ᠭᠤᠷᠪᠠᠨ ᠪᠦᠰᠡᠬᠦᠢ ᠨᠠᠢᠷᠠᠬ᠍ᠴᠢ ᠶ᠋ᠢᠨ ᠪᠦᠳᠦᠬᠡᠳᠡᠭ ᠭᠤᠸ᠎ᠠ ᠰᠠᠢᠬᠠᠨ᠎ᠤ ᠶᠢᠷᠳᠢᠨᠴᠦ᠍
2025-07-02 12:00:41
ᠵᠣᠬᠢᠶᠠᠭ᠍ᠴᠢ᠄
ᠴᠤᠬᠠᠤᠷᠭᠢᠯ
ᠣᠩᠱᠢᠭ᠍ᠰᠠᠨ ᠣᠳᠠᠭ᠎ᠠ᠄
★★★☆☆

《ᠪᠦᠰᠡᠬᠦᠢ ᠬᠦᠮᠦᠨ ᠶᠢᠷᠳᠢᠨᠴᠦ᠍᠎ᠶ᠋ᠢ ᠦᠬᠡᠷ᠎ᠡ᠎ᠪᠠᠷ ᠰᠡᠳᠭᠢᠳᠡᠭ》 ᠬᠡᠭ᠌ᠴᠢ᠎ᠪᠠᠷ ᠪᠦᠰᠡᠬᠦᠢ ᠢᠷᠠᠭᠤ ᠨᠠᠢᠷᠠᠭ᠍ᠴᠢᠳ᠎ᠤᠨ ᠢᠷᠠᠭᠤ ᠨᠠᠢᠷᠠᠭ᠂ ᠤᠷᠠᠨ ᠵᠤᠬᠢᠶᠠᠯ᠎ᠤᠨ ᠲᠤᠬᠠᠢ᠂ ᠬᠠᠢᠷ᠎ᠠ ᠬᠦᠰᠡᠯ᠂ ᠠᠮᠢᠳᠤᠷᠠᠯ ᠦᠢᠯᠡᠰ᠎ᠤᠨ ᠲᠤᠬᠠᠢ ᠪᠤᠳᠤᠯ ᠲᠦᠷᠦᠭ᠌ᠳᠡᠯ᠎ᠨᠢ ᠮᠦᠨ ᠴᠦ᠍ ᠦᠪᠡᠷ᠎ᠤᠨ ᠬᠢᠨᠢ ᠲᠦᠰᠦᠬᠡᠯᠡᠭ᠌ᠰᠡᠨ 《ᠭᠤᠸ᠎ᠠ ᠰᠠᠢᠬᠠᠨ᠎ᠤ ᠶᠢᠷᠳᠢᠨᠴᠦ᠍》 ᠬᠡᠬᠦ᠌ ᠎ᠳᠤ ᠠᠬᠠᠳᠠᠮᠠᠷ ᠦᠬᠡᠢ᠃ ᠠᠯᠠᠱᠠ ᠨᠤᠳᠤᠭ᠎ᠤᠨ ᠪᠦᠰᠡᠬᠦᠢ ᠢᠷᠠᠭᠤ ᠨᠠᠢᠷᠠᠬ᠍ᠴᠢ ᠬᠤᠨᠭ᠌ ᠵᠢᠨᠬᠤᠸᠠᠷ᠂ ᠤᠷᠢᠶᠠᠩᠬᠠᠢ ᠵ·ᠰᠡᠷᠭᠦᠯᠡᠩ᠂ ᠨᠠᠮᠵᠢᠯ᠎ᠤᠨ ᠰᠤᠯᠤᠩᠭᠤᠸ᠎ᠠ ᠨᠠᠷ ᠪᠤᠯ ᠢᠷᠠᠭᠤ ᠨᠠᠢᠷᠠᠭ᠎ᠤᠨ ᠬᠤᠪᠢ᠎ᠳᠤ ᠦᠪᠡᠷ ᠦᠪᠡᠷ᠎ᠤᠨ᠎ᠢᠶᠠᠨ ᠭᠤᠸ᠎ᠠ ᠰᠠᠢᠬᠠᠨ᠎ᠤ ᠶᠢᠷᠳᠢᠨᠴᠦ᠍᠎ᠶ᠋ᠢ ᠤᠷᠠᠯᠠᠵᠦ᠍ ᠪᠦᠳᠦᠬᠡᠵᠦ᠍ ᠶᠠᠪᠤᠭ᠎ᠠ ᠠᠪᠢᠶᠠᠰᠳᠠᠨ ᠶᠤᠮ᠃


ᠴᠡᠴᠡᠭ ᠲᠠᠢ ᠲᠠᠨᠵᠢ ᠶ᠋ᠢᠨ ᠰᠤᠯᠤᠩᠭ᠎ᠠ ᠪᠤᠶᠤ ᠬᠤᠨᠭ᠌ ᠵᠢᠨᠬᠤᠸᠠᠷ ᠎ᠤᠨ ᠲᠤᠳᠤᠭᠠᠳᠦ ᠶᠢᠷᠳᠢᠨᠴᠦ᠍

《ᠪᠦᠰᠡᠬᠦᠢ ᠬᠦᠮᠦᠨ᠎ᠤ ᠢᠷᠡᠭᠤ ᠨᠠᠢᠷᠠᠭ ᠬᠡᠭ᠌ᠴᠢ ᠡᠭᠡᠨᠡᠭ᠌ᠳᠡ ᠦᠯᠦ᠍ ᠲᠠᠳᠠᠷᠠᠬᠤ᠂ ᠬᠡᠵᠢᠶᠡᠳᠡ ᠬᠠᠯᠬᠢᠮ᠎ᠠ ᠴᠠᠯᠬᠢᠮ᠎ᠠ ᠬᠠᠢᠷ᠎ᠠ᠎ᠶ᠋ᠢᠨ ᠤᠷᠤᠰᠭᠠᠯ ᠪᠠᠢᠬᠤ ᠶᠤᠰᠤᠳᠠᠢ᠃ ᠰᠡᠳᠭᠢᠯ᠎ᠤᠨ ᠭᠡᠭᠡ᠎ᠶ᠋ᠢ ᠴᠠᠮᠬᠠᠭ ᠪᠤᠯᠭᠠᠨ ᠲᠤᠶᠠᠭᠠᠷᠠᠭᠤᠯᠵᠦ᠍᠂ ᠰᠡᠷᠡᠯ᠎ᠤᠨ ᠬᠤᠷᠴᠠ᠎ᠶ᠋ᠢ ᠤᠷᠤᠰᠭᠠᠯ ᠱᠢᠭ᠋ ᠴᠠᠯᠬᠢᠯᠠᠭᠤᠯᠤᠨ᠂ ᠳᠤᠷᠠᠰᠤᠯ ᠮᠦᠷᠦᠭᠡᠳᠦᠯ᠎ᠢ ᠵᠢᠷᠦᠭᠡᠨ ᠳᠤᠭ᠍ᠳᠤᠯᠤᠯ᠎ᠢᠶᠠᠷ ᠤᠶᠠᠩᠭᠠᠷᠠᠭᠤᠯᠵᠤ᠂ ᠤᠬᠠᠭᠠᠨ᠎ᠤ ᠷᠢᠳᠢ᠎ᠶ᠋ᠢ ᠰᠤᠪᠤᠳ ᠱᠢᠭ᠋ ᠪᠠᠳᠮᠠᠯᠠᠭᠤᠯᠬᠤ ᠢᠷᠠᠭᠤ ᠨᠠᠢᠷᠠᠭ᠎ᠲᠤ ᠪᠢ ᠵᠢᠷᠦᠭᠡᠨ ᠭᠤᠤᠯ᠎ᠠᠴᠠ᠎ᠪᠠᠨ ᠬᠠᠢᠷᠠᠳᠠᠢ ᠁》 ᠡᠨᠡ ᠪᠤᠯ ᠢᠷᠡᠭᠤ ᠨᠠᠢᠷᠠᠬ᠍ᠴᠢ ᠬᠤᠩ ᠵᠢᠨᠬᠤᠸᠠᠷ᠎ᠤᠨ ᠦᠬᠡ᠂ ᠮᠦᠨ ᠴᠦ᠍ ᠲᠦᠰᠦᠬᠡᠯᠡᠯ᠎ᠤᠨ ᠬᠢᠨᠢ ᠨᠢᠬᠡᠨ ᠵᠦᠭ᠂ ᠮᠡᠳᠡᠷᠡᠮᠵᠢ᠎ᠶ᠋ᠢᠨ ᠬᠢᠨᠢ ᠨᠢᠬᠡᠨ ᠵᠦᠡᠭ ᠪᠠᠢᠯ᠎ᠠ᠃ ᠬᠤᠷᠴᠢᠨ ᠨᠤᠳᠤᠭ᠎ᠤᠨ ᠤᠤᠭᠠᠯ᠂ ᠡᠵᠡᠨ᠎ᠠ ᠨᠤᠳᠤᠭ᠎ᠲᠤ ᠤᠳᠠᠭᠠᠨ ᠵᠢᠯ ᠪᠠᠭ᠍ᠰᠢᠯᠠᠬ᠍ᠰᠠᠨ ᠭᠠᠷᠮᠠᠭᠠᠢ ᠠᠷᠠᠳ᠎ᠤᠨ ᠪᠠᠭ᠍ᠰᠢ᠂ ᠢᠷᠠᠭᠤ ᠨᠠᠢᠷᠠᠬ᠍ᠴᠢ ᠬᠤᠩ ᠵᠢᠨᠬᠤᠸᠠᠷ ᠎ᠢ ᠤᠷᠠᠨ ᠪᠦᠳᠦᠬᠡᠯ᠎ᠤᠨ ᠬᠢᠨᠢ ᠲᠠᠯ᠎ᠠ᠎ᠠᠴᠠ᠎ᠨᠢ ᠶᠠᠷᠢᠪᠠᠯ ᠦᠨᠡᠬᠡᠷ 《ᠬᠡᠵᠢᠶᠡᠳᠡ ᠬᠠᠯᠬᠢᠮ᠎ᠠ ᠴᠠᠯᠭᠢᠮ᠎ᠠ ᠬᠠᠢᠷ᠎ᠠ᠎ᠶ᠋ᠢᠨ ᠤᠷᠤᠰᠭᠠᠯ》 ᠠᠪᠠᠢ᠃

ᠬᠤᠩ ᠵᠢᠨᠬᠤᠸᠠᠷ 1988 ᠤᠨ᠎ᠳᠤ 《ᠡᠵᠡᠨ᠎ᠡ ᠮᠢᠨᠢ》 ᠬᠡᠮᠡᠬᠦ᠌ ᠤᠤᠭᠠᠨ ᠪᠦᠳᠦᠬᠡᠯ᠎ᠢᠶᠠᠨ ᠰᠤᠨᠢᠨ᠎ᠳᠤ ᠨᠠᠢᠳᠠᠯᠠᠭᠦᠯᠵᠦ᠍᠂ 《ᠢᠷᠠᠭᠤ ᠵᠤᠬᠢᠰᠳᠦ》ᠵᠢᠨ ᠡᠷᠢᠯ ᠎ᠳᠤ ᠭᠠᠷᠤᠬ᠍ᠰᠠᠨ᠎ᠠᠴᠠ ᠢᠨᠠᠬ᠍ᠰᠢ 200 ᠭᠠᠷᠤᠢ ᠬᠠᠢᠷ᠎ᠠ᠎ᠶ᠋ᠢᠨ ᠱᠢᠯᠦᠭ ᠨᠠᠢᠳᠠᠯᠠᠬᠦᠯᠵᠦ᠍᠂ 《ᠡᠭᠡᠨᠡᠭ᠌ᠳᠡ ᠦᠯᠦ᠍ ᠲᠠᠳᠠᠷᠠᠬᠤ》᠎ᠶ᠋ᠢᠨ ᠪᠠᠭ᠍ᠠᠳᠤᠯ᠎ᠢ ᠢᠷᠠᠭᠤ ᠨᠠᠢᠷᠠᠭ᠎ᠤᠨ ᠪᠠᠭ᠍ᠠᠳᠠᠳ᠎ᠲᠠᠭᠠᠨ ᠭᠦᠷᠬᠡᠭ᠌ᠰᠡᠭᠡᠷ ᠢᠷᠡᠵᠡᠢ᠃ 《ᠮᠢᠨᠦ᠍ ᠱᠢᠯᠦᠭ᠎ᠤᠨ ᠰᠦᠭ ᠰᠦᠨᠡᠰᠦ᠎ᠨᠢ ᠢᠨᠠᠭ ᠳᠤᠷᠠᠯᠠᠯ》 ᠬᠡᠵᠦ᠍ ᠬᠡᠯᠡᠳᠡᠭ ᠲᠡᠷᠡ ᠪᠡᠷ 《ᠪᠢ ᠬᠠᠢᠷ᠎ᠠ᠎ᠶ᠋ᠢᠨ ᠱᠢᠯᠦᠭ ᠪᠢᠴᠢᠭᠦ᠌ ᠳᠤᠷᠠᠳᠠᠢ᠃ ᠶᠠᠭᠤᠨ᠎ᠳᠤ ᠬᠡᠳᠡᠭ᠎ᠢ ᠢᠷᠠᠭᠤ ᠨᠠᠢᠷᠠᠬ᠍ᠴᠢ ᠤ ·ᠴᠤᠯᠮᠤᠨ᠎ᠤ ᠦᠬᠡ᠎ᠪᠠᠷ ᠬᠡᠯᠡᠪᠡᠯ᠂ ᠬᠠᠢᠷ᠎ᠠ ᠳᠤᠷᠠᠯᠠᠯ ᠪᠤᠯ ᠵᠢᠷᠦᠭᠡᠨ᠎ᠤ ᠳᠤᠶᠠᠭ᠎ᠠ ᠶᠤᠮ᠂ ᠵᠠᠶᠠᠭ᠎ᠠ ᠳᠠᠪᠢᠯᠠᠩ᠎ᠤᠨ ᠡᠭᠦᠳᠡᠨ᠎ᠳᠤ ᠰᠦᠨᠢᠵᠢᠨ ᠠᠰᠠᠵᠤ ᠬᠤᠨᠤᠳᠠᠭ ᠶᠤᠮ᠃ ᠢᠨᠠᠭ ᠳᠤᠷᠠᠯᠠᠯ ᠪᠤᠯ ᠤᠷᠴᠢᠯᠠᠩ᠎ᠤᠨ ᠠᠮᠢᠳᠤ ᠤᠰᠤ ᠶᠤᠮ᠂ ᠠᠵᠨ ᠵᠢᠷᠭᠠᠯᠠᠩ᠎ᠤᠨ ᠪᠠᠭᠤᠴᠠᠨ᠎ᠳᠤ ᠡᠳᠦᠷᠵᠢᠨ ᠠᠰᠭᠠᠷᠠᠨ ᠬᠤᠷᠠᠳᠠᠭ ᠶᠤᠮ᠃ ᠴᠢᠮ᠎ᠠ᠎ᠳᠠᠭᠠᠨ ᠬᠠᠢᠷᠠᠳᠠᠢ ᠱᠢᠦ ᠭᠡᠵᠦ᠍ ᠬᠡᠯᠡᠭᠦ᠎ᠪᠠᠷ ᠴᠢᠨᠢ ᠽᠠᠮᠪᠦᠯᠢᠩ ᠬᠤᠷᠸ᠎ᠠ ᠭᠡᠷᠡᠯᠳᠦᠴᠢᠭᠡᠳᠡᠭ᠎ᠲᠤᠨᠢ ᠪᠢ ᠢᠨᠠᠭ᠎ᠤᠨ ᠱᠢᠯᠦᠭ ᠪᠢᠴᠢᠬᠦ᠌ ᠳᠤᠷᠠᠳᠠᠢ᠃ ᠴᠢᠮᠠᠶ᠋ᠢ᠎ᠪᠠᠨ ᠶᠠᠭᠠᠬᠢᠬᠤ᠎ᠶ᠋ᠢᠨ ᠴᠦ᠍ ᠠᠷᠭ᠎ᠠ ᠦᠭᠡᠢ ᠰᠠᠨᠠᠬᠤ ᠶᠤᠮ ᠪᠢᠯᠨ ᠭᠡᠭᠦ᠎ᠪᠠᠷ ᠴᠢᠨᠢ ᠰᠡᠳᠭᠢᠯ ᠵᠢᠷᠦᠭᠡ ᠤᠶᠠᠰᠴᠢᠬᠠᠳᠠᠭ ᠪᠤᠯᠬᠤᠷ ᠪᠢ ᠢᠨᠠᠭ᠎ᠤᠨ ᠱᠢᠯᠦᠭ ᠪᠢᠴᠢᠭᠦ᠌ ᠳᠤᠷᠠᠳᠠᠢ ᠬᠡᠮᠡᠭ᠌ᠰᠡᠨ ᠪᠠᠢᠳᠠᠭ᠃ ᠶᠡᠷᠦᠨᠢ ᠭᠡᠯᠨ ᠭᠡᠯᠡᠨ ᠎ᠤ ᠎ᠪᠠᠨ ᠰᠤᠳᠤᠨ ᠭᠠᠢᠬᠠᠮᠱᠢᠭ᠎ᠢᠶᠠᠷ᠂ ᠬᠠᠢᠷ᠎ᠠ ᠬᠠᠢᠷ᠎ᠠ᠎ᠶ᠋ᠢᠨ᠎ᠢᠶᠠᠨ ᠬᠠᠯᠬᠢᠶᠠᠨ᠎ᠢᠶᠠᠷ ᠵᠢᠷᠦᠭᠡᠨ᠎ᠠᠴᠠ ᠵᠢᠷᠦᠭᠡ ᠤᠷᠤᠭᠤ᠂ ᠵᠡᠭᠦᠳᠦᠨ᠎ᠠᠴᠠ ᠭᠦᠰᠡᠯ ᠤᠷᠤᠭᠤ᠂ ᠬᠠᠷᠠᠴᠠᠨ᠎ᠠᠴᠠ ᠬᠠᠷᠠᠴᠠ ᠤᠷᠤᠭᠤ᠂ ᠬᠠᠮᠤᠭ ᠪᠤᠳᠠᠰ᠎ᠠᠴᠠ ᠬᠠᠨ ᠳᠡᠯᠡᠬᠡᠢ ᠤᠷᠤᠭᠤ ᠠᠰᠭᠠᠷᠠᠬᠤ ᠴᠡᠴᠡᠭ᠎ᠤᠨ ᠳᠡᠯᠭᠡᠷᠡᠯ᠎ᠲᠠᠢ᠂ ᠱᠢᠪᠠᠭᠤᠳ᠎ᠤᠨ ᠵᠢᠷᠬᠢᠶᠡᠨ᠎ᠲᠠᠢ᠂ ᠨᠠᠭᠤᠷ᠎ᠤᠨ ᠴᠡᠯᠬᠢᠶᠡᠨ᠎ᠲᠠᠢ᠂ ᠨᠢᠯᠪᠤᠰᠤᠨ ᠪᠦᠮᠪᠤᠷᠢᠯ᠎ᠲᠠᠢ᠂ ᠳᠤᠷᠠᠯᠠᠯ᠎ᠤᠨ ᠱᠢᠪᠠᠨᠠᠯ᠎ᠲᠠᠢ᠂ ᠳᠤᠷᠠᠰᠤᠯ᠎ᠤᠨ ᠴᠢᠪᠬᠠᠳᠠᠯ᠎ᠲᠠᠢ᠂ ᠠᠷᠢᠬᠢᠨ᠎ᠤ ᠦᠨᠦᠷ᠎ᠲᠠᠢ᠂ ᠠᠢᠷᠠᠭ᠎ᠤᠨ ᠠᠮᠳᠠ᠎ᠲᠠᠢ᠂ ᠭᠦᠰᠡᠯ᠎ᠤᠨ ᠲᠡᠪᠳᠡᠷᠢᠬᠡᠨ᠎ᠲᠠᠢ᠂ ᠭᠦᠭ᠌ᠵᠢᠯ᠎ᠤᠨ ᠵᠢᠷᠤᠭ᠎ᠲᠠᠢ᠂ ᠪᠤᠳᠤᠯ᠎ᠤᠨ ᠴᠤᠤᠷᠢᠶ᠎ᠠ᠎ᠲᠠᠢ᠂ ᠪᠤᠷᠤᠭᠠᠨ᠎ᠤ ᠱᠠᠬᠢᠶᠠᠨ᠎ᠲᠠᠢ᠂ ᠭᠦᠯᠦᠭ᠎ᠤᠨ ᠳᠦᠪᠡᠷᠭᠡᠨ᠎ᠲᠠᠢ᠂ ᠭᠦᠰᠡᠷ᠎ᠤᠨ ᠳᠤᠭᠤᠰᠤ᠎ᠲᠠᠢ᠂ ᠰᠠᠢᠨ᠎ᠤ ᠢᠷᠦᠭᠡᠯ᠎ᠲᠠᠢ᠂ ᠰᠠᠯᠬᠢᠨ᠎ᠤ ᠮᠢᠷᠠᠯᠵᠠᠭᠠᠨ ᠲᠠᠢ᠂ ᠰᠡᠳᠭᠢᠯ᠎ᠤᠨ ᠢᠷᠠᠭᠤ ᠰᠤᠨᠤᠰᠭᠤᠯᠠᠩ ᠪᠤᠯ ᠮᠢᠨᠤ ᠪᠠᠭ᠍ᠠᠷᠬᠠᠳᠠᠭ ᠢᠨᠠᠭ ᠬᠠᠢᠷ᠎ᠠ᠎ᠶ᠋ᠢᠨ ᠱᠢᠯᠦᠭ ᠶᠤᠮ᠂ ᠲᠠᠢᠮᠤ᠎ᠳᠡᠭᠡᠨ ᠵᠢᠷᠦᠬᠡᠨ᠎ᠤ ᠭᠤᠤᠯ᠎ᠠᠴᠠ᠎ᠪᠠᠨ ᠬᠠᠢᠷᠠᠳᠠᠢ》 ᠬᠡᠮᠡᠨ ᠤᠴᠢᠷᠯᠠᠵᠦ᠍ ᠪᠢᠯᠡ᠃

ᠬᠤᠩ ᠵᠢᠨᠬᠤᠸᠠᠷ ᠲᠤᠮᠳᠠᠳᠦ ᠰᠤᠷᠭᠠᠭᠤᠯᠢ᠎ᠳᠤ ᠰᠤᠷᠤᠯᠴᠠᠵᠦ᠍ ᠪᠠᠢᠬᠤ ᠦᠶ᠎ᠡ᠎ᠠᠴᠠ᠎ᠪᠠᠨ ᠨᠤᠮ᠎ᠳᠤ ᠬᠤᠷᠤᠬᠠᠢᠳᠠᠢ ᠪᠤᠯᠤᠬ᠍ᠰᠠᠨ ᠪᠦᠬᠡᠳ ᠱᠢᠯᠦᠭ ᠵᠤᠬᠢᠶᠠᠯ ᠤᠷᠤᠯᠳᠤᠬᠤ ᠪᠠᠭ᠍ᠠᠳᠠᠢ ᠪᠤᠯᠵᠠᠢ᠃ ᠱᠢᠯᠦᠭ ᠪᠢᠴᠢᠭᠦ᠌ ᠤᠷᠮᠠᠰ ᠎ᠢ᠎ᠨᠢ ᠭᠦᠭ᠌ᠵᠢᠬᠡᠵᠦ᠍ ᠲᠦᠷᠡᠯᠵᠡᠭᠦᠯᠦᠭ᠌ᠰᠡᠨ᠎ᠨᠢ 《ᠨᠢᠭᠡᠨ ᠳᠠᠪᠬᠤᠷ ᠠᠰᠠᠷ》 ᠪᠤᠯᠤᠨ 《ᠤᠯᠠᠭᠠᠨ ᠠᠰᠠᠷ᠎ᠤᠨ ᠵᠡᠭᠦᠳᠦᠨ》 ᠵᠡᠷᠬᠡ ᠡᠷᠳᠡᠨ᠎ᠤ ᠤᠷᠠᠨ ᠵᠤᠬᠢᠶᠠᠯ ᠡᠷᠴᠢ ᠬᠦᠴᠦᠨ ᠦᠭ᠌ᠴᠦ ᠪᠠᠢᠪᠠᠢ᠃ 《ᠬᠠᠰ᠎ᠤᠨ ᠪᠦᠰᠡ᠎ᠶ᠋ᠢ ᠱᠢᠭᠤᠢ᠎ᠳᠤᠷ ᠡᠯᠬᠦᠬᠦᠶ᠎ᠡ ᠭᠦᠭᠡᠷᠦᠭᠦᠢ ᠰᠦᠨᠡᠰᠦᠨ ᠡᠷᠬᠢᠴᠡᠮᠦᠢ᠂ ᠠᠯᠳᠠᠨ ᠬᠠᠳᠭᠤᠭᠤᠷ᠎ᠢ ᠴᠠᠰᠤᠨ᠎ᠠ ᠪᠤᠯᠠᠬᠤᠶ᠎ᠠ ᠴᠡᠴᠡᠭ ᠮᠦᠴᠢᠷ ᠵᠤᠯᠭᠠᠷᠠᠨᠠᠮ ᠁》 ᠭᠡᠵᠦ᠍ ᠠᠪᠤᠷᠭᠤ ᠪᠦᠳᠦᠬᠡᠯ᠎ᠤᠨ ᠮᠦᠷ ᠪᠠᠳᠠᠭ᠎ᠤᠳ ᠎ᠢ ᠳᠠᠭᠤᠷᠢᠶᠠᠵᠤ ᠪᠢᠴᠢᠵᠦ᠍ ᠪᠠᠢᠭ᠍ᠰᠠᠨ᠎ᠢᠶᠠᠷ ᠰᠡᠳᠭᠢᠯ᠎ᠤᠨ ᠬᠢᠨᠢ ᠳᠦᠱᠢᠭ᠂ ᠬᠠᠢᠷ᠎ᠠ᠎ᠶ᠋ᠢᠨ ᠠᠷᠭᠠᠳᠠᠯ ᠰᠤᠶᠤᠷᠬᠠᠭ᠍ᠰᠠᠨ ᠨᠤᠮ ᠰᠤᠳᠤᠷ᠎ᠲᠠᠭᠠᠨ ᠲᠠᠯᠠᠷᠬᠠᠳᠠᠭ ᠮᠦᠷᠳᠡᠭᠡᠨ 《ᠤᠪᠠᠳᠢᠰᠳᠦ ᠶᠢᠷᠳᠢᠨᠴᠦ᠍》 ᠬᠡᠮᠡᠳᠡᠭ ᠢᠷᠠᠭᠤ ᠨᠠᠢᠷᠠᠭ᠎ᠲᠤ ᠪᠠᠢᠩᠭᠤ ᠲᠠᠯᠠᠷᠬᠠᠵᠦ᠍ ᠶᠠᠪᠤᠳᠠᠭ ᠪᠠᠢᠨ᠎ᠠ᠃ ᠬᠡᠬᠦ᠌᠎ᠳᠡᠭᠡᠨ 《ᠲᠠ ᠢᠷᠠᠭᠤ ᠨᠠᠢᠷᠠᠭ ᠎ᠢ ᠶᠠᠭᠠᠬᠢᠵᠦ᠍ ᠲᠦᠰᠦᠬᠡᠯᠡᠳᠡᠭ ᠪᠤᠢ? ᠴᠤᠬᠤᠮ ᠶᠠᠭᠤ ᠰᠠᠨ ᠪᠤᠯ?》 ᠬᠡᠬᠦ᠌᠎ᠳᠤ᠂ ᠲᠤᠳᠤᠷᠬᠠᠢ ᠬᠠᠷᠢᠭᠤᠯᠳᠠ ᠦᠭ᠌ᠭᠦᠬᠡ ᠦᠬᠡᠢ᠃ 《ᠢᠷᠡᠭᠤ ᠨᠠᠢᠷᠠᠬ᠍ᠴᠢ ᠬᠠᠢᠷᠬᠠᠨ ᠫᠷᠣᠹᠧᠰᠰᠣᠷ 〈ᠱᠢᠯᠦᠭ ᠶᠠᠭᠤ ᠪᠤᠢ? ᠭᠡᠭᠦ᠌ ᠠᠰᠠᠭᠤᠯᠳᠠ᠎ᠨᠢ ᠶᠠᠭ ᠯᠨ ᠪᠤᠷᠬᠠᠨ ᠶᠠᠭᠤ ᠪᠤᠢ? ᠳ᠋ᠧᠪᠡᠵᠠᠨ ᠬᠠᠮᠢᠭ᠎ᠠ ᠪᠠᠢᠬᠤ ᠪᠤᠢ? ᠭᠡᠭᠦ᠌ ᠠᠰᠠᠭᠤᠯᠳᠠ᠎ᠲᠠᠢ ᠠᠳᠠᠯᠢ ᠶᠤᠮ᠂ ᠱᠢᠯᠦᠭ ᠪᠤᠯ ᠦᠨᠡᠨ᠎ᠳᠡᠭᠡᠨ ᠶᠢᠯᠸᠢ ᠶᠤᠮ〉 ᠬᠡᠰᠡᠨ ᠦᠬᠡ ᠪᠤᠢ᠃ ᠮᠢᠨᠤ ᠬᠤᠪᠢ᠎ᠳᠤ ᠴᠡᠴᠡᠷᠬᠡᠵᠦ᠍ ᠴᠢᠳᠠᠬᠤ ᠦᠬᠡᠢ᠎ᠨᠢ ᠡ》 ᠬᠡᠵᠦ᠍ ᠪᠢᠯᠡ᠃ ᠬᠠᠷᠢᠨ ᠢᠷᠠᠭᠤ ᠨᠠᠢᠷᠠᠭ᠎ᠤᠨ ᠲᠤᠬᠠᠢ ᠤᠢᠯᠠᠭᠠᠯᠳᠠ ᠲᠦᠷᠦᠭ᠌ᠳᠡᠯ᠎ᠤᠨ᠎ᠢᠶᠠᠨ ᠨᠢᠬᠡᠨ ᠵᠤᠬᠢᠶᠠᠯ᠎ᠳᠠᠭᠠᠨ ᠲᠡᠷᠡ ᠪᠡᠷ 《ᠢᠷᠠᠭᠤ ᠨᠠᠢᠷᠠᠭ᠎ᠤᠨ ᠳᠤᠬᠠᠢ ᠤᠨᠤᠯᠵᠢᠬᠤᠨ ᠶᠠᠷᠢᠵᠦ᠍ ᠴᠢᠳᠠᠳᠠᠭ ᠦᠭᠡᠢ ᠪᠢ᠃ ᠵᠢᠷᠦᠭᠡᠨ᠎ᠠᠴᠠ ᠴᠠᠯᠬᠢᠯᠠᠭ᠍ᠰᠠᠨ᠂ ᠪᠤᠳᠤᠯ᠎ᠠᠴᠠ ᠬᠠᠯᠬᠢᠯᠠᠭ᠍ᠰᠠᠨ᠂ ᠰᠠᠨᠠᠭᠠᠨ᠎ᠠᠴᠠ ᠴᠡᠴᠡᠭ᠌ᠯᠡᠭ᠌ᠰᠡᠨ᠂ ᠬᠠᠷᠠᠴᠠᠨ᠎ᠠᠴᠠ ᠮᠡᠯᠮᠡᠷᠡᠭ᠌ᠰᠡᠨ᠂ ᠬᠠᠢᠷ᠎ᠠ᠎ᠠᠴᠠ ᠤᠨᠳᠤᠷᠤᠬ᠍ᠰᠠᠨ᠂ ᠳᠤᠷᠠᠯᠠᠯ᠎ᠠᠴᠠ ᠳᠡᠯᠭᠡᠷᠡᠭ᠌ᠰᠡᠨ᠂ ᠭᠦᠷᠦᠰᠦᠨ᠎ᠠᠴᠠ ᠬᠦᠪᠦᠷᠡᠭ᠌ᠰᠡᠨ᠂ ᠭᠦᠮᠦᠨ ᠪᠠᠢᠭᠠᠯᠢ᠎ᠠᠴᠠ ᠰᠤᠯᠤᠩᠭᠠᠷᠠᠭ᠍ᠰᠠᠨ ᠴᠡᠭᠡᠵᠢᠨ᠎ᠤ ᠳᠤᠭ᠍ᠳᠤᠯᠤᠯ᠂ ᠴᠢᠰᠦᠨ᠎ᠤ ᠤᠷᠬᠢᠯᠤᠯ᠎ᠢ ᠶᠠᠭᠠᠬᠢᠵᠦ᠍ ᠤᠨᠤᠯᠵᠢᠭᠤᠯᠵᠦ᠍ ᠶᠠᠷᠢᠬᠤ ᠪᠢᠯᠨ᠃ ᠱᠢᠯᠦᠭ ᠪᠤᠯ ᠦᠨᠡᠨ᠎ᠳᠡᠭᠡᠨ ᠰᠡᠳᠭᠢᠯ᠎ᠤᠨ ᠲᠠᠯᠠᠪᠴᠢ᠂ ᠤᠶᠤᠨ ᠪᠢᠯᠢᠭ᠎ᠤᠨ ᠤᠪᠠᠳᠢᠰ ᠶᠤᠮ》 ᠬᠡᠰᠡᠨ ᠪᠠᠢᠯ᠎ᠠ᠃ ᠡᠨᠡ᠎ᠨᠢ ᠦᠨᠡᠬᠡᠷ ᠨᠢᠬᠡᠨ ᠡᠷᠳᠡᠮᠳᠡᠨ᠎ᠤ ᠢᠷᠠᠭᠤ ᠨᠠᠢᠷᠠᠭ᠎ᠤᠨ ᠲᠤᠬᠠᠢ ᠬᠡᠯᠡᠭ᠌ᠰᠡᠨ 《ᠮᠦᠩᠬᠡ᠎ᠶ᠋ᠢᠨ ᠪᠤᠷᠬᠠᠨᠯᠢᠭ᠂ ᠲᠠᠷᠨᠢᠯᠢᠭ᠂ ᠱᠢᠳᠢᠯᠢᠭ ᠴᠢᠨᠡᠷ ᠪᠠᠢᠳᠠᠯ᠎ᠢᠶᠠᠷ ᠬᠦᠮᠦᠨ᠎ᠤ ᠲᠤᠳᠤᠭᠠᠳᠦ ᠶᠢᠷᠳᠢᠨᠴᠦ᠍᠎ᠶ᠋ᠢ ᠠᠷᠢᠭᠤᠰᠭᠠᠨ᠂ ᠭᠭᠢᠷ ᠪᠤᠷᠳᠠᠭ᠎ᠢ ᠴᠡᠪᠡᠷᠯᠡᠵᠦ᠍ ᠴᠢᠳᠠᠬᠤ ᠤᠪᠠᠳᠢᠰ᠎ᠲᠠᠢ ᠶᠤᠮ》 ᠬᠡᠰᠡᠨ ᠦᠬᠡ᠎ᠲᠠᠢ ᠢᠵᠢᠯᠬᠡᠨ ᠰᠠᠨᠠᠬ᠍ᠳᠠᠯ᠎ᠠ᠃

ᠬᠤᠩ ᠵᠢᠨᠬᠤᠸᠠᠷ ᠠᠯᠠᠱᠠ ᠢᠷᠠᠭᠤ ᠨᠠᠢᠷᠠᠭ᠍ᠴᠢᠳ᠎ᠤᠨ᠎ᠢᠶᠠᠨ ᠤᠷᠠᠨ ᠪᠦᠳᠦᠬᠡᠯ᠎ᠤᠳ᠎ᠢ ᠮᠠᠱᠢᠳᠠ ᠪᠠᠭ᠍ᠠᠷᠬᠠᠨ ᠤᠩᠱᠢᠳᠠᠭ ᠪᠠᠢᠨ᠎ᠠ᠃ ᠪᠤᠶᠠᠨᠪᠠᠳᠤ᠂ ᠮ·ᠼᠠᠳᠠᠨᠪᠠᠯ᠎ᠤᠨ ᠢᠨᠠᠭ᠎ᠤᠨ ᠱᠢᠯᠦᠭ᠎ᠤᠳ ᠎ᠢ ᠪᠤᠯ 《ᠵᠢᠷᠦᠭᠡᠨ ᠳᠡᠭᠡᠷ᠎ᠡ᠎ᠪᠠᠨ ᠳᠠᠯᠪᠢᠵᠦ᠍ ᠤᠩᠱᠢᠳᠠᠭ》 ᠬᠡᠵᠦ᠍ ᠬᠡᠯᠡᠬᠦ᠌ ᠲᠤᠷᠠᠳᠠᠢ᠃ 《ᠢᠨᠠᠭ᠎ᠤᠨ ᠱᠢᠯᠦᠭ᠎ᠢ ᠤᠬᠠᠭ᠎ᠠ ᠦᠭᠡᠢ ᠬᠠᠢᠷᠠᠯᠠᠵᠤ ᠤᠩᠱᠢᠳᠠᠭ ᠎ᠢ ᠮᠢᠨᠢ ᠤᠢᠯᠠᠭᠠᠭᠠᠷᠠᠢ! ᠪᠦᠰᠡᠭᠦᠢ ᠭᠦᠮᠦᠨ᠎ᠤ ᠰᠡᠳᠭᠢᠯ ᠡᠮᠵᠡᠭ᠌ᠬᠡᠨ ᠤᠶᠠᠬᠠᠨ ᠪᠤᠯᠤᠭᠠᠳ ᠴᠤ᠌ ᠳᠡᠷᠨ ᠪᠤᠯᠪᠠ ᠤᠤ᠂ ᠬᠦᠬᠡᠷᠦᠬᠦᠢ! ᠮ ·ᠼᠠᠳᠠᠨᠪᠠᠯ ᠠᠬ᠍ᠰᠠᠨ᠎ᠤ ᠮᠠᠨᠢ ᠱᠢᠯᠦᠭ ᠦᠯᠢᠭᠡᠷᠯᠢᠭ᠂ ᠳᠤᠮᠤᠭ᠍ᠯᠢᠭ᠂ ᠤᠶᠠᠩᠭᠠᠯᠢᠭ ᠪᠠᠢᠳᠠᠭ᠃ ᠬᠠᠷᠢᠨ ᠪᠤᠶᠠᠨᠪᠠᠳᠤ᠎ᠶ᠋ᠢᠨ ᠢᠷᠠᠭᠤ ᠨᠠᠢᠷᠠᠭ ᠤᠬᠠᠭᠠᠯᠢᠭ᠂ ᠢᠷᠠᠭᠤᠯᠢᠭ᠂ ᠡᠷᠴᠢᠮᠯᠢᠭ ᠰᠠᠨᠠᠬ᠍ᠳᠠᠳᠠᠭ᠃ ᠲᠡᠳᠡᠬᠡᠷ ᠱᠢᠯᠦᠭ᠎ᠤᠨ ᠷᠢᠳᠢ ᠱᠢᠳᠢ᠎ᠲᠠᠢ ᠦᠭᠡ ᠦᠭᠦᠯᠡᠪᠤᠷᠢ᠎ᠨᠢ ᠳᠡᠩᠳᠡ ᠨᠠᠮᠠᠶ᠋ᠢ ᠰᠤᠬ᠍ᠳᠤᠭᠤᠷᠠᠯ᠎ᠳᠤ ᠤᠨᠠᠭᠠᠳᠠᠭ ᠮᠦᠷᠳᠡᠭᠡᠨ ᠤᠩᠱᠢᠬᠤ ᠪᠦᠷᠢ ᠶᠠᠭᠠᠬᠢᠳᠠᠭ ᠴᠦ᠍ ᠪᠢᠯᠨ ᠳ᠋ᠠ ᠭᠡᠵᠦ᠍ ᠰᠡᠳᠭᠢᠯ᠎ᠤᠨ ᠳᠤᠭ᠍ᠳᠤᠯᠤᠯ᠎ᠢᠶᠠᠨ ᠳᠠᠷᠤᠵᠤ ᠴᠢᠳᠠᠳᠠᠭ ᠦᠭᠡᠢ ᠬᠠᠶᠨ᠎ᠳᠠᠭᠠᠨ ᠠᠰᠭᠠᠷᠠᠭᠤᠯᠵᠤ ᠮᠡᠯᠮᠡᠷᠡᠭᠦᠯᠵᠤ ᠪᠠᠢᠭ᠍ᠰᠠᠨ ᠮᠢᠨᠢ ᠦᠨᠡᠨ! ᠡᠢᠮᠦ᠍ ᠰᠠᠢᠬᠠᠨ ᠢᠷᠠᠭᠤ ᠨᠠᠢᠷᠠᠭ᠍ᠴᠢᠳ ᠤᠯᠠᠨ ᠭᠠᠷᠬᠤ ᠪᠤᠯᠳᠤᠭᠠᠢ ᠭᠡᠵᠦ᠍ ᠬᠦᠰᠡᠳᠡᠭ ᠶᠤᠮ ᠳ᠋ᠠ》 ᠬᠡᠵᠦ᠍ ᠪᠠᠢᠬ᠍ᠰᠠᠨ᠃

ᠬᠤᠨᠭ᠌ ᠵᠢᠨᠬᠤᠸᠠᠷ 《ᠴᠡᠴᠡᠭ᠎ᠲᠠᠢ ᠳᠡᠨᠵᠢ ᠰᠤᠯᠤᠩᠭ᠎ᠠ᠎ᠲᠠᠢ᠂ ᠱᠢᠯᠦᠭ᠎ᠲᠠᠢ ᠠᠮᠢᠳᠤᠷᠠᠯ ᠤᠶᠠᠩᠭ᠎ᠠ᠎ᠲᠠᠢ》 ᠬᠡᠮᠡᠨ ᠦᠪᠡᠷ᠎ᠢ᠎ᠪᠠᠨ ᠪᠠᠢᠩᠭᠤ ᠴᠡᠨᠡᠭ᠌ᠯᠡᠵᠦ᠍᠂ ᠬᠦᠰᠡᠵᠦ᠍ ᠲᠡᠮᠡᠤᠯᠵᠦ᠍᠂ ᠰᠠᠨᠠᠵᠦ᠍ ᠪᠤᠳᠤᠭ᠍ᠰᠠᠨ᠎ᠢᠶᠠᠨ ᠬᠦᠢᠴᠡᠬᠡᠵᠦ᠍ ᠢᠷᠡᠵᠡᠢ᠃ ᠲᠡᠷᠡ ᠪᠡᠷ ᠲᠦᠴᠢ ᠱᠢᠬᠠᠮ ᠵᠢᠯ ᠢᠷᠡᠭᠤ ᠨᠠᠢᠷᠠᠭ᠎ᠢᠶᠠᠷ ᠤᠶᠤᠨ ᠰᠡᠳᠭᠢᠯ᠎ᠢᠶᠠᠨ ᠬᠡᠷᠡᠯᠳᠦᠭᠦᠯᠵᠦ᠍ ᠢᠷᠡᠬᠦ᠌᠎ᠳᠡᠭᠡᠨ ᠦᠪᠡᠷ᠎ᠤᠨ ᠪᠠᠭ᠍ᠠᠷᠬᠠᠯ᠎ᠤᠨ ᠵᠦᠭ᠎ᠢᠶᠠᠨ ᠶᠡᠷᠤᠨᠢ ᠦᠬᠡᠷᠡᠴᠢᠯᠡᠭᠡ ᠦᠬᠡᠢ ᠪᠠᠷᠢᠮᠳᠠᠯᠠᠵᠦ᠍ ᠢᠷᠡᠭ᠌ᠰᠡᠨ᠎ᠨᠢ ᠨᠢᠬᠡᠨ ᠨᠢᠭᠤᠴᠠ ᠬᠡᠯᠳᠡᠢ᠃ ᠲᠡᠷᠡ ᠴᠦ᠍ ᠮᠦᠷᠳᠡᠯ᠎ᠡ᠎ᠪᠠᠨ ᠬᠠᠢᠷ᠎ᠠ᠎ᠶ᠋ᠢᠨ ᠱᠢᠯᠦᠭ᠎ᠤᠳ᠎ᠨᠢ ᠮᠦᠩᠬᠡ᠎ᠶ᠋ᠢᠨ ᠤᠰᠤ ᠠᠮᠰᠠᠬ᠍ᠰᠠᠨ ᠮᠡᠳᠦ ᠬᠡᠵᠢᠶᠡᠳᠡ ᠭᠠᠯ ᠵᠠᠯᠠᠭᠤ᠎ᠶ᠋ᠢᠨ ᠴᠤᠭ ᠵᠤᠯᠪᠤᠭ᠎ᠠ᠎ᠪᠠᠨ ᠬᠠᠳᠠᠭᠠᠯᠠᠵᠦ᠍ ᠴᠢᠳᠠᠬ᠍ᠰᠠᠨ᠎ᠨᠢ ᠮᠦᠨ ᠴᠦ᠍ ᠭᠠᠢᠬᠠᠯᠳᠠᠢ ᠠᠵᠢ᠃ ᠢᠷᠡᠭᠤ ᠨᠠᠢᠷᠠᠬ᠍ᠴᠢ ᠭᠠᠯᠪᠠᠭᠠᠳᠤᠷ 《ᠲᠤᠷᠠᠯᠠᠯ ᠴᠡᠴᠡᠭ᠌ᠯᠡᠭ᠌ᠰᠡᠨ ᠦᠳᠡᠰᠢ》 ᠬᠡᠮᠡᠬᠦ᠌ ᠱᠢᠯᠦᠭ᠎ᠲᠤᠨᠢ ᠦᠨᠡᠯᠡᠯᠳᠡ ᠦᠭ᠌ᠴᠦ᠂ 《ᠬᠤᠨᠭ᠌ ᠵᠢᠨᠬᠤᠸᠠᠷ ᠪᠤᠯ ᠬᠠᠢᠷ᠎ᠠ᠎ᠶ᠋ᠢᠨ ᠱᠢᠳᠢ᠎ᠪᠠᠷ ᠦᠪᠡᠷ᠎ᠤᠨ᠎ᠢᠶᠠᠨ ᠶᠢᠷᠳᠢᠨᠴᠦ᠍᠎ᠶ᠋ᠢ ᠤᠷᠠᠯᠠᠵᠦ᠍ ᠶᠠᠪᠤᠭ᠎ᠠ ᠪᠦᠰᠡᠬᠦᠢ ᠨᠠᠢᠷᠠᠬ᠍ᠴᠢ》 ᠬᠡᠵᠦ᠍ ᠦᠨᠡᠯᠡᠯᠳᠡ ᠦᠭ᠌ᠴᠦ ᠪᠠᠢᠬ᠍ᠰᠠᠨ᠎ᠨᠢ ᠶᠠᠭᠠᠬᠢᠬᠤ᠎ᠶ᠋ᠢᠨ ᠠᠷᠭ᠎ᠠ ᠦᠬᠡᠢ ᠤᠨᠤᠭᠠᠵᠦ᠍ ᠬᠡᠯᠡᠭ᠌ᠰᠡᠨ ᠦᠬᠡ ᠪᠠᠢᠯ᠎ᠠ᠃


ᠭᠤᠪᠢ ᠶ᠋ᠢᠨ ᠬᠠᠢᠺᠦᠴᠢ ᠪᠤᠶᠤ ᠵ᠊ ·ᠰᠡᠷᠭᠦᠯᠡᠩ ᠎ᠤᠨ ᠰᠡᠳᠭᠢᠳᠡᠭ ᠲᠤᠩᠭᠠᠯᠠᠭ ᠬᠢᠵᠠᠭᠠᠷ

ᠡᠴᠢᠬᠡ ᠲᠡᠭ᠌ᠷᠢ᠎ᠶ᠋ᠢᠨ ᠬᠡᠱᠢᠭ ᠬᠠᠢᠷᠠᠯᠠᠬ᠍ᠰᠠᠨ

ᠲᠠᠪᠤᠨ ᠡᠷᠳᠡᠨᠢ᠎ᠶ᠋ᠢᠨ ᠢᠷᠡᠭᠤ ᠡᠬᠡᠱᠢᠭ᠌ᠯᠡᠩ᠎ᠲᠠᠢ

ᠡᠷᠳᠡᠨᠢᠳᠦ ᠪᠦᠬᠦᠨ᠎ᠤ ᠬᠦᠬᠦᠨ᠎ᠠᠴᠠ ᠤᠨᠳᠤᠷᠤᠭ᠍ᠰᠠᠨ

ᠲᠠᠷᠠᠭ ᠠᠢᠷᠠᠭ᠎ᠤᠨ ᠠᠩᠬᠢᠯᠤᠮ᠎ᠠ ᠦᠨᠦᠷ᠎ᠲᠠᠢ

ᠴᠢᠳᠦᠷ᠎ᠤᠨ ᠰᠤᠮᠤᠨ᠎ᠠᠴᠠ ᠡᠷᠴᠢᠯᠡᠵᠦ᠍ ᠪᠤᠰᠤᠭ᠍ᠰᠠᠨ

ᠲᠠᠬ᠍ᠰᠢᠬᠤ ᠵᠡᠬᠡᠷ᠎ᠡ᠎ᠶ᠋ᠢᠨ ᠠᠮᠤᠭᠤᠯᠠᠩ ᠵᠠᠶᠠᠭ᠎ᠠ᠎ᠲᠠᠢ

ᠲᠡᠭ᠌ᠰᠢ ᠪᠤᠰᠤᠭ᠎ᠠ ᠦᠵᠡᠰᠭᠦᠯᠡᠩᠳᠦ ᠲᠡᠭᠦᠯᠳᠡᠷ ᠪᠢᠴᠢᠭ᠎ᠠᠴᠠ

ᠴᠠᠮᠨᠠᠵᠦ᠍ ᠪᠠᠭᠤᠬ᠍ᠰᠠᠨ ᠤᠩᠭᠤᠳ ᠪᠢᠯᠢᠭ᠎ᠲᠠᠢ

ᠴᠡᠴᠡᠨ ᠲᠤᠤᠯᠢ᠎ᠶ᠋ᠢᠨ ᠲᠤᠮᠤᠭ᠍ᠳᠦ ᠡᠬᠡ ᠬᠡᠯᠡ᠎ᠪᠠᠷ

ᠴᠢᠮ᠎ᠠ᠎ᠳᠠᠭᠠᠨ ᠪᠢ ᠲᠠᠪᠠᠯ ᠤᠶᠤᠵᠦ᠍ ᠯᠠ ᠶᠠᠪᠤᠨ᠎ᠠ ᠮᠦᠩᠬᠡ᠎ᠶ᠋ᠢᠨ ᠡᠬᠡ ᠤᠷᠤᠨ ᠮᠢᠨᠤ!

ᠡᠨᠡ ᠬᠦ᠌ ᠡᠬᠡ ᠤᠷᠤᠨ᠎ᠳᠠᠭᠠᠨ 《ᠴᠠᠢᠯᠭᠠᠨ ᠲᠦᠮᠠᠨ᠎ᠤ ᠵᠢᠷᠦᠬᠡᠨ ᠬᠡ᠎ᠲᠠᠢ》 ᠲᠠᠪᠠᠯ ᠤᠶᠤᠵᠦ᠍᠂ 《ᠴᠠᠬᠢᠯᠬᠤ ᠬᠦᠯᠦᠭ᠎ᠤᠨ᠎ᠢᠶᠠᠨ ᠬᠤᠷᠳᠦ᠍᠎ᠶ᠋ᠢ ᠬᠤᠷᠤᠢᠯᠠᠬ᠍ᠰᠠᠨ》 ᠢᠷᠠᠭᠤ ᠨᠠᠢᠷᠠᠬ᠍ᠴᠢ ᠪᠤᠯ ᠠᠯᠠᠱᠠ ᠪᠠᠷᠠᠭᠤᠨ ᠬᠤᠱᠢᠭᠤᠨ᠎ᠤ ᠠᠯᠳᠠᠨᠴᠤᠭ ᠰᠤᠮᠤᠨ᠎ᠤ ᠮᠠᠯᠴᠢᠨ ᠪᠦᠰᠡᠬᠦᠢ ᠤᠷᠢᠶᠠᠩᠬᠠᠢ ᠵᠠᠮᠫᠠᠯᠠᠢ᠎ᠶ᠋ᠢᠨ ᠰᠡᠷᠭᠦᠯᠡᠩ ᠪᠢᠯᠡ᠃

《ᠪᠦᠰᠡᠬᠦᠢᠴᠤᠳ ᠤᠷᠴᠢᠯᠠᠩ᠎ᠢ ᠬᠠᠢᠷ᠎ᠠ᠎ᠪᠠᠷ ᠲᠦᠰᠦᠬᠡᠯᠡᠵᠦ᠍᠂ ᠠᠮᠢᠳᠤᠷᠠᠯ᠎ᠢ ᠵᠢᠷᠦᠬᠡ᠎ᠪᠠᠷ᠎ᠢᠶᠠᠨ ᠰᠡᠳᠭᠢᠳᠡᠭ》 ᠤ᠋ᠨ ᠡᠷᠴᠢ᠎ᠪᠠᠷ ᠵ᠊·ᠰᠡᠷᠭᠦᠯᠡᠩ ᠨᠡᠯᠢᠶᠡᠳ ᠡᠷᠳᠡ᠂ ᠲᠠᠷᠤᠢ 2000 ᠤᠨ᠎ᠠᠴᠠ ᠡᠬᠢᠯᠡᠵᠦ᠍ ᠦᠪᠡᠷ᠎ᠤᠨ ᠬᠡᠰᠡᠨ ᠮᠡᠳᠡᠷᠡᠬᠦᠢ ᠰᠡᠳᠭᠢᠬᠦᠢ᠎ᠶ᠋ᠢᠨ ᠶᠢᠷᠳᠢᠨᠴᠦ᠍᠎ᠳᠡᠭᠡᠨ ᠦᠪᠡᠷ᠎ᠤᠨ ᠬᠡᠰᠡᠨ ᠰᠠᠨᠠᠭ᠎ᠠ ᠠᠬᠤᠢ᠎ᠪᠠᠨ ᠪᠦᠳᠦᠬᠡᠵᠦ᠍᠂ ᠬᠦᠬᠡᠷᠦᠬᠦᠨ ᠴᠡᠮᠴᠡᠬᠡᠷ᠂ ᠤᠷᠠᠨ ᠤᠬᠠᠭᠠᠯᠢᠭ ᠱᠢᠯᠦᠭ᠎ᠤᠳ᠎ᠢᠶᠠᠨ ᠠᠷᠠᠳ ᠲᠦᠮᠠᠨ᠎ᠳᠡᠭᠡᠨ ᠭᠦᠷᠬᠡᠭ᠌ᠰᠡᠭᠡᠷ ᠢᠷᠡᠵᠡᠢ᠃ ᠬᠠᠷᠢᠨ ᠤᠢᠷ᠎ᠠ᠎ᠶ᠋ᠢᠨ ᠵᠢᠯ ᠨᠡᠬᠡᠢ ᠬᠡᠮᠡᠬᠦ᠌ ᠪᠢᠷ᠎ᠤᠨ ᠨᠡᠷ᠎ᠡ᠎ᠪᠠᠷ᠎ᠢᠶᠠᠨ ᠪᠦᠳᠦᠬᠡᠯ᠎ᠢᠶᠠᠨ ᠨᠠᠢᠳᠠᠯᠠᠬᠦ᠌ ᠪᠤᠯᠤᠬ᠍ᠰᠠᠨ᠎ᠨᠢ ᠲᠡᠬᠦᠨ᠎ᠤ ᠬᠤᠪᠢ᠎ᠳᠤ ᠱᠢᠨ᠎ᠠ ᠨᠢᠬᠡᠨ ᠡᠬᠢᠯᠡᠯᠳᠡ ᠪᠠᠢᠬ᠍ᠰᠠᠨ ᠰᠠᠨ ᠪᠤᠯᠪᠠ ᠤᠤ⁈ ᠲᠡᠷᠡ ᠪᠡᠷ ᠪᠦᠬᠦ᠌ ᠤᠯᠤᠰ᠎ᠤᠨ 《ᠰᠦ᠎ᠶ᠋ᠢᠨ ᠰᠠᠴᠤᠯᠢ》 ᠮᠠᠯᠴᠢᠳ᠎ᠤᠨ ᠤᠷᠠᠨ ᠵᠤᠬᠢᠶᠠᠯ᠎ᠤᠨ ᠤᠷᠤᠯᠳᠤᠭᠠᠨ᠂ ᠪᠦᠬᠦ᠌ ᠤᠯᠤᠰ᠎ᠤᠨ ᠨᠠᠢ᠍ᠮᠠᠨ ᠮᠤᠵᠢ ᠤᠷᠤᠨ᠎ᠤ 《ᠡᠯᠡᠰᠦᠨ᠎ᠤ ᠡᠷᠢᠶ᠎ᠠ》 ᠱᠢᠯᠦᠭ᠎ᠤᠨ ᠤᠷᠤᠯᠳᠤᠭᠠᠨ ᠵᠡᠷᠬᠡ ᠤᠯᠤᠰ᠂ ᠤᠷᠤᠨ᠎ᠤ ᠬᠡᠪᠴᠢᠶᠡᠨ᠎ᠤ ᠤᠷᠠᠨ ᠵᠤᠬᠢᠶᠠᠯ᠎ᠤᠨ ᠤᠷᠤᠯᠳᠤᠭᠠᠨ ᠲᠡᠮᠡᠴᠡᠭᠡᠨ᠎ᠳᠤ ᠤᠯᠠᠨᠳᠠ ᠱᠠᠩᠨᠠᠯ ᠬᠦᠭᠢᠭᠦᠯᠦᠯ ᠬᠦᠷᠳᠡᠭ᠌ᠰᠡᠨ ᠪᠦᠬᠡᠳ ᠤᠯᠠᠨ ᠤᠯᠤᠰ᠎ᠤᠨ ᠬᠠᠢᠺᠦ᠋ ᠰᠡᠳᠬᠦᠯ ᠲᠡᠬᠡᠷ᠎ᠡ ᠪᠦᠳᠦᠬᠡᠯ᠎ᠤᠳ᠎ᠨᠢ ᠰᠤᠩᠭᠤᠬ᠍ᠳᠠᠨ ᠨᠠᠢᠳᠠᠯᠡᠭ᠌ᠳᠡᠵᠦ᠍᠂ ᠮᠤᠩᠭᠤᠯ ᠬᠠᠢᠺᠦ᠋ ᠪᠤᠶᠤ ᠭᠤᠪᠢ᠎ᠶ᠋ᠢᠨ ᠬᠠᠢᠺᠦ᠋᠎ᠶ᠋ᠢᠨ ᠤᠷᠠᠨ ᠮᠡᠳᠡᠷᠡᠮᠵᠢ᠎ᠶ᠋ᠢᠨ ᠬᠦᠭ ᠠᠢᠵᠠᠮ᠎ᠢᠶᠠᠷ ᠲᠡᠯᠡᠬᠡᠢ᠎ᠶ᠋ᠢᠨ ᠤᠯᠠᠨ ᠤᠯᠤᠰ᠎ᠤᠨ ᠱᠢᠯᠦᠭ᠎ᠤᠨ ᠪᠠᠭ᠍ᠠᠳᠠᠳ᠎ᠤᠨ ᠪᠠᠭ᠍ᠠᠷᠬᠠᠯ ᠲᠠᠭᠠᠱᠢᠶᠠᠯ᠎ᠢ ᠬᠦᠭ᠌ᠯᠡᠵᠦ᠍ ᠦᠵᠡᠵᠡᠢ᠃ ᠬᠡᠭᠦ᠎ᠳᠡᠭᠡᠨ ᠤᠷᠠᠨ ᠪᠦᠳᠦᠬᠡᠯ᠎ᠤᠨ ᠤᠨᠳᠤᠷᠤᠭ᠎ᠠ ᠰᠠᠢᠳᠠᠢ ᠴᠦ᠍ ᠡᠬᠡᠯ ᠲᠠᠷᠤᠤ ᠲᠡᠷᠡ ᠯᠡ ᠬᠡᠪ᠎ᠢᠶᠠᠷ᠎ᠢᠶᠠᠨ᠄ 《〈ᠮᠤᠩᠭᠤᠯ ᠮᠦᠰᠦ〉 ᠬᠡᠬᠦ᠌ ᠠᠩᠬᠠᠨ᠎ᠤ ᠪᠦᠳᠦᠬᠡᠯ᠎ᠢᠶᠠᠨ ᠰᠤᠨᠢᠨ᠎ᠳᠤ ᠨᠠᠢᠳᠠᠯᠠᠭᠦᠯᠦᠬᠡᠳ ᠶᠡᠭᠡ ᠤᠷᠮ᠎ᠠ ᠠᠪᠤᠬ᠍ᠰᠠᠨ ᠰᠠᠨ᠂ ᠤᠢᠭ᠎ᠠ ᠦᠬᠡᠢ ᠤᠷᠤᠯᠳᠤᠯᠭ᠎ᠠ᠎ᠶ᠋ᠢᠨ ᠤᠷᠮ᠎ᠠ᠎ᠳᠤ ᠡᠳᠦᠬᠡ ᠬᠤᠶᠠᠷ ᠨᠤᠮ᠎ᠲᠠᠢ ᠪᠤᠯᠤᠬ᠍ᠰᠠᠨ᠂ ᠪᠠᠰᠠ ᠨᠢᠬᠡ ᠨᠤᠮ᠎ᠢᠶᠠᠨ ᠬᠡᠪᠯᠡᠯ᠎ᠳᠤ ᠦᠭ᠌ᠴᠢᠬᠡᠭᠡᠳ ᠪᠠᠢᠨ᠎ᠠ᠃ ᠨᠢᠬᠡ ᠰᠠᠢᠬᠠᠨ ᠤᠷᠠᠨ ᠪᠦᠳᠦᠬᠡᠯᠴᠢ ᠪᠤᠯᠤᠶ᠎ᠠ ᠬᠡᠪᠡᠯ ᠢᠯᠡᠬᠦᠦ ᠤᠩᠱᠢᠬᠤ ᠴᠢᠬᠤᠯᠠᠳᠠᠢ ᠶᠤᠮ ᠪᠠᠢᠨ᠎ᠠ ᠯᠠᠢ᠂ ᠪᠢ ᠪᠤᠯ ᠨᠤᠮ ᠤᠩᠱᠢᠬᠤ ᠲᠠᠯ᠎ᠠ᠎ᠪᠠᠷ ᠮᠠᠰᠢ ᠲᠤᠳᠠᠮᠠᠭ ᠪᠠᠢᠭ᠎ᠠ ᠬᠦᠮᠦᠨ ᠱᠢᠤ᠃ 〈ᠵᠠᠪ ᠦᠬᠡᠢ᠂ ᠵᠠᠯᠬᠠᠭᠤ〉 ᠬᠤᠶᠠᠷ᠎ᠲᠠᠭᠠᠨ ᠲᠡᠷᠤᠯᠠᠬ᠍ᠳᠠᠭᠠᠳ ᠬᠡᠳᠦᠬᠡᠨ ᠨᠤᠮ ᠤᠩᠱᠢᠬ᠍ᠰᠠᠨ ᠶᠤᠮ》 ᠬᠡᠵᠦ᠍ ᠪᠠᠢᠬ᠍ᠰᠠᠨ ᠪᠢᠯᠡ᠃

《ᠨᠠᠮᠢᠷᠠᠭ᠎ᠠ ᠴᠡᠩᠬᠡᠷ ᠪᠤᠷᠤᠭᠠᠨ᠎ᠤ ᠲᠤᠰᠤᠯ᠎ᠢᠶᠠᠷ ᠨᠠᠮᠠᠶ᠋ᠢ ᠲᠦᠰᠦᠬᠡᠯᠡᠬᠡᠷᠡᠢ! ᠲᠡᠷᠡ ᠮᠢᠨᠤ ᠲᠤᠳᠤᠭᠠᠳᠦ ᠤᠷᠤᠱᠢᠬᠤᠢ᠎ᠶ᠋ᠢᠨ ᠬᠡᠯᠪᠡᠷᠢ ᠶᠤᠮ》᠂ 《ᠦᠬᠡ ᠤᠯᠢᠬᠤ᠎ᠳᠤ ᠲᠡᠭ᠌ᠷᠢ ᠱᠢᠷᠬᠠᠳᠤᠨ᠎ᠠ》᠂ 《ᠮᠤᠳᠤᠳ ᠨᠠᠪᠴᠢ᠎ᠪᠠᠷ ᠤᠬᠢᠯᠠᠬᠤ᠎ᠳᠤ \ ᠨᠠᠮᠤᠷ ᠮᠢᠨᠤ ᠵᠢᠷᠦᠬᠡᠨ᠎ᠳᠤ ᠢᠴᠡᠬᠡᠯᠡᠳᠡᠭ \ ᠭᠤᠨᠢᠭ᠎ᠢᠶᠠᠨ ᠨᠢᠭᠤᠬᠤ ᠬᠡᠵᠦ᠍ ᠁》 ᠬᠡᠮᠡᠨ ᠭᠠᠢᠬᠠᠯᠳᠠᠢ ᠰᠡᠳᠭᠢᠳᠡᠭ  ᠵ᠊·ᠰᠡᠷᠭᠦᠯᠡᠩ ᠮᠠᠨᠢ ᠬᠤᠯᠠᠨ᠎ᠤ ᠱᠢᠯᠦᠭ᠎ᠤᠳ᠎ᠢ ᠪᠠᠭ᠍ᠠᠷᠬᠠᠨ ᠤᠩᠱᠢᠳᠠᠭ ᠨᠢᠬᠡᠨ ᠠᠪᠠᠢ᠃

《 ᠲᠠᠯᠢ ᠬᠤᠶᠠᠷ ᠵᠢᠬᠦᠷ᠎ᠢᠶᠠᠨ

ᠲᠡᠮᠵᠢᠭᠤᠯᠤᠭᠠᠳ ᠪᠤᠴᠠᠯ᠎ᠠ᠂ ᠲᠤᠭᠤᠷᠤᠤ ᠱᠢᠪᠠᠭᠤ

ᠬᠠᠮᠢᠭ᠎ᠠ ᠤᠴᠢᠵᠦ᠍ ᠪᠠᠭᠤᠬᠤ ᠪᠤᠯ?

ᠬᠠᠷᠢ᠎ᠶ᠋ᠢᠨ ᠨᠤᠳᠤᠭ᠎ᠠᠴᠠ ᠭᠤᠶᠤᠬᠤ᠎ᠨᠢ ᠪᠤᠯ

ᠦᠬᠢᠨ ᠰᠡᠪᠡᠯᠬᠡ ᠱᠢᠭ ᠦᠳᠦᠯᠢᠭ ᠵᠢᠬᠦᠷ

ᠤᠷᠤᠭ ᠡᠬᠦᠯᠡᠰ᠎ᠤᠨ ᠨᠠᠭᠠᠨ᠎ᠠ ᠴᠠᠭᠠᠨ᠎ᠠ ᠬᠢᠯᠠᠰᠭᠢᠵᠦ᠍

ᠬᠦᠷᠬᠦ᠌ ᠪᠤᠯᠤᠭ᠎ᠠ ᠦᠬᠡᠢ ᠭᠠᠵᠠᠷ᠎ᠤᠨ ᠵᠦᠭ ᠦᠬᠡᠳᠡ

ᠬᠡᠤᠬᠡᠨ ᠬᠦᠮᠦᠨ᠎ᠤ᠎ᠬᠢ ᠱᠢᠭ ᠭᠤᠨᠢᠭ᠍ᠳᠦ ᠲᠠᠭᠤ ᠬᠠᠳᠠᠭᠠᠨ᠎ᠠ ᠁ ᠬᠡᠵᠦ᠍ ᠮᠠᠰᠢ ᠡᠮᠵᠡᠭ᠌ᠯᠡᠩᠭᠦᠢ ᠪᠢᠴᠢᠭ᠌ᠰᠡᠨ ᠪᠠᠢᠭ᠎ᠠ ᠶᠤᠮ᠃ ᠢᠩᠬᠢᠬᠡᠳ ᠪᠤᠳᠤᠬᠤ᠎ᠪᠠᠷ ᠡᠮᠡᠭ᠌ᠳᠡᠢ ᠬᠦᠮᠦᠨ ᠤᠷᠠᠨ ᠵᠤᠬᠢᠶᠠᠯᠴᠢ ᠪᠤᠯᠤᠨ᠎ᠠ ᠬᠡᠳᠡᠭ ᠬᠠᠳᠠᠭᠤᠬᠠᠨ ᠦᠢᠯᠡ ᠴᠦ᠍ ᠶᠤᠮ ᠱᠢᠭ ᠰᠠᠨᠠᠬ᠍ᠳᠠᠳᠠᠭ》 ᠬᠡᠵᠦ᠍ ᠲᠡᠷᠡ ᠪᠡᠷ ᠪᠠᠰᠠ ᠡᠮᠵᠡᠭ᠌ᠯᠡᠨ᠎ᠡ᠃ ᠤᠷᠠᠨ ᠪᠦᠳᠦᠬᠡᠯᠴᠢ ᠬᠦᠮᠦᠨ ᠡᠮᠵᠡᠭ᠌ᠯᠡᠵᠦ᠍ ᠪᠠᠢᠳᠠᠭ᠎ᠨᠢ ᠰᠡᠷᠡᠬᠦᠢ ᠮᠡᠳᠡᠷᠡᠬᠦᠢ᠎ᠨᠢ ᠴᠡᠨᠡᠭ ᠠᠪᠴᠦ᠍ ᠪᠠᠢᠬᠤ᠎ᠶ᠋ᠢᠨ ᠬᠢᠨᠢ ᠨᠢᠬᠡᠨ ᠢᠯᠡᠷᠡᠯ ᠰᠠᠨ ᠪᠤᠯᠪᠠ ᠤᠤ⁈ ᠱᠢᠨᠠᠯᠵᠦ᠍ ᠪᠠᠢᠵᠦ᠍ ᠶᠢᠷᠳᠢᠨᠴᠦ᠍᠎ᠶ᠋ᠢ ᠮᠡᠳᠡᠷᠡᠬᠦ᠌ ᠬᠡᠭ᠌ᠴᠢ ᠨᠢᠬᠡ ᠪᠤᠳᠤᠪᠠᠯ ᠦᠨᠡᠬᠡᠷ ᠪᠦᠰᠡᠬᠦᠢ ᠬᠦᠮᠦᠨ᠎ᠳᠤ ᠬᠠᠳᠠᠭᠤᠬᠠᠨ ᠦᠢᠯᠡ ᠪᠠᠢᠵᠦ᠍ ᠲᠠᠭᠠᠷᠠᠨ᠎ᠠ᠃ ᠲᠡᠷᠡᠪᠡᠷ ᠤᠷᠴᠢᠮ᠎ᠤᠨ ᠵᠢᠯ᠎ᠠᠴᠠ 《ᠬᠦᠮᠦᠨ ᠲᠦᠷᠦᠯᠬᠢᠳᠡᠨ᠎ᠤ ᠢᠷᠠᠭᠤ ᠨᠠᠢᠷᠠᠭ᠎ᠤᠨ ᠲᠤᠮᠤ ᠰᠤᠶᠤᠯ᠂ ᠦᠨᠡᠳᠦ ᠵᠦᠢᠯ (ᠯᠤᠮᠪᠠ᠎ᠶ᠋ᠢᠨ ᠨᠢᠮ᠎ᠠ᠎ᠶ᠋ᠢᠨ ᠦᠬᠡ) ᠬᠡᠮᠡᠭ᠌ᠳᠡᠭ᠌ᠰᠡᠨ ᠬᠠᠢᠺᠦ᠋ ᠱᠢᠯᠦᠭ ᠪᠤᠶᠤ ᠮᠤᠩᠭᠤᠯ ᠬᠠᠢᠺᠦ᠋ ᠬᠡᠳᠡᠭ ᠤᠷᠤᠰᠭᠠᠯ᠎ᠳᠤ ᠠᠪᠢᠶᠠᠰ ᠪᠢᠯᠢᠭ᠎ᠢᠶᠠᠨ ᠰᠤᠷᠢᠵᠦ᠍᠂ 《ᠴᠡᠴᠡᠭ᠎ᠤᠨ ᠱᠢᠬᠦᠳᠡᠷᠢ \ ᠴᠢᠮᠡᠭᠡ ᠦᠬᠡᠢ ᠤᠨᠠᠨ᠎ᠠ \ ᠮᠢᠨᠤ ᠨᠢᠯᠪᠤᠰᠤ》᠂ 《ᠴᠢᠮᠠᠶ᠋ᠢ ᠪᠢ ᠲᠦᠷ ᠮᠠᠷᠳᠠᠶ᠎ᠠ \ ᠡᠷᠬᠢᠬᠦ᠌ ᠲᠦᠷᠦᠯ ᠱᠢᠭ᠎ᠢᠶᠠᠨ》 ᠁ ᠬᠡᠮᠡᠨ 《ᠡᠮᠵᠡᠭ᠌ᠯᠡᠵᠦ᠍》᠂ 《ᠲᠡᠯᠡᠭᠡᠢ᠎ᠶ᠋ᠢᠨ ᠮᠤᠩᠭᠤᠯ ᠬᠠᠢᠺᠦ᠋》 ᠰᠡᠳᠬᠦᠯ᠎ᠤᠨ ᠬᠠᠭᠤᠳᠠᠰᠤᠨ᠎ᠳᠤ ᠭᠤᠪᠢ᠎ᠶ᠋ᠢᠨ ᠤᠶᠠᠩᠭ᠎ᠠ᠎ᠶ᠋ᠢ ᠨᠦᠬᠦᠵᠡᠢ᠃ ᠲᠡᠷᠡ ᠴᠦ᠍ ᠮᠦᠷᠳᠡᠯ᠎ᠠ᠎ᠪᠠᠨ ᠨᠠᠯᠢᠶᠡᠳ ᠬᠡᠳᠦᠨ ᠰᠠᠷ᠎ᠠ᠎ᠶ᠋ᠢᠨ ᠬᠢᠨᠢ ᠱᠢᠯᠢᠳᠡᠭ ᠬᠠᠢᠺᠦᠴᠢ᠎ᠪᠠᠷ ᠲᠤᠳᠤᠷᠠᠬ᠍ᠰᠠᠨ ᠪᠠᠢᠨ᠎ᠠ᠃ ᠲᠡᠢᠨ ᠬᠦ᠌ ᠨᠡᠷᠡᠳᠦ ᠱᠢᠯᠦᠭ᠌ᠴᠢ ᠲ·ᠰᠠᠴᠠᠨ᠄ 《 ᠁ ᠨᠡᠬᠡᠢ ᠪᠤᠯ ᠤᠢᠷ᠎ᠠ᠎ᠶ᠋ᠢᠨ ᠵᠢᠯ᠎ᠳᠤ ᠱᠢᠯᠦᠭ᠎ᠢᠶᠠᠷ ᠲᠡᠯᠭᠡᠷᠡᠵᠦ᠍᠂ ᠱᠢᠯᠦᠭ᠎ᠢᠶᠠᠷ ᠠᠮᠢᠰᠭᠤᠵᠦ᠍ ᠶᠠᠪᠤᠭ᠎ᠠ ᠪᠦᠰᠡᠬᠦᠢ ᠱᠢᠯᠦᠭ᠌ᠴᠢ ᠶᠤᠮ᠃ ᠬᠠᠢᠺᠦ᠋ ᠱᠢᠯᠦᠭ᠎ᠤᠨ ᠦᠷᠦᠬᠡᠨ ᠴᠦ᠍ ᠁ ᠬᠡᠰᠡᠨ 〈ᠪᠢ ᠪᠠᠢᠬᠤ ᠯᠠ ᠬᠡᠷᠡᠭ᠌ᠳᠡᠢ〉 ᠬᠡᠰᠡᠨ ᠱᠢᠭ᠎ᠢᠶᠠᠨ ᠪᠠᠢᠩᠭᠤ ᠪᠠᠢᠳᠠᠭ》 ᠬᠡᠵᠦ᠍ ᠦᠨᠡᠯᠡᠭ᠌ᠰᠡᠨ ᠪᠠᠢᠳᠠᠭ ᠃ ᠢᠩᠬᠢᠬᠡᠳ ᠮᠦᠷᠳᠡᠪᠡᠯ ᠵ᠊·ᠰᠡᠷᠬᠦᠯᠡᠩ᠎ᠤᠨ ᠬᠠᠢᠺᠦ᠋ ᠪᠦᠳᠦᠬᠡᠯ᠎ᠨᠢ ᠶᠡᠭᠠᠬᠢᠬᠤ᠎ᠶ᠋ᠢᠨ ᠠᠷᠭ᠎ᠠ ᠦᠬᠡᠢ ᠱᠢᠨ᠎ᠠ ᠨᠢᠬᠡᠨ ᠲᠡᠭ᠌ᠳᠡᠷ᠎ᠲᠤ ᠭᠠᠷᠤᠬ᠍ᠰᠠᠨ᠎ᠢ ᠵᠦᠢᠴᠢᠯᠠᠵᠦ᠍ ᠪᠤᠯᠬᠤ ᠠᠵᠢ᠃ ᠬᠡᠳᠡᠯ᠎ᠡ ᠲᠡᠷᠡ ᠪᠡᠷ 《ᠬᠠᠢᠺᠦ᠋᠎ᠨᠢ ᠮᠤᠩᠭᠤᠯ ᠤᠷᠠᠨ ᠵᠤᠬᠢᠶᠠᠯ᠎ᠤᠨ ᠶᠡᠭᠡ ᠡᠷᠳᠡᠨ᠎ᠤ ᠵᠠᠨᠠᠷ ᠶᠤᠮ ᠱᠢᠭ᠋ ᠰᠠᠨᠠᠬ᠍ᠳᠠᠬ᠍ᠰᠠᠨ᠂ ᠮᠠᠨᠠᠢᠬᠢᠨ᠎ᠤ 〈ᠶᠢᠷᠳᠢᠨᠴᠦ᠍᠎ᠶ᠋ᠢᠨ ᠭᠤᠷᠪᠠ〉 ᠬᠡᠳᠡᠭ᠎ᠲᠠᠢ ᠶᠡᠭᠡ ᠤᠢᠷᠠᠬᠠᠨ ᠶᠤᠮ ᠳ᠋ᠠ᠃ ᠮᠠᠰᠢ ᠴᠦᠬᠡᠨ ᠦᠬᠡ᠎ᠪᠠᠷ ᠮᠠᠰᠢ ᠤᠯᠠᠨ ᠰᠠᠨᠠᠭ᠎ᠠ᠎ᠶ᠋ᠢ ᠭᠠᠷᠭᠠᠵᠦ᠍ ᠴᠢᠳᠠᠬᠤᠢᠴᠠ ᠢᠷᠡᠭᠤ ᠵᠤᠬᠢᠰᠳᠦ ᠨᠠᠢᠷᠠᠭ᠃ ᠶᠠᠭᠤᠮ᠎ᠠ᠎ᠶ᠋ᠢ ᠤᠷᠤᠯᠳᠤᠭᠠᠳ ᠯᠠ ᠪᠠᠢᠪᠠᠯ ᠵᠦᠭ ᠭᠠᠷᠬᠤ ᠯᠠ ᠶᠤᠮ ᠪᠠᠢᠨ᠎ᠠ᠃ ᠬᠠᠢᠺᠦ᠋ ᠪᠢᠴᠢᠬᠡᠳ ᠵᠤᠬᠢᠬᠤ ᠠᠮᠵᠢᠯᠳᠠ᠎ᠲᠠᠢ ᠯᠠ ᠶᠠᠪᠤᠨ᠎ᠠ᠃ 〈ᠴᠢᠷᠮᠠᠢᠯᠭ᠎ᠠ ᠬᠦᠮᠦᠨ᠎ᠢ ᠭᠤᠮᠤᠳᠠᠭᠠᠳᠠᠭ ᠦᠬᠡᠢ〉 ᠬᠡᠳᠡᠭ ᠦᠨᠠᠨ ᠶᠤᠮ ᠳ᠋ᠠ》 ᠬᠡᠵᠦ᠍ ᠮᠦᠨ ᠯᠠ ᠡᠬᠡᠯ ᠲᠠᠷᠤᠤ ᠬᠡᠪ᠎ᠢᠶᠠᠷ᠎ᠢᠶᠠᠨ ᠬᠡᠳᠦᠬᠡᠨ ᠦᠬᠡ᠎ᠪᠠᠷ ᠬᠠᠷᠢᠭᠤᠯᠳᠠ ᠦᠭ᠌ᠭᠦᠨ᠎ᠠ᠃

ᠵ·ᠰᠡᠷᠭᠦᠯᠡᠩ᠎ᠤᠨ 《ᠴᠢᠳᠦᠷ ᠱᠢᠯᠦᠭ》 ᠲᠡᠬᠦᠪᠦᠷᠢ᠎ᠶ᠋ᠢᠨ ᠬᠢᠨᠢ ᠲᠦᠷᠦᠬᠡ ᠮᠢᠯᠢᠶᠠᠵᠦ᠍ ᠢᠷᠠᠭᠤ ᠨᠠᠢᠷᠠᠬ᠍ᠴᠢ᠂ ᠳ᠋ᠤᠺᠲ᠋ᠤᠷ ᠠᠯᠳᠠᠨᠴᠢᠯᠠᠭᠤ 《ᠤᠳᠦ ᠶᠠᠭ ᠰᠦᠷᠦᠭ᠎ᠤᠨ᠎ᠢᠶᠠᠨ ᠲᠡᠷᠬᠡᠳᠡ ᠬᠡᠬᠡᠷ᠎ᠡ᠎ᠶ᠋ᠢᠨ ᠰᠠᠯᠬᠢ᠎ᠪᠠᠷ ᠪᠡᠶ᠎ᠡ᠎ᠪᠠᠨ ᠠᠷᠢᠭᠤᠯᠠᠵᠦ᠍ ᠶᠠᠪᠤᠭ᠎ᠠ ᠱᠢᠯᠦᠭ᠌ᠴᠢ᠎ᠶ᠋ᠢᠨ ᠮᠠᠨᠢ ᠰᠡᠳᠭᠢᠯ᠎ᠠᠴᠠ᠎ᠨᠢ ᠰᠦᠨ᠎ᠤ ᠦᠨᠦᠷ᠂ ᠱᠢᠯᠦᠭ᠎ᠠᠴᠠ᠎ᠨᠢ ᠨᠤᠳᠤᠭ᠎ᠤᠨ ᠦᠨᠦᠷ ᠬᠠᠩᠬᠤᠯᠵᠦ᠍ ᠪᠤᠢ ᠁》 ᠬᠡᠵᠡᠢ᠃ ᠨᠤᠳᠤᠭ᠎ᠤᠨ ᠦᠨᠦᠷ ᠬᠠᠨᠭ᠌ ᠲᠠᠳᠠᠬ᠍ᠰᠠᠨ ᠠᠶᠠᠰ ᠠᠶᠠᠰᠭᠠᠨ ᠢᠷᠡᠭᠤ ᠨᠠᠢᠷᠠᠭ᠎ᠤᠨ ᠵᠦᠬᠡᠯᠡᠨ ᠰᠠᠯᠬᠢ ᠯᠠ ᠠᠯᠤᠰ ᠡᠷᠳᠡᠨ᠎ᠤ ᠵᠦᠡᠭ ᠰᠤᠪᠢᠡᠭ ᠪᠠᠢᠵᠦ᠍ ᠲᠠᠭᠠᠷᠠᠨ᠎ᠠ ᠁


《ᠮᠦᠩᠭᠦᠨ ᠬᠤᠨ》 ᠤ᠋ ᠵᠢᠪᠬᠤᠭ᠎ᠠ ᠪᠤᠶᠤ ᠰᠤᠯᠤᠩᠭᠤᠸ᠎ᠠ ᠶ᠋ᠢᠨ ᠲᠦᠰᠦᠬᠡᠯᠡᠳᠡᠭ ᠤᠷᠤᠨ ᠵᠠᠢ

ᠬᠠᠨᠠᠭᠠᠷ ᠦᠷᠬᠡᠨ ᠪᠡᠶ᠎ᠡ ᠴᠢᠨᠢ ᠠᠷᠭᠤᠮᠠᠭ ᠬᠦᠯᠦᠭ᠎ᠤᠨ ᠴᠢᠮᠡᠭ

ᠬᠠᠢᠷ᠎ᠠ ᠲᠤᠨᠤᠷᠠᠬ᠍ᠰᠠᠨ ᠬᠠᠷᠠᠴᠠ ᠴᠢᠨᠢ ᠮᠢᠨᠤ ᠰᠡᠳᠭᠢᠯ᠎ᠤᠨ ᠡᠬᠡᠱᠢᠭ

ᠬᠠᠶᠠ ᠠᠶᠠᠯᠬᠤ ᠲᠠᠭᠤᠤ ᠴᠢᠨᠢ 《ᠡᠷᠳᠡᠨᠢ ᠵᠠᠰᠠᠭ᠎ᠤᠨ ᠤᠨᠠᠭ᠎ᠠ》

ᠬᠠᠯᠠᠭᠤᠬᠠᠨ ᠱᠢᠷᠭᠠᠯ ᠴᠠᠢ᠎ᠨᠢ 《ᠲᠤᠩᠭᠠᠯᠠᠭ ᠲᠠᠮᠢᠷ》 ᠤ᠋ᠨ ᠦᠯᠢᠬᠡᠷ ᠁

ᠡᠨᠡ ᠪᠤᠯ 《ᠮᠦᠩᠭᠦᠨ ᠬᠤᠨ》 ᠡᠷᠭᠦᠮᠵᠢᠯᠡᠯᠳᠤ ᠪᠦᠰᠡᠭᠦᠢ ᠢᠷᠠᠭᠤ ᠨᠠᠢᠷᠠᠭ᠍ᠴᠢ᠂ ᠠᠯᠠᠱᠠ ᠠᠢᠮᠠᠭ᠎ᠤᠨ ᠬᠠᠮ ᠵᠠᠭᠤᠴᠢᠯᠠᠭᠤᠷ᠎ᠤᠨ ᠲᠦᠪ᠎ᠤᠨ ᠮᠤᠩᠭᠤᠯ ᠷᠠᠳᠢᠦ᠌᠎ᠶ᠋ᠢᠨ ᠨᠠᠢᠷᠠᠭᠤᠯᠤᠭ᠍ᠴᠢ᠂ ᠬᠦᠳᠦᠯᠦᠭ᠌ᠴᠢ ᠨᠠᠮᠵᠢᠯ᠎ᠤᠨ ᠰᠤᠯᠤᠩᠭᠤᠸ᠎ᠠ᠎ᠶ᠋ᠢᠨ ᠦᠨᠦᠬᠢ ᠠᠯᠳᠠᠷᠳᠠᠢ ᠪᠦᠳᠦᠬᠡᠯ —《ᠴᠢᠮᠠᠶ᠋ᠢ ᠪᠢ ᠴᠠᠬᠢᠭᠤᠷ ᠲᠡᠮᠤᠷ ᠬᠡᠳᠡᠭ ᠰᠠᠨ》 ᠤ᠋ ᠨᠢᠬᠡ ᠪᠠᠳᠠᠭ ᠶᠤᠮ᠃ 《〈ᠴᠠᠬᠢᠭᠤᠷ ᠲᠠᠮᠤᠷ〉 ᠲᠦ᠍ ᠡᠢᠮᠤ ᠭᠠᠯ᠎ᠲᠠᠢ ᠱᠢᠯᠦᠭ ᠪᠢᠴᠢᠵᠦ᠍ ᠭᠠᠯ ᠠᠶᠠᠨ᠎ᠤ᠎ᠬᠢᠨ᠎ᠢᠶᠠᠨ ᠪᠠᠶᠠᠰᠭᠠᠨ᠎ᠠ ᠬᠡᠭ᠌ᠴᠢ ᠶᠠᠮᠠᠷ ᠶᠡᠭᠡ ᠠᠵᠠ ᠪᠤᠢ》 ᠬᠡᠮᠡᠨ ᠢᠷᠠᠭᠤ ᠨᠠᠢᠷᠠᠬ᠍ᠴᠢᠳ᠎ᠤᠨ᠎ᠢᠶᠠᠨ ᠪᠠᠭ᠍ᠠᠷᠬᠠᠯ᠎ᠢ ᠲᠦᠷᠦᠭᠦᠯᠦᠭ᠌ᠰᠡᠨ ᠪᠦᠬᠦ᠌ ᠤᠷᠤᠨ᠎ᠤ ᠤᠳᠭ᠎ᠠ ᠵᠤᠬᠢᠶᠠᠯ᠎ᠤᠨ ᠠᠷᠪᠠᠨ ᠱᠢᠨ᠎ᠠ ᠤᠳᠤᠨ᠎ᠤ ᠨᠢᠬᠡ ᠪᠤᠯᠬᠤ ᠨᠠᠮᠵᠢᠯ᠎ᠤᠨ ᠰᠤᠯᠤᠩᠭᠤᠸ᠎ᠠ ᠡᠢᠨ ᠬᠦ᠌ ᠤᠷᠠᠨ ᠪᠦᠳᠦᠬᠡᠯ᠎ᠤᠨ ᠬᠤᠪᠢ᠎ᠳᠤ ᠤᠨᠳᠤᠷᠤᠭ᠎ᠠ ᠰᠠᠢᠳᠠᠢ᠂ ᠤᠶᠠᠩᠭᠠᠯᠢᠭ ᠰᠠᠨᠠᠭ᠎ᠠ᠂ ᠲᠠᠩᠰᠤᠭ ᠮᠡᠳᠡᠷᠡᠮᠵᠢ᠂ ᠱᠢᠨᠡᠯᠢᠭ ᠰᠡᠳᠭᠢᠮᠵᠢ᠎ᠪᠠᠷ᠎ᠢᠶᠠᠨ ᠢᠷᠡᠭᠤ ᠨᠠᠢᠷᠠᠭ᠎ᠤᠨ ᠶᠡᠭᠡ ᠦᠷᠬᠦᠬᠡᠨ᠎ᠤ ᠬᠠᠭᠠᠯᠭ᠎ᠠ᠎ᠶ᠋ᠢ ᠤᠮᠤᠬ᠍ᠳᠠᠢ ᠲᠡᠳᠡᠨ ᠤᠷᠤᠵᠦ᠍ ᠢᠷᠡᠭ᠌ᠰᠡᠨ ᠠᠪᠠᠢ᠃

ᠨᠠᠮᠵᠢᠯ᠎ᠤᠨ ᠰᠤᠯᠤᠩᠭᠤᠸ᠎ᠠ 2013 ᠤᠨ᠎ᠳᠤ ᠲᠡᠯᠡᠬᠡᠢ᠎ᠶ᠋ᠢᠨ ᠢᠷᠠᠭᠤ ᠨᠠᠢᠷᠠᠭ᠎ᠤᠨ ᠡᠳᠤᠷ᠎ᠢ ᠲᠡᠮᠳᠡᠭ᠌ᠯᠡᠭ᠌ᠰᠡᠨ ᠠᠯᠠᠱᠠ ᠢᠷᠠᠭᠤ ᠨᠠᠢᠷᠠᠭ᠎ᠤᠨ ᠨᠠᠭᠠᠳᠤᠮ᠎ᠳᠤ 《ᠬᠦᠬᠡ ᠮᠤᠷᠢᠨ ᠵᠢᠯ ᠪᠤᠶᠤ ᠮᠢᠨᠤ ᠠᠮᠢ ᠨᠠᠰᠤᠨ᠎ᠤ ᠦᠷᠬᠦᠯᠵᠢᠯᠡᠯ》 ᠬᠡᠮᠡᠬᠦ᠌ ᠤᠤᠭᠠᠨ ᠪᠦᠳᠦᠬᠡᠯ᠎ᠢᠶᠠᠷ᠎ᠢᠶᠠᠨ ᠱᠢᠢᠳᠪᠦᠷᠢᠳᠦ ᠤᠷᠤᠯᠳᠤᠭᠠᠨ᠎ᠳᠤ ᠲᠡᠪᠢᠭ᠌ᠰᠡᠨ᠎ᠠᠴᠠ ᠤᠷᠮ᠎ᠠ᠎ᠪᠠᠨ ᠮᠢᠯᠢᠶᠠᠯᠭᠠᠵᠤ᠂ ᠡᠨᠡ ᠬᠦ᠌ 《ᠬᠡᠵᠢᠶ᠎ᠡ ᠴᠦ᠍ ᠬᠦᠷᠴᠦ᠍ ᠲᠡᠢᠯᠦᠰᠢ ᠦᠬᠡᠢ ᠤᠷᠤᠨ ᠵᠠᠢ᠂ ᠲᠠᠭᠠᠭᠠᠵᠦ᠍ ᠴᠢᠳᠠᠰᠢ ᠦᠬᠡᠢ ᠭᠠᠢᠬᠠᠮᠱᠢᠬ᠍ᠳᠦ ᠤᠨᠢᠰᠤᠭ᠎ᠠ》 (ᠦᠪᠡᠷ᠎ᠤᠨ ᠬᠢᠨᠢ ᠦᠬᠡ) ᠬᠡᠮᠡᠬᠦ᠌ ᠢᠷᠠᠭᠤ ᠨᠠᠢᠷᠠᠭ᠎ᠲᠠᠢ ᠬᠤᠪᠢ ᠢᠷᠦᠬᠡᠯ᠎ᠲᠠᠢ ᠪᠤᠯᠤᠬ᠍ᠰᠠᠨ᠎ᠢᠶᠠᠷ᠂ 2014 ᠤᠨ᠎ᠳᠤ ᠪᠤᠯᠤᠭ᠍ᠰᠠᠨ ᠪᠦᠬᠦ᠌ ᠤᠯᠤᠰ᠎ᠤᠨ ᠭᠤᠷᠪᠠᠳᠤᠭᠠᠷ ᠤᠳᠠᠭᠠᠨ᠎ᠤ 《ᠦᠯᠡᠮᠵᠢ᠎ᠶ᠋ᠢᠨ ᠴᠢᠨᠡᠷ》 ᠪᠦᠰᠡᠬᠦᠢ ᠢᠷᠠᠭᠤ ᠨᠠᠢᠷᠠᠭ᠍ᠴᠢᠳ᠎ᠤᠨ ᠲᠡᠮᠡᠴᠡᠭᠡᠨ᠎ᠳᠤ 《ᠴᠢᠮᠠᠶ᠋ᠢ ᠪᠢ ᠴᠠᠬᠢᠭᠤᠷ ᠲᠠᠮᠦᠷ ᠭᠡᠳᠡᠭ ᠰᠠᠨ》 ᠱᠢᠯᠦᠭ᠎ᠢᠶᠠᠷ᠎ᠢᠶᠠᠨ ᠬᠤᠶᠠᠳᠤᠭᠠᠷ ᠪᠠᠢᠷᠢᠨ᠎ᠳᠤ ᠲᠤᠳᠤᠷᠠᠵᠤ᠂ 《ᠮᠦᠩᠭᠦᠨ ᠬᠤᠨ》 ᠡᠷᠭᠦᠮᠵᠢᠯᠡᠯ᠎ᠢ ᠬᠦᠯᠢᠶᠡᠪᠡ᠃ ᠮᠦᠨ ᠲᠤᠰ ᠤᠨ᠎ᠳᠤ ᠪᠦᠬᠦ᠌ ᠤᠷᠤᠨ᠎ᠤ ᠠᠷᠪᠠᠨ ᠱᠢᠯᠢᠳᠡᠭ ᠤᠳᠭ᠎ᠠ ᠵᠤᠬᠢᠶᠠᠯ᠎ᠤᠨ ᠱᠢᠨ᠎ᠡ ᠤᠳᠤᠨ᠎ᠢᠶᠠᠷ ᠡ᠊ᠩᠬᠡᠷ᠎ᠢᠶᠠᠨ ᠮᠢᠯᠢᠶᠠᠯᠭᠠᠵᠠᠢ᠃ 2016 ᠤᠨ᠎ᠳᠤ ᠢᠷᠡᠭᠤ ᠨᠠᠢᠷᠠᠭ᠎ᠤᠨ ᠵᠠᠯᠠᠭᠤᠰ᠎ᠲᠠᠢ᠎ᠪᠠᠨ ᠬᠠᠮᠳᠤᠷᠠᠨ 《ᠠᠯᠠᠱᠠ ᠵᠠᠯᠠᠭᠤᠰ᠎ᠤᠨ ᠢᠷᠠᠭᠤ ᠨᠠᠢᠷᠠᠭ》 ᠨᠤᠮ᠎ᠢᠶᠠᠨ ᠬᠡᠪᠯᠡᠭᠦᠯᠵᠤ᠂ 2019 ᠤᠨ᠎ᠳᠤ ᠮᠤᠩᠭᠤᠯ ᠤᠯᠤᠰ᠎ᠲᠤ 《ᠤᠳᠭ᠎ᠠ᠎ᠶ᠋ᠢᠨ ᠴᠡᠩᠬᠡᠷ ᠠᠯᠠᠱᠠ》 ᠬᠡᠮᠡᠬᠦ᠌ ᠮᠦᠨ ᠬᠦ᠌ ᠢᠷᠠᠭᠤ ᠨᠠᠢᠷᠠᠭ᠎ᠤᠨ ᠵᠠᠯᠠᠭᠤᠰ᠎ᠲᠠᠢ᠎ᠪᠠᠨ ᠬᠠᠮᠲᠤᠷᠠᠨ ᠪᠦᠲᠤᠬᠡᠭᠰᠡᠨ ᠢᠷᠠᠭᠤ ᠨᠠᠢᠷᠠᠭ᠎ᠤᠨ ᠲᠡᠭᠦᠪᠦᠷᠢ᠎ᠪᠠᠨ ᠺᠢᠷᠢᠯ᠎ᠢᠶᠠᠷ ᠬᠡᠪᠯᠡᠭᠦᠯᠦᠭ᠌ᠰᠡᠨ ᠪᠠᠢᠯ᠎ᠠ᠃ 《ᠪᠠᠯᠴᠢᠷᠬᠠᠨ ᠨᠠᠰᠤ᠎ᠲᠠᠢ ᠮᠢᠨᠢ ᠦᠶᠡᠷᠬᠡᠵᠤ ᠬᠤᠴᠤᠷᠤᠭ᠍ᠰᠠᠨ ᠪᠠᠭᠠᠪᠠᠭᠠᠢ ᠬᠠᠷ᠎ᠠ》 (ᠨᠠᠢᠷᠠᠭᠤᠯᠤᠯ)᠂ 《ᠵᠢᠶᠤᠤ ᠳ᠋ᠢ ᠭᠤᠤ》 (ᠨᠠᠢᠷᠠᠭᠤᠯᠤᠯ)᠂ 《ᠴᠢᠨᠤ ᠲᠤᠬᠠᠢ ᠪᠤᠳᠤᠬᠤ ᠲᠤᠷᠠᠳᠠᠢ ᠪᠢ》 (ᠱᠢᠯᠦᠭ)᠂ 《ᠰᠠᠷᠠᠨ᠎ᠤ ᠲᠠᠤᠯᠠᠢ》 (ᠱᠢᠯᠦᠭ) ᠵᠡᠷᠭᠡ ᠪᠦᠳᠦᠬᠡᠯ᠎ᠤᠳ᠎ᠨᠢ ᠨᠤᠮ ᠰᠡᠳᠬᠦᠯ᠎ᠳᠤ ᠰᠤᠩᠭᠤᠬ᠍ᠳᠠᠨ᠂ ᠤᠩᠱᠢᠭ᠍ᠴᠢ ᠲᠦᠮᠠᠨ᠎ᠤ᠎ᠪᠠᠨ ᠰᠤᠨᠢᠷᠬᠠᠯ ᠪᠠᠭ᠍ᠠᠷᠬᠠᠯ᠎ᠢ ᠲᠠᠳᠠᠵᠦ᠍᠂ ᠢᠷᠡᠭᠤ ᠨᠠᠢᠷᠠᠬ᠍ᠴᠢ᠂ ᠤᠳᠭ᠎ᠠ ᠵᠤᠬᠢᠶᠠᠯ᠎ᠤᠨ ᠱᠢᠭᠦᠮᠵᠢᠯᠡᠭ᠌ᠴᠢ ᠲᠠᠭᠤᠳᠠᠭᠠᠴᠢ ᠡᠩᠬᠡᠬᠠᠳᠠ᠎ᠶ᠋ᠢᠨ ᠦᠬᠡ᠎ᠪᠠᠷ ᠬᠡᠯᠡᠪᠡᠯ᠂ 《ᠤᠷᠠᠨ ᠵᠤᠬᠢᠶᠠᠯ᠎ᠤᠨ ᠦᠨ᠎ᠠ ᠴᠠᠨ᠎ᠠ᠎ᠶ᠋ᠢ ᠪᠦᠰᠡᠬᠦᠢ ᠬᠦᠮᠦᠨ᠎ᠤ ᠤᠬᠠᠭᠠᠨ ᠠᠪᠢᠶᠠᠰ᠎ᠢᠶᠠᠷ᠎ᠢᠶᠠᠨ ᠬᠠᠮᠠᠭᠠᠯᠠᠬᠤ᠎ᠳᠤ ᠤᠷᠤᠯᠴᠠᠵᠦ᠍ ᠡᠬᠢᠯᠡᠨ》᠂ 《ᠲᠡᠬᠦᠰᠭᠡᠯ ᠦᠬᠡᠢ ᠡᠬᠢᠯᠡᠯ》 ᠨᠢ ᠲᠡᠬᠦᠯᠳᠡᠷ ᠪᠤᠯᠵᠦ᠍ ᠴᠢᠳᠠᠵᠠᠢ᠃ ᠢᠷᠡᠭᠤ ᠨᠠᠢᠷᠠᠬ᠍ᠴᠢ᠂ ᠤᠳᠭ᠎ᠠ ᠵᠤᠬᠢᠶᠠᠯ᠎ᠤᠨ ᠱᠢᠭᠦᠮᠵᠢᠯᠡᠭ᠌ᠴᠢ ᠵᠡᠬᠦᠠᠭᠠᠷ ᠪᠤᠶᠠᠨᠪᠠᠳᠦ 《ᠤᠶᠠᠷᠠᠮᠠᠳᠠᠭᠠᠢ᠂ ᠮᠡᠳᠡᠷᠡᠮᠡᠳᠡᠬᠡᠢ᠂ ᠲᠤᠬ᠍ᠳᠤᠯᠤᠮᠠᠳᠠᠭᠠᠢ᠂ ᠲᠤᠷᠠᠯᠠᠮᠠᠳᠠᠭᠠᠢ ᠪᠠᠰᠠ ᠢᠯᠳᠠᠮᠬᠠᠨ᠂ ᠡᠩᠭᠦᠷᠡᠢᠬᠡᠨ ᠠᠭᠠᠳ ᠪᠦᠰᠡᠬᠦᠢ ᠪᠤᠯ ᠲᠡᠷᠡ ᠴᠢᠭ᠎ᠢᠶᠠᠷ᠎ᠢᠶᠠᠨ ᠪᠤᠷᠬᠠᠨ᠎ᠤ ᠲᠡᠷᠡᠯᠡᠭ᠌ᠰᠡᠨ ᠢᠷᠡᠭᠤ ᠨᠠᠢᠷᠠᠭ ᠪᠠᠢᠳᠠᠭ ᠪᠦᠯᠦᠬᠡ᠃ ᠴᠦᠬᠡᠨ ᠠᠪᠠᠴᠦ᠍ ᠰᠤᠯᠤᠩᠭᠤᠸ᠎ᠠ᠎ᠶ᠋ᠢᠨ ᠱᠢᠯᠦᠭ᠎ᠠᠴᠠ ᠡᠨᠡ ᠪᠦᠬᠦᠨ ᠬᠠᠩᠭᠠᠯᠳᠠᠳᠠᠢ》 ᠬᠡᠵᠦ᠍ ᠦᠨᠳᠦᠷ ᠦᠨᠡᠯᠡᠯᠳᠡ ᠦᠭ᠌ᠴᠦ ᠪᠠᠢᠬ᠍ᠰᠠᠨ ᠶᠤᠮ᠃

《ᠴᠦᠬᠡᠨ ᠬᠡᠳᠦᠨ ᠱᠢᠯᠦᠭ᠎ᠲᠡᠭᠡᠨ ᠪᠢ ᠦᠷ᠎ᠡ᠎ᠵᠢᠨ ᠭᠠᠭ᠍ᠴᠠ ᠬᠦᠦ᠍ ᠪᠠᠨ ᠱᠢᠭ ᠬᠠᠢᠷᠠᠳᠠᠢ》᠃ ᠡᠨᠡ ᠪᠤᠯ ᠨᠠᠮᠵᠢᠯ᠎ᠤᠨ ᠰᠤᠯᠤᠩᠭᠤᠸ᠎ᠠ᠎ᠶ᠋ᠢᠨ ᠬᠠᠢᠷ᠎ᠠ ᠬᠦᠰᠡᠯ᠎ᠤᠨ ᠰᠤᠷᠢᠨᠵᠢᠨ ᠬᠦᠷᠦ᠍᠃ ᠲᠡᠷᠡᠪᠡᠷ 《ᠮᠢᠨᠤ ᠬᠤᠪᠢ᠎ᠳᠤ ᠱᠢᠯᠦᠭ ᠪᠢᠴᠢᠨ᠎ᠡ ᠭᠡᠳᠡᠭ ᠲᠠᠢᠳᠭᠤᠷᠠᠯ ᠶᠤᠮ᠃ ᠪᠦᠰᠡᠬᠦᠢ ᠬᠦᠮᠦᠨ᠎ᠤ ᠰᠡᠳᠭᠢᠯ ᠤᠶᠠᠨ ᠡᠮᠵᠡᠭ᠂ ᠮᠡᠳᠡᠷᠡᠮᠡᠳᠡᠭᠡᠢ ᠤᠴᠢᠷ ᠠᠵᠢᠯ ᠠᠮᠢᠳᠤᠷᠠᠯ᠂ ᠬᠠᠢᠷ᠎ᠠ ᠰᠡᠳᠭᠢᠯ᠂ ᠭᠤᠨᠢᠭ ᠲᠤᠨᠢᠷᠬᠠᠯ᠂ ᠬᠦᠰᠡᠯ ᠮᠦᠷᠦᠭᠡᠳᠦᠯ᠂ ᠲᠤᠷᠠᠰᠤᠮᠵᠢ ᠲᠤᠷᠠᠳᠭᠠᠯ ᠭᠡᠳ ᠯᠡ ᠠᠮᠢᠳᠤ ᠶᠠᠪᠤᠬᠤ᠎ᠶ᠋ᠢᠨ ᠪᠤᠶᠠᠨ ᠵᠠᠶᠠᠭᠠᠨ᠎ᠳᠤ ᠵᠢᠷᠦᠬᠡ ᠰᠡᠳᠭᠢᠯ᠎ᠢᠶᠠᠨ ᠠᠷᠭᠠᠳᠠᠵᠤ ᠪᠦᠪᠡᠢᠯᠡᠵᠤ᠂ ᠠᠮᠢᠳᠤᠷᠠᠯ ᠠᠬᠤᠢ᠎ᠪᠠᠨ ᠠᠷᠠᠴᠢᠯᠠᠵᠤ ᠲᠤᠳᠤᠮᠳᠠᠵᠤ ᠪᠠᠢᠬᠤ᠎ᠶ᠋ᠢᠨ ᠬᠠᠮᠤᠭ᠎ᠤᠨ ᠲᠤᠬᠢᠷᠠᠭ᠍ᠰᠠᠨ ᠠᠷᠭ᠎ᠠ᠎ᠶ᠋ᠢᠨ ᠨᠢᠭᠡ᠎ᠨᠢ ᠱᠢᠯᠦᠭ ᠪᠢᠴᠢᠬᠦ᠌ ᠶᠤᠮ᠃ ᠪᠦᠷᠬᠦᠭ ᠲᠡᠭ᠌ᠷᠢ ᠪᠦᠳᠡᠢᠵᠤ ᠪᠦᠳᠡᠢᠵᠤ ᠪᠤᠷᠤᠭᠠᠱᠢᠵᠤ ᠴᠢᠳᠠᠬᠤ ᠦᠭᠡᠢ ᠱᠢᠨᠠᠯᠵᠦ᠍ ᠪᠠᠢᠬᠤ᠎ᠨᠢ ᠮᠢᠨᠤ ᠱᠢᠯᠦᠭ ᠪᠢᠴᠢᠬᠦ᠌᠎ᠶ᠋ᠢᠨ ᠱᠢᠯᠳᠠᠭᠠᠨ ᠶᠤᠮ᠃ ᠲᠡᠭᠡᠭᠡᠳ ᠯᠡ ᠵᠢᠷᠦᠭᠡ ᠰᠡᠳᠭᠢᠯ᠎ᠳᠤ ᠪᠠᠢᠭ᠍ᠰᠠᠨ ᠲᠡᠷᠡ ᠬᠠᠷ᠎ᠠ ᠪᠠᠷᠠᠭᠠᠨ ᠡᠭᠦᠯᠡ ᠱᠢᠭ ᠪᠦᠬᠦᠨ ᠴᠠᠭᠠᠰᠤᠨ ᠲᠡᠭᠡᠷ᠎ᠡ ᠱᠢᠯᠦᠭ ᠪᠤᠯᠤᠨ ᠱᠠᠭᠢᠵᠤ᠂ ᠰᠡᠳᠭᠢᠯ ᠵᠢᠷᠦᠬᠡ ᠮᠢᠨᠢ ᠴᠡᠯᠮᠡᠭ ᠤᠭ᠍ᠳᠠᠷᠭᠤᠢ ᠮᠡᠳᠦ ᠴᠡᠯᠮᠡᠳᠡᠭ ᠪᠤᠯᠬᠤᠷ ᠪᠢ ᠱᠢᠯᠦᠭ ᠪᠢᠴᠢᠬᠦ᠌ ᠲᠤᠷᠠᠳᠠᠢ᠃ ᠡᠳᠦᠷ ᠰᠦᠨᠢ᠎ᠶ᠋ᠢᠨ ᠲᠤᠷᠰᠢ ᠲᠤᠩᠱᠢᠵᠤ ᠪᠠᠢᠵᠤ ᠬᠦᠤ᠎ᠪᠠᠨ ᠲᠦᠷᠦᠭᠦᠯᠬᠦ᠌᠎ᠳᠡᠭᠡᠨ ᠨᠡᠳᠡᠳᠤ ᠶᠠᠭ ᠱᠢᠯᠦᠭ ᠪᠢᠴᠢᠬᠦ᠌᠎ᠲᠠᠢ ᠡᠭᠡᠭᠡ ᠢᠵᠢᠯᠭᠡᠨ ᠮᠡᠳᠡᠷᠡᠮᠵᠢ ᠲᠦᠷᠦᠵᠤ ᠪᠢᠯᠡ᠃ ᠶᠠᠭᠠᠬᠢᠵᠤ ᠵᠤᠪᠠᠵᠤ ᠱᠢᠨᠠᠯᠤᠭ᠍ᠰᠠᠨ ᠴᠦ᠍ ᠭᠡᠯ᠎ᠡ ᠡᠬᠡ ᠬᠦᠮᠦᠨ ᠦᠷ᠎ᠡ᠎ᠶ᠋ᠢᠨ᠎ᠢᠶᠠᠨ ᠴᠠᠰᠭᠢᠭ᠍ᠰᠠᠨ ᠠᠩᠬᠠᠨ᠎ᠤ ᠲᠠᠭᠤ᠎ᠶ᠋ᠢ ᠰᠤᠨᠤᠰᠭᠤ ᠲᠡᠷᠡ ᠭᠱᠠᠨ᠎ᠳᠤ ᠶᠠᠭᠠᠬᠢᠵᠤ ᠰᠡᠳᠭᠢᠯ ᠠᠮᠤᠷᠵᠢᠨ ᠪᠠᠶᠠᠰᠳᠠᠭ᠎ᠢ᠂ ᠲᠤᠳᠤᠷ᠎ᠠ ᠪᠠᠴᠢᠭᠤᠷᠠᠭᠠᠳ ᠦᠬᠦᠮᠡᠷ ᠪᠤᠳᠤᠭ᠍ᠳᠠᠬᠤ ᠦᠶ᠎ᠡ ᠪᠠᠢᠭ᠍ᠰᠠᠨ ᠴᠦ᠍ ᠱᠢᠯᠦᠭ ᠪᠢᠴᠢᠭᠡᠳ ᠭᠠᠷᠬᠤ᠎ᠳᠤ ᠶᠠᠭᠠᠬᠢᠵᠤ ᠰᠡᠳᠭᠢᠯ ᠲᠠᠢᠪᠤᠱᠢᠷᠠᠨ ᠪᠠᠶᠠᠰᠳᠠᠭ ᠲᠡᠷᠡ ᠯᠠ ᠮᠡᠳᠡᠷᠡᠮᠵᠢ᠎ᠶ᠋ᠢ ᠡᠬᠡ ᠬᠦᠮᠦᠨ᠂ ᠪᠦᠰᠡᠭᠦᠢ ᠢᠷᠠᠭᠤ ᠨᠠᠢᠷᠠᠭ᠍ᠴᠢ ᠬᠤᠶᠠᠷ ᠯᠡ ᠵᠢᠷᠦᠬᠡ ᠰᠡᠳᠭᠢᠯ᠎ᠢᠶᠠᠷ᠎ᠢᠶᠠᠨ᠂ ᠲᠤᠳᠤᠭᠠᠳᠦ ᠠᠷᠠᠨᠱᠢᠨ ᠴᠢᠨᠠᠷ᠎ᠢᠶᠠᠷ᠎ᠢᠶᠠᠨ ᠮᠡᠳᠡᠷᠡᠳᠡᠭ ᠪᠠᠢᠬ᠎ᠠ》 ᠬᠡᠰᠡᠨ᠎ᠨᠢ ᠡᠷᠬᠡ ᠦᠬᠡᠢ ᠡᠮᠵᠡᠭ᠌ᠯᠡᠬᠦᠨ ᠴᠦ᠍ ᠶᠤᠮ ᠱᠢᠭ᠂ ᠱᠢᠳᠢᠯᠢᠭ ᠴᠦ᠍ ᠶᠤᠮ ᠱᠢᠭ᠂ ᠨᠢᠭᠤᠴᠠᠯᠢᠭ ᠴᠦ᠍ ᠶᠤᠮ ᠱᠢᠭ᠋ ᠰᠠᠨᠠᠬ᠍ᠳᠠᠬᠤ ᠮᠦᠷᠳᠡᠭᠡᠨ ᠤᠶᠤᠨ ᠰᠠᠨᠠᠭᠠᠯᠢᠭ ᠤᠴᠢᠷ᠎ᠠᠴᠠ ᠢᠷᠠᠭᠤ ᠨᠠᠢᠷᠠᠭ ᠤᠷᠤᠨ ᠵᠠᠢ ᠠᠪᠴᠦ᠍ ᠡᠬᠢᠯᠡᠳᠡᠭ᠎ᠤᠨ ᠲᠦᠷᠦᠭ᠌ᠳᠡᠯ᠎ᠢ ᠮᠡᠳᠡᠷᠡᠬᠦᠯᠦᠨ᠎ᠠ᠃ 《ᠢᠷᠡᠭᠤ ᠨᠠᠢᠷᠠᠭ᠎ᠢ ᠪᠦᠳᠦᠬᠡᠬᠦᠢ ᠬᠡᠭ᠌ᠴᠢ ᠨᠢᠭᠤᠴᠠ᠎ᠶ᠋ᠢᠨ ᠨᠢᠭᠤᠴᠠ》 ᠬᠡᠮᠡᠬᠦ᠌ ᠠᠯᠳᠠᠷᠳᠠᠢ ᠦᠬᠡ ᠪᠤᠢ᠃ 《ᠶᠠᠭᠤᠨ᠎ᠤ ᠲᠦᠷᠦᠭᠦᠦ ᠱᠢᠯᠦᠭ᠎ᠲᠡᠭᠡᠨ ᠠᠶᠠᠯᠭᠤ ᠤᠷᠤᠭᠤᠯ》 ᠬᠡᠰᠡᠨ ᠦᠬᠡ ᠴᠦ᠍ ᠪᠤᠢ᠂ ᠠᠶᠠᠯᠭᠤ ᠦᠬᠡᠢ ᠪᠤᠯ ᠱᠢᠯᠦᠭ ᠦᠬᠡᠢ᠂ ᠪᠦᠰᠡᠬᠦᠢ ᠢᠷᠠᠭᠤ ᠨᠠᠢᠷᠠᠬ᠍ᠴᠢᠳ᠎ᠤᠨ ᠮᠠᠨᠢ ᠢᠷᠠᠭᠤ ᠨᠠᠢᠷᠠᠭ ᠠᠰᠳᠠᠭᠠᠨ ᠨᠢᠬᠡᠨ ᠬᠦᠭ ᠠᠶᠠᠯᠭᠤ᠎ᠲᠠᠢ ᠪᠠᠢᠳᠠᠭ᠎ᠤᠨ ᠬᠢᠨᠢ ᠨᠢᠭᠤᠴᠠ᠎ᠨᠢ ᠶᠠᠭᠤ ᠰᠠᠨ ᠪᠤᠯ?

ᠲᠡᠷᠡ ᠪᠡᠷ ᠪᠠᠰᠠ 《ᠱᠢᠯᠦᠭ ᠮᠢᠨᠤ ᠭᠤᠨᠢᠭ ᠤᠢᠳᠭᠠᠷ᠎ᠤᠨ ᠲᠠᠢᠳᠬᠤᠷᠠᠭᠤᠯᠤᠯ ᠪᠤᠯᠪᠠᠴᠦ᠍ ᠭᠡᠭᠡᠨ ᠲᠤᠯᠠᠭᠠᠨ ᠨᠠᠷᠠ ᠮᠢᠨᠢ ᠶᠤᠮ》 ᠬᠡᠨ᠎ᠡ᠃ ᠶᠠᠭᠠᠬᠢᠭᠠᠳ ᠬᠡᠪᠡᠯ᠂ 《ᠱᠢᠯᠦᠭ ᠮᠢᠨᠢ ᠪᠠᠢᠭ᠎ᠠ ᠦᠭᠡᠢ ᠰᠠᠨ ᠪᠤᠯ ᠬᠡᠴᠢᠨᠡᠨ ᠤᠯᠠᠨ ᠬᠠᠷᠠᠩᠭᠤᠢ ᠰᠦᠨᠢ᠎ᠪᠠᠷ ᠨᠢᠯᠪᠤᠰᠤᠨ ᠲᠤᠮᠳᠠ ᠡᠡᠭᠰᠡᠷᠡᠬᠦ᠌ ᠡᠰᠡᠬᠦᠯ᠎ᠡ ᠭᠠᠱᠢᠭᠤᠨ ᠲᠠᠷᠠᠰᠤᠨ᠎ᠳᠤ ᠱᠢᠷᠡᠳᠡᠵᠤ᠂ ᠭᠤᠨᠢᠭ ᠵᠤᠪᠠᠯᠠᠩ᠎ᠤᠨ ᠲᠤᠮᠳᠠ ᠡᠨᠡ ᠪᠡᠶ᠎ᠡ᠂ ᠡᠮᠵᠡᠭ᠌ᠬᠡᠨ ᠵᠢᠷᠦᠬᠡ᠎ᠪᠠᠨ ᠲᠠᠮᠳᠤᠭ᠍ᠯᠠᠬᠤ ᠪᠠᠢᠭ᠍ᠰᠠᠨ ᠪᠤᠯ⁈ ᠱᠢᠯᠦᠭ ᠮᠢᠨᠢ ᠪᠠᠢᠭ᠍ᠰᠠᠨ᠎ᠠᠴᠠ ᠪᠢ ᠡᠷᠢᠶᠠᠨ ᠪᠠᠷᠠᠭᠠᠨ ᠠᠮᠢᠳᠤᠷᠠᠯ᠎ᠤᠨ ᠲᠤᠮᠳᠠᠭᠤᠷ ᠡᠷᠴᠢ ᠬᠦᠴᠦ᠍᠎ᠲᠠᠢ᠂ ᠬᠡᠬᠡᠯᠢᠭ ᠦᠩᠭᠡᠯᠢᠭ ᠲᠤᠭᠤᠯᠤᠭ᠍ᠰᠠᠭᠠᠷ ᠢᠷᠡᠭ᠌ᠰᠡᠨ᠂ ᠲᠤᠭᠤᠯᠤᠭ᠍ᠰᠠᠭᠠᠷ ᠯᠠ ᠪᠠᠢᠬᠤ ᠪᠤᠯᠤᠨ᠎ᠠ᠃ ᠴᠠᠭ ᠬᠤᠭᠤᠴᠠᠭ᠎ᠠ ᠵᠠᠯᠠᠭᠤ ᠨᠠᠰᠤ᠎ᠶ᠋ᠢ ᠮᠢᠨᠢ ᠡᠯᠡᠭᠡᠵᠤ ᠪᠤᠯᠤᠨ᠎ᠠ᠂ ᠴᠠᠭ᠎ᠢᠶᠠᠨ ᠤᠯᠤᠭ᠎ᠠ ᠦᠭᠡᠢ ᠲᠤᠷᠠᠯᠠᠯ ᠠᠷᠢᠭᠤᠨ ᠬᠠᠢᠷ᠎ᠠ᠎ᠶ᠋ᠢ ᠮᠢᠨᠢ ᠬᠢᠰᠭᠢᠯᠡᠵᠤ ᠪᠤᠯᠤᠨ᠎ᠠ᠂ ᠴᠠᠢ᠎ᠶ᠋ᠢᠨ ᠰᠠᠢᠬᠠᠨ ᠠᠨᠳᠠ ᠵᠢᠰᠦ ᠪᠤᠷᠤᠭᠤᠯᠠᠨ ᠤᠳᠴᠦ᠍ ᠪᠤᠯᠤᠨ᠎ᠠ᠂ ᠴᠠᠳᠢᠭ ᠲᠡᠤᠬᠡ᠎ᠶ᠋ᠢᠨ ᠰᠠᠳᠤᠨ ᠴᠠᠭᠠᠰᠢ᠎ᠪᠠᠨ ᠬᠠᠨᠳᠤᠨ ᠤᠷᠪᠠᠵᠤ ᠪᠤᠯᠤᠨ᠎ᠠ᠃ ᠬᠠᠷᠢᠨ ᠮᠢᠨᠤ ᠱᠢᠯᠦᠭ ᠮᠦᠩᠬᠡᠳᠡ ᠮᠢᠨᠤ ᠲᠡᠷᠭᠡᠳᠡ ᠢᠳᠡᠭᠡᠯ᠎ᠤᠨ ᠪᠠᠳᠤ ᠰᠠᠬᠢᠶ᠎ᠠ᠎ᠶ᠋ᠢ ᠦᠨᠡᠨᠴᠢ᠎ᠪᠠᠷ ᠰᠠᠬᠢᠵᠤ ᠪᠠᠢᠭ᠎ᠠ ᠪᠤᠯᠬᠤᠷ ᠨᠠᠮᠵᠢᠯ᠎ᠤᠨ ᠰᠤᠯᠤᠩᠭᠤᠸ᠎ᠠ ᠪᠢ ᠬᠡᠵᠢᠶᠡᠳᠡ ᠦᠩᠭᠡᠯᠢᠭ᠂ ᠦᠭᠡᠳᠡ᠎ᠪᠠᠨ᠂ ᠬᠡᠢᠮᠦᠷᠢᠳᠡᠢ᠂ ᠬᠡᠬᠡᠯᠢᠭ᠂ ᠤᠬᠠᠭᠠᠯᠢᠭ ᠪᠠᠢᠬᠤ ᠪᠤᠯᠤᠨ᠎ᠠ》 ᠬᠡᠵᠦ᠍ ᠪᠢᠯᠡ᠃ ᠲᠡᠬᠦᠨ᠎ᠳᠤ ᠠᠪᠴᠦ᠍ ᠬᠡᠯᠡᠪᠡᠯ᠂ ᠢᠷᠠᠭᠤ ᠨᠠᠢᠷᠠᠭ᠎ᠨᠢ ᠬᠡᠢᠮᠤᠷᠢ ᠵᠢᠪᠬᠤᠭ᠎ᠠ᠂ ᠦᠩᠬᠡᠯᠢᠭ᠂ ᠬᠡᠬᠡᠯᠢᠭ ᠪᠠᠢᠬᠤ᠎ᠶ᠋ᠢᠨ ᠬᠢᠨᠢ ᠨᠢᠬᠡᠨ ᠡᠷᠴᠢ ᠬᠦᠴᠦ᠍᠂ ᠮᠦᠨ ᠴᠦ᠍ ᠮᠡᠳᠡᠷᠡᠬᠦᠢ᠂ ᠲᠤᠰᠭᠤᠢ᠂ ᠦᠷᠦᠱᠢᠶᠡᠬᠦᠢ᠂ ᠠᠷᠢᠭᠤᠰᠭᠤᠢ᠂ ᠡᠶᠡᠯᠰᠡᠬᠦᠢ ᠁ ᠶ᠋ᠢᠨ ᠢᠯᠴᠢ ᠡᠷᠴᠢ ᠠᠪᠬᠤ ᠶᠡᠭᠡ ᠶᠢᠷᠳᠢᠨᠴᠦ᠍ ᠠᠵᠢᠶᠠᠮ᠃

ᠡᠨᠳᠡ 《ᠴᠦᠬᠡᠨ ᠬᠡᠳᠦᠨ ᠪᠦᠰᠡᠬᠦᠢ ᠨᠠᠢᠷᠠᠭ᠍ᠴᠢ ᠡᠷᠡᠴᠤᠳ᠎ᠤᠨ ᠤᠬ᠍ᠳᠦ ᠰᠠᠨᠠᠭᠠᠨ᠎ᠳᠤ ᠤᠷᠤᠳᠠᠭ ᠦᠬᠡᠢ ᠵᠦᠢᠯᠡᠰ᠎ᠢ ᠮᠡᠳᠡᠷᠡᠵᠦ᠍ ᠪᠢᠴᠢᠵᠦ᠍ ᠴᠢᠳᠠᠳᠠᠭ᠎ᠲᠤᠨᠢ ᠪᠠᠶᠠᠷᠯᠠᠳᠠᠭ》 ᠬᠡᠰᠡᠨ ᠦᠬᠡ ᠡᠷᠬᠡ ᠦᠬᠡᠢ ᠰᠠᠨᠠᠭᠠᠨ᠎ᠳᠤ ᠤᠷᠤᠵᠦ᠍ ᠢᠷᠡᠯ᠎ᠡ᠃ 《ᠬᠡᠷᠡᠯ᠎ᠤᠨ ᠪᠤᠷᠤ ᠱᠢᠪᠠᠭᠤᠳ ᠵᠢᠬᠦᠷ᠎ᠲᠡᠭᠡᠨ ᠭᠠᠯ᠎ᠲᠠᠢ ᠶᠤᠮ ᠱᠢᠭ᠋ ᠲᠡᠭ᠌ᠷᠢ ᠪᠦᠯᠢᠶᠡᠰᠭᠡᠨ ᠨᠢᠰᠦᠯᠳᠦᠵᠦ᠍᠂ ᠬᠡᠬᠡᠨ ᠦᠷᠯᠦᠬᠡ᠎ᠶ᠋ᠢ ᠡᠷᠳᠡᠰᠭᠡᠨ᠎ᠠ᠂ ᠬᠡᠷᠡᠯᠳᠦ ᠡᠳᠦᠷ ᠎ᠢ ᠤᠷᠳᠤᠰᠭᠠᠨ᠎ᠠ》 ᠬᠡᠵᠦ᠍ ᠢᠷᠡᠭᠤ ᠨᠠᠢᠷᠠᠭ᠎ᠲᠤ ᠭᠠᠷᠳᠠᠭ ᠱᠢᠭ᠋᠎ᠢᠶᠠᠨ ᠲᠡᠳᠡᠨ᠎ᠤ ᠢᠷᠠᠭᠤ ᠨᠠᠢᠷᠠᠭ ᠴᠦ᠍ ᠵᠢᠬᠦᠷ᠎ᠲᠡᠭᠡᠨ ᠭᠠᠯ᠎ᠲᠠᠢ ᠱᠢᠪᠠᠭᠤᠳ ᠮᠡᠳᠦ ᠲᠡᠭ᠌ᠷᠢ ᠪᠦᠯᠢᠶᠡᠰᠭᠡᠨ ᠨᠢᠰᠦᠯᠳᠦᠬᠦ᠌ ᠢᠯᠴᠢ ᠬᠡᠷᠠᠯ᠎ᠲᠠᠢ ᠬᠡᠳᠡᠭ᠎ᠲᠤ ᠡᠷᠡᠬᠡᠯᠵᠡᠯ ᠦᠬᠡᠢ ᠢᠳᠡᠭᠡᠨᠡᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号