ᠢᠲᠡᠭᠡᠯ ᠵᠣᠷᠢᠭ᠎ᠢᠶᠠᠨ ᠪᠠᠲᠤᠳᠭᠠᠵᠤ ᠶᠡᠬᠡ ᠠᠯᠬᠤᠮ᠎ᠢᠶᠠᠷ ᠰᠡᠷᠭᠦᠨ ᠮᠠᠨᠳᠤᠯᠲᠠ᠎ᠶ᠋ᠢᠨ ᠠᠶᠠᠨ ᠳ᠋ᠠᠭᠠᠨ ᠮᠤᠷᠳᠠᠰᠤᠭᠠᠢ
2025-07-01 10:55:23
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

— ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 104 ᠵᠢᠯ᠎ᠦᠨ ᠣᠶ᠎ᠶ᠋ᠢ ᠪᠠᠶᠠᠷᠯᠠᠨ ᠪᠡᠯᠭᠡᠯᠡᠶ᠎ᠡ

ᠴᠠᠭ ᠮᠥᠴᠡ ᠭᠠᠢᠬᠠᠮᠱᠢᠭ᠎ᠢ ᠲᠡᠮᠳᠡᠭᠯᠡᠵᠤ᠂ ᠲᠡᠮᠡᠴᠡᠯ ᠲᠡᠦᠬᠡ᠎ᠶ᠋ᠢ ᠡᠭᠦᠳᠦᠨ᠎ᠡ᠃ ᠡᠨᠡ ᠡᠳᠤᠷ᠂ ᠪᠢᠳᠡ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 104 ᠵᠢᠯ᠎ᠦᠨ ᠣᠶ᠎ᠵᠢ ᠤᠭ᠍ᠲᠤᠯ᠎ᠠ᠃    

ᠠᠵᠢᠯ ᠦᠢᠯᠡᠰ᠎ᠢᠶᠡᠨ ᠮᠠᠨᠳᠤᠭᠤᠯᠬᠤ ᠵᠠᠮ᠎ᠡᠴᠡ ᠰᠡᠷᠭᠦᠨ ᠮᠠᠨᠳᠤᠯᠲᠠ᠎ᠶ᠋ᠢᠨ ᠵᠠᠮ ᠬᠦᠷᠲᠡᠯ᠎ᠡ᠂ ᠵᠢᠵᠢᠭ᠌ᠬᠡᠨ ᠤᠯᠠᠭᠠᠨ ᠣᠩᠭᠣᠴᠠ᠎ᠡᠴᠡ ᠥᠨᠳᠥᠷ ᠰᠦᠷᠯᠢᠭ ᠲᠤᠮᠤ ᠬᠥᠯᠭᠡ ᠣᠩᠭᠣᠴᠠ ᠬᠦᠷᠲᠡᠯ᠎ᠡ᠂ ᠰᠠᠯᠬᠢ ᠪᠣᠷᠣᠭᠠᠨ᠎ᠢ ᠲᠤᠭᠤᠯᠵᠥ᠍᠂ ᠳᠠᠪᠲᠠᠭ᠍ᠳᠠᠨ ᠪᠣᠯᠪᠠᠰᠤᠷᠠᠭ᠍ᠰᠠᠨ ᠮᠠᠷᠺᠰ᠎ᠤᠨ ᠦᠵᠡᠯ᠎ᠦᠨ ᠲᠦᠷᠦ᠍ ᠪᠠᠷᠢᠭ᠍ᠴᠢ ᠨᠠᠮ᠎ᠤᠨ ᠤᠬ ᠰᠠᠨᠠᠭ᠎ᠠ ᠪᠠᠲᠤ ᠪᠡᠬᠢ᠂ ᠢᠲᠡᠭᠡᠯ ᠪᠢᠰᠢᠷᠡᠯ ᠨᠡᠩ ᠪᠠᠲᠤ ᠪᠡᠬᠢ ᠪᠤᠯᠵᠤ᠂ ᠲᠦᠭ ᠲᠦᠮᠡᠨ ᠠᠷᠠᠳ ᠲᠦᠮᠡᠨ᠎ᠢ ᠳᠠᠭᠠᠭᠤᠯᠤᠨ ᠬᠦᠴᠤᠷᠭᠡᠭ ᠤᠯᠤᠰ ᠤ᠋ᠨ ᠪᠦᠳᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠬᠠᠷᠠᠯᠲᠠ ᠲᠡᠢᠰᠢ ᠢᠯᠠᠯᠲᠠ᠎ᠲᠠᠶ ᠤᠷᠤᠭ᠍ᠰᠢᠯᠠᠵᠤ᠂ ᠰᠡᠳᠭᠢᠯ ᠵᠢᠷᠦᠬᠡ᠎ᠶ᠋ᠢ ᠳᠣᠭ᠍ᠳᠣᠯᠤᠭᠤᠯᠤᠮ᠎ᠠ ᠴᠠᠭ ᠦᠶ᠎ᠡ᠎ᠶ᠋ᠢᠨ ᠱᠢᠨ᠎ᠡ ᠬᠠᠭᠤᠳᠠᠰᠤ᠎ᠶ᠋ᠢ ᠪᠢᠴᠢᠭ᠌ᠯᠡᠵᠦ᠍ ᠪᠠᠢᠨ᠎ᠠ᠃

ᠡᠨᠡ ᠬᠦ᠌ ᠱᠢᠨ᠎ᠡ ᠬᠠᠭᠤᠳᠠᠰᠤᠨ᠎ᠳᠤ᠂ ᠲᠦᠭ᠌ᠰᠢᠭᠦᠷᠢ᠎ᠶ᠋ᠢ ᠠᠷᠢᠯᠭᠠᠬᠤ᠂ ᠪᠡᠷᠬᠡ ᠪᠣᠭᠣᠮᠲᠠ᠎ᠶ᠋ᠢ ᠱᠢᠪᠲᠤᠯᠬᠤ᠂ ᠬᠤᠪᠢᠰᠤᠯᠲᠠ᠎ᠶ᠋ᠢ ᠠᠷᠭᠠᠴᠠᠭᠠᠬᠤ ᠠᠭᠤᠵᠢᠭᠤ ᠲᠠᠯᠪᠢᠭᠤ ᠪᠥᠭᠡᠳ ᠡᠷᠡᠯᠬᠡᠭ ᠪᠠᠭᠠᠲᠤᠷᠯᠢᠭ ᠵᠣᠷᠢᠭ ᠰᠥᠰᠥ᠍ ᠪᠠᠢᠨ᠎ᠠ᠃ ᠭᠦᠨᠵᠡᠭᠡᠢ ᠬᠤᠪᠢᠷᠠᠯᠲᠠ ᠭᠠᠷᠤᠭ᠍ᠰᠠᠨ ᠳᠣᠲᠣᠭᠠᠳᠤ ᠨᠥᠬᠥᠴᠡᠯ᠎ᠦᠨ ᠡᠮᠦᠨ᠎ᠡ᠂ ᠪᠢᠳᠡ ᠠᠷᠭ᠎ᠠ ᠪᠤᠳᠤᠯᠭ᠎ᠠ᠎ᠶ᠋ᠢ ᠶᠡᠷᠦᠩᠬᠡᠢᠯᠡᠨ ᠬᠡᠷᠡᠭ᠌ᠵᠢᠭᠦᠯᠬᠦ᠌ ᠳᠤᠮᠳᠠ ᠠᠵᠠ ᠲᠣᠬᠢᠶᠠᠯ᠎ᠢ ᠡᠭᠦᠳᠴᠦ᠍᠂ ᠰᠠᠨᠠᠭᠠᠴᠢᠯᠠᠭᠠᠲᠤ ᠡᠷᠬᠡ᠎ᠶ᠋ᠢ ᠤᠯᠪᠠ᠃ ᠨᠠᠷᠢᠨ ᠪᠤᠳᠤᠯᠢᠶᠠᠨᠲᠠᠢ ᠭᠠᠳᠠᠭᠠᠳᠤ ᠣᠷᠴᠢᠨ᠎ᠳᠤ᠂ ᠪᠢᠳᠡ ᠴᠢᠨᠠᠷ ᠰᠠᠢᠲᠠᠢ ᠬᠥᠭ᠌ᠵᠢᠯᠲᠡ᠎ᠶ᠋ᠢᠨ ᠲᠣᠭ᠍ᠲᠠᠭᠠᠯᠲᠤ ᠴᠢᠨᠠᠷ᠎ᠢᠶᠠᠷ ᠡᠯ᠎ᠡ ᠵᠦᠢᠯ᠎ᠦᠨ ᠲᠣᠭ᠍ᠲᠠᠭᠠᠯᠲᠤ ᠪᠤᠰᠤ ᠴᠢᠨᠠᠷ᠎ᠢ ᠠᠷᠭᠠᠴᠠᠭᠠᠪᠠ᠃

ᠡᠨᠡ ᠬᠦ᠌ ᠱᠢᠨ᠎ᠡ ᠬᠠᠭᠤᠳᠠᠰᠤᠨ᠎ᠳᠤ᠂ ᠶᠠᠮᠠᠷᠪᠠ ᠰᠠᠯᠬᠢᠨ ᠳᠠᠪᠠᠯᠭᠠᠨ᠎ᠡᠴᠡ ᠦᠯᠤ ᠰᠦᠷᠳᠡᠬᠦ ᠢᠲᠡᠭᠡᠯ ᠵᠣᠷᠢᠭ ᠪᠠ ᠢᠳᠡ ᠬᠦᠴᠦᠨ ᠪᠠᠢᠨ᠎ᠠ᠃ ᠨᠠᠮ ᠪᠠ ᠠᠷᠠᠳ ᠲᠦᠮᠡᠨ ᠢᠮᠠᠭ᠍ᠲᠠ ᠬᠠᠮᠲᠤ ᠵᠣᠭ᠍ᠰᠣᠵᠤ᠂ ᠬᠠᠮᠲᠤ ᠰᠡᠳᠭᠢᠵᠦ᠍᠂ ᠬᠠᠮᠲᠤ ᠠᠵᠢᠯᠯᠠᠵᠤ᠂ ᠬᠡᠴᠢᠨᠡᠨ ᠤᠯᠠᠨ ᠠᠶᠤᠯ ᠪᠠᠷᠳᠠᠭ᠎ᠠ᠂ ᠬᠡᠴᠢᠨᠡᠨ ᠤᠯᠠᠨ ᠪᠣᠭᠣᠮᠲᠠ ᠳᠠᠪᠠᠭ᠎ᠠ ᠨᠢ ᠴᠥᠮ ᠪᠢᠳᠡᠨ᠎ᠦ ᠵᠣᠯ ᠵᠢᠷᠭᠠᠯᠲᠤ ᠰᠠᠢ᠌ᠨ ᠰᠠᠢᠬᠠᠨ ᠠᠮᠢᠳᠤᠷᠠᠯ᠎ᠢ ᠴᠣᠭ᠍ᠴᠠᠯᠠᠬᠤ ᠪᠤᠯᠤᠳ ᠲᠡᠮᠤᠷ ᠮᠡᠲᠦ ᠰᠥᠰᠥ᠍ ᠵᠣᠷᠢᠭ᠎ᠢ ᠭᠤᠢᠪᠢᠯᠵᠠᠭᠤᠯᠵᠤ ᠴᠢᠳᠠᠬᠤ ᠦᠭᠡᠢ᠂ ᠪᠢᠳᠡᠨ᠎ᠦ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢ ᠠᠬᠢᠭᠤᠯᠬᠤ ᠢᠳᠡᠷᠡᠭᠦᠨ ᠠᠯᠬᠤᠭ᠎ᠠ᠎ᠶ᠋ᠢ ᠬᠣᠷᠢᠭ᠍ᠯᠠᠵᠤ ᠴᠢᠳᠠᠬᠤ ᠦᠭᠡᠢ ᠶᠤᠮ᠃

ᠦᠢᠯᠡᠳᠦᠯᠭᠡ ᠪᠣᠯ ᠬᠠᠮᠤᠭ᠎ᠤᠨ ᠰᠠᠢ᠌ᠨ ᠱᠢᠯᠭᠠᠭᠤᠷ ᠮᠥᠨ᠃ ᠶᠡᠷᠦᠩᠬᠡᠢ ᠱᠦᠵᠢ ᠰᠢ ᠵᠢᠨ ᠫᠢᠩ᠄ 《 ᠪᠢᠳᠡ ᠢᠲᠡᠭᠡᠯ ᠪᠢᠰᠢᠷᠡᠯ ᠢᠳᠡᠭᠡᠯ ᠵᠣᠷᠢᠭ᠎ᠢᠶᠠᠨ ᠭᠤᠢᠪᠢᠰᠢ ᠦᠭᠡᠢ ᠪᠠᠲᠤᠳᠭᠠᠵᠤ᠂ ᠵᠥᠷᠢᠴᠡᠯ ᠠᠰᠠᠭᠤᠳᠠᠯ᠎ᠳᠤ ᠱᠢᠭᠤᠳ ᠬᠠᠨᠳᠤᠵᠤ᠂ ᠠᠶᠤᠯ ᠲᠦᠭ᠌ᠰᠢᠭᠦᠷᠢ ᠥᠷᠢᠰᠥᠯᠳᠦᠭᠡᠨ᠎ᠢ ᠠᠷᠭᠠᠴᠠᠭᠠᠬᠤ᠎ᠳᠤ ᠤᠬᠤᠷᠢᠬᠤ ᠦᠭᠡᠢ ᠯᠡ ᠶᠤᠮ ᠪᠣᠯ ᠥᠭᠡᠷᠡᠴᠢᠯᠡᠯᠲᠡ ᠬᠥᠭ᠌ᠵᠢᠯᠲᠡ᠎ᠶ᠋ᠢᠨ ᠱᠢᠨ᠎ᠡ ᠣᠷᠣᠨ ᠵᠠᠢ᠎ᠶ᠋ᠢ ᠨᠡᠭᠡᠭᠡᠵᠦ᠍ ᠴᠢᠳᠠᠬᠤ ᠨᠢ ᠯᠠᠪᠳᠠᠢ! 》

ᠣᠷᠣᠭ᠎ᠠ ᠪᠤᠰᠭᠠᠭ᠎ᠠ ᠳᠡᠯᠡᠬᠡᠢ ᠶᠢᠷᠲᠢᠨᠴᠦ᠍᠎ᠶ᠋ᠢᠨ ᠡᠮᠦᠨ᠎ᠡ᠂ ᠵᠠᠷᠢᠮ ᠭᠠᠳᠠᠭᠠᠳᠤ᠎ᠶ᠋ᠢᠨ ᠤᠯᠤᠰ ᠲᠦᠷᠦ᠍᠎ᠶ᠋ᠢᠨ ᠴᠢᠬᠤᠯᠠ ᠬᠥᠮᠦᠰ᠎ᠦᠨ ᠦᠵᠡᠬᠦ᠌᠎ᠪᠡᠷ᠄ 《ᠳᠤᠮᠳᠠᠳᠤ ᠤᠯᠤᠰ ᠲᠣᠭ᠍ᠲᠠᠭᠤᠨ ᠴᠢᠨᠠᠷ᠎ᠢ ᠠᠪᠴᠢᠷᠠᠬᠤ᠎ᠪᠦᠭᠡᠳ ᠨᠡᠩ ᠴᠤ᠌ ᠢᠷᠡᠭᠡᠳᠦᠢ᠎ᠶ᠋ᠢᠨ ᠥᠨᠢ ᠤᠳᠠᠭᠠᠨ᠎ᠤ ᠬᠦᠰᠡᠯ ᠡᠷᠡᠮᠡᠯᠵᠡᠯ᠎ᠢ ᠠᠪᠴᠢᠷᠠᠨ᠎ᠠ》᠃ ᠳᠡᠯᠡᠬᠡᠶ ᠨᠡᠢᠭᠡᠮ ᠵᠢᠡᠷ᠎ᠢᠶᠡᠨ ᠡᠳᠤᠷ ᠢᠷᠡᠬᠦᠶ᠎ᠠ᠄ 《 ᠳᠤᠮᠳᠠᠳᠤ ᠤᠯᠤᠰ᠎ᠲᠤ ᠭᠡᠭᠡᠡ ᠰᠠᠷᠠᠭᠤᠯ ᠢᠷᠡᠭᠡᠳᠦᠢ ᠪᠠ ᠢᠲᠡᠭᠡᠯ ᠵᠣᠷᠢᠭ᠎ᠢ ᠤᠯᠵᠤ ᠬᠠᠷᠠᠯ᠎ᠠ 》 ᠭᠡᠬᠦ ᠬᠠᠮᠳᠤ ᠵᠢᠨ ᠲᠠᠨᠢᠯᠳᠠ ᠵᠢ ᠪᠦᠷᠢᠯᠳᠦᠬᠦᠯᠪᠠ᠃

ᠵᠠᠭᠤ ᠭᠠᠷᠤᠢ ᠵᠢᠯ᠎ᠦᠨ ᠬᠠᠲᠠᠭᠤ ᠪᠡᠷᠬᠡ ᠲᠡᠮᠡᠴᠡᠯ ᠭᠡᠷᠡᠯ ᠰᠠᠴᠤᠷᠠᠩᠭᠤᠢ ᠠᠮᠵᠢᠯᠲᠠ᠂ ᠱᠢᠨ᠎ᠡ ᠴᠠᠭ ᠦᠶ᠎ᠡ᠎ᠡᠴᠡ ᠨᠠᠭᠠᠱᠢᠬᠢ ᠡᠷᠡᠮᠡᠬᠡᠢᠯᠡᠨ ᠲᠠᠪᠱᠢᠬ᠍ᠰᠠᠨ ᠲᠡᠮᠡᠴᠡᠯ᠂ ᠵᠢᠯ ᠤ᠋ᠨ ᠡᠬᠢᠨ ᠡᠴᠡ ᠨᠠᠭᠠᠱᠢᠬᠢ ᠬᠤᠪᠢᠷᠠᠯᠲᠠ᠎ᠶ᠋ᠢ ᠠᠷᠭᠠᠴᠠᠭᠠᠨ ᠬᠤᠪᠢᠷᠠᠯᠲᠠ᠎ᠶ᠋ᠢ ᠡᠷᠢᠯᠬᠢᠯᠡᠭ᠌ᠰᠡᠨ ᠶᠠᠪᠤᠳᠠᠯ ᠨᠢ ᠪᠢᠳᠡᠨ᠎ᠳᠦ᠄ ᠨᠠᠮ᠎ᠤᠨ ᠲᠥᠪ ᠬᠣᠷᠢᠶ᠎ᠠ ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠪᠣᠯ ᠪᠢᠳᠡᠨ᠎ᠦ ᠲᠠᠰᠤᠷᠠᠯᠳᠠ ᠦᠭᠡᠢ ᠢᠯᠠᠯᠲᠠ ᠤᠯᠬᠤ᠎ᠶ᠋ᠢᠨ ᠦᠨᠳᠦᠰᠦ ᠮᠥᠨ᠂ 《ᠬᠣᠶᠠᠷ᠎ᠢ ᠲᠣᠭ᠍ᠲᠠᠭᠠᠬᠰᠡᠨ》 ᠨᠢ ᠪᠢᠳᠡᠨ᠎ᠦ ᠡᠯ᠎ᠡ ᠵᠦᠢᠯ᠎ᠦᠨ ᠠᠶᠤᠯ ᠲᠦᠭ᠌ᠰᠢᠭᠦᠷᠢ ᠥᠷᠢᠰᠥᠯᠳᠦᠭᠡᠨ᠎ᠢ ᠠᠷᠭᠠᠴᠠᠭᠠᠬᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢ ᠠᠬᠢᠭᠤᠯᠬᠤ᠎ᠳᠤ ᠱᠢᠢᠳᠪᠦᠷᠢᠯᠡᠭ᠌ᠴᠢ ᠴᠢᠨᠠᠷᠲᠠᠢ ᠠᠴᠢ ᠬᠣᠯᠪᠣᠭ᠍ᠳᠠᠯ᠎ᠲᠠᠶ ᠶᠤᠮ᠂ 14 ᠳ᠋ᠦᠩᠱᠢᠭᠤᠷ ᠭᠠᠷᠤᠢ ᠠᠷᠠᠳ ᠲᠦᠮᠡᠨ ᠳᠤᠤᠭᠠᠷᠪᠠᠯ ᠲᠠᠭᠤ ᠨᠢᠭᠡᠲᠡᠢ ᠳᠤᠭ᠍ᠲᠤᠷᠪᠠᠯ ᠬᠦᠴᠦ᠍ ᠨᠢᠭᠡᠲᠡᠢ ᠪᠠᠢᠪᠠᠯ ᠬᠢᠵᠦ᠍ ᠳᠡᠢᠯᠬᠦ᠌ ᠦᠭᠡᠢ ᠶᠠᠪᠤᠳᠠᠯ ᠭᠡᠵᠦ᠍ ᠦᠭᠡᠢ ᠭᠡᠳᠡᠭ᠎ᠢ ᠭᠦᠨᠵᠡᠭᠡᠢ ᠰᠡᠩᠬᠡᠷᠡᠭᠦᠯᠪᠡ᠃

ᠡᠨᠡ ᠡᠳᠤᠷ᠂ ᠲᠡᠦᠬᠡ᠎ᠶ᠋ᠢ ᠡᠷᠭᠢᠴᠡᠭᠦᠯᠬᠦᠶ᠎ᠠ᠂ ᠳᠤᠮᠳᠠᠳᠤ ᠤᠯᠤᠰ᠎ᠤᠨ ᠳᠦᠷᠰᠦ ᠪᠠᠢᠳᠠᠯ᠂ ᠳᠤᠮᠳᠠᠳᠤ᠎ᠶ᠋ᠢᠨ ᠦᠨᠳᠦᠰᠦᠲᠡᠨ᠎ᠦ ᠳᠦᠷᠰᠦ ᠪᠠᠢᠳᠠᠯ᠂ ᠳᠤᠮᠳᠠᠳᠤ ᠤᠯᠤᠰ᠎ᠤᠨ ᠠᠷᠠᠳ ᠲᠦᠮᠡᠨ᠎ᠦ ᠳᠦᠷᠰᠦ ᠪᠠᠢᠳᠠᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠦᠷᠰᠦ ᠪᠠᠢᠳᠠᠯ᠎ᠳᠤ ᠤᠷᠢᠳ ᠡᠮᠦᠨ᠎ᠡ ᠪᠠᠢᠭ᠎ᠠ ᠦᠭᠡᠢ ᠬᠤᠪᠢᠷᠠᠯᠲᠠ ᠭᠠᠷᠴᠠᠢ; ᠢᠷᠡᠭᠡᠳᠦᠢ᠎ᠶ᠋ᠢ ᠪᠠᠷᠠᠯᠠᠬᠤᠶ᠎ᠠ᠂ 《ᠠᠷᠪᠠᠨ ᠳᠥᠷᠪᠡᠳᠦᠭᠡᠷ ᠲᠠᠪᠤᠨ ᠵᠢᠯ 》 ᠤ᠋ᠨ ᠱᠢᠢᠳᠪᠦᠷᠢᠲᠦ ᠢᠯᠠᠯᠲᠠ᠎ᠶ᠋ᠢ ᠣᠯᠵᠤ᠂ ᠲᠤᠮᠤ ᠠᠯᠬᠤᠮ᠎ᠢᠶᠠᠷ ᠱᠢᠨ᠎ᠡ ᠠᠶᠠᠨ᠎ᠳ᠋ᠠᠭᠠᠨ ᠮᠤᠷᠳᠠᠬᠤ ᠳ᠋ᠤ᠂ ᠪᠢᠳᠡ ᠤᠷᠳᠤ ᠬᠤᠭᠤᠴᠠᠭᠠᠨ᠎ᠤ ᠲᠣᠭ᠍ᠲᠠᠭᠤᠨ ᠬᠥᠭ᠌ᠵᠢᠯᠲᠡ᠎ᠶ᠋ᠢ ᠪᠡᠶᠡᠯᠡᠭᠦᠯᠵᠦ᠍᠂ ᠠᠭᠤᠤ ᠶᠡᠬᠡ ᠰᠡᠷᠭᠦᠨ ᠮᠠᠨᠳᠤᠯᠲᠠ ᠲᠡᠢᠰᠢ ᠤᠷᠤᠭ᠍ᠰᠢᠯᠠᠬᠤ ᠢᠲᠡᠭᠡᠯ   ᠪᠠ ᠴᠢᠳᠠᠪᠤᠷᠢ ᠨᠡᠩ ᠶᠡᠬᠡ ᠪᠠᠢᠨ᠎ᠠ᠃

ᠨᠠᠮ᠎ᠲᠠᠶᠠᠭᠠᠷ ᠨᠠᠮ᠎ᠤᠨ ᠮᠡᠨᠳᠦᠯᠡᠭ᠌ᠰᠡᠨ ᠡᠳᠦᠷ᠎ᠢ ᠪᠡᠯᠭᠡᠯᠡᠬᠦ᠌ ᠡᠨᠡ ᠬᠦ᠌ ᠲᠥᠪ ᠴᠢᠩᠭ᠎ᠠ ᠴᠠᠭ ᠮᠥᠴᠡ᠎ᠳᠦ᠂ ᠳᠡᠯᠡᠬᠡᠢ ᠳ᠋ᠠᠬᠢᠨ᠎ᠤ ᠵᠠᠭᠤᠨ ᠵᠢᠯ ᠳ᠋ᠤ ᠲᠤᠬᠢᠶᠠᠯᠳᠤᠭ᠎ᠠ ᠦᠭᠡᠢ ᠬᠤᠪᠢᠰᠤᠯᠲᠠ ᠲᠦᠷᠭᠡᠰᠦᠨ ᠠᠬᠢᠵᠤ᠂ ᠮᠠᠨ᠎ᠤ ᠤᠷᠤᠭ᠍ᠰᠢᠯᠠᠯᠲᠠ᠎ᠶ᠋ᠢᠨ ᠵᠠᠮ ᠳᠡᠭᠡᠷ᠎ᠡ ᠪᠠᠰᠠ ᠮᠠᠰᠢ ᠤᠯᠠᠨ ᠠᠶᠤᠯ ᠲᠦᠭ᠌ᠰᠢᠭᠦᠷᠢ ᠥᠷᠢᠰᠥᠯᠳᠦᠭᠡᠨ᠎ᠳᠦ ᠲᠤᠯᠭᠠᠷᠠᠵᠤ ᠪᠠᠢᠭ᠎ᠠ ᠦᠶ᠎ᠡ᠎ᠳᠦ᠂ ᠨᠡᠩ ᠴᠤ᠌ ᠤᠭ ᠰᠠᠨᠠᠭ᠎ᠠ᠎ᠪᠠᠨ ᠦᠯᠦ᠍ ᠮᠠᠷᠲᠠᠨ᠂ ᠡᠷᠴᠢ ᠵᠣᠷᠢᠭ᠎ᠢᠶᠠᠨ ᠬᠥᠪᠴᠢᠯᠡᠵᠦ᠍᠂ ᠨᠠᠮ᠎ᠤᠨ ᠲᠡᠮᠡᠴᠡᠯ᠎ᠦᠨ ᠲᠡᠦᠬᠡ ᠪᠣᠯᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠣᠷᠢᠭ ᠰᠠᠨᠠᠭᠠᠨ᠎ᠤ ᠴᠠᠳᠢᠭ᠎ᠡᠴᠡ ᠪᠠᠷᠠᠭ᠍ᠳᠠᠰᠢ ᠦᠭᠡᠢ ᠬᠦᠴᠦᠨ ᠴᠢᠳᠠᠯ ᠣᠯᠵᠤ᠂ ᠱᠢᠯᠢᠳᠡᠭ ᠰᠤᠷᠲᠠᠯ᠎ᠢᠶᠠᠷ ᠰᠡᠳᠭᠢᠯ᠎ᠢᠶᠡᠨ ᠨᠢᠭᠡᠳᠭᠡᠨ ᠬᠦᠴᠦ᠍᠎ᠪᠡᠨ ᠬᠠᠮᠲᠤᠳᠭᠠᠵᠤ᠂ ᠠᠵᠢᠯ ᠬᠢᠵᠦ᠍ ᠦᠢᠯᠡᠰ ᠪᠤᠰᠭᠠᠵᠤ᠂ ᠣᠮᠣᠭ ᠲᠡᠭᠦᠯᠳᠡᠷ ᠲᠡᠮᠡᠴᠡᠯ᠎ᠦᠨ ᠵᠣᠷᠢᠭ᠎ᠢᠶᠠᠷ ᠱᠢᠨ᠎ᠡ ᠴᠠᠭ ᠦᠶ᠎ᠡ᠎ᠶ᠋ᠢᠨ ᠤᠷᠳᠤ ᠵᠠᠮ᠎ᠤᠨ ᠠᠶᠠᠨ ᠲᠠᠢ᠌ᠨ᠎ᠢ ᠰᠠᠢᠲᠤᠷ ᠬᠢᠬᠦ᠌ ᠴᠢᠬᠤᠯᠠᠳᠠᠢ᠃

ᠬᠦᠰᠡᠯᠡᠩ ᠢᠲᠡᠭᠡᠯ ᠪᠢᠱᠢᠷᠡᠯ ᠪᠣᠯ ᠨᠠᠮ᠎ᠢ ᠪᠠᠢᠭᠤᠯᠵᠤ ᠨᠠᠮ᠎ᠢ ᠮᠠᠨᠳᠤᠭᠤᠯᠬᠤ᠎ᠶ᠋ᠢᠨ ᠰᠠᠭᠤᠷᠢ ᠮᠥᠨ᠂ ᠪᠠᠰᠠ ᠴᠤ᠌ ᠨᠠᠮ᠎ᠤᠨ ᠭᠡᠱᠢᠭᠦᠨ ᠺᠠᠳ᠋ᠷ᠎ᠤᠨ ᠣᠷᠣᠱᠢᠨ ᠲᠣᠭ᠍ᠲᠠᠨᠢᠬᠤ᠎ᠶ᠋ᠢᠨ ᠦᠨᠳᠦᠰᠦ ᠮᠥᠨ᠃ 《ᠬᠤᠪᠢᠰᠭᠠᠯ᠎ᠤᠨ ᠬᠦᠰᠡᠯᠡᠩ ᠶᠠᠭᠤᠨ᠎ᠡᠴᠡ ᠴᠤ᠌ ᠡᠷᠬᠢᠮ》 ᠭᠡᠬᠦ᠌ ᠤᠯᠠᠭᠠᠨ ᠴᠡᠷᠢᠭ᠎ᠦᠨ ᠳᠠᠷᠤᠭ᠎ᠠ ᠪᠠᠢᠯᠳᠤᠭ᠍ᠴᠢᠳ᠎ᠡᠴᠡ 《ᠬᠣᠶᠠᠷ ᠪᠥᠮᠪᠥᠭᠡ ᠨᠢᠭᠡ ᠤᠳᠤᠨ》ᠤ᠋ ᠵᠣᠷᠢᠭ ᠰᠠᠨᠠᠭ᠎ᠠ᠎ᠶ᠋ᠢ ᠪᠠᠳᠠᠷᠠᠭᠤᠯᠤᠭ᠍ᠰᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠳ ᠬᠦᠷᠲᠡᠯ᠎ᠡ᠂ ᠲᠠᠬᠢᠭᠠᠳ《ᠨᠠᠮ᠎ᠮᠢᠨᠢ ᠰᠠᠨᠠᠭ᠎ᠠ ᠠᠮᠤᠷ ᠪᠠᠢᠭᠠᠷᠠᠢ᠂ ᠤᠯᠤᠰ᠎ᠢᠶᠠᠨ ᠬᠦᠴᠦᠷᠬᠡᠭ᠌ᠵᠢᠭᠦᠯᠬᠦ᠌᠎ᠳᠦ ᠪᠢ ᠪᠠᠢᠨ᠎ᠠ》 ᠭᠡᠬᠦ ᠱᠢᠨ᠎ᠡ ᠴᠠᠭ ᠦᠶ᠎ᠡ᠎ᠶ᠋ᠢᠨ ᠵᠠᠯᠠᠭᠤᠴᠤᠳ ᠬᠦᠷᠲᠡᠯ᠎ᠡ᠂ ᠡᠷᠡᠰ ᠪᠠᠲᠤ ᠬᠦᠰᠡᠯᠡᠩ ᠢᠲᠡᠭᠡᠯ ᠪᠢᠱᠢᠷᠡᠯ᠂ ᠭᠤᠢᠪᠢᠰᠢ ᠦᠭᠡᠢ ᠦᠨᠡᠨ ᠶᠣᠰᠣᠨ᠎ᠤ ᠬᠥᠭᠡᠭᠡᠴᠡᠯᠳᠦᠯ ᠪᠣᠯ ᠪᠢᠳᠡᠨ᠎ᠦ ᠠᠯᠢᠪᠠ ᠬᠦᠴᠢᠷ ᠪᠡᠷᠬᠡᠱᠢᠶᠡᠯ ᠬᠠᠷᠰᠢ ᠰᠠᠭᠠᠳ᠎ᠢ ᠢᠯᠠᠨ ᠳᠠᠪᠠᠬᠤ ᠨᠢᠭᠤᠴᠠ ᠨᠣᠮᠧᠷ ᠪᠣᠯᠤᠨ᠎ᠠ᠃

ᠱᠢᠨ᠎ᠡ ᠠᠶᠠᠨ᠎ᠳᠤ᠂ ᠬᠦᠰᠡᠯᠡᠩ ᠢᠲᠡᠭᠡᠯ ᠪᠢᠱᠢᠷᠡᠯ᠎ᠢᠶᠡᠨ ᠪᠠᠲᠤᠳᠭᠠᠬᠤ᠎ᠶ᠋ᠢ ᠨᠠᠰᠤᠨ ᠲᠤᠷᠱᠢᠳᠠ᠎ᠶ᠋ᠢᠨ ᠰᠡᠳᠦᠪ ᠪᠣᠯᠭᠠᠵᠤ᠂ ᠴᠠᠭ ᠦᠶ᠎ᠡ ᠶᠠᠭᠠᠬᠢᠵᠤ ᠬᠤᠪᠢᠷᠠᠭ᠍ᠰᠠᠨ ᠴᠤ᠌᠂ ᠨᠥᠬᠥᠴᠡᠯ ᠶᠠᠭᠠᠬᠢᠵᠤ ᠬᠤᠪᠢᠷᠠᠭ᠍ᠰᠠᠨ ᠴᠤ᠌᠂ ᠤᠬᠠᠮᠰᠠᠷ᠎ᠡᠴᠡ᠎ᠪᠠᠨ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠡᠷᠡᠰ ᠪᠠᠲᠤ ᠱᠢᠲᠦᠭ᠌ᠴᠢ ᠪᠠ ᠦᠨᠡᠨᠴᠢ ᠱᠢᠳᠤᠷᠭᠤ ᠦᠢᠯᠡᠳᠦᠯᠭᠡᠵᠢᠭᠦᠯᠦᠭ᠌ᠴᠢ ᠪᠤᠯᠵᠤ᠂ ᠠᠷᠠᠳ ᠲᠦᠮᠡᠨ᠎ᠢ ᠬᠦᠰᠡᠷᠳᠡᠭᠦᠯᠬᠦ ᠦᠭᠡᠢ ᠡᠬᠡ ᠣᠷᠣᠨᠴᠢ ᠬᠠᠢᠷ᠎ᠠ ᠰᠡᠳᠭᠢᠯᠭᠡ᠎ᠶ᠋ᠢ ᠱᠤᠭᠤᠵᠤ᠂ ᠡᠷᠬᠢᠮ ᠳᠡᠭᠡᠳᠦ ᠦᠵᠡᠯ ᠰᠠᠨᠠᠭᠠᠨ᠎ᠤ ᠲᠦᠪᠰᠢᠨ᠎ᠢ ᠬᠥᠭᠡᠭᠡᠴᠡᠯᠳᠦᠵᠦ᠂ ᠪᠠᠲᠤ ᠴᠢᠩᠭ᠎ᠠ ᠬᠠᠷᠢᠭᠤᠴᠠᠯᠭ᠎ᠠ ᠡᠭᠦᠷᠭᠡᠯᠡᠬᠦ᠌ ᠴᠢᠳᠠᠪᠤᠷᠢ᠎ᠪᠠᠨ ᠴᠢᠩᠭᠠᠳᠭᠠᠵᠤ᠂ ᠬᠦᠴᠢᠷ᠎ᠢ ᠮᠡᠳᠡᠵᠦ ᠪᠠᠢᠭᠠᠳ ᠬᠦᠴᠦᠯᠡᠨ ᠤᠷᠤᠵᠦ᠂ ᠬᠦᠴᠢᠷ᠎ᠢ ᠰᠦᠷᠦᠨ ᠤᠷᠤᠭ᠍ᠰᠢᠯᠠᠵᠤ᠂ ᠵᠣᠷᠢᠭ᠍ᠲᠠᠢ ᠲᠡᠮᠡᠴᠡᠪᠡᠯ ᠰᠠᠶ᠍ᠢ ᠬᠤᠷᠴᠠ ᠰᠢᠷᠦᠭᠦᠨ ᠦᠷᠢᠰᠦᠯᠳᠦᠭᠡᠨ᠎ᠤ ᠱᠢᠯᠭᠠᠯᠲᠠ ᠶ᠋ᠢ ᠳᠠᠭᠠᠭᠠᠵᠤ᠂ ᠲᠡᠦᠬᠡ ᠪᠠ ᠠᠷᠠᠳ ᠲᠦᠮᠡᠨ᠎ᠦ ᠱᠢᠯᠭᠠᠯᠲᠠ᠎ᠶ᠋ᠢ ᠳᠠᠭᠠᠭᠠᠵᠤ ᠳᠡᠢᠯᠬᠦ᠌ ᠪᠣᠳᠠᠲᠤ ᠠᠮᠵᠢᠯᠲᠠ᠎ᠶ᠋ᠢ ᠡᠭᠦᠳᠴᠦ᠍ ᠴᠢᠳᠠᠨ᠎ᠠ᠃

ᠨᠠᠮ᠎ᠤᠨ ᠦᠨᠳᠦᠰᠦ ᠰᠠᠭᠤᠷᠢ ᠠᠷᠠᠳ ᠲᠦᠮᠡᠨ᠎ᠳᠦ ᠪᠤᠢ᠂ ᠤᠳᠤᠮ ᠤᠯᠠᠮᠵᠢᠯᠠᠯ ᠠᠷᠠᠳ ᠲᠦᠮᠡᠨ᠎ᠳᠦ ᠪᠤᠢ᠂ ᠬᠦᠴᠦᠨ ᠴᠢᠳᠠᠯ ᠠᠷᠠᠳ ᠲᠦᠮᠡᠨ᠎ᠳᠦ ᠪᠤᠢ᠃ ᠡᠨᠡ ᠵᠢᠯ ᠪᠣᠯ 《ᠠᠷᠪᠠᠨ ᠳᠥᠷᠪᠡᠳᠦᠭᠡᠷ ᠲᠠᠪᠤᠨ ᠵᠢᠯ 》᠎ᠤ᠋ᠨ ᠲᠥᠯᠥᠪᠵᠢᠭᠦᠯᠭᠡ᠎ᠶ᠋ᠢᠨ ᠰᠡᠭᠦᠯ ᠬᠤᠷᠢᠶᠠᠬᠤ ᠵᠢᠯ ᠪᠣᠯᠤᠨ᠎ᠠ᠂ ᠶᠠᠳᠠᠭᠤ᠎ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠤᠭᠰᠠᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠭᠡᠬᠦ᠌᠂ ᠬᠥᠳᠡᠭᠡ ᠲᠣᠰᠭᠣᠨ᠎ᠢ ᠪᠥᠬᠥ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠎ᠶ᠋ᠢ ᠯᠠᠪᠳᠠᠭᠤᠨ ᠪᠠᠲᠤᠲᠠᠶ ᠠᠬᠢᠭᠤᠯᠬᠤ᠎ᠡᠴᠡ ᠬᠥᠭ᠌ᠵᠢᠯᠲᠡ᠎ᠶ᠋ᠢᠨ ᠳᠤᠮᠳᠠ ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ᠂ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠶ᠋ᠢᠨ ᠲᠤᠤᠷ᠎ᠢ ᠪᠠᠲᠤ ᠰᠦᠯᠵᠢᠬᠦ᠌᠎ᠶ᠋ᠢ ᠪᠠᠷᠢᠮᠲᠠᠯᠠᠬᠤ ᠬᠦᠷᠲᠡᠯ᠎ᠡ ᠁《ᠠᠷᠠᠳ ᠲᠦᠮᠡᠨ᠎ᠢ ᠵᠣᠯ ᠵᠢᠷᠭᠠᠯ᠎ᠲᠠᠶ ᠠᠮᠢᠳᠤᠷᠠᠭᠤᠯᠬᠤ ᠪᠣᠯ ᠲᠡᠷᠢᠭᠦᠨ ᠴᠢᠬᠤᠯᠠ ᠶᠠᠪᠤᠳᠠᠯ ᠮᠥᠨ》᠎ᠭᠡᠬᠦ ᠦᠵᠡᠯᠲᠡ᠎ᠵᠢ ᠪᠠᠷᠢᠮᠲᠠᠯᠠᠵᠤ᠂ ᠮᠠᠨ᠎ᠤ ᠨᠠᠮ ᠢᠮᠠᠭ᠍ᠲᠠ ᠪᠣᠳᠠᠲᠤ ᠠᠵᠢᠯᠯᠠᠭ᠎ᠠ᠎ᠪᠠᠷ᠎ᠢᠶᠠᠨ ᠠᠷᠠᠳ᠎ᠤᠨ ᠢᠲᠡᠭᠡᠯ᠎ᠢ ᠣᠯᠵᠤ᠂ ᠠᠷᠠᠳ ᠲᠦᠮᠡᠨ᠎ᠳᠦ ᠪᠤᠶᠠᠨ ᠦᠶ᠋ᠯᠡᠳᠦᠭ᠌ᠰᠡᠭᠡᠷ ᠢᠷᠡᠵᠡᠶ᠃

ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠪᠣᠯ ᠲᠦᠭ ᠲᠦᠮᠡᠨ ᠠᠷᠠᠳ ᠲᠦᠮᠡᠨ᠎ᠦ ᠥᠪᠡᠷ᠎ᠦᠨ ᠬᠢᠨᠢ ᠦᠢᠯᠡᠰ ᠮᠥᠨ᠂ ᠪᠠᠰᠠ ᠴᠤ᠌ ᠠᠶᠤᠯ ᠲᠦᠭ᠌ᠰᠢᠭᠦᠷᠢ ᠥᠷᠢᠰᠥᠯᠳᠦᠭᠡᠨ᠎ᠢᠶᠡᠷ ᠳᠦᠭᠦᠷᠦᠭ᠌ᠰᠡᠨ᠂ ᠱᠢᠷᠭᠠᠭᠤ ᠴᠢᠷᠮᠠᠢᠯᠭ᠎ᠠ ᠭᠠᠷᠭᠠᠬᠤ ᠴᠢᠬᠤᠯᠠᠲᠠᠢ ᠠᠤᠭ᠎ᠠ ᠦᠢᠯᠡᠰ ᠮᠥᠨ᠃ ᠠᠷᠠᠳ ᠲᠦᠮᠡᠨ᠎ᠢᠶᠡᠷ ᠦᠷᠳᠡᠭ᠎ᠦᠨ ᠵᠣᠷᠢᠯᠲᠠ᠎ᠪᠠᠨ ᠪᠣᠯᠭᠠᠵᠤ᠂ 《ᠤᠯᠤᠰ᠎ᠤᠨ ᠶᠡᠬᠡ ᠶᠠᠪᠤᠳᠠᠯ》 ᠎ᠢ᠋ ᠪᠠᠲᠤ ᠴᠡᠭᠡᠵᠢᠯᠡᠵᠦ᠍᠂ ᠠᠷᠠᠳ ᠲᠦᠮᠡᠨ᠎ᠦ ᠪᠤᠳᠤᠵᠦ᠍ ᠪᠠᠢᠭ᠎ᠠ ᠵᠦᠢᠯ᠎ᠢ ᠪᠤᠳᠤᠵᠦ᠍᠂ ᠠᠷᠠᠳ ᠲᠦᠮᠡᠨ᠎ᠦ ᠬᠦᠰᠡᠯ ᠨᠠᠢᠳᠠᠯᠭ᠎ᠠ᠎ᠶ᠋ᠢ ᠭᠦᠢᠴᠡᠳᠭᠡᠵᠦ᠍᠂ ᠤᠯᠠᠨ ᠲᠦᠮᠡᠨ᠎ᠦ ᠪᠠᠴᠢᠮᠳᠠᠵᠤ ᠲᠦᠪᠡᠭᠳᠡᠵᠦ ᠵᠤᠪᠠᠨᠢᠵᠤ ᠬᠦᠰᠡᠵᠦ ᠪᠠᠢᠭ᠎ᠠ ᠠᠰᠠᠭᠤᠳᠠᠯ᠎ᠢ ᠰᠡᠳᠭᠢᠯ ᠳᠠᠯᠪᠢᠨ ᠬᠠᠢᠷ᠎ᠠ ᠰᠡᠳᠭᠢᠯᠭᠡ ᠲᠠᠢ᠎ᠪᠡᠷ᠎ᠱᠢᠢᠳᠪᠦᠷᠢᠯᠡᠵᠦ᠍᠂ ᠣᠳᠣᠬᠢᠴᠢᠯᠠᠯᠲᠠ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠦᠷ᠎ᠡ ᠪᠦᠲᠦᠭᠡᠯ᠎ᠢ ᠨᠡᠩ ᠤᠯᠠᠨ ᠨᠡᠩ ᠡᠷᠬᠡ ᠲᠡᠭ᠌ᠰᠢ᠎ᠪᠡᠷ ᠪᠦᠬᠦ᠌ ᠠᠷᠠᠳ ᠲᠦᠮᠡᠨ᠎ᠳᠦ ᠬᠦᠷᠲᠡᠭᠡᠪᠡᠯ ᠯᠠᠪᠲᠠᠢ ᠠᠦᠭ᠎ᠠ ᠶᠡᠬᠡ ᠬᠦᠴᠦᠨ ᠴᠢᠳᠠᠯ᠎ᠢ ᠨᠢᠭ᠍ᠲᠠᠷᠠᠭᠤᠯᠵᠤ᠂ ᠰᠡᠳᠭᠢᠯ ᠨᠢᠭᠡᠳᠦᠨ ᠬᠠᠮᠲᠤᠷᠠᠯᠴᠠᠵᠤ ᠲᠡᠦᠬᠡ᠎ᠶ᠋ᠢᠨ ᠠᠭᠤᠤ ᠦᠢᠯᠡᠰ᠎ᠢ ᠡᠭᠦᠳᠴᠦ᠍ ᠴᠢᠳᠠᠨ᠎ᠠ᠃ ᠪᠡᠶ᠎ᠡ᠎ᠪᠡᠨ ᠵᠠᠰᠠᠬᠤ ᠪᠤᠯ ᠤᠯᠤᠰ᠎ᠢᠶᠡᠨ ᠵᠠᠰᠠᠵᠤ ᠲᠡᠯᠡᠭᠡᠢ ᠳ᠋ᠠᠬᠢᠨ᠎ᠢ ᠲᠦᠪᠰᠢᠷᠡᠭᠦᠯᠬᠦ ᠵᠢᠨ ᠦᠨᠳᠦᠰᠦᠨ ᠤᠷᠢᠳᠠᠯ ᠪᠤᠯᠤᠨ᠎ᠠ᠃ ᠱᠢᠨ᠎ᠡ ᠴᠠᠭ ᠦᠶ᠎ᠡ᠎ᠡᠴᠡ ᠨᠠᠭᠠᠰᠢ᠂ ᠮᠠᠨ᠎ᠤ ᠨᠠᠮ 《ᠬᠣᠶᠠᠷ ᠲᠡᠦᠬᠡ᠎ᠶ᠋ᠢᠨ ᠰᠠᠨᠠᠭᠠᠴᠢᠯᠠᠭᠠᠲᠤ ᠡᠷᠬᠡ》 ᠵᠢ ᠣᠯᠤᠭ᠍ᠰᠠᠨ᠎ᠤ ᠵᠠᠩᠭᠢᠯᠠᠭ᠎ᠠ ᠨᠢ ᠨᠠᠮ᠎ᠤᠨ ᠥᠪᠡᠷ ᠪᠡᠶ᠎ᠡ᠎ᠶᠢᠨ ᠬᠤᠪᠢᠰᠭᠠᠯ᠎ᠢᠶᠡᠷ ᠨᠡᠢᠭᠡᠮ᠎ᠦᠨ ᠬᠤᠪᠢᠰᠭᠠᠯ᠎ᠢ ᠬᠦᠳᠦᠯᠥᠨ ᠳᠠᠭᠠᠭᠤᠯᠵᠤ᠂ ᠥᠭᠡᠷᠡᠴᠢᠯᠡᠯᠲᠡ᠎ᠶ᠋ᠢᠨ ᠵᠣᠷᠢᠭ ᠰᠠᠨᠠᠭ᠎ᠠ ᠪᠣᠯᠤᠨ ᠴᠢᠩᠭ᠎ᠠ ᠪᠠᠷᠢᠮᠵᠢᠶ᠎ᠠ᠎ᠪᠠᠷ ᠨᠠᠮ᠎ᠢ ᠬᠠᠮᠢᠶᠠᠷᠴᠤ᠌ ᠨᠠᠮ᠎ᠢ ᠵᠠᠰᠠᠬᠤ᠎ᠶ᠋ᠢ ᠪᠠᠷᠢᠮᠲᠠᠯᠠᠭ᠍ᠰᠠᠨ᠎ᠳᠤ ᠪᠠᠢᠨ᠎ᠠ᠃

ᠤᠷᠳᠤ ᠬᠤᠭᠤᠴᠠᠭ᠎ᠠ᠎ᠪᠠᠷ ᠣᠷᠣᠱᠢᠵᠤ ᠢᠷᠡᠭ᠌ᠰᠡᠨ 《ᠲᠦᠷᠪᠡᠨ ᠶᠡᠬᠡ ᠱᠢᠯᠭᠠᠯᠲᠠ》᠂ 《ᠲᠦᠷᠪᠡᠨ ᠵᠦᠢᠯ᠎ᠦᠨ ᠠᠶᠤᠯ ᠲᠦᠭ᠌ᠰᠢᠭᠦᠷᠢ》 ᠎ᠶ᠋ᠢᠨ ᠡᠮᠦᠨ᠎ᠡ᠂ ᠭᠠᠭ᠍ᠴᠠ ᠬᠦ᠌ 《ᠡᠭᠦᠷᠢᠳᠡ ᠵᠤᠬ᠍ᠰᠤᠰᠢ ᠦᠭᠡᠢ ᠪᠠᠢᠬᠤ》 ᠬᠠᠳᠠᠨ ᠵᠣᠷᠢᠭ ᠪᠠ ᠴᠥᠬᠥᠷᠡᠰᠢ ᠦᠭᠡᠢ᠎ᠪᠡᠷ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠭᠦᠨᠵᠡᠭᠡᠢ ᠠᠬᠢᠭᠤᠯᠵᠤ᠂ 《ᠬᠤᠪᠢᠰᠭᠠᠯᠴᠢᠳ ᠡᠷᠬᠡᠪᠰᠢ ᠤᠷᠢᠳ᠎ᠢᠶᠡᠷ ᠥᠪᠡᠷ ᠪᠡᠶ᠎ᠡ᠎ᠶᠢᠨ ᠬᠤᠪᠢᠰᠭᠠᠯ ᠬᠢᠬᠦ᠌ 》ᠡᠷᠡᠰ ᠪᠠᠲᠤ ᠵᠣᠷᠢᠭ ᠰᠠᠨᠠᠭ᠎ᠠ᠎ᠪᠠᠷ ᠨᠠᠮ᠎ᠤᠨ ᠥᠪᠡᠷ᠎ᠪᠡᠶ᠎ᠡ᠎ᠶᠢᠨ ᠬᠤᠪᠢᠰᠭᠠᠯ᠎ᠢ ᠡᠴᠦᠰ᠎ᠲᠦᠨᠢ ᠲᠤᠯᠲᠠᠯ᠎ᠠ ᠬᠢᠪᠡᠯ ᠰᠠᠶᠢ ᠨᠠᠮ᠎ᠢ ᠨᠡᠩ ᠪᠠᠲᠤ ᠴᠢᠩᠭ᠎ᠠ ᠬᠦᠴᠦᠨ᠎ᠲᠡᠶ ᠪᠣᠯᠭᠠᠨ ᠪᠠᠢᠭᠤᠯᠵᠤ᠂ ᠨᠠᠮ᠎ᠢ ᠢᠮᠠᠭ᠍ᠲᠠ ᠳᠤᠮᠳᠠᠳᠤ ᠤᠯᠤᠰ᠎ᠤᠨ ᠠᠷᠠᠳ ᠲᠦᠮᠡᠨ᠎ᠦ ᠬᠠᠮᠤᠭ᠎ᠤᠨ ᠨᠠᠢᠳᠠᠪᠤᠷᠢᠲᠠᠢ᠂ ᠬᠠᠮᠤᠭ᠎ᠤᠨ ᠪᠠᠲᠤ ᠴᠢᠩᠭ᠎ᠠ ᠲᠦᠱᠢᠭ ᠲᠤᠯᠭᠠᠭᠤᠷᠢ ᠪᠣᠯᠭᠠᠵᠤ ᠴᠢᠳᠠᠨ᠎ᠠ᠃ ᠪᠢᠳᠡ ᠲᠥᠪ᠎ᠦᠨ ᠨᠠᠢ᠍ᠮᠠᠨ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠬᠤ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ᠌᠎ᠪᠡᠷ ᠠᠵᠠ ᠲᠣᠬᠢᠶᠠᠯ ᠪᠣᠯᠭᠠᠵᠤ᠂ ᠰᠤᠷᠤᠯᠴᠠᠬᠤ ᠪᠠᠢᠴᠠᠭᠠᠬᠤ ᠴᠡᠭᠴᠡᠯᠡᠨ ᠰᠠᠢᠵᠢᠷᠠᠭᠤᠯᠬᠤ᠎ᠶ᠋ᠢ ᠨᠢᠭᠡ ᠴᠤᠭ᠍ᠴᠠᠵᠢᠭᠤᠯᠤᠨ ᠠᠬᠢᠭᠤᠯᠬᠤ ᠳᠡᠭᠡᠷ᠎ᠡ ᠬᠦᠴᠦ᠍ ᠲᠠᠯᠪᠢᠵᠤ᠂ ᠰᠤᠷᠲᠠᠯ᠎ᠢᠶᠠᠨ ᠰᠠᠢᠵᠢᠷᠠᠭᠤᠯᠤᠭ᠍ᠰᠠᠨ ᠪᠣᠳᠠᠲᠤ ᠦᠷ᠎ᠡ ᠪᠦᠲᠦᠮᠵᠢ᠎ᠪᠡᠷ ᠠᠷᠠᠳ ᠤᠯᠠᠨ᠎ᠤ ᠳᠡᠮᠵᠢᠯᠭᠡ ᠪᠠ ᠬᠦᠷᠢᠶᠡᠯᠡᠯ᠎ᠢ ᠤᠯᠬᠤ ᠬᠡᠷᠡᠭ᠌ᠲᠡᠢ᠃

ᠢᠷᠡᠭᠡᠳᠦᠢ᠎ᠳᠦ ᠬᠠᠨᠳᠤᠬᠤᠶ᠎ᠠ᠂ ᠴᠠᠭ᠂ ᠪᠠᠢᠳᠠᠯ᠂ ᠵᠢᠷᠤᠮ ᠴᠥᠮ ᠮᠠᠨ᠎ᠤ ᠲᠠᠯ᠎ᠠ᠎ᠳᠤ ᠪᠠᠢᠨ᠎ᠠ᠃ ᠳᠡᠯᠡᠬᠡᠢ᠎ᠶ᠋ᠢᠨ ᠪᠠᠢᠳᠠᠯ ᠶᠠᠭᠠᠬᠢᠵᠤ ᠬᠤᠪᠢᠷᠠᠭ᠍ᠰᠠᠨ ᠴᠤ᠌ ᠢᠲᠡᠭᠡᠯ ᠵᠣᠷᠢᠭ᠎ᠢᠶᠠᠨ ᠪᠠᠲᠤᠳᠭᠠᠵᠤ᠂ ᠥᠪᠡᠷ᠎ᠦᠨ ᠶᠠᠪᠤᠳᠠᠯ᠎ᠢᠶᠠᠨ ᠡᠷᠡᠰ ᠭᠤᠢᠪᠢᠰᠢ ᠦᠭᠡᠢ ᠰᠠᠢᠲᠤᠷ ᠬᠢᠵᠦ᠍᠂ ᠥᠨᠳᠥᠷ ᠲᠦᠪᠱᠢᠨ ᠪᠦᠬᠦᠢ ᠭᠠᠳᠠᠭᠠᠳᠤ ᠨᠡᠭᠡᠭᠡᠯᠳᠠ᠎ᠶ᠋ᠢ ᠡᠷᠡᠰ ᠭᠤᠢᠪᠢᠰᠢ ᠦᠭᠡᠢ ᠥᠷᠭᠡᠳᠭᠡᠪᠡᠯ᠂ ᠳᠤᠮᠳᠠᠳᠤ ᠤᠯᠤᠰ ᠳᠠᠷᠤᠢ ᠬᠠᠮᠤᠭ᠎ᠤᠨ ᠶᠡᠬᠡ ᠲᠣᠭ᠍ᠲᠠᠭᠠᠯᠲᠤ ᠴᠢᠨᠠᠷ ᠪᠠ ᠲᠣᠭ᠍ᠲᠠᠭᠤᠨ ᠬᠦᠴᠦᠨ ᠵᠦᠢᠯ ᠪᠣᠯᠤᠨ᠎ᠠ᠃ ᠪᠢᠳᠠ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ᠎ᠶᠢᠨ ᠲᠣᠭᠣᠷᠢᠨ᠎ᠳᠤ ᠨᠡᠩ ᠨᠢᠭ᠍ᠲᠠᠷᠠᠨ ᠪᠦᠯᠬᠦᠮᠳᠡᠵᠦ᠍᠂ ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ᠎ᠶ᠋ᠢ ᠶᠡᠬᠡ᠎ᠪᠡᠷ ᠪᠠᠳᠠᠷᠠᠭᠤᠯᠵᠤ᠂ ᠱᠢᠨ᠎ᠡ ᠠᠶᠠᠨ᠎ᠳᠠᠭᠠᠨ ᠨᠡᠩ ᠱᠢᠯᠢᠳᠡᠭ ᠱᠢᠨ᠎ᠡ ᠬᠠᠷᠢᠭᠤᠯᠲᠠ᠎ᠶ᠋ᠢᠨ ᠬᠠᠭᠤᠳᠠᠰᠤ᠎ᠶ᠋ᠢ ᠲᠤᠱᠢᠶᠠᠵᠠᠭᠠᠶ᠎ᠠ᠃

(ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 6 ᠰᠠᠷ᠎ᠠ᠎ᠶ᠋ᠢᠨ 30 ᠎ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号