ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ ᠡᠴᠡ ᠤᠢᠯᠠᠭᠠᠭᠰᠠᠨ ᠢ᠋ᠶ᠋ᠡᠷ᠂ 《ᠠᠶᠠᠯᠭᠤᠳᠤ ᠵᠢᠭᠤᠯᠴᠢᠯᠠᠯ ᠥᠪᠥᠷ ᠮᠣᠩᠭᠣᠯ·ᠲᠠᠯᠬᠡᠷ ᠨᠠᠭᠠᠳᠤᠮ》 35 ᠳ᠋ᠤᠭᠠᠷ ᠬᠤᠭᠤᠴᠠᠭᠠᠨ ᠤ᠋ ᠲᠠᠯ᠎ᠠ ᠨᠤᠲᠤᠭ ᠤ᠋ᠨ ᠨᠠᠭᠠᠳᠤᠮ 7 ᠰᠠᠷ᠎ᠠ ᠶ᠋ᠢᠨ 19 ᠤ᠋ ᠡᠳᠦᠷ ᠡᠴᠡ ᠱᠢᠯᠢ ᠶ᠋ᠢᠨ ᠭᠣᠣᠯ ᠤ᠋ᠨ ᠲᠠᠯ᠎ᠠ ᠨᠤᠲᠤᠭ ᠤ᠋ᠨ ᠨᠠᠭᠠᠳᠤᠮ ᠤ᠋ᠨ ᠵᠠᠩ ᠦᠢᠯᠡ ᠶ᠋ᠢᠨ ᠬᠦᠷᠢᠶᠡᠯᠡᠩ ᠳ᠋ᠦ ᠶᠠᠪᠤᠭᠳᠠᠬᠤ ᠪᠤᠯᠤᠨ᠎ᠠ᠃
35 ᠳ᠋ᠤᠭᠠᠷ ᠬᠤᠭᠤᠴᠠᠭᠠᠨ ᠤ᠋ ᠲᠠᠯ᠎ᠠ ᠨᠤᠲᠤᠭ ᠤ᠋ᠨ ᠨᠠᠭᠠᠳᠤᠮ ᠨᠢ ᠤᠮᠠᠷᠠᠲᠤ ᠬᠢᠯᠢ ᠶ᠋ᠢᠨ ᠰᠣᠶᠣᠯ ᠤ᠋ᠨ ᠠᠵᠢᠯᠯᠠᠭ᠎ᠠ ᠵᠢᠨ ᠤᠯᠠᠷᠢᠯ ᠤ᠋ᠨ 3 ᠶᠡᠬᠡ ᠠᠵᠢᠯᠯᠠᠭ᠎ᠠ ᠶ᠋ᠢᠨ ᠨᠢᠭᠡ ᠪᠣᠯᠤᠭ᠍ᠰᠠᠨ ᠤ᠋ ᠬᠤᠪᠢ ᠳ᠋ᠦ᠂ ᠡᠨᠡ ᠵᠢᠯ ᠪᠥᠬᠡ ᠪᠠᠷᠢᠯᠳᠤᠬᠤ᠂ ᠰᠤᠷ ᠬᠠᠷᠪᠤᠬᠤ᠂ ᠮᠣᠷᠢ ᠤᠷᠤᠯᠳᠤᠬᠤ ᠵᠡᠷᠭᠡ ᠭᠤᠤᠯ ᠪᠣᠯᠬᠤ ᠲᠥᠷᠥᠯ ᠵᠦᠶ᠋ᠯ ᠡᠴᠡ ᠪᠤᠰᠤᠳ ᠪᠠᠭᠠᠴᠤᠳ ᠤ᠋ᠨ ᠨᠠᠭᠠᠳᠤᠮ᠂ ᠲᠠᠯ᠎ᠠ ᠨᠤᠲᠤᠭ ᠤ᠋ᠨ ᠵᠢᠭᠤᠯᠴᠢᠯᠠᠭᠰᠠᠳ ᠤ᠋ᠨ ᠭᠤᠷᠪᠠᠨ ᠵᠦᠶ᠋ᠯ ᠤ᠋ᠨ ᠤᠷᠤᠯᠳᠤᠭᠠᠨ᠂ ᠲᠠᠯ᠎ᠠ ᠨᠤᠲᠤᠭ ᠤ᠋ᠨ ᠬᠥᠯ ᠪᠥᠮᠪᠥᠭᠡ ᠶ᠋ᠢᠨ ᠮᠠᠩᠯᠠᠶ ᠱᠢᠯᠭᠠᠷᠠᠭᠤᠯᠬᠤ ᠤᠷᠤᠯᠳᠤᠭᠠᠨ ᠵᠡᠷᠭᠡ ᠠᠵᠢᠯᠯᠠᠭ᠎ᠠ ᠵᠢ ᠱᠢᠨ᠎ᠡ ᠪᠡᠷ ᠨᠡᠮᠡᠵᠡᠶ᠃ ᠣᠷᠣᠢ ᠪᠣᠯᠭᠠᠨ ᠪᠠᠰᠠ ᠤᠯᠠᠭᠠᠨᠮᠥ᠋ᠴᠢᠷ ᠤ᠋ᠨ ᠠᠷᠠᠳ ᠲᠦ᠍ ᠠᠱᠢᠭ ᠬᠦᠷᠲᠡᠭᠡᠬᠦ᠌ ᠲᠣᠭ᠍ᠯᠠᠯᠲᠠ᠂ ᠲᠠᠯ᠎ᠠ ᠨᠤᠲᠤᠭ ᠤ᠋ᠨ ᠣᠳᠣᠳᠦ ᠣᠭ᠍ᠲᠠᠷᠭᠤᠶ ᠶ᠋ᠢᠨ ᠳᠠᠭᠤᠤ ᠬᠥᠭ᠌ᠵᠢᠮ ᠤ᠋ᠨ ᠦᠳᠡᠱᠢᠯᠡᠭᠡ ᠡᠷᠬᠢᠯᠡᠵᠦ᠍᠂ ᠱᠢᠯᠢ ᠶ᠋ᠢᠨ ᠭᠤᠤᠯ ᠠᠢᠮᠠᠭ ᠤ᠋ᠨ ᠡᠯ᠎ᠠ ᠬᠤᠰᠢᠭᠤ ᠰᠢᠶᠠᠨ ᠤ᠋ ᠨᠠᠭᠠᠳᠤᠮ ᠵᠢᠴᠢ ᠪᠤᠰᠤᠳ ᠠᠵᠢᠯᠯᠠᠭ᠎ᠠ ᠨᠢ 8 ᠰᠠᠷ᠎ᠠ ᠶ᠋ᠢᠨ ᠳᠤᠮᠳᠠᠴᠢ ᠪᠣᠯᠲᠠᠯ᠎ᠠ ᠶᠠᠪᠤᠭ᠍ᠳᠠᠨᠠ᠃
ᠤᠢᠯᠠᠭᠠᠭᠰᠠᠨ ᠵᠢᠡᠷ᠂ ᠱᠢᠯᠢ ᠶ᠋ᠢᠨ ᠭᠤᠤᠯ ᠠᠢᠮᠠᠭ ᠡᠨᠡ ᠰᠠᠷ᠎ᠠ ᠡᠴᠡ ᠡᠬᠢᠯᠡᠨ ᠨᠠᠭᠠᠳᠤᠮ ᠤ᠋ᠨ ᠭᠤᠤᠯ ᠰᠡᠳᠦᠪᠲᠦ ᠵᠢᠭᠤᠯᠴᠢᠯᠠᠯ ᠤ᠋ᠨ 18 ᠵᠤᠷᠪᠤᠰ ᠵᠠᠮ ᠱᠤᠭᠤᠮ ᠢ᠋ ᠭᠠᠷᠭᠠᠭᠰᠠᠨ ᠢ᠋ᠶ᠋ᠡᠷ ᠵᠢᠭᠤᠯᠴᠢᠯᠠᠭᠰᠠᠳ ᠰᠢᠶᠧ ᠴᠧᠩ ᠰᠦᠯᠵᠢᠶᠡᠨ ᠲᠠᠪᠴᠠᠩ ᠳ᠋ᠦ ᠭᠠᠷᠴᠤ᠌᠂ 《ᠲᠠᠯ᠎ᠠ ᠨᠤᠲᠤᠭ ᠤ᠋ᠨ ᠨᠠᠭᠠᠳᠤᠮ ᠤ᠋ᠨ ᠭᠦᠨᠵᠡᠬᠡᠢ ᠵᠢᠭᠤᠯᠴᠢᠯᠠᠯ》 ᠵᠡᠷᠭᠡ ᠪᠦᠲᠦᠭᠡᠭ᠌ᠳᠡᠬᠦᠨ ᠢ᠋ ᠬᠤᠳᠠᠯᠳᠤᠨ ᠠᠪᠴᠤ᠌ ᠪᠣᠯᠤᠨ᠎ᠠ᠃ ᠨᠠᠭᠠᠳᠤᠮ ᠤ᠋ᠨ ᠬᠤᠭᠤᠴᠠᠭᠠᠨ ᠳ᠋ᠦ ᠱᠢᠯᠢ ᠶ᠋ᠢᠨ ᠭᠤᠤᠯ ᠠᠢᠮᠠᠭ ᠤ᠋ᠨ A ᠲᠠᠰ ᠤ᠋ᠨ 20 ᠦᠵᠡᠮᠵᠢ ᠶ᠋ᠢᠨ ᠣᠷᠣᠨ ᠡᠭᠦᠳᠡᠨ ᠪᠢᠯᠧᠲ ᠢ᠋ᠶ᠋ᠡᠨ 50% ᠪᠡᠷ ᠬᠢᠮᠳᠠᠷᠠᠭᠤᠯᠤᠨ᠂ ᠴᠤᠤᠷᠢᠶ᠎ᠠ ᠶ᠋ᠢᠨ ᠠᠯᠪᠠᠨ ᠤ᠋ ᠲᠠᠯ᠎ᠠ ᠡᠴᠡ 100 ᠲᠦᠮᠡᠨ ᠲᠥᠭᠥᠷᠢᠭ ᠤ᠋ᠨ ᠬᠡᠷᠡᠭ᠌ᠯᠡᠭᠡᠨ ᠤ᠋ ᠲᠡᠮᠳᠡᠭ᠌ᠲᠦ ᠲᠠᠷᠬᠠᠭᠠᠵᠤ᠂ ᠵᠢᠱ᠌ᠢᠯᠲᠡ ᠪᠡᠷ ᠣᠷᠣᠨ ᠤ᠋ ᠭᠠᠳᠠᠨᠠᠬᠢ 50 ᠲᠦᠮᠡᠨ ᠵᠢᠭᠤᠯᠴᠢᠯᠠᠭᠴᠢ ᠵᠢ ᠳᠠᠳᠠᠨ᠂ ᠵᠢᠭᠤᠯᠴᠢᠯᠠᠯ ᠤ᠋ᠨ ᠶᠡᠷᠦᠩᠬᠡᠢᠯᠡᠭ᠌ᠰᠡᠨ ᠬᠡᠷᠡᠭ᠌ᠯᠡᠭᠡ ᠵᠢ 3 ᠳ᠋ᠦᠩᠱᠢᠭᠤᠷ ᠲᠥᠭᠥᠷᠢᠭ ᠳᠠᠢᠴᠢᠯᠠᠬᠤ ᠪᠣᠯᠤᠨ᠎ᠠ᠃ ᠲᠣᠰ ᠤᠳᠠᠭ᠎ᠠ ᠵᠢᠨ ᠠᠵᠢᠯᠯᠠᠭ᠎ᠠ ᠳ᠋ᠦ 《ᠤᠷᠤᠯᠳᠤᠭᠠᠨ + ᠳᠡᠯᠭᠡᠨ ᠪᠣᠷᠣᠯᠠᠭᠤᠯᠭ᠎ᠠ + ᠪᠡᠶᠡᠴᠢᠯᠡᠨ ᠣᠢᠯᠠᠭᠠᠬᠤ》 ᠡᠵᠡᠩᠨᠡᠯᠲᠡ ᠶ᠋ᠢᠨ ᠬᠡᠯᠪᠡᠷᠢ ᠶ᠋ᠢᠨ ᠱᠢᠰᠲ᠋ᠧᠮ ᠢ᠋ ᠪᠠᠢᠭᠤᠯᠤᠨ᠂ 《ᠳᠥᠷᠪᠡᠨ ᠤᠯᠠᠷᠢᠯ ᠤ᠋ᠨ ᠨᠠᠭᠠᠳᠤᠮ》 ᠤ᠋ᠨ ᠲᠦᠷᠦᠯ ᠲᠡᠮᠳᠡᠭ ᠤ᠋ᠨ ᠱᠢᠰᠲ᠋ᠧᠮ ᠢ᠋ ᠪᠣᠢᠵᠢᠭᠤᠯᠵᠤ᠂ ᠨᠠᠭᠠᠳᠤᠮ ᠢ᠋ ᠲᠠᠩ ᠭᠠᠭ᠍ᠴᠠ ᠪᠠᠶᠠᠷ ᠳᠤᠷᠠᠰᠭᠠᠯ ᠤ᠋ᠨ ᠠᠵᠢᠯᠯᠠᠭ᠎ᠠ ᠡᠴᠡ ᠪᠥᠬᠥ᠌ ᠤᠯᠠᠷᠢᠯ ᠤ᠋ᠨ ᠠᠵᠤ ᠦᠶ᠋ᠯᠡᠰ ᠪᠤᠯᠭᠠᠨ ᠬᠤᠪᠢᠷᠠᠭᠤᠯᠬᠤ᠌ ᠵᠢ ᠠᠬᠢᠭᠤᠯᠬᠤ ᠪᠡᠷ ᠪᠤᠢ᠃