰᠡᠭᠡᠢ ᠤᠨᠤᠭᠤᠯᠤᠨ ᠬᠠᠶᠠᠭᠠᠳ ᠰᠡᠭᠦᠳᠡᠷ ᠪᠠᠷᠢᠵᠤ ᠥᠭ᠌ᠳᠡᠭ᠃ ᠦᠷᠦᠭᠡ ᠵᠥᠷᠢᠭᠡ ᠪᠡᠯᠴᠢᠭᠡᠷ᠎ᠲᠠᠢ ᠵᠤᠰᠠᠭᠠᠯ᠎ᠤᠨ ᠠᠢᠯ᠎ᠤᠳ᠎ᠤᠨ ᠴᠢᠳᠦᠷ᠎ᠤᠨ ᠭᠠᠭ᠍ᠴᠠ ᠮᠣᠷᠢ᠎ᠨᠢ ᠴᠦ᠍ ᠢᠵᠢᠯᠢᠱᠢᠭᠡᠳ ᠬᠤᠨᠣᠴᠢᠬᠠᠳᠠᠭ ᠶᠤᠮ᠃ ᠰᠦᠨᠢ᠎ᠨᠢ ᠮᠠᠨᠠᠭᠠᠨ᠎ᠳᠤ ᠰᠠᠭᠤᠭ᠍ᠰᠠᠨ ᠡᠰᠡᠭᠦᠯ᠎ᠡ ᠱᠢᠷᠠᠳᠠᠭᠠᠳ ᠬᠡᠪᠳᠡᠭ᠌ᠰᠡᠨ ᠥᠷᠯᠥᠭᠡ ᠠᠪᠤ ᠮᠢᠨᠢ ᠬᠠᠶᠨ ᠨᠠᠮᠠᠶ᠋ᠢ ᠳᠠᠭᠤᠳᠠᠨ ᠪᠣᠰᠭᠠᠭᠠᠳ 《ᠮᠢᠨᠤ ᠬᠦᠦ ᠶᠠᠪᠤᠭᠠᠳ ᠠᠪᠤ᠎ᠶ᠋ᠢᠨ᠎ᠢᠶᠠᠨ ᠰᠠᠭᠠᠷᠠᠯᠢ ᠣᠢᠷᠠᠲᠤᠭᠤᠯᠤᠭᠠᠳ ᠢᠷ᠎ᠡ》 ᠭᠡᠵᠦ᠍ ᠵᠠᠷᠤᠳᠠᠭ ᠪᠠᠢᠭ᠍ᠰᠠᠨ ᠶᠤᠮ᠃ ᠬᠡᠦᠬᠡᠳ ᠭᠡᠳ ᠮᠠᠭᠤᠴᠢᠯᠠᠭᠠᠳ ᠰᠤᠷᠴᠢᠬᠠᠭ᠍ᠰᠠᠨ ᠰᠠᠭᠠᠷᠠᠯ ᠬᠦᠷᠢᠶ᠎ᠡ ᠲᠠᠲᠠᠨ ᠡᠷᠭᠢᠯᠳᠦᠭᠡᠳ ᠲᠣᠯᠣᠭᠠᠢ᠎ᠪᠠᠨ ᠥᠭ᠌ᠳᠡᠭ ᠦᠭᠡᠢ᠃ ᠡᠨᠡ ᠪᠦᠬᠦᠨ᠎ᠢ ᠭᠠᠳᠠᠨ᠎ᠠ᠎ᠪᠠᠨ ᠭᠠᠷᠤᠭᠠᠳ ᠠᠵᠢᠭ᠍ᠯᠠᠵᠤ ᠪᠠᠢᠭ᠍ᠰᠠᠨ ᠨᠠᠭᠠᠴᠤ᠌ ᠮᠢᠨᠢ ᠲᠣᠮᠣ ᠲᠣᠮᠣ ᠠᠯᠬᠤᠯᠠᠨ ᠬᠦᠷᠴᠦ᠍ ᠢᠷᠡᠭᠡᠳ ᠰᠠᠭᠠᠷᠠᠯᠢ ᠨᠣᠭ᠍ᠲᠣᠯᠵᠤ ᠦᠭᠬᠦᠨ᠎ᠡ᠃ 《ᠣᠷᠣᠢ᠎ᠶ᠋ᠢᠨ ᠰᠡᠷᠢᠭᠦᠨ ᠣᠷᠤᠭᠤᠯᠤᠭᠠᠳ ᠤᠰᠤᠨ᠎ᠳᠤ ᠶᠠᠪᠤᠶ᠎ᠠ ᠳ᠋ᠠ》 ᠭᠡᠵᠦ᠍ ᠡᠮᠧ ᠮᠢᠨᠢ ᠭᠠᠷᠤᠨ ᠤᠯᠠᠭᠠᠨ᠎ᠢᠶᠠᠨ ᠪᠠᠷᠢᠵᠤ ᠤᠶᠠᠳᠠᠭ᠃ ᠰᠠᠭᠠᠬᠠᠯᠲᠠ᠎ᠶ᠋ᠢᠨ ᠠᠢᠯ᠎ᠤᠨ ᠪᠣᠷᠣ ᠠᠭ᠎ᠠ ᠬᠠᠯᠢᠭᠤᠨ ᠱᠠᠷ᠎ᠢᠶᠠᠨ ᠬᠥᠥᠭ᠌ᠯᠡᠭᠡᠳ ᠭᠠᠷᠴᠤ᠌ ᠢᠷᠡᠬᠦ᠌ ᠪᠠᠷ᠎ᠠ᠎ᠪᠠᠷ ᠡᠮᠧ ᠮᠢᠨᠢ ᠨᠠᠮᠠᠶ᠋ᠢ ᠳᠠᠭᠤᠳᠠᠨ 《ᠮᠢᠨᠤ ᠬᠦᠦ᠂ ᠠᠢᠯ᠎ᠤᠨ ᠠᠭ᠎ᠠ ᠴᠢᠨᠢ ᠤᠰᠤᠨ᠎ᠳᠤ ᠶᠠᠪᠤᠵᠤ ᠪᠠᠢᠨ᠎ᠠ》 ᠭᠡᠳ ᠭᠠᠷᠤᠨ ᠤᠯᠠᠭᠠᠨ᠎ᠢᠶᠠᠨ ᠪᠣᠰᠭᠠᠨ ᠬᠥᠯᠯᠡᠭᠡᠳ ᠨᠠᠳᠠ᠎ᠪᠠᠷ ᠬᠥᠲᠥᠯᠥᠭᠦᠯᠦᠭᠡᠳ ᠶᠠᠪᠤᠭᠤᠯᠳᠠᠭ ᠪᠠᠢᠭ᠍ᠰᠠᠨ ᠳ᠋ᠠ᠃ 《ᠠᠯᠢᠪ ᠬᠦᠦ ᠮᠢᠨᠢ᠂ ᠠᠭᠠᠶ᠋ᠢᠨᠢᠶᠠᠨ ᠬᠠᠯᠢᠭᠤᠨᠤ ᠡᠪᠡᠭ᠌ᠴᠢᠶ᠋ᠢ ᠪᠠᠷᠢᠵᠤ ᠪᠠᠢ》 ᠭᠡᠳ ᠪᠣᠷᠣ ᠠᠭ᠎ᠠ ᠤᠯᠠᠨ ᠨᠥᠬᠦᠭᠡᠰᠦ᠎ᠲᠠᠢ ᠱᠠᠩᠪᠤ ᠬᠤᠪᠣᠭᠤᠨᠤᠪᠠᠨ ᠳᠡᠭᠡᠰᠦ᠎ᠶ᠋ᠢ ᠠᠯᠳᠠᠯᠠᠨ ᠠᠯᠳᠠᠯᠠᠨ ᠲᠠᠲᠠᠲᠠᠭ᠃ ᠠᠷᠭ᠎ᠠ ᠦᠭᠡᠢ ᠳ᠋ᠠ᠃ ᠠᠷᠭ᠎ᠠ ᠦᠭᠡᠢ ᠰᠠᠢᠬᠠᠨ ᠨᠤᠲᠤᠭ᠎ᠤᠨ ᠠᠷᠭ᠎ᠠ ᠦᠭᠡᠢ ᠰᠠᠢᠬᠠᠨ ᠬᠦᠮᠦᠰ᠎ᠤᠨ ᠬᠥᠮᠥᠨ᠎ᠤ ᠥᠪᠡᠷ᠎ᠤᠨ ᠥᠭᠡᠷ᠎ᠡ ᠦᠭᠡᠢ ᠦᠭ᠌ᠭᠦᠭᠡᠵᠢ ᠰᠡᠳᠭᠢᠯ᠎ᠢ ᠵᠢᠷᠭᠤᠭᠠᠨ ᠰᠠᠷ᠎ᠠ᠎ᠶ᠋ᠢᠨ ᠴᠡᠴᠡᠭ ᠱᠢᠭ ᠵᠢᠷᠤᠵᠤ ᠴᠢᠳᠠᠬᠤ ᠦᠭᠡᠢ ᠴᠦ᠍ ᠵᠦᠢᠯ᠎ᠤᠨ ᠱᠢᠪᠠᠭᠤᠬᠠᠢ᠎ᠶ᠋ᠢᠨ ᠵᠢᠷᠭᠢᠭᠡ ᠱᠢᠭ ᠤᠶᠠᠩᠭᠠᠯᠠᠵᠤ ᠴᠢᠳᠠᠬᠤ ᠦᠭᠡᠢ ᠴᠦ᠍ ᠵᠦᠢ ᠦᠭᠡᠢ ᠠᠯᠠᠭ ᠰᠡᠳᠭᠢᠯ᠎ᠤᠨ᠎ᠢᠶᠠᠨ ᠭᠦᠨᠳᠤ ᠵᠢᠳᠬᠦᠭᠦᠯᠵᠦ᠍ ᠲᠠᠯᠪᠢᠭ᠍ᠰᠠᠨ ᠠᠪᠤ᠎ᠶ᠋ᠢᠨ᠎ᠢᠶᠠᠨ ᠰᠣᠶᠣᠭᠠᠯᠠᠩ ᠪᠣᠷᠣ ᠱᠢᠭ᠋ ᠬᠡᠢᠮᠦᠷᠢᠯᠢᠭ ᠪᠠᠢᠬᠤ᠎ᠶ᠋ᠢ ᠠᠳᠢᠰᠯᠠᠨ᠂ ᠥᠪᠯᠡᠵᠦ᠍ ᠦᠯᠡᠳᠡᠬᠦ᠌ ᠠᠴᠢᠨᠠᠷᠲᠤᠨᠢ ᠥᠪᠡᠷ᠎ᠤᠨ ᠭᠡᠰᠡᠨ ᠭᠠᠭ᠍ᠴᠠᠬᠠᠨ ᠶᠠᠭᠤᠮ᠎ᠠ᠎ᠪᠠᠨ ᠴᠦ᠍ ᠬᠢᠮᠠᠭᠠᠳᠠᠭᠠᠰᠠᠢ ᠭᠡᠮᠡᠨ ᠬᠦᠭᠡᠪᠦᠷ᠎ᠤᠨ ᠵᠣ ᠳᠡᠭᠡᠭᠦᠷ ᠭᠦᠷᠪᠡᠯᠵᠡᠬᠦ᠌ ᠬᠤᠨᠢᠨ ᠵᠡᠷᠭᠡᠯᠭᠡᠨ᠎ᠳᠡᠭᠡᠨ ᠤᠶᠠᠨ ᠳᠠᠷᠴᠤᠭ ᠪᠣᠯᠭᠠᠨ ᠬᠡᠢᠰᠭᠡᠮᠡᠷ ᠬᠡᠢᠰᠭᠡᠮᠡᠷ ᠁
ᠪᠣᠷᠣᠭᠠᠨ ᠲᠣᠭ᠍ᠲᠠᠭ᠍ᠰᠠᠨ ᠤᠰᠤᠨ᠎ᠠᠴᠠ ᠱᠢᠨᠠᠭᠠᠨ ᠬᠤᠷᠣᠬᠠᠢ ᠱᠦᠭᠦᠳᠡᠭ ᠪᠠᠢᠭ᠍ᠰᠠᠨ᠎ᠢᠶᠠᠨ᠂ ᠪᠣᠷᠤᠭ ᠡᠪᠡᠰᠤᠨ᠎ᠤ ᠠᠭᠠᠯᠵᠢᠨ᠎ᠠᠴᠠ 《ᠠᠭᠠᠯᠵᠢ ᠡ ᠠᠭᠠᠯᠵᠢ ᠡ᠂ ᠠᠯᠠᠭ ᠨᠣᠬᠠᠢ᠎ᠪᠠᠨ ᠬᠤᠷᠢ》 ᠭᠡᠵᠦ᠍ ᠳᠠᠭᠤᠳᠠᠳᠠᠭ ᠪᠠᠢᠭ᠍ᠰᠠᠨ᠎ᠢᠶᠠᠨ᠂ ᠪᠣᠲᠠᠨᠤ ᠨᠥᠮᠥᠷᠢ᠎ᠠᠴᠠ ᠲᠠᠤᠯᠠᠢ᠎ᠶ᠋ᠢᠨ ᠪᠥᠵᠥᠩ ᠪᠠᠷᠢᠭᠠᠳ ᠵᠠᠩᠨᠠᠭᠤᠯᠵᠤ ᠪᠠᠢᠭ᠍ᠰᠠᠨ᠎ᠢᠶᠠᠨ᠂ ᠠᠢᠯ᠎ᠤᠨ ᠪᠢᠷᠠᠭᠤ᠎ᠶ᠋ᠢ ᠵᠠᠢᠳᠠᠯᠠᠭᠠᠳ ᠠᠪᠲᠠᠵᠤ ᠪᠠᠢᠭ᠍ᠰᠠᠨ᠎ᠢᠶᠠᠨ᠂ ᠠᠪᠤᠷᠭᠤ ᠭᠦᠷᠪᠡᠯ ᠱᠢᠭ ᠡᠷᠢᠶᠡᠨ ᠭᠦᠷᠪᠡᠯᠵᠢᠶ᠋ᠢ ᠪᠠᠷᠢᠭᠠᠳ 《ᠮᠣᠭᠠᠢ᠎ᠶ᠋ᠢᠨ ᠵᠢᠭᠡ ᠱᠢᠤ᠂ ᠲᠠᠯᠪᠢᠬᠤ ᠦᠭᠡᠢ ᠪᠣᠯ ᠤᠷᠳᠤ ᠬᠤᠷᠣᠬᠠᠢ ᠢᠷᠡᠨ᠎ᠡ》 ᠭᠡᠵᠦ᠍ ᠠᠶᠤᠯᠭᠠᠳᠠᠭ ᠪᠠᠢᠭ᠍ᠰᠠᠨ᠎ᠢᠶᠠᠨ᠂ ᠡᠮᠧᠢᠪᠠᠨ ᠡᠵᠡᠭᠦᠢ᠎ᠳᠤ ᠡᠷᠭᠢᠨᠡᠭ ᠳᠣᠣᠷ᠎ᠠ᠎ᠠᠴᠠ ᠮᠥᠭᠡᠷ᠎ᠦᠨ ᠯᠣᠩᠬᠤ᠎ᠲᠠᠢ ᠰᠤᠪᠰᠤᠶ᠋ᠢᠨᠢ ᠬᠠᠴᠢᠷᠬᠠᠵᠤ ᠤᠤᠭᠤᠴᠢᠬᠠᠭᠠᠳ ᠬᠤᠩᠭᠤᠨᠤᠪᠠᠨ ᠠᠷᠠᠰᠤ᠎ᠶ᠋ᠢ ᠱᠠᠯᠪᠠ ᠬᠠᠭᠤᠯᠤᠭᠤᠯᠵᠤ ᠪᠠᠢᠭ᠍ᠰᠠᠨ᠎ᠢᠶᠠᠨ ᠁ ᠲᠡᠷᠡ ᠪᠦᠬᠦᠨ᠎ᠢ ᠡᠷᠭᠢᠨ ᠰᠠᠨᠠᠬᠤ᠎ᠳᠤ ᠰᠠᠢᠬᠠᠨ ᠪᠠᠢᠵᠠᠢ᠃ ᠠᠢᠯ ᠭᠡᠷ ᠭᠡᠵᠦ᠍ ᠨᠠᠭᠠᠳᠳᠠᠭ ᠭᠠᠩᠭᠠᠷ ᠴᠠᠭᠠᠨ ᠱᠠᠭᠠᠵᠠᠩ᠎ᠤᠨ ᠬᠠᠭᠠᠷᠬᠠᠢ᠂ ᠬᠤᠨᠢ ᠬᠤᠷᠠᠭ᠎ᠠ ᠭᠡᠵᠦ᠍ ᠬᠠᠷᠢᠭᠤᠯᠳᠠᠭ ᠵᠤᠨ᠎ᠤ ᠨᠣᠭᠤᠭᠠᠨ ᠱᠢᠪᠠᠢ (ᠴᠠᠳᠤᠭ᠍ᠰᠠᠨ ᠬᠤᠨᠢᠨ᠎ᠤ ᠲᠣᠮᠣ ᠪᠠᠭᠠᠰᠤ)᠂ ᠲᠤᠯᠭ᠎ᠠ᠎ᠶ᠋ᠢᠨ ᠭᠤᠷᠪᠠᠨ ᠴᠢᠯᠠᠭᠤ ᠭᠡᠵᠦ᠍ ᠣᠴᠣᠭ᠍ᠯᠠᠵᠤ ᠲᠠᠯᠪᠢᠳᠠᠭ ᠥᠭᠡᠬᠦᠨ ᠴᠢᠯᠠᠭᠤ᠃ ᠲᠤᠤᠵᠤ ᠱᠦᠭᠦᠷ ᠭᠡᠳ ᠪᠣᠭᠤᠳᠠᠭ ᠬᠢᠯᠭᠠᠨ᠎ᠠ ᠱᠠᠭᠡᠷᠭᠡᠨᠡᠶ᠋ᠢᠨ ᠨᠠᠮᠠᠭ᠎ᠠ᠃ 《ᠬᠠᠳᠠ᠎ᠪᠠᠷ ᠪᠢᠲᠡᠭᠡᠢ ᠨᠠᠭᠠᠳ᠂ ᠥᠭᠡᠬᠦᠨ ᠴᠢᠯᠠᠭᠤ᠎ᠪᠠᠷ ᠨᠠᠭᠠᠳᠳᠠᠭ ᠦᠭᠡᠢ ᠶᠤᠮ᠃ ᠬᠠᠮᠢᠭ᠎ᠠ᠎ᠠᠴᠠ ᠠᠪᠴᠢᠷᠠᠭ᠍ᠰᠠᠨ ᠪᠣᠯ ᠲᠡᠨᠳᠡ᠎ᠨᠢ ᠠᠪᠠᠴᠢᠵᠤ ᠲᠠᠯᠪᠢ》 ᠭᠡᠳ ᠨᠠᠭᠠᠴᠤ᠌ ᠡᠵᠢ ᠮᠢᠨᠢ ᠪᠢᠳᠡᠨ᠎ᠢ ᠵᠠᠩᠨᠠᠳᠠᠭ᠃ 《ᠣᠷᠣᠨ᠎ᠠᠴᠠ᠎ᠪᠠᠨ ᠱᠢᠯᠵᠢᠭ᠌ᠰᠡᠨ ᠴᠢᠯᠠᠭᠤ ᠬᠡᠴᠢᠨᠡᠨ ᠮᠢᠩᠭᠠᠨ ᠵᠢᠯ ᠮᠥᠯᠬᠦᠵᠦ᠍ ᠪᠠᠢᠵᠤ ᠤᠤᠯ ᠣᠷᠣᠨ᠎ᠳᠠᠭᠠᠨ ᠬᠦᠷᠳᠡᠭ ᠶᠤᠮ ᠭᠡᠨ᠎ᠡ》 ᠭᠡᠰᠡᠨ ᠤᠴᠢᠷᠲᠠᠢᠬᠠᠨ ᠶᠠᠷᠢᠭ᠍ᠰᠠᠨ ᠦᠭᠡ᠎ᠨᠢ ᠣᠳᠣ ᠭᠡᠳ ᠮᠢᠨᠤ ᠴᠡᠭᠡᠵᠢᠨ᠎ᠳᠤ ᠬᠤᠨᠣᠭ᠍ᠰᠢᠭ᠍ᠰᠠᠭᠠᠷ᠃
ᠵᠤᠯᠤᠭ᠎ᠨᠢ ᠬᠠᠭ᠍ᠵᠠᠷᠠᠭ᠍ᠰᠠᠨ ᠭᠤᠲᠤᠯ᠎ᠢᠶᠠᠨ ᠰᠠᠯᠬᠢᠨ᠎ᠳᠤ ᠬᠠᠶᠠᠭᠠᠳ᠂ ᠰᠠᠯᠠᠭᠠᠪᠴᠢᠯᠠᠵᠤ ᠲᠠᠲᠠᠭ᠍ᠰᠠᠨ ᠲᠠᠮᠠᠬᠢ᠎ᠪᠠᠨ ᠨᠢᠳᠭᠡᠷᠴᠦ᠍ ᠤᠨᠲᠠᠷᠠᠭᠠᠭᠠᠳ 《ᠲᠡᠷᠡ ᠬᠡᠳᠦᠨ ᠰᠤᠪᠠᠢ ᠰᠠᠢᠬᠠᠨ ᠴᠠᠢᠷᠠᠵᠤ ᠪᠠᠢᠨ᠎ᠠ ᠱᠢᠤ》 ᠭᠡᠵᠦ᠍ ᠱᠢᠨ᠎ᠡ ᠱᠥᠯᠥ᠍ ᠤᠤᠭᠤᠬᠤ ᠰᠠᠨᠠᠭ᠎ᠠ᠎ᠪᠠᠨ ᠴᠤᠬᠤᠢᠯᠭᠠᠭᠠᠳ ᠯᠠ ᠠᠪᠳᠠᠷ᠎ᠠ᠎ᠶ᠋ᠢᠨ ᠢᠷᠤᠭᠠᠷ᠎ᠲᠤ ᠪᠠᠢᠭ᠍ᠰᠠᠨ ᠮᠥᠭᠡᠷ᠎ᠦᠨ ᠯᠣᠩᠬᠤ᠎ᠪᠠᠨ ᠭᠠᠷᠭᠠᠨ ᠵᠠᠢᠯᠠᠭᠠᠳ 《ᠬᠤᠳᠠ ᠠᠪᠤ ᠢᠷᠡᠭ᠌ᠰᠡᠭᠡᠷ ᠲᠦᠷᠦᠭᠦᠦ ᠲᠣᠭᠤᠭᠠᠶ᠋ᠢᠨᠢ ᠠᠮᠰᠠᠭᠤᠯᠤᠶᠠ》 ᠭᠡᠳ ᠮᠡᠭ ᠮᠡᠭ ᠢᠨᠢᠶᠡᠳᠡᠭ ᠪᠠᠢᠭ᠍ᠰᠠᠨ ᠡ ᠠᠪᠤ ᠮᠢᠨᠢ᠃ 《ᠠᠯᠠᠭ᠍ᠳᠠᠭᠠᠲᠠᠢ ᠪᠣᠯᠴᠢᠬᠠᠯ᠎ᠠ᠂ ᠱᠢᠨ᠎ᠡ ᠨᠤᠲᠤᠭ᠎ᠲᠤ ᠲᠡᠪᠱᠢᠵᠤ ᠪᠠᠭᠤᠬᠤ᠎ᠠᠴᠠ》 ᠭᠡᠵᠦ᠍ ᠥᠭᠦᠯᠡᠬᠦ᠌᠎ᠳᠤᠨᠢ 《ᠠᠯᠠᠭ᠍ᠳᠠᠭᠠᠲᠠᠢ ᠪᠣᠯᠣᠭ᠍ᠰᠠᠭᠠᠷ ᠶᠠᠭᠠᠬᠢᠭᠠᠳ ᠨᠡᠭᠦᠵᠦ᠍ ᠪᠠᠭᠤᠳᠠᠭ ᠶᠤᠮ》 ᠭᠡᠵᠦ᠍ ᠨᠠᠮᠠᠶ᠋ᠢ ᠳᠠᠪᠱᠢᠨ ᠠᠰᠠᠭᠤᠬᠤ᠎ᠳᠤ 《ᠰᠦᠨᠢ ᠰᠥᠨᠢ ᠬᠤᠨᠢ ᠦᠷᠭᠦᠭᠡᠭᠡᠳ ᠬᠤᠨᠢ ᠳᠠᠭᠠᠷᠢᠳᠠᠭᠤᠯᠴᠢᠬᠠᠨᠠ》 ᠭᠡᠳ ᠲᠠᠮᠠᠬᠢ᠎ᠪᠠᠨ ᠰᠤᠷ᠎ᠤᠨ ᠴᠢᠮᠡᠭᠡ ᠦᠭᠡᠢ ᠪᠣᠯᠳᠠᠭ ᠰᠠᠨ᠃ 《ᠲᠡᠷᠡ ᠴᠢᠨᠢ ᠪᠠᠰᠠ ᠦᠨᠢᠶ᠎ᠡ᠎ᠶ᠋ᠢ ᠬᠥᠬᠦᠳᠡᠭ ᠶᠤᠮ ᠭᠡᠨ᠎ᠡ ᠱᠢᠤ》 ᠭᠡᠵᠦ᠍ ᠨᠠᠮᠠᠶ᠋ᠢ ᠮᠡᠳᠡᠮᠡᠬᠡᠢᠷᠡᠬᠦ᠌ᠳᠤ ᠡᠪᠡᠷᠱᠢᠭ᠌ᠰᠡᠨ ᠠᠯᠠᠭᠠᠪᠠᠷᠢᠶᠠᠨ ᠲᠣᠯᠣᠭᠠᠢ᠎ᠶᠢ ᠮᠢᠨᠢ ᠬᠦᠩᠭᠡᠬᠡᠨ ᠢᠯᠢᠭᠡᠳ 《ᠮᠠᠷᠭᠠᠰᠢ ᠠᠵᠢᠶ᠎ᠠ᠎ᠨᠢ ᠮᠣᠷᠢ᠎ᠪᠠᠨ ᠶᠡᠭᠦᠯᠡᠬᠦ᠌᠎ᠪᠠᠷ ᠶᠠᠪᠤᠨ᠎ᠠ᠃ ᠮᠢᠨᠤ ᠬᠦᠦ ᠬᠤᠶᠠᠷ ᠳᠡᠭᠦᠦ᠍ᠲᠠᠢᠪᠠᠨ ᠬᠤᠨᠢ᠎ᠪᠠᠨ ᠭᠡᠷ᠎ᠠᠴᠠ᠎ᠪᠠᠨ ᠣᠢᠷᠠᠬᠠᠨ ᠡᠷᠭᠢᠭᠦᠯᠵᠦ᠍ ᠪᠠᠢᠭᠠᠷᠠᠢ》 ᠭᠡᠵᠦ᠍ ᠵᠠᠬᠢᠴᠢᠬᠠᠭᠠᠳ ᠬᠡᠪᠲᠡᠬᠦ᠌᠎ᠪᠠᠷ ᠪᠠᠵᠠᠭᠠᠨ᠎ᠠ᠃
ᠣᠷᠣᠢ᠎ᠶ᠋ᠢᠨ ᠰᠡᠷᠢᠭᠦᠨ᠎ᠳᠤ ᠬᠤᠨᠢ ᠭᠠᠷᠭᠠᠴᠢᠬᠠᠭᠠᠳ (ᠪᠠᠵᠠᠭᠠᠬᠤ) ᠣᠢᠷ᠎ᠠ ᠬᠠᠪᠢ᠎ᠶ᠋ᠢᠨ ᠠᠢᠯ ᠰᠠᠭᠠᠬᠠᠯᠲᠠ᠎ᠳᠠᠭᠠᠨ ᠬᠤᠪᠢ ᠠᠶᠠᠭᠠᠯᠠᠨ᠎ᠠ (ᠮᠠᠨ᠎ᠤ ᠬᠢ ᠣᠳᠣ ᠭᠡᠳ ᠠᠶᠠᠭᠠᠯᠠᠨ᠎ᠠ)᠃ ᠪᠢ ᠨᠠᠭᠠᠴᠤᠶ᠋ᠢᠨᠳᠤ ᠠᠶᠠᠭᠠᠯᠠᠭ᠍ᠰᠠᠨ ᠬᠠᠶ᠋ᠢᠨ ᠭᠤᠷᠪᠠᠨ ᠶᠠᠰᠤ᠂ ᠲᠦᠷᠪᠡᠨ ᠦᠨᠳᠦᠷ᠂ ᠭᠡᠳᠡᠰᠦ ᠭᠦᠵᠡᠭᠡ᠂ ᠵᠢᠭᠠᠬᠠᠨ ᠵᠢᠭᠠᠬᠠᠨ ᠵᠦᠰᠦᠭ᠌ᠰᠡᠨ ᠡᠯᠢᠭᠡ ᠪᠥᠭᠡᠷ᠎ᠡ ᠵᠢᠷᠦᠬᠡ ᠠᠭᠤᠰᠭᠢ ᠭᠤᠣᠰ (ᠴᠢᠬᠢᠭᠰᠡᠨ ᠬᠣᠣᠰ)᠂ ᠱᠤᠯᠤᠭᠠ ᠮᠢᠬ᠎ᠠ ᠵᠡᠷᠭᠡ᠎ᠶ᠋ᠢ ᠠᠪᠤᠭᠠᠳ ᠭᠦᠶᠦᠬᠦ᠌ ᠳᠤᠷᠠᠲᠠᠢ ᠪᠠᠢᠳᠠᠭ ᠶᠤᠮ᠃ ᠭᠤᠣᠯ᠎ᠨᠢ ᠨᠠᠭᠠᠴᠤ᠌ ᠡᠵᠢ᠎ᠶ᠋ᠢᠨ 《ᠰᠠᠪᠠ ᠬᠤᠭᠤᠰᠤᠨ ᠪᠤᠴᠠᠭᠠᠳᠠᠭ ᠦᠭᠡᠢ᠃ ᠰᠠᠪᠠᠨ᠎ᠤ ᠢᠷᠤᠭᠠᠷ ᠬᠠᠷᠠᠳᠠᠭ ᠶᠤᠮ》 ᠭᠡᠳ ᠰᠠᠪᠠᠨ᠎ᠤ ᠢᠷᠤᠭᠠᠷ᠎ᠲᠤ ᠬᠢᠵᠦ᠍ ᠪᠠᠢᠳᠠᠭ ᠠᠮᠲᠠᠲᠠᠢ ᠰᠠᠢᠬᠠᠨ ᠶᠠᠭᠤᠮᠠᠨ᠎ᠳᠤᠨᠢ ᠳᠤᠷᠠᠯᠠᠭᠠᠳ ᠬᠥᠯ ᠬᠤᠷᠳᠤᠨ ᠭᠠᠷ ᠪᠤᠱᠢᠭᠤ ᠪᠣᠯᠣᠭᠠᠳ ᠭᠦᠶᠦᠳᠡᠭ᠃ ᠴᠣᠬᠤᠮ ᠲᠠᠪᠠᠷᠠᠨᠠ ᠭᠡᠪᠡᠯ ᠲᠡᠷᠡ᠎ᠶ᠋ᠢ ᠬᠡᠯᠡᠬᠦ᠌ ᠪᠠᠢᠬ᠎ᠠ ᠡ᠃ 《ᠵᠠ ᠴᠢ᠂ ᠣᠢᠴᠢᠵᠤ ᠲᠤᠰᠴᠤ᠌ ᠱᠢᠷᠣᠢ ᠲᠣᠷᠳᠤᠭ ᠪᠣᠯᠭᠠᠯ ᠦᠭᠡᠢ ᠰᠠᠢᠬᠠᠨ ᠠᠪᠠᠴᠢᠵᠤ ᠦᠭ᠌ᠭᠦᠭ᠌ᠰᠡᠨ ᠪᠢᠵᠡ ᠳ᠋ᠧ》 ᠭᠡᠮᠡᠨ ᠡᠮᠧ ᠮᠢᠨᠢ ᠴᠦ᠍ ᠱᠢᠷᠭᠠᠭᠠᠳᠠᠭ᠃
ᠨᠠᠷᠠ ᠡᠷᠭᠢᠵᠦ᠍ ᠨᠠᠭᠠᠳᠤᠮ ᠠᠭ᠍ᠰᠢᠬᠤᠳᠤ ᠬᠠᠮ ᠲᠡᠷᠭᠡᠨ᠎ᠳᠡᠭᠡᠨ ᠬᠡᠳᠦᠨ ᠬᠡᠦᠬᠡᠳ᠎ᠢᠶᠠᠨ ᠰᠠᠭᠤᠯᠭᠠᠴᠢᠬᠠᠭᠠᠳ ᠡᠮᠧ ᠮᠢᠨᠢ ᠬᠤᠱᠢᠭᠤ ᠨᠢᠭᠡᠳᠦᠯ᠎ᠤᠨ ᠨᠠᠭᠠᠳᠤᠮ᠎ᠤᠨ ᠶᠡᠭᠡ ᠬᠤᠷᠠᠯ ᠶ᠋ᠢᠡᠷ 《ᠬᠤᠷᠭᠤᠢ ᠴᠢᠰᠴᠡᠦ ᠶᠠᠭᠤ ᠪᠠᠢᠨ᠎ᠠ ᠤᠤ᠂ ᠬᠡᠦᠬᠡᠳᠤᠳᠲᠡᠭᠡᠨ ᠭᠤᠲᠤᠯ ᠱᠠᠬᠠᠢ ᠠᠪᠬᠤ ᠰᠠᠨ》 ᠭᠡᠳ ᠭᠠᠷᠤᠨ ᠤᠯᠠᠭᠠᠨ᠎ᠢᠶᠠᠨ ᠬᠦᠯᠵᠦ ᠬᠥᠳᠡᠯᠳᠡᠭ ᠪᠠᠢᠭ᠍ᠰᠠᠨ ᠳ᠋ᠠ᠃ ᠬᠦᠭᠡᠪᠦᠷ᠎ᠤᠨ ᠵᠣ ᠨᠦᠭ᠌ᠲᠡᠢᠭᠡᠳ ᠬᠦᠷᠬᠦ᠌ ᠭᠠᠵᠠᠷ᠎ᠨᠢ ᠴᠡᠩᠬᠡᠷᠯᠡᠭᠡᠳ ᠯᠠ ᠬᠤᠯᠠ ᠪᠠᠢᠳᠠᠭ ᠳ᠋ᠠ᠃ ᠲᠡᠷᠡ ᠵᠢᠯ᠎ᠤᠨ ᠲᠡᠷᠡ ᠡᠳᠦᠷ᠎ᠤᠨ ᠲᠡᠷᠡ ᠨᠠᠭᠠᠳᠤᠮ᠎ᠤᠨ ᠲᠡᠷᠡ ᠬᠥᠬᠡ ᠮᠠᠢᠬᠠᠨ᠎ᠳᠤ ᠢᠳᠡᠭ᠌ᠰᠡᠨ ᠱᠠᠯᠪᠢᠩ᠂ ᠮᠢᠨᠤ ᠢᠳᠡᠭ᠌ᠰᠡᠨ ᠱᠠᠯᠪᠢᠩ᠎ᠤᠨ ᠬᠠᠮᠤᠭ᠎ᠤᠨ ᠠᠮᠲᠠᠲᠠᠢ ᠱᠠᠯᠪᠢᠩ ᠪᠠᠢᠭ᠍ᠰᠠᠨ ᠶᠤᠮ᠃ ᠬᠠᠭᠠᠰ ᠡᠳᠦᠷ᠎ᠤᠨ ᠪᠠᠷᠠᠭᠠᠨ᠎ᠠᠴᠠ ᠡᠷᠭᠢᠭᠦᠯᠵᠦ᠍᠂ ᠲᠠᠪᠢᠭᠠᠳ ᠮᠣᠷᠢᠨ᠎ᠤ ᠡᠮᠦᠨ᠎ᠡ ᠮᠠᠩᠨᠠᠢ᠎ᠳᠠᠭᠠᠨ ᠲᠣᠭᠤᠰᠣ ᠦᠭᠡᠢ ᠭᠦᠶᠦᠭ᠌ᠰᠡᠨ ᠠᠪᠤ᠎ᠶ᠋ᠢᠨ ᠰᠣᠶᠣᠭᠠᠯᠠᠩ ᠪᠣᠷᠣ ᠴᠦ᠍ ᠬᠠᠮᠤᠭ ᠬᠤᠷᠳᠤᠨ ᠠᠳᠤᠭᠤ᠎ᠨᠢ ᠪᠠᠢᠭ᠍ᠰᠠᠨ ᠳ᠋ᠠ᠃ ᠡᠷᠢᠶᠡᠨ ᠲᠥᠮᠫᠠᠨ ᠬᠡᠪ᠎ᠤᠨ ᠴᠠᠢ᠎ᠪᠠᠷ ᠱᠠᠩᠨᠠᠭᠤᠯᠤᠭ᠍ᠰᠠᠨ ᠲᠡᠷᠡᠭᠡᠨ ᠮᠥᠴᠡ ᠴᠦ᠍ ᠮᠢᠨᠤ ᠣᠯᠣᠭ᠍ᠰᠠᠨ ᠱᠠᠩ᠎ᠤᠨ ᠬᠠᠮᠤᠭ ᠠᠩᠬᠠᠨ᠎ᠤ ᠲᠠᠢᠰᠠ᠎ᠨᠢ ᠪᠢᠯᠡ᠃ ᠳᠠᠪᠤᠰᠤ᠎ᠲᠠᠢ ᠬᠠᠯᠠᠭᠤᠨ ᠱᠢᠷᠠᠰᠣᠪᠠᠷ ᠪᠥᠭ᠌ᠰᠡᠪᠠᠨ ᠱᠠᠪᠱᠢᠭᠤᠯᠤᠨ ᠱᠠᠷᠬᠢᠷᠠᠭᠤᠯᠵᠤ ᠪᠠᠢᠭ᠍ᠰᠠᠨ᠎ᠢᠶᠠᠨ ᠮᠠᠷᠲᠠᠭᠠᠳ ᠠᠪᠤᠪᠠᠷᠢᠶᠠᠨ ᠭᠠᠭ᠍ᠴᠠ ᠦᠨᠦᠰᠦᠭᠦᠯᠬᠦ᠌ ᠴᠦ᠍ ᠰᠠᠢᠬᠠᠨ ᠶᠣᠮ ᠡ᠃ 《ᠨᠣᠢᠷᠮᠣᠭ᠍ᠯᠠᠭ᠍ᠰᠠᠨ ᠠᠳᠤᠭᠤ ᠨᠢᠭᠡ ᠶᠡᠭᠡ ᠭᠦᠶᠦᠨ᠎ᠡ》 ᠭᠡᠵᠦ᠍ ᠠᠪᠤ ᠮᠢᠨᠢ ᠳᠠᠩᠳᠠ᠎ᠪᠠᠨ ᠶᠠᠷᠢᠳᠠᠭ᠃
ᠥᠷᠥᠭᠡᠯ᠎ᠲᠠᠢ ᠠᠳᠤᠭᠤ ᠬᠤᠯᠠ᠎ᠶ᠋ᠢᠨ ᠴᠢᠮᠡᠭᠡ᠎ᠪᠠᠷ ᠰᠡᠭᠡᠳᠡᠭ᠂ ᠡᠪᠦᠯᠵᠢᠶ᠎ᠡ ᠤᠷᠤᠭᠤ᠎ᠪᠠᠨ ᠬᠠᠭᠤᠷᠠᠢ ᠲᠦᠯᠡᠰᠢ ᠲᠠᠲᠠᠬᠤ᠎ᠪᠠᠷ ᠶᠠᠪᠤᠭ᠍ᠰᠠᠨ ᠭᠠᠷᠤᠨ ᠤᠯᠠᠭᠠᠨ᠂ ᠡᠮᠧ ᠬᠤᠶᠠᠷ᠎ᠤᠨ᠎ᠢᠶᠠᠨ ᠢᠷᠡᠬᠦ᠌᠎ᠶ᠋ᠢ ᠭᠠᠷᠴᠤ᠌ ᠣᠷᠣᠨ ᠬᠠᠷᠠᠭᠤᠯᠳᠠᠵᠤ ᠰᠠᠭᠤᠳᠠᠭ ᠲᠡᠷᠡ ᠬᠦᠭᠡᠪᠦᠷ᠎ᠤᠨ ᠪᠣᠷᠣ ᠵᠣ ᠬᠥᠮᠥᠨ᠎ᠤ ᠤᠬᠠᠭᠠᠨ᠎ᠢ ᠥᠭᠦᠯᠡᠬᠦ᠌ ᠱᠢᠭ ᠨᠠᠷᠠᠨ᠎ᠤ ᠬᠤᠶᠠᠷ ᠦᠵᠦᠬᠦᠷᠢ ᠠᠷᠠᠯ᠎ᠤᠨ᠎ᠢᠶᠠᠨ ᠳᠣᠣᠭᠤᠷ ᠢᠯᠠᠤᠲᠠᠢᠨᠢ ᠪᠠᠬᠢᠯᠡᠨ ᠲᠣᠭᠤᠨᠣ ᠲᠤᠱᠢᠬᠤ ᠠᠴᠢᠶᠠᠯᠠᠯᠤᠭᠠᠶ᠋ᠢᠨ ᠡᠷ᠎ᠡ ᠬᠠᠷ᠎ᠠ ᠰᠤᠷ ᠲᠠᠲᠠᠯᠭ᠎ᠠ ᠱᠢᠭ᠋ ᠴᠢᠩᠭᠠᠷᠠᠨ ᠴᠢᠩᠭᠠᠷᠠᠵᠤ ᠬᠠᠷᠠᠭ᠍ᠳᠠᠬᠤ᠎ᠨᠢ ᠡᠨᠡ ᠴᠠᠭ᠎ᠤᠨ ᠬᠡᠦᠬᠡᠳᠤᠳᠲᠡᠭᠡᠨ ᠴᠥᠷᠬᠡᠯᠡᠭᠡ ᠲᠡᠷᠭᠡᠨ᠎ᠤ᠎ᠪᠠᠨ ᠴᠦ᠍ ᠱᠠᠭᠠᠨᠴᠠᠭᠢ ᠰᠠᠢᠨ ᠱᠠᠭᠠᠨᠴᠠᠭ᠍ᠯᠠᠵᠤ ᠬᠤᠯᠠ᠎ᠶ᠋ᠢᠨ ᠵᠠᠮ᠎ᠳᠠᠭᠠᠨ ᠠᠶᠠᠷ ᠠᠶᠠᠷᠬᠠᠨ 《ᠬᠥᠥᠭ᠌ᠯᠡᠭᠡᠷᠡᠢ》 ᠭᠡᠬᠦ᠌ ᠱᠢᠭ ᠤᠨᠢᠶᠠᠷ ᠬᠥᠳᠡᠩ᠎ᠢᠶᠠᠨ ᠲᠠᠯᠪᠢᠨ᠎ᠠ᠃
ᠰᠠᠢᠬᠠᠨ ᠵᠤᠨ ᠪᠣᠯᠬᠤ᠎ᠨᠢ᠂ ᠰᠠᠭᠠᠷᠢ᠎ᠲᠠᠢ ᠲᠠᠪᠠᠭ ᠭᠢᠯᠠᠯᠵᠠᠭᠤᠯᠤᠨ ᠲᠠᠪᠠᠷᠠᠵᠤ ᠪᠠᠢᠭ᠍ᠰᠠᠨ ᠮᠢᠨᠤ ᠪᠠᠭ᠎ᠠ᠎ᠶ᠋ᠢᠨ ᠦᠶ᠎ᠡ᠎ᠶ᠋ᠢᠨ ᠵᠤᠨ ᠱᠢᠭ᠋ ᠲᠡᠢᠮᠦ᠍ ᠨᠢᠭᠡ ᠰᠠᠢᠬᠠᠨ ᠵᠤᠨ ᠪᠣᠯᠬᠤ᠎ᠨᠢ ᠱᠢᠭ᠋ ᠬᠠᠷᠠᠭ᠍ᠳᠠᠭᠠᠳ ᠱᠢᠭᠤᠭ᠍ᠰᠠᠨ ᠬᠠᠶᠠᠭ᠎ᠠ᠎ᠪᠠᠷ ᠨᠣᠭᠤᠭ᠎ᠠ ᠤᠷᠭᠤᠬᠤ ᠠᠨᠢᠷ ᠠᠨᠢᠷᠲᠤᠨᠠ᠃ ᠨᠤᠷᠮᠠᠯᠠᠭ᠍ᠰᠠᠨ ᠤᠯᠠᠭᠠᠨ ᠴᠤᠭ ᠳᠡᠭᠡᠷ᠎ᠡ ᠳᠡᠪᠦᠷ᠎ᠡ᠎ᠲᠠᠢ ᠴᠠᠢ ᠳᠠᠷᠭᠢᠯ᠎ᠤᠨ ᠢᠰᠭᠡᠷᠴᠦ᠍ ᠨᠤᠤᠬ᠎ᠠ᠎ᠲᠠᠢ ᠨᠢᠳᠦ᠍᠎ᠪᠠᠨ ᠨᠤᠬᠤᠯᠠᠨ ᠪᠠᠢᠵᠤ ᠰᠡᠷᠡᠬᠦ᠌᠎ᠳᠤ 《ᠪᠢᠲᠡᠭᠡᠢ ᠴᠠᠢ᠎ᠶ᠋ᠢᠨ ᠭᠠᠯ ᠳᠡᠭᠡᠷ᠎ᠡ ᠤᠨᠲᠠᠭᠠᠳ ᠪᠠᠢ᠂ ᠲᠣᠯᠤᠭᠠᠢ ᠴᠢᠨᠢ ᠬᠦᠨᠳᠦᠷᠡᠨ᠎ᠡ ᠱᠢᠤ》 ᠭᠡᠵᠦ᠍ ᠲᠤᠭᠤᠯᠤᠨ ᠬᠤᠷᠣᠭᠠᠨᠤ ᠲᠡᠨᠳᠡ᠎ᠠᠴᠠ ᠮᠠᠨ᠎ᠤ ᠬᠡᠲᠦ᠍᠎ᠶ᠋ᠢ ᠳᠠᠭᠤᠳᠠᠨ ᠪᠠᠢᠳᠠᠭ ᠡᠮᠧ᠎ᠶᠢᠨ ᠮᠢᠨᠢ ᠲᠠᠭᠤᠨ ᠰᠣᠨᠣᠰᠳᠠᠬᠤ ᠱᠢᠭ᠋ ᠪᠣᠯᠣᠨ᠎ᠠ᠃