7 ᠰᠠᠷ᠎ᠠ᠎ᠶᠢᠨ 1᠎ᠤ ᠡᠳᠦᠷ᠂
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠶᠠᠳᠤᠭᠠᠷ ᠬᠤᠭᠤᠴᠠᠭᠠᠨ᠎ᠤ ᠰᠤᠷᠤᠭ᠍ᠴᠢᠳ᠎ᠤᠨ ᠴᠡᠷᠢᠭ᠎ᠦᠨ
ᠪᠣᠯᠪᠠᠰᠤᠷᠠᠯ᠎ᠤᠨ ᠬᠤᠸᠠᠷᠠᠨ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠰᠤᠷᠭᠠᠨ ᠬᠥᠮᠦᠵᠢᠯ᠎ᠦᠨ ᠦᠢᠯᠡᠰ᠎ᠦᠨ
ᠬᠥᠭᠵᠢᠯᠲᠡ᠎ᠶᠢᠨ ᠲᠥᠪ᠎ᠦᠨ ᠵᠠᠯᠠᠭᠤᠴᠤᠳ ᠪᠠᠭᠠᠴᠤᠳ᠎ᠤᠨ ᠬᠡᠪ ᠴᠢᠨᠠᠷ᠎ᠤᠨ ᠰᠤᠷᠭᠠᠨ ᠬᠥᠮᠦᠵᠢᠯ᠎ᠦᠨ ᠰᠠᠭᠤᠷᠢᠨ
ᠳ᠋ᠤ ᠡᠬᠢᠯᠡᠪᠡ᠃ ᠲᠣᠰ ᠬᠤᠭᠤᠴᠠᠭᠠᠨ᠎ᠤ ᠴᠡᠷᠢᠭ᠎ᠦᠨ ᠪᠣᠯᠪᠠᠰᠤᠷᠠᠯ᠎ᠤᠨ ᠬᠤᠸᠠᠷᠠᠨ 《ᠤᠮᠠᠷᠠᠲᠤ ᠬᠢᠯᠢ᠎ᠳᠤ ᠬᠦᠰᠡᠯ ᠵᠡᠭᠦᠳᠦ᠎ᠪᠡᠨ ᠲᠡᠷᠭᠡᠯᠰᠢᠭᠦᠯᠵᠦ·ᠵᠠᠯᠠᠭᠤ ᠨᠠᠰᠤ᠎ᠪᠡᠨ ᠡᠬᠡ ᠤᠯᠤᠰ᠎ᠲᠠᠭᠠᠨ ᠵᠤᠷᠢᠭᠤᠯᠬᠤ》 ᠪᠡᠷ ᠭᠣᠣᠯ ᠰᠡᠳᠦᠪ ᠪᠣᠯᠭᠠᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ
ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ᠎ᠡᠴᠡ ᠭᠣᠣᠯᠯᠠᠨ ᠡᠷᠭᠢᠯᠡᠵᠦ᠂
ᠪᠥᠬᠥ ᠣᠷᠣᠨ᠎ᠤ 20 ᠶᠡᠬᠡ ᠳᠡᠭᠡᠳᠦ
ᠰᠤᠷᠭᠠᠭᠤᠯᠢ ᠪᠠ 12 ᠠᠢᠮᠠᠭ ᠬᠣᠲᠠ᠎ᠶᠢᠨ
24 ᠥᠨᠳᠥᠷ ᠵᠡᠷᠭᠡ᠎ᠶᠢᠨ ᠳᠤᠮᠳᠠᠳᠤ
ᠰᠤᠷᠭᠠᠭᠤᠯᠢ᠎ᠶᠢᠨ 352 ᠰᠣᠷᠣᠭ᠍ᠴᠢ
ᠪᠣᠯᠪᠠᠰᠤᠷᠠᠯ᠎ᠳᠤ ᠣᠷᠣᠯᠴᠠᠵᠠᠢ᠃
ᠪᠣᠯᠪᠠᠰᠤᠷᠠᠯ᠎ᠤᠨ ᠬᠤᠸᠠᠷᠠᠨ
7 ᠡᠳᠦᠷ ᠶᠠᠪᠤᠭᠳᠠᠨ᠎ᠠ᠂ ᠭᠤᠤᠯᠳᠠᠭᠤ ᠶᠣᠰᠣ᠌ ᠰᠤᠷᠲᠠᠬᠤᠨᠵᠢᠠᠷ
ᠬᠥᠮᠥᠨ᠎ᠢ ᠬᠥᠮᠥᠵᠢᠭᠦᠯᠬᠦ ᠦᠨᠳᠦᠰᠦᠨ ᠡᠭᠦᠷᠭᠡ ᠪᠣᠯᠣᠨ ᠴᠡᠷᠢᠭ᠎ᠢ ᠬᠦᠴᠦᠷᠬᠡᠭᠵᠢᠭᠦᠯᠵᠦ ᠴᠡᠷᠢᠭ᠎ᠢ ᠮᠠᠨᠳᠤᠭᠤᠯᠬᠤ
ᠪᠠᠢᠯᠳᠤᠬᠤ ᠪᠣᠳᠣᠯᠭ᠎ᠠ᠎ᠶᠢᠨ ᠬᠠᠷᠠᠯᠲᠠ᠎ᠶᠢᠨ ᠲᠣᠭᠣᠷᠢᠨ᠎ᠳᠤ᠂ ᠴᠡᠷᠢᠭ᠎ᠦᠨ ᠶᠠᠪᠤᠳᠠᠯ᠎ᠤᠨ ᠤᠨᠤᠯ᠎ᠤᠨ ᠰᠤᠷᠤᠯᠴᠠᠯᠭ᠎ᠠ᠂
ᠴᠡᠷᠢᠭ᠎ᠦᠨ ᠶᠠᠪᠤᠳᠠᠯ᠎ᠤᠨ ᠤᠷ᠎ᠠ ᠴᠢᠳᠠᠪᠤᠷᠢ᠎ᠶᠢᠨ ᠪᠣᠯᠪᠠᠰᠤᠷᠠᠯ᠂ ᠴᠡᠷᠢᠭ᠎ᠦᠨ ᠬᠤᠸᠠᠷᠠᠨ᠎ᠤ ᠰᠣᠶᠣᠯ᠎ᠤᠨ ᠣᠢᠯᠠᠭᠠᠯᠲᠠ᠂
ᠶᠡᠷᠦᠩᠬᠡᠢᠯᠡᠭᠰᠡᠨ ᠬᠡᠪ ᠴᠢᠨᠠᠷ᠎ᠤᠨ ᠪᠤᠯᠪᠠᠰᠤᠷᠠᠯ ᠵᠡᠷᠭᠡ 4 ᠶᠡᠬᠡ
ᠬᠡᠰᠡᠭ᠎ᠦᠨ ᠠᠭᠤᠯᠭ᠎ᠠ᠎ᠶᠢ ᠲᠣᠬᠢᠷᠠᠭᠤᠯᠪᠠ᠃ ᠬᠥᠩᠭᠡᠨ ᠵᠡᠪᠰᠡᠭ᠎ᠦᠨ ᠫᠤᠤᠳᠠᠯᠭ᠎ᠠ᠂ ᠪᠠᠢᠯᠳᠤᠭᠠᠨ᠎ᠤ ᠲᠠᠯᠠᠪᠤᠷ᠎ᠤᠨ
ᠡᠮᠴᠢᠯᠡᠭᠡᠨ᠎ᠦ ᠠᠪᠤᠷᠠᠨ ᠲᠤᠰᠠᠯᠠᠯᠲᠠ᠂ ᠬᠡᠭᠡᠷ᠎ᠡ ᠭᠠᠳᠠᠨ᠎ᠠ ᠠᠮᠢᠳᠤᠷᠠᠬᠤ᠂ ᠳᠠᠶ᠋ᠢᠨ᠎ᠳᠦ ᠪᠡᠯᠡᠳᠬᠡᠬᠦ ᠪᠣᠯᠪᠠᠰᠤᠷᠠᠯ
ᠵᠡᠷᠭᠡ ᠴᠡᠷᠢᠭ᠎ᠦᠨ ᠶᠠᠪᠤᠳᠠᠯ᠎ᠤᠨ ᠮᠡᠷᠭᠡᠵᠢᠯ ᠴᠢᠳᠠᠪᠤᠷᠢ᠎ᠶᠢᠨ ᠪᠣᠯᠪᠠᠰᠤᠷᠠᠯ᠎ᠢ ᠵᠣᠬᠢᠶᠠᠨ ᠪᠠᠶ᠋ᠢᠭᠤᠯᠬᠤ᠎ᠪᠠᠷ
ᠳᠠᠮᠵᠢᠭᠤᠯᠤᠨ᠂ ᠪᠣᠯᠪᠠᠰᠤᠷᠠᠯ᠎ᠳᠤ ᠣᠷᠣᠯᠴᠠᠭᠰᠠᠨ ᠰᠤᠷᠤᠭ᠍ᠴᠢᠳ᠎ᠤᠨ ᠴᠡᠷᠢᠭ᠎ᠦᠨ ᠪᠣᠯᠪᠠᠰᠤᠷᠠᠯ᠎ᠤᠨ ᠬᠡᠪ
ᠴᠢᠨᠠᠷ᠎ᠢ ᠳᠡᠭᠡᠭᠰᠢᠯᠡᠭᠦᠯᠦᠨ᠎ᠡ᠃ ᠡᠭᠦᠨ᠎ᠡᠴᠡ ᠭᠠᠳᠠᠨ᠎ᠠ᠂ ᠴᠡᠷᠢᠭ᠎ᠦᠨ ᠳᠠᠭᠤᠤ᠎ᠶᠢ ᠰᠤᠷᠴᠤ ᠳᠠᠭᠤᠯᠠᠬᠤ᠂ ᠬᠤᠪᠢᠰᠬᠠᠯ᠎ᠤᠨ
ᠺᠢᠨᠣ᠋ ᠦᠵᠡᠬᠦ ᠵᠡᠷᠭᠡ ᠴᠡᠷᠢᠭ᠎ᠦᠨ ᠬᠤᠸᠠᠷᠠᠨ᠎ᠤ ᠰᠣᠶᠣᠯ ᠪᠠ ᠬᠤᠪᠢᠰᠬᠠᠯ᠎ᠤᠨ ᠰᠣᠶᠣᠯ᠎ᠢ ᠪᠡᠶᠡᠴᠢᠯᠡᠨ ᠣᠢᠯᠠᠭᠠᠬᠤ
ᠠᠵᠢᠯᠯᠠᠭ᠎ᠠ᠎ᠶᠢ ᠥᠷᠨᠢᠭᠦᠯᠬᠦ᠎ᠪᠡᠷ ᠳᠠᠮᠵᠢᠭᠤᠯᠵᠤ᠂ ᠰᠤᠷᠤᠭ᠍ᠴᠢᠳ᠎ᠤᠨ ᠨᠠᠮ᠎ᠢᠶᠠᠨ ᠬᠠᠢᠷᠠᠯᠠᠵᠤ ᠤᠯᠤᠰ᠎ᠢᠶᠠᠨ
ᠬᠠᠢᠷᠠᠯᠠᠬᠤ ᠰᠡᠳᠬᠢᠯᠭᠡ᠎ᠶᠢ ᠵᠤᠵᠠᠭᠠᠳᠬᠠᠵᠤ᠂ ᠤᠯᠤᠰ᠎ᠢᠶᠠᠨ ᠬᠦᠴᠦᠷᠬᠡᠭᠵᠢᠭᠦᠯᠬᠦ ᠴᠡᠷᠢᠭ᠎ᠢᠶᠡᠨ ᠬᠦᠴᠦᠷᠬᠡᠭᠵᠢᠭᠦᠯᠬᠦ
ᠠᠭᠤᠤ ᠦᠢᠯᠡᠰ᠎ᠲᠦ ᠪᠠᠲᠤ ᠪᠡᠬᠢ ᠬᠦᠴᠦᠨ᠎ᠢ ᠪᠤᠢᠵᠢᠭᠤᠯᠤᠨ᠎ᠠ᠃
ᠪᠣᠯᠪᠠᠰᠤᠷᠠᠯ᠎ᠳᠤ ᠣᠷᠣᠯᠴᠠᠭᠰᠠᠨ
ᠰᠤᠷᠤᠭ᠍ᠴᠢ᠂ ᠪᠤᠭᠤᠲᠤ᠎ᠶᠢᠨ ᠪᠠᠭ᠍ᠰᠢ᠎ᠶᠢᠨ ᠳᠡᠭᠡᠳᠦ ᠰᠤᠷᠭᠠᠭᠤᠯᠢ᠎ᠶᠢᠨ ᠬᠣᠶᠠᠳᠤᠭᠠᠷ ᠣᠨ᠎ᠤ ᠤᠶᠤᠲᠠᠨ ᠲᠢᠶᠠᠨ
ᠰᠢᠨ ᠰᠢᠨ᠄ 《ᠲᠤᠰ ᠬᠤᠭᠤᠴᠠᠭᠠᠨ᠎ᠤ ᠴᠡᠷᠢᠭ᠎ᠦᠨ ᠪᠣᠯᠪᠠᠰᠤᠷᠠᠯ᠎ᠤᠨ ᠬᠤᠸᠠᠷᠠᠨ᠎ᠳᠤ ᠣᠷᠣᠯᠴᠠᠭᠰᠠᠨ᠎ᠳᠠᠭᠠᠨ
ᠮᠠᠰᠢ ᠪᠠᠶᠠᠷ ᠲᠠᠢ ᠪᠠᠢᠨ᠎ᠠ᠂ ᠮᠢᠨᠤ ᠦᠵᠡᠬᠦ᠎ᠪᠡᠷ ᠡᠢᠮᠦᠷᠬᠦᠦ ᠴᠡᠷᠢᠭ᠎ᠦᠨ ᠪᠣᠯᠪᠠᠰᠤᠷᠠᠯ ᠨᠢ ᠮᠠᠰᠢ ᠤᠳᠬ᠎ᠠ
ᠠᠭᠤᠯᠭ᠎ᠠ᠎ᠲᠠᠢ᠂ ᠴᠡᠷᠢᠭ᠎ᠦᠨ ᠶᠠᠪᠤᠳᠠᠯ᠎ᠤᠨ ᠬᠡᠪ ᠴᠢᠨᠠᠷ ᠵᠢᠡᠨ ᠳᠡᠭᠡᠭᠰᠢᠯᠡᠭᠦᠯᠵᠤ᠂ ᠵᠣᠷᠢᠭ᠋ ᠰᠠᠨᠠᠭ᠎ᠠ ᠪᠡᠶ᠎ᠡ
ᠮᠠᠬᠠᠪᠤᠳ᠎ᠢᠶᠠᠨ ᠳᠠᠪᠲᠠᠨ ᠪᠣᠯᠪᠠᠰᠤᠷᠠᠭᠤᠯᠬᠤ ᠠᠵᠠ ᠲᠣᠬᠢᠶᠠᠯ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠬᠦᠴᠦ
ᠬᠥᠳᠡᠯᠮᠦᠷᠢ ᠪᠠ ᠴᠢᠷᠮᠠᠢᠯᠭ᠎ᠠ᠎ᠶᠢᠨ ᠳᠤᠮᠳᠠ ᠵᠠᠯᠠᠭᠤ ᠨᠠᠰᠤ ᠪᠡᠨ ᠤᠯᠤᠰ᠎ᠲᠠᠭᠠᠨ ᠵᠤᠷᠢᠭᠤᠯᠬᠤ ᠠᠴᠢ ᠬᠣᠯᠪᠣᠭᠳᠠᠯ᠎ᠢ
ᠪᠢᠳᠡᠨ᠎ᠳᠤ ᠣᠢᠯᠠᠭᠠᠭᠤᠯᠪᠠ》 ᠭᠡᠵᠦ ᠪᠠᠢᠯ᠎ᠠ᠃