7 ᠰᠠᠷ᠎ᠠ
ᠤᠰᠤᠨ᠎ᠤ
ᠲᠤᠩᠭᠠᠯᠠᠭ᠂ ᠡᠪᠡᠰᠦᠨ᠎ᠤ ᠰᠤᠷᠭᠤᠭ
ᠤᠯᠠᠷᠢᠯ
ᠰᠢᠯᠦᠭ
ᠪᠠ ᠬᠤᠯᠠ
ᠵᠢᠨ ᠦᠵᠦᠭᠦᠷ᠎ᠡ
ᠠᠳᠤᠭᠤᠴᠢᠨ
ᠵᠠᠯᠠᠭᠤ ᠮᠤᠷᠢ ᠤᠷᠭᠠᠯᠠᠨ ᠲᠠᠪᠭᠢᠵᠤ᠂
ᠭᠠᠯ
ᠤᠯᠠᠭᠠᠨ ᠰᠠᠷᠠᠯᠠᠩ
ᠴᠡᠴᠡᠭ ᠪᠠᠳᠠᠷᠠᠨ
ᠳᠡᠯᠭᠡᠷᠠᠨᠠ ᠁
ᠡᠨᠡ ᠪᠤᠯ ᠤᠮᠠᠷᠠᠲᠦ
ᠬᠢᠯᠢ ᠵᠢᠨ
ᠲᠠᠯ᠎ᠡ ᠨᠤᠲᠤᠭ
ᠡᠨᠡ
ᠪᠤᠯ ᠦᠵᠡᠰᠬᠦᠯᠡᠩᠲᠦ
ᠰᠠᠢᠬᠠᠨ ᠦᠪᠦᠷ
ᠮᠤᠩᠭᠤᠯ

ᠡᠨᠡ
ᠵᠤᠨ
《ᠠᠶᠠᠯᠭᠤᠳᠦ
ᠵᠢᠭᠤᠯᠴᠢᠯᠠᠯ ᠥᠪᠥᠷ ᠮᠣᠩᠭᠣᠯ》 ᠤᠮᠠᠷᠠᠲᠤ᠌
ᠬᠢᠯᠢ᠎ᠶᠢᠨ ᠰᠣᠶᠣᠯ᠎ᠤᠨ ᠠᠵᠢᠯᠯᠠᠭ᠎ᠠ
ᠵᠢᠨ ᠤᠯᠠᠷᠢᠯ ᠲᠤᠭᠢᠶᠠᠬᠤ
ᠲᠠᠰᠢᠷᠠᠮ ᠵᠢᠠᠷ
ᠠᠢᠮᠠᠭ
ᠬᠤᠲᠠ ᠵᠢᠨ
ᠬᠤᠯᠪᠤᠭᠠᠯᠠᠯ᠎ᠤᠨ ᠠᠵᠢᠯᠯᠠᠭ᠎ᠠ
ᠦᠷᠭᠡᠨ
ᠳᠡᠯᠭᠡᠷ ᠦᠷᠨᠢᠵᠦ ᠪᠠᠢᠨ᠎ᠠ᠃

6 ᠰᠠᠷ᠎ᠠ᠎ᠠᠴᠠ
ᠡᠬᠢᠯᠡᠨ᠂ ᠥᠪᠥᠷ
ᠮᠣᠩᠭᠣᠯ ᠵᠢᠭᠤᠯᠴᠢᠯᠠᠯ᠎ᠤᠨ
ᠬᠠᠯᠠᠮᠰᠢᠯ ᠤᠯᠠᠷᠢᠯ᠎ᠢᠶᠠᠨ ᠤᠭᠲᠤᠯᠡ᠃ 6 ᠰᠠᠷ᠎ᠠ᠎ᠶᠢᠨ 21᠎ᠦ ᠡᠳᠦᠷ᠂ 《ᠠᠶᠠᠯᠭᠤᠳᠦ ᠵᠢᠭᠤᠯᠴᠢᠯᠠᠯ
ᠥᠪᠥᠷ ᠮᠣᠩᠭᠣᠯ》 ᠬᠡᠮᠡᠬᠦ
ᠤᠮᠠᠷᠠᠲᠤ ᠬᠢᠯᠢ᠎ᠶᠢᠨ
ᠰᠣᠶᠣᠯ᠎ᠤᠨ ᠠᠵᠢᠯᠯᠠᠭ᠎ᠠ᠎ᠶᠢᠨ ᠤᠯᠠᠷᠢᠯ ᠵᠢᠩᠬᠢᠨᠢ᠎ᠪᠠᠷ
ᠬᠦᠰᠢᠭᠡ ᠪᠠᠨ
ᠢᠷᠡᠪᠠ᠃ ᠡᠨᠡᠬᠦ
ᠠᠵᠢᠯᠯᠠᠭ᠎ᠠ ᠨᠢ 《ᠰᠣᠶᠣᠯ + ᠵᠢᠭᠤᠯᠴᠢᠯᠠᠯ + ᠪᠡᠶᠡᠴᠢᠯᠡᠨ ᠣᠢᠯᠠᠭᠠᠬᠤ》 ᠵᠢᠨ
ᠭᠦᠨᠵᠡᠭᠡᠢ ᠠᠭᠤᠰᠤᠯᠴᠠᠯ᠎ᠢᠶᠠᠷ ᠪᠦᠬᠦ
ᠤᠯᠤᠰ᠎ᠤᠨ ᠵᠢᠭᠤᠯᠴᠢᠯᠠᠭᠰᠠᠳ᠎ᠢ
ᠰᠡᠷᠢᠭᠦᠴᠡᠨ ᠠᠮᠠᠷᠠᠬᠤ ᠲᠠᠪᠠᠲᠠᠢ ᠴᠠᠭ ᠪᠠ ᠰᠣᠶᠣᠯ᠎ᠤᠨ
ᠬᠦᠷ ᠨᠠᠷᠬᠢᠶᠠᠨ
ᠬᠤᠤᠰᠯᠠᠬᠰᠠᠨ ᠵᠤᠨ᠎ᠤ ᠰᠠᠢᠬᠠᠨ
ᠡᠳᠦᠷ᠎ᠤᠳ ᠳᠠᠢ ᠬᠠᠮᠳᠦ ᠪᠠᠶᠠᠷᠯᠠᠨ ᠤᠭᠳᠤᠯ᠎ᠠ᠃

ᠠᠵᠢᠯᠯᠠᠭ᠎ᠠ᠎ᠶᠢᠨ
ᠤᠯᠠᠷᠢᠯ᠎ᠳᠦ ᠡᠯ᠎ᠡ
ᠠᠶ᠋ᠢᠮᠠᠭ ᠬᠣᠲᠠ ᠬᠤᠯᠪᠤᠭᠠᠯᠠᠨ
ᠬᠥᠳᠡᠯᠦᠯᠴᠡᠵᠦ᠂ ᠰᠣᠳᠣᠨ
ᠪᠦᠲᠦᠭᠡᠯ᠎ᠦᠳ᠎ᠢ ᠵᠠᠯᠭᠠᠭ᠎ᠠ ᠪᠡᠷ ᠳᠡᠪᠱᠢᠭᠦᠯᠦᠨ᠂ 6 ᠰᠠᠷᠠᠡᠴᠠ 10 ᠰᠠᠷ᠎ᠠ ᠪᠣᠯᠲᠠᠯ᠎ᠠ
ᠶᠠᠪᠤᠭᠳᠠᠨ᠎ᠠ᠃ ᠭᠤᠤᠯᠳᠠᠯᠭ᠎ᠠ᠎ᠲᠠᠶ ᠶᠡᠬᠡ ᠲᠥᠷᠥᠯ
ᠵᠦᠢᠯ ᠨᠢ 16 ᠠᠵᠢᠯᠯᠠᠭ᠎ᠠ ᠪᠤᠢ᠂
ᠲᠤᠬᠠᠢᠯᠠᠪᠠᠯ᠄ 2025 ᠣᠨ᠎ᠤ ᠯᠠᠩ ᠯᠠᠩ᠎ᠤᠨ
ᠤᠮᠠᠷᠠᠲᠤ᠌ ᠬᠢᠯᠢ᠎ᠶᠢᠨ ᠲᠠᠯ᠎ᠠ
ᠨᠤᠲᠤᠭ᠎ᠤᠨ ᠳᠠᠭᠤᠤ ᠬᠥᠭᠵᠢᠮ᠎ᠦᠨ
ᠦᠪᠡᠳᠡᠭᠰᠢ ᠶᠣᠰᠣᠯᠠᠯ᠂ 2025 ᠬᠣᠶᠠᠳᠤᠭᠠᠷ
ᠬᠤᠭᠤᠴᠠᠭᠠᠨ᠎ᠤ ᠳᠤᠮᠳᠠᠳᠤ ᠤᠯᠤᠰ·ᠪᠤᠭᠤᠲᠤ᠎ᠶᠢᠨ ᠤᠷᠠᠯᠢᠭ᠎ᠤᠨ
ᠦᠵᠡᠰᠬᠦᠯᠡᠩ᠂ 2025 ᠪᠤᠭᠤᠲᠤ᠎ᠶᠢᠨ ᠬᠠᠲᠤᠨ
ᠭᠣᠣᠯ᠎ᠤᠨ ᠨᠠᠶ᠋ᠢᠷᠠᠯ
ᠳᠠᠭᠤᠤ᠎ᠶᠢᠨ ᠭᠠᠷᠠᠭ᠂ ᠬᠣᠷᠢᠳᠤᠭᠠᠷ
ᠬᠤᠭᠤᠴᠠᠭᠠᠨ᠎ᠤ 《ᠤᠮᠠᠷᠠᠲᠤ᠌
ᠬᠢᠯᠢ᠎ᠶᠢᠨ ᠪᠣᠯᠪᠠᠰᠤᠨ᠎ᠤ ᠭᠡᠷᠡᠯ
ᠭᠢᠯᠪᠠᠭ᠎ᠠ·ᠬᠠᠶ᠋ᠢᠯᠠᠷ᠎ᠤᠨ ᠵᠤᠨ》 ᠣᠯᠠᠨ
ᠲᠦᠮᠡᠨᠴᠢ ᠠᠭᠤᠳᠠᠮ
ᠲᠠᠯᠠᠪᠠᠢ᠎ᠶᠢᠨ ᠰᠣᠶᠣᠯ᠎ᠤᠨ ᠠᠵᠢᠯᠯᠠᠭ᠎ᠠ᠂ 《ᠬᠢᠩᠭᠠᠨ
ᠳᠠᠪᠠᠭᠠᠨ ᠳ᠋ᠡᠭᠢ ᠬᠢᠩᠭᠠᠨ ᠠᠶ᠋ᠢᠮᠠᠭ》—《ᠰᠡᠳᠬᠢᠯ
ᠨᠢᠭᠡᠳᠡᠢ ᠭᠢᠡᠭᠭᠠᠨᠴᠤᠳᠤᠨ ᠤᠮᠠᠷᠠᠳᠦ ᠭᠢᠯᠢ ᠵᠢᠨ ᠪᠦᠵᠢᠭ》 ᠬᠢᠩᠭᠠᠨ
ᠠᠶ᠋ᠢᠮᠠᠭ᠎ᠤᠨ ᠠᠷᠪᠠᠨ ᠨᠢᠭᠡᠳᠦᠭᠡᠷ
ᠬᠤᠭᠤᠴᠠᠭᠠᠨ᠎ᠤ ᠠᠭᠤᠳᠠᠮ ᠲᠠᠯᠠᠪᠠᠶ᠎ᠶᠢᠨ ᠪᠥᠵᠢᠭ (ᠲᠠᠯᠠᠪᠠᠶ᠎ᠶᠢᠨ
ᠭᠢᠮᠨᠠᠰᠲ᠋ᠢᠺ)᠎ᠤᠨ ᠤᠷᠤᠯᠳᠤᠭᠠᠨ᠂ ᠪᠠᠷᠠᠭᠤᠨ
ᠯᠢᠶᠣᠤᠾᠧ ᠭᠤᠤᠯ᠎ᠤᠨ
ᠰᠣᠶᠣᠯ᠎ᠤᠨ ᠨᠠᠶ᠋ᠢᠷ᠂ 《ᠳᠤᠮᠳᠠᠳᠤ᠎ᠶ᠋ᠢᠨ ᠠᠶᠠᠯᠭᠤ᠎ᠶ᠋ᠢᠨ
ᠠᠭᠤᠰᠤᠯᠴᠠᠯ·ᠪᠠᠶᠠᠰᠤᠯᠲᠤ
ᠲᠦᠩᠯᠢᠶᠣᠤ
ᠬᠤᠳᠠ》 ᠳᠤᠮᠳᠠᠳᠤ ᠤᠯᠤᠰ᠎ᠤᠨ ᠦᠨᠳᠦᠰᠦᠲᠡᠨ᠎ᠦ
ᠬᠦᠭᠵᠢᠮᠳᠡᠬᠦᠷ᠎ᠦᠨ ᠦᠵᠡᠭᠦᠯᠭᠡ᠎ᠶᠢᠨ ᠠᠵᠢᠯᠯᠠᠭ᠎ᠠ᠂
ᠤᠯᠠᠭᠠᠨᠬᠠᠳᠠ ᠬᠣᠲᠠ᠎ᠶᠢᠨ ᠠᠷᠪᠠᠨ
ᠨᠠᠢ᠍ᠮᠠᠳᠤᠭᠠᠷ ᠬᠤᠭᠤᠴᠠᠭᠠᠨ᠎ᠤ
ᠬᠤᠩᠱᠠᠨ ᠰᠣᠶᠣᠯ
ᠵᠢᠭᠤᠯᠴᠢᠯᠠᠯ᠎ᠤᠨ ᠨᠠᠶ᠋ᠢᠷ᠂ ᠥᠪᠥᠷ
ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠠᠷᠪᠠᠨ
ᠨᠢᠭᠡᠳᠦᠭᠡᠷ ᠬᠤᠭᠤᠴᠠᠭᠠᠨ᠎ᠤ ᠴᠥᠭᠡᠨ
ᠲᠣᠭᠠᠲᠤ᠌ ᠦᠨᠳᠦᠰᠦᠲᠡᠨ᠎ᠦ
ᠤᠯᠠᠮᠵᠢᠯᠠᠯᠲᠤ᠌ ᠪᠡᠶ᠎ᠡ᠎ᠶᠢᠨ ᠲᠠᠮᠢᠷ᠎ᠤᠨ
ᠴᠤᠭᠯᠠᠭᠠᠨ᠎ᠤ ᠦᠨᠳᠦᠰᠦᠲᠡᠨ᠎ᠦ ᠬᠠᠮᠲᠤᠷᠠᠭᠰᠠᠨ
ᠨᠠᠶ᠋ᠢᠷ᠎ᠤᠨ ᠠᠵᠢᠯᠯᠠᠭ᠎ᠠ᠂ ᠥᠪᠥᠷ
ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ 35 ᠳ᠋ᠤᠭᠠᠷ ᠬᠤᠭᠤᠴᠠᠭᠠᠨ᠎ᠤ ᠲᠠᠯ᠎ᠠ
ᠨᠤᠲᠤᠭ᠎ᠤᠨ ᠨᠠᠭᠠᠳᠤᠮ᠂ ᠪᠥᠬᠥ᠌
ᠣᠷᠣᠨ᠎ᠤ 《ᠲᠣᠰᠬᠣᠨ᠎ᠤ ᠦᠳᠡᠱᠢᠯᠡᠭᠡ》 ᠶᠡᠷᠦᠩᠬᠡᠢᠯᠡᠭ᠌ᠰᠡᠨ
ᠦᠵᠡᠭᠦᠯᠭᠡ᠎ᠶᠢᠨ ᠲᠣᠭᠯᠠᠯᠲᠠ᠂ 2025 ᠣᠨ᠎ᠤ ᠣᠷᠳᠣᠰ᠎ᠤᠨ ᠰᠣᠶᠣᠯ᠎ᠤᠨ
ᠪᠦᠲᠦᠭᠡᠯᠴᠢ ᠠᠵᠤ ᠦᠢᠯᠡᠰ᠎ᠦᠨ ᠲᠥᠷᠥᠯ
ᠲᠡᠮᠳᠡᠭ᠎ᠦᠨ ᠪᠠᠶ᠋ᠢᠭᠤᠯᠤᠯᠲᠠ᠎ᠶᠢᠨ ᠤᠬᠠᠭᠤᠯᠤᠨ
ᠳᠡᠯᠭᠡᠷᠡᠭᠦᠯᠬᠦ᠌ ᠠᠵᠢᠯᠯᠠᠭ᠎ᠠ᠎ᠶᠢᠨ ᠭᠠᠷᠠᠭ᠂
ᠶᠢᠰᠦᠳᠦᠭᠡᠷ ᠬᠤᠭᠤᠴᠠᠭᠠᠨ᠎ᠤ 《ᠱᠢᠳᠢᠲᠦ ᠤᠷᠠᠳ》 ᠪᠠᠷᠠᠭᠤᠨ
ᠣᠷᠣᠨ᠎ᠤ ᠠᠷᠠᠳ᠎ᠤᠨ
ᠳᠠᠭᠤᠤ᠎ᠶᠢᠨ ᠴᠤᠭᠯᠠᠭᠠᠨ ᠵᠢᠴᠢ
ᠮᠤᠨᠢ ᠠᠭᠤᠯᠠ᠎ᠶᠢᠨ
ᠳᠠᠭᠤᠤ ᠬᠥᠭᠵᠢᠮ᠎ᠦᠨ
ᠨᠠᠭᠠᠳᠤᠮ᠎ᠤᠨ ᠰᠢᠷᠢᠰ ᠠᠵᠢᠯᠯᠠᠭ᠎ᠠ᠂
ᠮᠠᠨᠵᠤᠤᠷ ᠬᠣᠲᠠ᠎ᠶᠢᠨ
ᠬᠣᠶᠠᠳᠤᠭᠠᠷ ᠬᠤᠭᠤᠴᠠᠭᠠᠨ᠎ᠤ ᠬᠣᠲᠠ᠎ᠶᠢᠨ
ᠠᠷᠠᠳ᠎ᠤᠨ ᠰᠣᠶᠣᠯ
ᠤᠷᠠᠯᠢᠭ᠎ᠤᠨ ᠤᠯᠠᠷᠢᠯ ᠵᠢᠴᠢ
ᠬᠣᠷᠢᠨ ᠨᠢᠭᠡᠳᠦᠭᠡᠷ
ᠬᠤᠭᠤᠴᠠᠭᠠᠨ᠎ᠤ ᠬᠣᠲᠠ᠎ᠶᠢᠨ ᠠᠷᠠᠳ᠎ᠤᠨ
ᠰᠣᠶᠣᠯ ᠤᠷᠠᠯᠢᠭ᠎ᠤᠨ
ᠨᠠᠶ᠋ᠢᠷ᠂ ᠮᠥᠰᠥᠨ
ᠪᠥᠵᠢᠭ᠎ᠦᠨ ᠲᠣᠭᠯᠠᠯᠲᠠ᠂ 《ᠤᠯᠤᠰ᠎ᠤᠨ ᠡᠭᠦᠳᠡᠨ᠎ᠳᠦ
ᠤᠯᠤᠰ᠎ᠤᠨ ᠲᠣᠭ
ᠮᠠᠨᠳᠤᠭᠤᠯᠬᠤ + ᠠᠶᠠᠯᠭᠤᠳᠦ
ᠵᠢᠭᠤᠯᠴᠢᠯᠠᠯ ᠥᠪᠥᠷ
ᠮᠣᠩᠭᠣᠯ》 — ᠤᠮᠠᠷᠠᠲᠤ᠌
ᠬᠢᠯᠢ᠎ᠶᠢᠨ ᠰᠣᠶᠣᠯ᠎ᠤᠨ ᠷᠢᠳᠢ
ᠰᠢᠳᠢ᠎ᠶᠢ ᠪᠡᠶᠡᠴᠢᠯᠡᠨ
ᠣᠶ᠋ᠢᠯᠠᠭᠠᠬᠤ ᠠᠶᠠᠯᠠᠯ ᠁ ᠵᠡᠷᠭᠡ ᠪᠤᠢ᠃

ᠬᠤᠪᠢᠰᠬᠠᠯ᠎ᠤᠨ
ᠰᠣᠶᠣᠯ᠂ ᠲᠠᠯ᠎ᠠ
ᠨᠤᠲᠤᠭ᠎ᠤᠨ ᠰᠣᠶᠣᠯ᠂ ᠲᠠᠷᠢᠶᠠᠯᠠᠬᠤ
ᠰᠣᠶᠣᠯ᠂ ᠬᠠᠳᠤᠨ
ᠭᠤᠤᠯ᠎ᠤᠨ ᠰᠣᠶᠣᠯ᠂
ᠤᠷᠳᠤ ᠴᠠᠭᠠᠨ
ᠬᠡᠷᠡᠮ᠎ᠦᠨ ᠰᠣᠶᠣᠯ ᠥᠪᠥᠷ
ᠮᠣᠩᠭᠣᠯ᠎ᠳᠤ ᠠᠭᠤᠰᠤᠯᠴᠠᠵᠤ᠂ ᠬᠤᠩᠱᠠᠨ᠎ᠤ
ᠰᠣᠶᠣᠯ᠂ ᠳ᠋ᠠ
ᠶᠣᠣ᠎ᠶᠢᠨ ᠰᠣᠶᠣᠯ᠂
ᠪᠠᠷᠠᠭᠤᠨ ᠯᠢᠶᠣᠤᠾᠧ
ᠭᠤᠤᠯ᠎ᠤᠨ ᠰᠣᠶᠣᠯ᠂
ᠪᠣᠷᠣᠲᠣᠬᠣᠶ᠎ᠶᠢᠨ ᠰᠣᠶᠣᠯ ᠡᠨᠳᠡ
ᠵᠤᠯᠭᠠᠯᠳᠤᠨᠠ ᠁ ᠲᠡᠦᠬᠡ᠂
ᠰᠣᠶᠣᠯ᠎ᠤᠨ ᠣᠯᠠᠨ ᠡᠰᠢᠲᠦ᠍
ᠠᠭᠤᠰᠤᠯᠴᠠᠯ ᠨᠢ ᠤᠮᠠᠷᠠᠲᠤ᠌ ᠬᠢᠯᠢ᠎ᠶᠢᠨ
ᠰᠣᠶᠣᠯ᠎ᠢ ᠬᠢᠵᠠᠭᠠᠯᠠᠰᠢ
ᠦᠭᠡᠢ ᠷᠢᠳᠢ
ᠰᠢᠳᠢ᠎ᠲᠡᠶ ᠪᠣᠯᠭᠠᠭ᠍ᠰᠠᠨ ᠠᠵᠢ᠃

6 ᠰᠠᠷ᠎ᠠ᠎ᠶᠢᠨ 22᠎ᠤᠨ ᠡᠳᠦᠷ᠂
ᠪᠤᠭᠤᠲᠤ᠎ᠶᠢᠨ 《ᠬᠠᠲᠤᠨ ᠭᠤᠤᠯ᠎ᠤᠨ ᠨᠢᠭᠡᠳᠦᠭᠡᠷ
ᠲᠣᠰᠬᠣᠨ》 ᠳ᠋ᠤ ᠡᠷᠭᠢᠯᠡᠭᠰᠡᠨ ᠥᠪᠥᠷ
ᠮᠣᠩᠭᠣᠯ᠎ᠤᠨ ᠵᠢᠭᠤᠯᠴᠢᠯᠠᠯ᠎ᠤᠨ ᠬᠥᠭᠵᠢᠯᠲᠡ᠎ᠶᠢᠨ
ᠶᠡᠬᠡ ᠬᠤᠷᠠᠯ᠎ᠨᠢ 《ᠰᠢᠨ᠎ᠡ
ᠡᠵᠡᠩᠨᠡᠯᠲᠡ᠎ᠶᠢᠨ ᠬᠡᠯᠪᠡᠷᠢ·ᠰᠢᠨ᠎ᠡ ᠠᠬᠤᠶ
ᠪᠠᠶ᠋ᠢᠳᠠᠯ·ᠰᠢᠨ᠎ᠡ ᠣᠶ᠋ᠢᠯᠠᠭᠠᠯᠲᠠ》 ᠳ᠋ᠤ ᠠᠩᠬᠠᠷᠤᠯ᠎ᠢᠶᠠᠨ
ᠲᠥᠪᠯᠡᠷᠡᠭᠦᠯᠵᠦ᠍᠂ 《ᠬᠠᠲᠤᠨ ᠭᠤᠤᠯ ᠬᠢᠭᠡᠳ
ᠲᠠᠯ᠎ᠠ ᠨᠤᠲᠤᠭ᠎ᠤᠨ
ᠶᠠᠷᠢᠯᠴᠠᠭ᠎ᠠ》 ᠶ᠋ᠢ ᠥᠷᠨᠢᠭᠦᠯᠪᠡ᠃

6 ᠰᠠᠷ᠎ᠠ᠎ᠶᠢᠨ 28᠎ᠤ ᠡᠳᠦᠷ᠂
《ᠤᠮᠠᠷᠠᠲᠤ᠌ ᠬᠢᠯᠢ᠎ᠶᠢᠨ
ᠪᠣᠯᠪᠠᠰᠤᠨ᠎ᠤ ᠭᠡᠷᠡᠯ ᠭᠢᠯᠪᠠᠭ᠎ᠠ·ᠬᠠᠶ᠋ᠢᠯᠠᠷ᠎ᠤᠨ
ᠵᠤᠨ》 ᠣᠯᠠᠨ ᠲᠦᠮᠡᠨᠴᠢ ᠠᠭᠤᠳᠠᠮ
ᠲᠠᠯᠠᠪᠠᠢ᠎ᠶᠢᠨ ᠰᠣᠶᠣᠯ᠎ᠤᠨ ᠠᠵᠢᠯᠯᠠᠭ᠎ᠠ
ᠬᠠᠶ᠋ᠢᠯᠠᠷ ᠲᠣᠭᠣᠷᠢᠭ᠎ᠤᠨ
ᠴᠢᠩᠭᠢᠰ ᠬᠠᠭᠠᠨ
ᠠᠭᠤᠳᠠᠮ ᠲᠠᠯᠠᠪᠠᠢ᠎ᠳᠤ
ᠦᠪᠡᠳᠡᠭᠰᠢ ᠶᠡᠭᠡ ᠪᠡᠷ ᠶᠠᠪᠤᠭ᠍ᠳᠠᠪᠠ᠂ ᠡᠨᠡ
ᠪᠣᠯ ᠬᠠᠶ᠋ᠢᠯᠠᠷ
ᠲᠣᠭᠣᠷᠢᠭ᠎ᠤᠨ ᠰᠣᠶᠣᠯ᠎ᠤᠨ ᠣᠷᠳᠣᠨ
ᠬᠠᠭ᠎ᠤᠨ ᠪᠠᠭᠤᠷᠢ᠎ᠶ᠋ᠢᠨ ᠰᠣᠶᠣᠯ᠎ᠳᠤ
ᠰᠠᠭᠤᠷᠢᠯᠠᠨ ᠨᠠᠢᠷᠠᠭᠤᠯᠵᠤ ᠪᠦᠲᠦᠭᠡᠭ᠌ᠰᠡᠨ ᠨᠢᠭᠡ
ᠤᠳᠠᠭᠠᠨ᠎ᠤ ᠦᠪᠠᠷᠮᠢᠴᠡ ᠤᠨᠴᠠᠯᠢᠭ ᠲᠠᠢ ᠪᠣᠳᠠᠳᠤ
ᠦᠵᠡᠭᠳᠡᠯᠲᠦ᠍ ᠪᠥᠵᠢᠭ ᠪᠠᠢᠵᠤ᠂ ᠬᠠᠭ᠎ᠤᠨ ᠪᠠᠭᠤᠷᠢ᠎ᠶ᠋ᠢᠨ ᠡᠷᠲᠡᠨ᠎ᠦ ᠦᠶ᠎ᠡ᠎ᠶᠢᠨ ᠠᠮᠢᠳᠤᠷᠠᠯ᠎ᠤᠨ
ᠪᠠᠶ᠋ᠢᠳᠠᠯ᠎ᠢ ᠲᠠᠬᠢᠨ ᠢᠯᠡᠷᠡᠭᠦᠯᠬᠦ᠌ ᠪᠡᠷ ᠭᠣᠣᠯ ᠵᠣᠷᠢᠯᠲᠠ
ᠪᠣᠯᠭᠠᠵᠤ᠂ ᠪᠥᠵᠢᠭᠴᠢᠨᠦ
ᠠᠮᠢᠯᠠᠭᠤᠯᠤᠭ᠍ᠰᠠᠨ ᠳᠦᠷᠢ᠂ ᠨᠠᠷᠢᠨ
ᠨᠢᠮᠪᠠᠶ ᠲᠥᠯᠥᠪᠯᠡᠭᠰᠡᠨ
ᠪᠠᠭᠠᠵᠢ ᠬᠡᠷᠡᠭᠰᠡᠯ
ᠵᠢᠴᠢ ᠢᠷᠠᠭᠤ
ᠰᠠᠶ᠋ᠢᠬᠠᠨ ᠬᠥᠭᠵᠢᠮ᠎ᠢᠶᠠᠷ ᠳᠠᠮᠵᠢᠨ《ᠴᠢᠯᠠᠭᠤᠨ
ᠵᠡᠪᠡ᠎ᠪᠠᠷ ᠶᠠᠰᠤ ᠪᠣᠯᠭᠠᠵᠤ᠂
ᠬᠠᠰ᠎ᠢᠶᠠᠷ ᠰᠦᠭ ᠰᠦᠨᠡᠰᠦ ᠪᠣᠯᠭᠠᠭ᠍ᠰᠠᠨ》 ᠪᠠᠯᠠᠷ
ᠡᠷᠲᠡᠨ᠎ᠦ ᠦᠶ᠎ᠡ᠎ᠶ᠋ᠢᠨ ᠵᠢᠭᠠᠰᠤ ᠠᠩᠨᠠᠬᠤ
ᠣᠢ ᠪᠢᠯᠢᠭ
ᠤᠷ᠎ᠠ ᠮᠡᠷᠭᠡᠱᠢᠯ᠎ᠢ ᠦᠵᠡᠭ᠌ᠴᠢᠳ ᠤᠯᠠᠨ᠎ᠦ ᠡᠮᠦᠨ᠎ᠡ ᠳᠡᠯᠭᠡᠨ ᠦᠵᠡᠭᠦᠯᠦᠭ᠌ᠰᠡᠨ ᠪᠠᠢᠨ᠎ᠠ᠃

6 ᠰᠠᠷ᠎ᠠ᠎ᠶ᠋ᠢᠨ
29᠎ᠦ ᠣᠷᠣᠶ᠂ 《ᠠᠶᠠᠯᠭᠤᠲᠤ᠌ ᠵᠢᠭᠤᠯᠴᠢᠯᠠᠯ ᠥᠪᠥᠷ ᠮᠤᠩᠭᠤᠯ》 ᠤᠮᠠᠷᠠᠲᠤ᠌ ᠬᠢᠯᠢ᠎ᠶ᠋ᠢᠨ ᠰᠣᠶᠣᠯ᠎ᠤᠨ
ᠠᠵᠢᠯᠯᠠᠭ᠎ᠠ᠎ᠶ᠋ᠢᠨ ᠤᠯᠠᠷᠢᠯ᠎ᠤᠨ ᠠᠢᠮᠠᠭ ᠬᠣᠲᠠ᠎ᠶ᠋ᠢᠨ ᠬᠤᠯᠪᠤᠭᠠᠯᠠᠯ᠎ᠤᠨ ᠭᠤᠤᠯᠳᠠᠯᠭᠠᠲᠤ᠌ ᠲᠥᠷᠥᠯ ᠵᠦᠢᠯ
ᠪᠣᠯᠬᠤ 《ᠳᠤᠮᠳᠠᠳᠤ᠎ᠶ᠋ᠢᠨ ᠠᠶᠠᠯᠭᠤ᠎ᠶ᠋ᠢᠨ ᠠᠭᠤᠰᠤᠯᠴᠠᠯ·ᠪᠠᠶᠠᠰᠤᠯᠲᠤ᠌ ᠲᠦᠩᠯᠢᠶᠣᠤ ᠬᠤᠳᠠ》 ᠳᠤᠮᠳᠠᠳᠤ
ᠤᠯᠤᠰ᠎ᠤᠨ ᠦᠨᠳᠦᠰᠦᠲᠡᠨ᠎ᠦ ᠬᠥᠭᠵᠢᠮᠳᠡᠭᠦᠷ᠎ᠦᠨ ᠦᠵᠡᠭᠥᠯᠭᠡᠶ᠋ᠢᠨ ᠠᠵᠢᠯᠯᠠᠭ᠎ᠠ ᠲᠦᠩᠯᠢᠶᠣᠤ ᠬᠣᠲᠠ᠎ᠶ᠋ᠢᠨ
ᠶᠤᠸᠠᠢ ᠯᠠᠶ ᠾᠧ ᠵᠢᠭᠤᠯᠴᠢᠯᠠᠯ ᠰᠡᠯᠡᠭᠦᠴᠡᠯ᠎ᠦᠨ ᠵᠡᠭᠡᠯᠢ ᠲᠣᠭᠣᠷᠢᠭ᠎ᠲᠤ᠌ ᠶᠠᠪᠤᠭᠳᠠᠪᠠ᠃ ᠠᠵᠢᠯᠯᠠᠭ᠎ᠠ᠎ᠨᠢ
ᠤᠯᠤᠰ᠎ᠤᠨ 4A ᠲᠠᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠪᠣᠯᠤᠨ ᠥᠪᠡᠷᠲᠡᠭᠡᠨ ᠵᠠᠰᠠᠬᠤ ᠣᠷᠣᠨ᠎ᠤ
ᠲᠠᠰ᠎ᠤᠨ ᠵᠢᠭᠤᠯᠴᠢᠯᠠᠯ ᠰᠡᠯᠡᠭᠦᠴᠡᠯ᠎ᠦᠨ ᠵᠡᠭᠡᠯᠢ ᠲᠣᠭᠣᠷᠢᠭ ᠵᠡᠷᠭᠡ ᠤᠨᠴᠠᠯᠢᠬᠳᠤ ᠵᠢᠭᠤᠯᠴᠢᠯᠠᠯ᠎ᠤᠨ
ᠦᠵᠡᠮᠵᠢ᠎ᠶ᠋ᠢᠨ ᠣᠷᠣᠨ᠎ᠳᠤ ᠲᠦᠰᠢᠭᠯᠡᠨ᠂ 《ᠦᠨᠳᠦᠰᠦᠲᠡᠨ᠎ᠦ ᠬᠥᠭᠵᠢᠮ᠎ᠤᠨ ᠵᠢᠭᠤᠯᠴᠢᠯᠠᠯ᠎ᠤᠨ ᠦᠵᠡᠭᠦᠯᠭᠡ᠎ᠶ᠋ᠢᠨ
ᠲᠤᠰᠬᠠᠶ ᠱᠤᠭᠤᠮ》᠎ᠢ ᠴᠣᠭᠴᠠᠯᠠᠵᠤ᠂ ᠦᠨᠳᠦᠰᠦᠲᠡᠨ᠎ᠦ ᠬᠥᠭᠵᠢᠮᠳᠡᠭᠦᠷ ᠬᠥᠭᠵᠢᠮ᠎ᠢ ᠡᠳᠦᠷ ᠲᠤᠲᠤᠮ᠎ᠤᠨ ᠰᠣᠶᠣᠯ
ᠵᠢᠭᠤᠯᠴᠢᠯᠠᠯ᠎ᠤᠨ ᠲᠠᠯᠠᠪᠤᠷ ᠭᠠᠵᠠᠷ᠎ᠲᠤ᠌ ᠳᠡᠯᠭᠡᠨ ᠲᠤᠭᠯᠠᠵᠤ᠂ ᠬᠣᠲᠠ᠎ᠶ᠋ᠢᠨ ᠠᠷᠠᠳ ᠪᠣᠯᠤᠨ
ᠵᠢᠭᠤᠯᠴᠢᠯᠠᠭᠰᠠᠳ᠎ᠲᠤ᠌ ᠳᠤᠮᠳᠠᠳᠤ᠎ᠶ᠋ᠢᠨ ᠰᠢᠯᠢᠳᠡᠭ ᠤᠯᠠᠮᠵᠢᠯᠠᠯᠲᠤ᠌ ᠰᠣᠶᠣᠯ᠎ᠤᠨ ᠷᠢᠳᠢ ᠰᠢᠳᠢ᠎ᠶ᠋ᠢ
ᠳᠡᠯᠭᠡᠨ ᠦᠵᠡᠭᠦᠯᠵᠦ᠍᠂ ᠤᠮᠠᠷᠠᠲᠤ᠌ ᠬᠢᠯᠢ᠎ᠶ᠋ᠢᠨ ᠰᠣᠶᠣᠯ᠎ᠤᠨ ᠪᠠᠢᠭᠤᠯᠤᠯᠲᠠ᠎ᠶ᠋ᠢ ᠳᠡᠭᠡᠭᠰᠢᠯᠡᠭᠦᠯᠬᠦ᠌
ᠠᠵᠢᠯᠯᠠᠭ᠎ᠠ᠎ᠳᠤ ᠬᠦᠴᠦᠨ ᠨᠡᠮᠡᠷᠢᠯᠡᠵᠦ᠍᠂ ᠰᠣᠶᠣᠯ ᠪᠣᠯᠤᠨ ᠵᠢᠭᠤᠯᠴᠢᠯᠠᠯ᠎ᠤᠨ ᠦᠢᠯᠡᠰ᠎ᠦᠨ ᠠᠭᠤᠰᠤᠯᠴᠠᠨ
ᠬᠥᠭᠵᠢᠬᠦ᠌᠎ᠶ᠋ᠢ ᠠᠬᠢᠭᠤᠯᠵᠤ᠂ 《ᠪᠠᠶᠠᠰᠤᠯᠲᠤ᠌ ᠲᠦᠩᠯᠢᠶᠣᠤ》᠎ᠶ᠋ᠢᠨ ᠣᠯᠠᠨ ᠲᠦᠮᠡᠨᠴᠢ ᠰᠣᠶᠣᠯ᠎ᠤᠨ ᠠᠵᠢᠯᠯᠠᠭ᠎ᠠ᠎ᠶ᠋ᠢᠨ ᠲᠥᠷᠥᠯ
ᠲᠡᠮᠳᠡᠭ᠎ᠢ ᠡᠭᠦᠳᠬᠦ᠌ ᠳ᠋ᠤ ᠬᠦᠴᠦᠨ ᠨᠡᠮᠡᠷᠢᠯᠡᠭᠰᠡᠨ ᠪᠠᠢᠨ᠎ᠠ᠃


6 ᠰᠠᠷ᠎ᠠ᠎ᠶ᠋ᠢᠨ
30᠎ᠤ ᠡᠳᠦᠷ᠂ ᠮᠠᠨᠵᠤᠤᠷ ᠬᠣᠲᠠ᠎ᠶ᠋ᠢᠨ ᠣᠯᠠᠨ ᠲᠦᠮᠡᠨᠴᠢ ᠰᠣᠶᠣᠯ ᠤᠷᠠᠯᠢᠭ᠎ᠤᠨ ᠤᠯᠠᠷᠢᠯ ᠵᠢᠴᠢ
ᠬᠣᠷᠢᠨ ᠨᠢᠭᠡᠳᠦᠭᠡᠷ ᠬᠤᠭᠤᠴᠠᠭᠠᠨ᠎ᠤ ᠬᠣᠲᠠ᠎ᠶ᠋ᠢᠨ ᠠᠷᠠᠳ᠎ᠤᠨ ᠰᠣᠶᠣᠯ ᠤᠷᠠᠯᠢᠭ᠎ᠤᠨ ᠨᠠᠢᠷ᠂ 2025 ᠮᠠᠨᠵᠤᠤᠷ᠎ᠤᠨ ᠳᠤᠮᠳᠠᠳᠤ ᠣᠷᠣᠰ᠎ᠤᠨ ᠰᠣᠶᠣᠯ ᠤᠷᠠᠯᠢᠭ᠎ᠤᠨ ᠰᠣᠯᠢᠯᠴᠠᠭᠠᠨ᠎ᠤ ᠤᠯᠠᠷᠢᠯ ᠤᠨ
ᠠᠵᠢᠯᠯᠠᠭ᠎ᠠ ᠬᠣᠲᠠ᠎ᠶ᠋ᠢᠨ ᠳᠤᠮᠳᠠᠬᠢ ᠲᠠᠯ᠎ᠠ ᠨᠤᠲᠤᠭ᠎ᠲᠤ᠌ ᠭᠣᠢᠳᠠ ᠰᠠᠢᠬᠠᠨ ᠡᠬᠢᠯᠡᠪᠡ᠃ ᠮᠠᠨᠵᠤᠤᠷ
ᠬᠣᠲᠠ᠎ᠶ᠋ᠢᠨ ᠨᠠᠰᠤᠲᠠᠢᠴᠤᠳ᠎ᠤᠨ ᠶᠡᠬᠡ ᠰᠤᠷᠭᠠᠭᠤᠯᠢ᠎ᠶ᠋ᠢᠨ ᠨᠠᠰᠤᠲᠠᠢᠴᠤᠳ ᠥᠪᠡᠷᠰᠡᠳ᠎ᠦᠨ ᠴᠤᠭ ᠵᠢᠪᠬᠤᠭ᠎ᠠ
ᠪᠡᠷ᠎ᠢᠶᠡᠨ ᠤᠮᠠᠷᠠᠲᠤ ᠭᠢᠯᠢ᠎ᠶ᠋ᠢᠨ ᠰᠣᠶᠣᠯ᠎ᠤᠨ ᠠᠵᠢᠯᠯᠠᠭ᠎ᠠ᠎ᠶ᠋ᠢᠨ ᠤᠯᠠᠷᠢᠯ᠎ᠢ ᠭᠡᠷᠡᠯᠲᠦᠭᠦᠯᠪᠡ᠃
ᠬᠣᠲᠠ᠎ᠶ᠋ᠢᠨ ᠠᠷᠠᠳ ᠡᠨᠡᠬᠦ᠌ ᠰᠣᠶᠣᠯ᠎ᠤᠨ ᠪᠠᠶᠠᠰᠤᠯᠳᠤ ᠰᠣᠭᠲᠣᠭᠤᠷᠠᠵᠤ᠂ ᠤᠷᠠᠯᠢᠭ᠎ᠤᠨ ᠢᠷᠠᠭᠤ ᠰᠠᠢᠬᠠᠨ᠎ᠢ
ᠬᠠᠮᠲᠤ᠎ᠪᠠᠷ ᠰᠣᠨᠢᠷᠬᠠᠪᠠ᠃


7
ᠰᠠᠷ᠎ᠠ᠎ᠶ᠋ᠢᠨ 13 ᠤ ᠣᠷᠣᠶ᠂ 《ᠠᠶᠠᠯᠭᠤᠲᠤ᠌ ᠵᠢᠭᠤᠯᠴᠢᠯᠠᠯ ᠥᠪᠥᠷ ᠮᠤᠩᠭᠤᠯ》 ᠤᠮᠠᠷᠠᠲᠤ᠌ ᠬᠢᠯᠢ᠎ᠶ᠋ᠢᠨ ᠰᠣᠶᠣᠯ᠎ᠤᠨ
ᠠᠵᠢᠯᠯᠠᠭ᠎ᠠ᠎ᠶ᠋ᠢᠨ ᠤᠯᠠᠷᠢᠯ᠎ᠤᠨ 《ᠯᠠᠩ ᠯᠠᠩ᠎ᠤᠨ ᠲᠡᠭᠦᠯᠳᠡᠷ ᠬᠤᠭᠤᠷ᠎ᠤᠨ ᠠᠶᠠᠯᠭᠤ·ᠤᠮᠠᠷᠠᠲᠤ᠌ ᠬᠢᠯᠢ᠎ᠶ᠋ᠢ ᠮᠠᠭᠲᠠᠨ
ᠳᠠᠭᠤᠯᠠᠨᠠᠮ — ᠯᠠᠩ ᠯᠠᠩ᠎ᠤᠨ ᠤᠮᠠᠷᠠᠲᠤ᠌ ᠬᠢᠯᠢ᠎ᠶ᠋ᠢᠨ ᠲᠠᠯ᠎ᠠ ᠨᠤᠲᠤᠭ᠎ᠤᠨ ᠳᠠᠭᠤᠤ ᠬᠥᠭᠵᠢᠮ᠎ᠦᠨ
ᠦᠪᠡᠳᠡᠭᠰᠢ ᠶᠣᠰᠣᠯᠠᠯ》 ᠬᠥᠬᠡᠬᠣᠲᠠ᠎ᠶ᠋ᠢᠨ ᠤᠯᠤᠰ᠎ᠤᠨ ᠤᠮᠠᠷᠠᠲᠤ᠎ᠶ᠋ᠢᠨ ᠬᠥᠯ ᠪᠥᠮᠪᠥᠭᠡ᠎ᠶ᠋ᠢᠨ ᠪᠣᠯᠪᠠᠰᠤᠷᠠᠯ᠎ᠤᠨ
ᠰᠠᠭᠤᠷᠢᠨ᠎ᠤ ᠶᠡᠷᠦᠩᠬᠡᠢᠯᠡᠭᠰᠡᠨ ᠣᠷᠳᠣᠨ᠎ᠳᠤ ᠶᠠᠪᠤᠭᠳᠠᠪᠠ᠃ ᠣᠯᠠᠨ ᠤᠯᠤᠰ᠎ᠤᠨ ᠨᠡᠷᠡᠲᠤ᠌ ᠲᠡᠭᠦᠯᠳᠡᠷ
ᠬᠤᠭᠤᠷᠴᠢ ᠯᠠᠩ ᠯᠠᠩ ᠶᠡᠷᠦ᠍ ᠪᠤᠰᠤ᠎ᠶ᠋ᠢᠨ ᠬᠥᠭᠵᠢᠮᠳᠡᠬᠦ᠌ ᠤᠷ᠎ᠠ ᠮᠡᠷᠭᠡᠵᠢᠯ ᠪᠣᠯᠤᠨ ᠠᠰᠤᠷᠤ ᠶᠡᠬᠡ
ᠨᠥᠯᠥᠭᠡᠯᠡᠬᠦ᠌ ᠬᠦᠴᠦᠨ ᠪᠥᠬᠥᠶ ᠤᠷᠠᠯᠢᠭ᠎ᠤᠨ ᠢᠯᠡᠷᠡᠯ᠎ᠢᠶᠡᠷ᠎ᠢᠶᠡᠨ ᠬᠥᠬᠡᠬᠣᠲᠠ᠎ᠶ᠋ᠢᠨ ᠠᠷᠠᠳ᠎ᠲᠤ᠌ ᠨᠢᠭᠡ
ᠤᠳᠠᠭᠠᠨ᠎ᠤ ᠭᠣᠢᠳᠠ ᠰᠠᠢᠬᠠᠨ ᠳᠠᠭᠤᠤ ᠬᠥᠭᠵᠢᠮ᠎ᠦᠨ ᠦᠪᠡᠳᠡᠭᠰᠢ ᠨᠠᠢᠷ᠎ᠢ ᠠᠪᠴᠢᠷᠠᠬᠰᠡᠨ ᠪᠠᠢᠨ᠎ᠠ᠃


7
ᠰᠠᠷ᠎ᠠ᠎ᠶ᠋ᠢᠨ 19᠎ᠦ ᠡᠳᠦᠷ᠂ ᠱᠢᠯᠢ᠎ᠶ᠋ᠢᠨ ᠭᠣᠣᠯ ᠠᠢᠮᠠᠭ᠎ᠤᠨ ᠱᠢᠯᠢᠩᠬᠣᠲᠠ᠎ᠳᠤ᠂ 《ᠠᠶᠠᠯᠭᠤᠳᠤ ᠵᠢᠭᠤᠯᠴᠢᠯᠡᠯ ᠦᠪᠤᠷ ᠮᠤᠩᠭᠤᠯ·ᠲᠡᠯᠭᠡᠷ ᠨᠠᠭᠠᠳᠤᠮ》 ᠬᠡᠮᠡᠬᠦ ᠥᠪᠥᠷ
ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 35 ᠳ᠋ᠤᠭᠠᠷ ᠬᠤᠭᠤᠴᠠᠭᠠᠨ᠎ᠤ ᠲᠠᠯ᠎ᠠ ᠨᠤᠲᠤᠭ᠎ᠤᠨ ᠨᠠᠭᠠᠳᠤᠮ
ᠦᠪᠡᠳᠡᠭ᠌ᠰᠢ ᠶᠡᠬᠡᠪᠡᠷ ᠡᠬᠢᠯᠡᠵᠦ᠍᠂ 8 ᠰᠠᠷ᠎ᠠ᠎ᠶ᠋ᠢᠨ ᠳᠤᠮᠳᠠᠴᠢ ᠪᠣᠯᠲᠠᠯ᠎ᠠ ᠶᠠᠪᠤᠭ᠍ᠳᠠᠨ᠎ᠠ᠃ ᠵᠣᠨ᠎ᠤ
ᠤᠯᠠᠷᠢᠯ᠎ᠤᠨ ᠨᠠᠭᠠᠳᠤᠮ᠎ᠤᠨ ᠴᠤᠭ᠍ᠯᠠᠭᠠᠨ᠎ᠢ ᠥᠨᠢᠳᠡ ᠡᠷᠭᠢᠯᠡᠬᠦ᠌ ᠭᠠᠵᠠᠷ ᠪᠣᠯᠤᠭ᠍ᠰᠠᠨ᠎ᠤ ᠬᠤᠪᠢ᠎ᠳᠤ᠂
ᠱᠢᠯᠢ᠎ᠶ᠋ᠢᠨ ᠭᠤᠤᠯ ᠠᠢᠮᠠᠭ ᠤᠯᠠᠮᠵᠢᠯᠠᠯᠲᠤ ᠪᠣᠳᠠᠰ᠎ᠤᠨ ᠪᠤᠰᠤ ᠰᠣᠶᠣᠯ᠎ᠤᠨ ᠥᠪ᠂ ᠣᠲᠣ ᠦᠶ᠎ᠡ᠎ᠶ᠋ᠢᠨ
ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢ ᠰᠣᠶᠣᠯ ᠵᠢᠭᠤᠯᠴᠢᠯᠠᠯ᠎ᠤᠨ ᠪᠡᠶᠡᠴᠢᠯᠡᠨ ᠣᠢᠯᠠᠭᠠᠯᠳᠠ ᠲᠠᠢ ᠠᠭᠤᠰᠤᠯᠴᠠᠭᠤᠯᠵᠤ᠂ ᠵᠢᠱ᠌ᠢᠯᠲᠡ᠎ᠪᠡᠷ ᠣᠷᠣᠨ᠎ᠤ
ᠭᠠᠳᠠᠨᠠᠬᠢ 50 ᠲᠦᠮᠨ ᠭᠠᠷᠤᠢ ᠵᠢᠭᠤᠯᠴᠢᠯᠠᠭᠴᠢ ᠵᠢᠨ ᠠᠩᠬᠠᠷᠤᠯ᠎ᠢ ᠲᠠᠲᠠᠵᠤ᠂ ᠵᠢᠭᠤᠯᠴᠢᠯᠠᠯ᠎ᠤᠨ
ᠶᠡᠷᠦᠩᠬᠡᠢᠯᠡᠭ᠌ᠰᠡᠨ ᠬᠡᠷᠡᠭ᠌ᠯᠡᠭᠡ᠎ᠶ᠋ᠢ 3 ᠳ᠋ᠦᠩᠱᠢᠭᠤᠷ ᠲᠥᠭᠥᠷᠢᠭ ᠳᠠᠢᠴᠢᠯᠠᠬᠤ ᠪᠣᠯᠤᠨ᠎ᠠ᠃
ᠡᠬᠢᠯᠡᠯᠲᠡ᠎ᠶ᠋ᠢᠨ ᠶᠣᠰᠣᠯᠠᠯ ᠳᠡᠭᠡᠷ᠎ᠡ ᠲᠦᠮᠡᠨ ᠬᠥᠮᠦᠨ᠎ᠦ ᠪᠦᠬᠡ᠂ ᠮᠣᠷᠢ ᠤᠷᠤᠯᠳᠤᠬᠤ᠂ ᠰᠤᠷ ᠬᠠᠷᠪᠤᠬᠤ ᠵᠡᠷᠭᠡ ᠤᠯᠠᠮᠵᠢᠯᠠᠯᠲᠤ
ᠤᠷᠤᠯᠳᠤᠭᠠᠨ ᠲᠠᠢ᠂ 《ᠲᠡᠯᠭᠡᠷ ᠨᠠᠭᠠᠳᠤᠮ》 ᠱᠢᠷᠢᠰ ᠠᠵᠢᠯᠯᠠᠭ᠎ᠠ᠎ᠲᠠᠢ ᠢᠵᠢ ᠪᠦᠷᠢᠳᠦᠭᠦᠯᠦᠨ᠂ ᠲᠠᠯ᠎ᠠ ᠨᠤᠲᠤᠭ᠎ᠤᠨ
ᠵᠢᠭᠤᠯᠴᠢᠯᠠᠯ᠎ᠤᠨ ᠭᠡᠷᠡᠯ ᠵᠢᠷᠤᠭ ᠲᠠᠳᠠᠬᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠢᠯᠡᠳᠭᠡᠯ᠎ᠦᠨ
ᠭᠠᠵᠠᠷ᠂ 《ᠤᠭᠳᠠᠷᠭᠤᠢ᠎ᠳᠤ ᠲᠦᠭᠡᠭᠰᠡᠨ ᠤᠳᠤᠳ》 — ᠳᠠᠭᠤᠤ ᠬᠥᠭ᠌ᠵᠢᠮ᠎ᠦᠨ
ᠴᠤᠭ᠍ᠯᠠᠭᠠᠨ ᠪᠦᠭᠦᠢᠯᠡ ᠡᠳᠦᠷ᠎ᠢᠶᠡᠷ ᠶᠠᠪᠤᠭᠳᠠᠨ᠎ᠠ᠃ ᠰᠥᠨᠢ᠎ᠶ᠋ᠢᠨ ᠰᠣᠶᠣᠯ᠎ᠤᠨ ᠴᠤᠭ᠍ᠯᠠᠷᠠᠯ᠎ᠤᠨ ᠲᠣᠭᠣᠷᠢᠭ᠄
ᠤᠯᠠᠭᠠᠨᠮᠥ᠋ᠴᠢᠷ᠎ᠦᠨ ᠠᠷᠠᠳ᠎ᠲᠤ ᠠᠱᠢᠭ ᠬᠦᠷᠲᠡᠭᠡᠬᠦ᠌ ᠲᠣᠭ᠍ᠯᠠᠯᠲᠠ᠂ ᠲᠠᠯ᠎ᠠ ᠨᠤᠲᠤᠭ᠎ᠤᠨ 《ᠤᠭᠳᠠᠷᠭᠤᠢ ᠳ᠋ᠤ ᠲᠦᠭᠡᠭᠰᠡᠨ ᠤᠳᠤᠳ》 — ᠳᠠᠭᠤᠤ
ᠬᠥᠭ᠌ᠵᠢᠮ᠎ᠦᠨ ᠴᠤᠭ᠍ᠯᠠᠭᠠᠨ ᠡᠳᠦᠷ ᠪᠦᠷᠢ ᠳᠤᠭᠯᠠᠵᠤ᠂ 《ᠱᠢᠷᠠᠭ᠍ᠰᠠᠨ
ᠬᠣᠨᠢᠨ᠎ᠤ ᠳᠠᠢᠯᠠᠯᠭ᠎ᠠ + ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ》 ᠵᠡᠷᠭᠡ ᠨᠢ ᠰᠥᠨᠢ᠎ᠶ᠋ᠢᠨ ᠠᠵᠤ ᠠᠬᠤᠶ᠎ᠶ᠋ᠢ ᠬᠥᠭ᠌ᠵᠢᠭᠡᠪᠠ; ᠲᠣᠭᠠᠴᠢᠯᠠᠯᠲᠠ᠎ᠶ᠋ᠢᠨ ᠳᠠᠮᠵᠢᠭᠤᠯᠭ᠎ᠠ᠎ᠶ᠋ᠢᠨ ᠵᠢᠭ᠍ᠰᠠᠭᠠᠯ᠄ ᠴᠤᠤᠷᠢᠶ᠎ᠠ᠂
ᠪᠤᠰᠢᠭᠤ ᠭᠠᠷ᠎ᠢᠶᠠᠷ ᠵᠣᠬᠢᠶᠠᠨ ᠪᠠᠢᠭᠤᠯᠤᠭ᠍ᠰᠠᠨ《ᠡᠷᠳᠡᠨᠢ ᠵᠢᠨ ᠰᠠᠩ ᠱᠢᠯᠢ᠎ᠶ᠋ᠢᠨ ᠭᠣᠣᠯ》᠂ 《# ᠠᠶᠠᠯᠭᠤᠳᠤ ᠵᠢᠭᠤᠯᠴᠢᠯᠡᠯ ᠥᠪᠥᠷ ᠮᠣᠩᠭᠣᠯ》 ᠭᠡᠬᠦ᠌ ᠶᠠᠷᠢᠶᠠᠨ᠎ᠤ ᠰᠡᠳᠦᠪ᠎ᠦᠨ ᠥᠷᠢᠰᠥᠯᠳᠦᠭᠡᠨ᠎ᠳᠦ᠂ ᠰᠦᠯᠵᠢᠶᠠᠨ ᠤᠳᠤᠳ 《ᠡᠭᠦᠯᠠᠨ
ᠨᠠᠭᠠᠳᠤᠮ》 ᠵᠢᠠᠷ ᠰᠢᠭᠤᠳ ᠨᠡᠪᠳᠡᠷᠡᠭᠦᠯᠭᠡ ᠭᠢᠵᠤ ᠪᠦᠬᠦ᠌ ᠤᠯᠤᠰ᠎ᠤᠨ 5 ᠳ᠋ᠦᠩᠱᠢᠭᠤᠷ ᠬᠥᠮᠦᠨ ᠤᠳᠠᠭ᠎ᠠ ᠳ᠋ᠤ
ᠲᠠᠮᠵᠢᠭᠤᠯᠬᠤ ᠪᠤᠯᠤᠨ᠎ᠠ; ᠬᠤᠰᠢᠭᠤ ᠰᠢᠶᠠᠨ᠎ᠤ ᠬᠤᠷᠰᠢᠯᠴᠠᠯ᠎ᠤᠨ
ᠨᠠᠢᠷ᠄ ᠥᠪᠡᠷᠲᠡᠭᠡᠨ ᠵᠠᠰᠠᠬᠤ ᠣᠷᠣᠨ᠎ᠤ ᠨᠠᠭᠠᠳᠤᠮ᠎ᠤᠨ ᠲᠠᠷᠠᠭ᠎ᠠ᠂ ᠡᠯ᠎ᠡ ᠬᠣᠱᠢᠭᠤ ᠱᠢᠶᠠᠨ᠎ᠤ ᠬᠢᠨ
ᠵᠠᠯᠭᠠᠭ᠎ᠠ ᠪᠡᠷ ᠤᠨᠴᠠᠯᠢᠬ᠍ᠲᠤ ᠠᠵᠢᠯᠯᠠᠭ᠎ᠠ ᠥᠷᠨᠢᠭᠦᠯᠵᠦ᠍᠂ 7 ᠰᠠᠷ᠎ᠠ᠎ᠠᠴᠠ 8 ᠰᠠᠷ᠎ᠠ ᠪᠣᠯᠲᠠᠯ᠎ᠠ
ᠲᠦᠳᠡᠭ ᠭᠠᠯ᠎ᠤᠨ ᠦᠳᠡᠱᠢᠯᠡᠭᠡ᠂ DJ ᠳ᠋ᠢᠰᠺ᠂ ᠮᠠᠯᠴᠢᠳ᠎ᠤᠨ ᠤᠷᠳᠤ᠎ᠶ᠋ᠢᠨ ᠳᠠᠭᠤᠤ ᠵᠡᠷᠭᠡ ᠰᠢᠷᠢᠰ ᠠᠵᠢᠯᠯᠠᠭ᠎ᠠ
ᠦᠷᠨᠢᠭᠦᠯᠤᠨ᠎ᠠ᠃


6
ᠰᠠᠷ᠎ᠠ᠎ᠠᠴᠠ 7 ᠰᠠᠷ᠎ᠠ ᠪᠣᠯᠲᠠᠯ᠎ᠠ᠂ ᠪᠥᠬᠥ᠌ ᠣᠷᠣᠨ᠎ᠤ ᠡᠯ᠎ᠡ ᠠᠢᠮᠠᠭ ᠬᠣᠲᠠ᠎ᠶ᠋ᠢᠨ᠎ᠬᠢᠨ ᠥᠪᠡᠷᠮᠢᠴᠡ
ᠣᠨᠴᠠᠯᠢᠭ᠎ᠲᠠᠶ ᠬᠤᠪᠢᠶᠠᠷᠢ ᠲᠠᠯᠠᠪᠠᠶ᠎ᠶ᠋ᠢ ᠵᠡᠷᠭᠡ ᠪᠡᠷ ᠡᠬᠢᠯᠡᠭᠦᠯᠵᠦ᠍᠂《ᠪᠥᠬᠥ᠌ ᠣᠷᠣᠨ ᠪᠦᠰᠡ᠎ᠶ᠋ᠢᠨ ᠪᠠᠶᠠᠷ ᠪᠠᠶᠠᠰᠤᠯ》᠎ᠤᠨ ᠪᠠᠢᠷᠢᠱᠢᠯ᠎ᠢ ᠪᠦᠷᠢᠯᠳᠦᠭᠦᠯᠵᠦ᠍᠂ ᠵᠢᠭᠤᠯᠴᠢᠯᠠᠭ᠍ᠰᠠᠳ᠎ᠲᠤ 《ᠮᠣᠷᠢᠨ ᠨᠢᠷᠤᠭᠤᠨ ᠲᠡᠭᠡᠷᠡᠬᠢ ᠦᠨᠳᠦᠰᠦᠲᠡᠨ》᠎ᠤ
ᠬᠠᠯᠠᠭᠤᠨ ᠰᠡᠳᠭᠢᠯᠭᠡ᠎ᠶ᠋ᠢ ᠪᠠᠶᠠᠴᠢᠯᠡᠨ ᠦᠢᠯᠠᠭᠠᠭᠤᠯᠤᠨᠠ᠃


《ᠠᠶᠠᠯᠭᠤᠳᠤ
ᠵᠢᠭᠤᠯᠴᠢᠯᠡᠯ ᠥᠪᠥᠷ ᠮᠣᠩᠭᠣᠯ》 ᠤᠮᠠᠷᠠᠲᠤ ᠬᠢᠯᠢ ᠵᠢᠨ ᠰᠣᠶᠣᠯ᠎ᠤᠨ ᠠᠵᠢᠯᠯᠠᠭ᠎ᠠ᠎ᠶ᠋ᠢᠨ ᠤᠯᠠᠷᠢᠯ ᠨᠢ 《ᠤᠷᠤᠯᠳᠤᠭᠠᠨ᠂
ᠨᠤᠮ ᠤᠩᠱᠢᠯᠭ᠎ᠠ᠂ ᠪᠣᠳᠠᠰ᠎ᠤᠨ ᠪᠤᠰᠤ ᠰᠣᠶᠣᠯ᠎ᠤᠨ ᠥᠪ᠂ ᠦᠵᠡᠰᠭᠦᠯᠡᠩ᠂ ᠰᠣᠶᠣᠯ᠎ᠤᠨ ᠠᠵᠦ ᠦᠢᠯᠡᠰ᠎ᠤᠨ ᠦᠵᠡᠰᠭᠦᠯᠡᠩ᠂
ᠲᠣᠭ᠍ᠯᠠᠯᠲᠠ᠂ ᠠᠮᠲᠠᠲᠤ ᠢᠳᠡᠭᠡᠨ》 ᠵᠡᠷᠭᠡ ᠳᠤᠯᠤᠭᠠᠨ ᠶᠡᠬᠡ ᠭᠣᠣᠯ ᠰᠡᠳᠦᠪᠲᠦ 300 ᠭᠠᠷᠤᠢ ᠰᠣᠳᠣᠨ ᠠᠵᠢᠯᠯᠠᠭ᠎ᠠ
ᠪᠡᠷ ᠰᠣᠶᠣᠯ ᠵᠢᠭᠤᠯᠴᠢᠯᠠᠯ᠎ᠤᠨ ᠠᠮᠢ ᠠᠬᠤᠢ᠎ᠶ᠋ᠢ ᠴᠣᠭ᠍ᠴᠠᠯᠠᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ
ᠰᠣᠶᠣᠯ᠎ᠢ ᠪᠠᠳᠠᠷᠠᠭᠤᠯᠵᠤ᠂ ᠤᠮᠠᠷᠠᠲᠤ ᠬᠢᠯᠢ᠎ᠶ᠋ᠢᠨ ᠰᠣᠶᠣᠯ᠎ᠤᠨ ᠬᠥᠭ᠌ᠵᠢᠯ ᠴᠡᠴᠡᠭ᠌ᠯᠡᠯ᠎ᠢ ᠠᠬᠢᠭᠤᠯᠬᠤ ᠴᠢᠬᠤᠯᠠ
ᠲᠠᠪᠴᠠᠩ ᠪᠣᠯᠬᠤ ᠪᠥᠭᠡᠳ ᠮᠦᠨᠴᠤ ᠦᠵᠡᠰᠭᠦᠯᠡᠩᠲᠦ ᠰᠠᠢᠬᠠᠨ ᠲᠠᠯ᠎ᠠ ᠨᠤᠲᠤᠭ᠎ᠤᠨ ᠭᠤᠤ᠎ᠠ ᠰᠠᠢᠬᠠᠨ᠂ ᠪᠠᠳᠠᠷᠠᠨ
ᠭᠦᠭᠵᠢᠭᠰᠡᠨ ᠥᠪᠥᠷ ᠮᠣᠩᠭᠣᠯ᠎ᠤᠨ ᠵᠥᠪ ᠲᠠᠯ᠎ᠠ᠎ᠶ᠋ᠢᠨ ᠳᠦᠷᠢ ᠲᠥᠷᠬᠦ᠌᠎ᠶ᠋ᠢ ᠢᠯᠡᠷᠡᠭᠦᠯᠬᠦ᠌ ᠲᠤᠢᠯ᠎ᠤᠨ ᠰᠠᠢ᠌ᠨ
ᠴᠤᠩᠬᠤᠪᠴᠢ ᠪᠣᠯᠤᠨ᠎ᠠ᠃
ᠡᠨᠡᠬᠦ ᠳᠡᠯᠭᠡᠷ
ᠵᠤᠨ᠎ᠤ ᠰᠠᠢᠬᠠᠨ ᠴᠠᠭ᠎ᠲᠦ᠂ ᠡᠨᠳᠠ ᠲᠠᠨ᠎ᠤ ᠬᠦᠰᠡᠨ ᠪᠠᠷᠠᠯᠠᠭᠰᠠᠨ ᠠᠯᠤᠰ ᠬᠤᠯᠠ ᠵᠢᠨ᠂ ᠰᠠᠢᠨ ᠰᠠᠢᠬᠠᠨ ᠪᠦᠬᠦᠨ
ᠪᠠᠢᠬᠤ ᠪᠡᠷ ᠪᠠᠷᠠᠬᠤ ᠦᠭᠡᠢ ᠵᠤᠨᠰᠢᠯᠠᠭ᠎ᠠ
ᠰᠡᠯᠡᠭᠦᠴᠡᠯ᠎ᠤᠨ ᠦᠵᠡᠮᠵᠢᠲᠦ ᠣᠷᠣᠨ᠂ ᠨᠡᠩ ᠴᠤ᠌ ᠰᠣᠶᠣᠯ᠎ᠤᠨ ᠭᠠᠢᠬᠠᠮᠰᠢᠭ᠎ᠳᠦ ᠭᠦᠷᠦᠰᠦ ᠪᠠᠢᠭ᠎ᠠ ᠶᠤᠮ᠃
ᠢᠷᠡᠯᠲᠡ
᠄ ᠳᠠᠯ᠎ᠠ
ᠨᠤᠳᠤᠭ᠎ᠤᠨ ᠡᠭᠦᠯᠡ ᠰᠢᠯᠵᠢᠶ᠎ᠠ