ᠬᠦᠮᠤᠨ᠎ᠤ ᠠᠮᠢᠲᠤᠷᠠᠯ᠎ᠳᠤ ᠴᠡᠭᠡᠷᠯᠡᠬᠥ᠌ ᠵᠤᠶ᠋ᠢᠯ ᠤᠯᠠᠨ ᠪᠠᠶ᠋ᠢᠲᠠᠭ᠃ ᠡᠢᠮᠦ ᠡᠴᠠ ᠪᠢᠳᠡ ᠠᠮᠢᠲᠤᠷᠠᠯ ᠲᠤᠮᠲᠠᠴᠡᠭᠡᠷᠯᠡᠬᠥ᠌ ᠶᠠᠭᠤᠮ᠎ᠠ᠎ᠶᠢ ᠴᠡᠭᠡᠷᠯᠡᠬᠥ᠌ ᠦᠭᠡᠢ ᠪᠤᠯᠪᠠᠰᠤ ᠳᠤᠰ ᠪᠡᠶ᠎ᠡ ᠪᠤᠯᠤᠨ ᠦᠷᠤᠭᠡᠯ ᠪᠤᠰᠤᠳᠲᠤ᠌ ᠭᠠᠢ ᠲᠠᠷᠢᠬᠤ ᠪᠤᠯᠤᠮᠵᠢ ᠲᠠᠢ᠂ ᠨᠡᠩ ᠴᠢᠨᠠᠭᠰᠢᠯᠠᠪᠠᠯ ᠬᠠᠤᠯᠢ ᠲᠦᠷᠢᠮ᠎ᠢ ᠵᠦᠷᠢᠴᠡᠬᠥ᠌ ᠮᠡᠲᠤ᠎ᠶᠢᠨ ᠭᠡᠴᠡᠬᠥᠤ ᠪᠠᠶ᠋ᠢᠲᠠᠯ᠎ᠳᠤ ᠤᠷᠤᠲᠠᠭ ᠪᠠᠶ᠋ᠢᠨ᠎ᠠ᠃
ᠡᠨᠡ ᠤᠳᠬ᠎ᠠ ᠡᠴᠠ ᠴᠡᠭᠡᠷ ᠶᠤᠰᠤᠨ᠎ᠤ ᠲᠤᠬᠠᠢ ᠨᠠᠷᠢᠨ ᠰᠡᠳᠬᠢᠬᠥᠳᠦ ᠬᠦᠷᠪᠡᠯ ᠪᠤᠯᠪᠠᠰᠤᠨ ᠰᠤᠷᠳᠠᠯ ᠭᠡᠲᠡᠭ ᠦᠭᠡ᠎ᠶᠢᠨ ᠤᠳᠬ᠎ᠠ ᠰᠠᠨᠠᠭ᠎ᠠ ᠶᠠᠭᠠᠬᠢᠬᠤ᠎ᠶᠢᠨ ᠠᠷᠭ᠎ᠠ ᠦᠭᠡᠢ ᠲᠡᠬᠥᠨ᠎ᠦ 《ᠠᠮᠢᠨ ᠴᠢᠨᠠᠷ》 ᠪᠤᠯᠤᠭᠰᠠᠨ ᠮᠡᠲᠤ᠌ ᠰᠠᠨᠠᠭᠲᠠᠨ᠎ᠠ᠃ ᠶᠠᠭᠤ ᠴᠤ᠌ ᠪᠤᠯᠤᠭ᠂ ᠠᠬᠠᠮᠠᠳ ᠪᠤᠭᠤᠷᠤᠯᠴᠤᠳ᠎ᠤᠨ ᠠᠯᠲᠠᠨ ᠰᠤᠷᠭᠠᠯᠳᠤ ᠴᠡᠭᠡᠷ ᠶᠤᠰᠤᠨ᠎ᠤ ᠲᠤᠬᠠᠢ ᠤᠴᠢᠷᠯᠠᠵᠤ ᠬᠡᠯᠡᠭᠰᠡᠨ ᠦᠭᠡ ᠶᠡᠷᠢᠶ᠎ᠡ᠂ ᠦᠤᠬᠡ ᠲᠡᠤᠬᠡ ᠵᠢᠨ ᠤᠷᠴᠢᠯ ᠬᠤᠪᠢᠷᠠᠯ ᠵᠢᠡᠷ ᠦᠨᠥ᠍ ᠡᠷᠢᠨ᠎ᠳᠦ ᠴᠤ᠌ ᠭᠡᠰᠡᠨ ᠬᠤᠪᠢᠷᠠᠵᠤ ᠪᠠᠶ᠋ᠢᠭ᠎ᠠ᠎ᠶᠢ ᠪᠢᠳᠡ ᠪᠦᠬᠥᠨ ᠰᠡᠳᠬᠢᠬᠦᠰᠢᠲᠠᠢ ᠪᠠᠶ᠋ᠢᠨ᠎ᠠ᠃ ᠬᠡᠯᠡᠬᠥ᠌ ᠡᠴᠠ ᠪᠢᠳᠡ ᠨᠠᠷ ᠤᠲᠤᠬᠢ ᠨᠡᠶ᠋ᠢᠭᠡᠮ ᠠᠮᠢᠲᠤᠷᠠᠯ᠎ᠤᠨ ᠬᠦᠭᠵᠢᠯ ᠬᠤᠪᠢᠷᠠᠯ᠂ ᠴᠠᠭ ᠦᠶᠡᠶᠢᠨᠲᠦ᠋ᠷᠬᠡᠨ ᠤᠷᠤᠰᠬᠠᠯ᠎ᠳᠤ 《ᠴᠡᠭᠡᠷ ᠶᠤᠰᠤ》 ᠭᠡᠲᠡᠭ ᠦᠭᠡᠨ᠎ᠤ ᠤᠳᠬ᠎ᠠ ᠴᠢᠨᠠᠷ᠎ᠢ ᠵᠠᠷᠢᠮ ᠲᠠᠯ᠎ᠠ᠎ᠪᠠᠷ ᠮᠡᠷᠲᠡᠵᠤ ᠤᠷᠬᠢᠬᠣ ᠬᠡᠮᠵᠢᠶᠡᠨ᠎ᠳᠦ ᠬᠦᠷᠴᠠᠢ᠃ ᠡᠨᠡ ᠨᠢ ᠦᠨᠡᠬᠡᠷ ᠲᠠᠩᠴᠤ᠌ ᠬᠠᠷᠠᠮᠰᠠᠯᠲᠠᠢ ᠰᠠᠨᠠᠭᠲᠠᠨ᠎ᠠ᠃ ᠶᠠᠷᠢᠶᠠᠨ ᠦᠭᠡᠢ 《ᠰᠢᠨ᠎ᠡ ᠶᠠᠭᠤᠮ᠎ᠠ ᠵᠤᠯᠠ ᠪᠤᠯᠵᠤ᠂ ᠬᠠᠭᠤᠴᠢᠨ ᠶᠠᠭᠤᠮ᠎ᠠ ᠤᠯᠠ ᠪᠤᠯᠲᠠᠭ》 ᠤ᠋ᠨ ᠵᠢᠮ᠎ᠡ᠎ᠪᠡᠷ 《ᠰᠤᠲᠣ ᠨᠢ ᠦᠯᠡᠲᠡᠨ ᠰᠢᠭᠠᠷᠤ ᠨᠢ ᠬᠠᠶᠠᠭᠳᠠᠬᠤ》 ᠤᠴᠢᠷ ᠪᠤᠢ᠃ ᠭᠡᠪᠡᠴᠤ᠌ ᠪᠢᠳᠡ ᠶᠠᠮᠠᠷᠪᠠ ᠠᠰᠠᠭᠤᠲᠠᠯ ᠳ᠋ᠤ ᠬᠠᠨᠲᠤᠬᠤᠳ᠋ᠠᠭᠠᠨ ᠬᠡᠷᠰᠡᠤ ᠪᠤᠯᠭᠤᠮᠵᠢᠲᠠᠢ ᠪᠠᠶ᠋ᠢᠬᠤ᠎ᠶᠢ ᠰᠠᠨᠠᠯ᠎ᠲᠠᠢ᠃ ᠨᠢᠭᠡ ᠯᠠ ᠦᠭᠡ᠎ᠪᠡᠷ ᠬᠡᠯᠡᠪᠡᠯ ᠭᠡᠲᠣ ᠲᠤᠶ᠋ᠢᠯᠰᠢᠷᠠᠩᠭᠤᠢ ᠦᠵᠡᠯᠲᠡ᠎ᠲᠠᠢ ᠪᠠᠶ᠋ᠢᠵᠤ ᠬᠡᠷᠬᠢᠨ ᠪᠣᠯᠬᠤ ᠠᠵᠢ⁈ ᠰᠢᠨᠡᠴᠢᠯᠡᠵᠤ ᠦᠭᠡᠷᠡᠴᠢᠯᠡᠬᠥ᠌ ᠪᠣᠯ ᠴᠠᠭ ᠦᠶ᠎ᠡ᠎ᠶᠢᠨ ᠤᠷᠤᠰᠬᠠᠯ᠂ ᠮᠦᠨ ᠴᠤ᠌ ᠨᠡᠶ᠋ᠢᠭᠡᠮ᠎ᠦᠨ ᠬᠦᠭᠵᠢᠯᠲᠡ᠎ᠶᠢᠨ ᠵᠠᠶ᠋ᠢᠯᠠᠰᠢ ᠦᠭᠡᠢ ᠵᠢᠮ᠎ᠡ ᠶᠤᠰᠤ ᠪᠤᠯᠵᠤ ᠰᠦᠷᠴᠤ᠌ ᠪᠤᠯᠤᠰᠢ ᠦᠭᠡᠢ ᠬᠠᠲᠠᠭᠤ ᠶᠤᠰᠤ ᠪᠤᠯᠬᠤ ᠶᠤᠮ᠃
ᠭᠡᠲᠡᠯ᠎ᠡ ᠦᠨᠤᠲᠤᠷ ᠪᠤᠯᠬᠤ ᠳ᠋ᠤ ᠵᠠᠷᠢᠮ ᠬᠦᠮᠤᠰ ᠡᠪᠤᠭᠡ ᠲᠡᠭᠡᠲᠤᠰ ᠡᠴᠠ ᠪᠡᠨ ᠦᠪᠯᠡᠭᠳᠡᠨ ᠤᠯᠠᠮᠵᠢᠯᠠᠭᠲᠠᠵᠤ ᠢᠷᠡᠭᠰᠡᠡ 《ᠴᠡᠭᠡᠷ ᠶᠤᠰᠤᠨ》 ᠤ᠋ ᠲᠠᠯ᠎ᠠ᠎ᠪᠠᠷ ᠶᠡᠬᠡᠲᠡ ᠪᠠᠯᠠᠷᠬᠠᠢ ᠪᠤᠯᠵᠤ᠂ ᠴᠢᠨᠠᠭᠰᠢᠯᠠᠨ ᠤᠴᠢᠷ ᠤᠳᠬ᠎ᠠ ᠵᠢ ᠨᠢ ᠴᠤ᠌ ᠪᠦᠷ ᠮᠡᠷᠲᠡᠬᠤ ᠬᠡᠮᠵᠢᠶᠡᠨ᠎ᠳᠦ ᠬᠦᠷᠴᠤ᠌ ᠪᠠᠶ᠋ᠢᠨ᠎ᠠ᠃ ᠡᠨᠲᠠ ᠡᠲᠤᠷ ᠲᠤᠲᠤᠮ᠎ᠤᠨ ᠠᠮᠢᠲᠤᠷᠠᠯ ᠲᠤᠮᠲᠠ ᠵᠦᠩᠲᠡᠭᠡᠨ ᠶᠠᠷᠢᠬᠳᠠᠳᠠᠭ ᠬᠡᠲᠤᠨ ᠦᠭᠡ᠎ᠪᠡᠷ ᠵᠢᠱ᠌ᠢᠶ᠎ᠡ ᠪᠤᠯᠭᠠᠨ ᠦᠯᠢᠭᠡᠷᠴᠢᠯᠠᠨ ᠶᠠᠷᠢᠶ᠎ᠠ᠃ ᠲᠤᠬᠠᠶ᠋ᠢᠯᠠᠪᠠᠯ᠂ ᠡᠪᠤᠭᠡ ᠲᠡᠭᠡᠲᠤᠰ ᠮᠠᠨᠢ ᠭᠤᠣᠯ᠎ᠤᠨ ᠤᠰᠤ ᠪᠤᠯᠠᠭ ᠱᠠᠩᠲᠠ ᠵᠢᠨ ᠬᠠᠵᠠᠭᠤ᠎ᠳᠤ ᠦᠳᠬᠡᠨ ᠰᠢᠩᠭᠡᠨ ᠮᠦᠷ ᠦᠵᠡᠬᠦ᠎ᠶᠢ ᠶᠡᠷᠤ ᠳ᠋ᠡᠭᠡᠨ ᠶᠡᠬᠡᠲᠡ ᠴᠡᠭᠡᠷᠯᠡᠲᠡᠭᠢ ᠪᠢᠳᠡ ᠪᠦᠬᠥᠨ ᠯᠠᠪ ᠲᠤᠲᠤᠷᠬᠠᠢ ᠰᠠᠨᠠᠵᠤ ᠪᠠᠶ᠋ᠢᠯᠬᠥᠢ᠃ ᠡᠨᠡ ᠨᠢ ᠲᠠᠷᠤᠢ ᠪᠤᠯᠠᠭ ᠱᠠᠩᠲᠠ᠎ᠪᠠᠨ ᠪᠤᠵᠡᠷᠲᠤᠭᠤᠯᠬᠤ ᠦᠭᠡᠢ ᠪᠠᠶ᠋ᠢᠯᠭᠠᠬᠤ᠎ᠶᠢ ᠰᠡᠷᠡᠮᠵᠢᠯᠡᠬᠥᠯᠵᠤ ᠰᠠᠨᠠᠭᠤᠯᠤᠭᠰᠠᠨ ᠦᠭᠡ ᠪᠤᠯᠬᠣ ᠪᠢᠰᠢᠤ ⁈ ᠡᠬᠥᠨᠢ ᠪᠦᠷ ᠴᠠᠭᠠᠰᠢ ᠰᠡᠳᠬᠢᠬᠥᠳᠦ ᠡᠬᠡ ᠪᠠᠶ᠋ᠢᠭᠠᠯᠢ᠎ᠪᠠᠨ ᠬᠠᠶ᠋ᠢᠷᠠᠯᠠᠵᠤ ᠬᠠᠮᠠᠭᠠᠯᠠᠬᠤ ᠭᠡᠰᠡᠨ ᠡᠷᠬᠢᠮ ᠰᠤᠷᠲᠠᠯ᠎ᠤᠨ ᠠᠷᠢᠭᠤᠨ ᠰᠠᠨᠠᠭ᠎ᠠ ᠴᠤ᠌ ᠠᠭᠤᠯᠤᠭᠲᠠᠵᠤ ᠪᠠᠶ᠋ᠢᠲᠠᠭ᠃ ᠲᠠᠬᠢᠨ ᠵᠢᠱ᠌ᠢᠶᠡᠯᠡᠬᠥᠳᠦ᠂ ᠠᠬᠠᠮᠠᠳ ᠲᠤᠮᠤᠭᠠᠲᠠᠳ ᠰᠢᠷᠡᠬᠡᠨ᠎ᠳᠤ ᠰᠠᠭᠠᠳᠠᠭ᠎ᠠ ᠦᠬᠡᠢ ᠦᠶ᠎ᠠ᠎ᠳᠤ ᠵᠠᠯᠠᠭᠤᠴᠤᠳ ᠤᠷᠢᠳ ᠵᠢᠡᠷ ᠰᠢᠷᠬᠡᠨᠳᠤ ᠰᠠᠭᠤᠬᠤ ᠪᠤᠶᠤ ᠲᠡᠬᠡᠷ᠎ᠠ ᠲᠠᠯ᠎ᠠ ᠪᠡᠷ ᠰᠠᠭᠤᠬᠤ᠎ᠶᠢ ᠴᠡᠭᠡᠷᠯᠡᠲᠡᠭ᠃ ᠡᠨᠡ ᠨᠢ ᠮᠦᠨ ᠴᠤ᠌ ᠲᠤᠮᠲᠠᠲᠤ᠎ᠶᠢᠨ ᠦᠨᠲᠤᠰᠤᠲᠡᠨᠤ ᠨᠠᠰᠤᠲᠠᠨ᠎ᠢᠶᠠᠨ ᠬᠦᠨᠲᠤᠯᠡᠬᠥ᠌ ᠤᠯᠠᠮᠵᠢᠯᠠᠯᠲᠣ ᠵᠠᠩᠰᠢᠯ᠎ᠢ ᠬᠠᠷᠠᠭᠤᠯᠤᠭᠰᠠᠨ ᠪᠤᠯᠪᠠᠰᠤᠨ ᠰᠤᠷᠲᠠᠯ᠎ᠤᠨ ᠪᠤᠲᠠᠲᠠᠢ ᠨᠢᠭᠡᠨ ᠵᠢᠱ᠌ᠢᠶ᠎ᠠ ᠪᠣᠯᠬᠤ ᠶᠤᠮ᠃ ᠶᠡᠷᠤ ᠨᠢ ᠨᠡᠬᠥᠲᠡᠯ ᠮᠠᠯᠵᠢᠯ ᠠᠮᠢᠲᠤᠷᠠᠯ ᠲᠠᠢ ᠬᠤᠯᠪᠤᠭᠲᠠᠭᠰᠠᠨ ᠴᠡᠭᠡᠷ ᠶᠤᠰᠤᠨᠦ ᠲᠤᠬᠠᠢ ᠢ᠌ᠢᠮᠤᠷᠬᠥᠤ ᠬᠦᠮᠤᠵᠢᠯ᠎ᠤᠨ ᠴᠢᠨᠠᠷᠲᠠᠢ ᠮᠦᠷᠲᠡᠭᠡᠨ ᠪᠤᠯᠪᠠᠰᠤᠨ ᠦᠭᠡ ᠶᠡᠷᠢᠶ᠎ᠡ ᠪᠢᠰᠢᠬᠥᠢ ᠤᠯᠠᠨ ᠪᠠᠶ᠋ᠢᠲᠠᠭ᠃
ᠪᠢᠳᠡ ᠡᠨᠡ ᠨᠢᠭᠡ ᠬᠤᠶᠠᠷᠬᠠᠨ ᠵᠢᠱ᠌ᠢᠶ᠎ᠠ ᠡᠴᠠ ᠴᠡᠭᠡᠷ ᠶᠤᠰᠤᠨ᠎ᠤ ᠲᠤᠬᠠᠢ ᠶᠠᠭᠤ ᠨᠢᠭᠡ᠎ᠶᠢ ᠤᠶ᠋ᠢᠯᠠᠭᠠᠵᠤ ᠪᠤᠯᠤᠨ᠎ᠠ᠂ ᠪᠠᠰᠠ ᠴᠠᠭᠠᠰᠢ ᠰᠡᠷᠡᠵᠣ ᠤᠬᠠᠭᠠᠷᠠᠬᠤ ᠶᠤᠰᠤᠳᠠᠢ᠃ ᠬᠦᠮᠤᠨ ᠶᠡᠷᠤ ᠨᠢ ᠴᠡᠭᠡᠷ ᠶᠤᠰᠤ᠎ᠶᠢ ᠦᠨᠡᠨ ᠬᠦ᠌ ᠰᠠᠬᠢᠨ ᠬᠡᠷᠡᠭᠵᠢᠬᠥᠯᠵᠣ ᠴᠢᠲᠠᠪᠠᠰᠤ ᠪᠤᠯᠪᠠᠰᠤᠨ ᠰᠤᠷᠲᠠᠬᠤᠨ᠎ᠤ ᠦᠨᠲᠤᠷ ᠲᠦᠪᠰᠢᠨ᠎ᠳᠤ ᠬᠦᠷᠴᠤ ᠴᠢᠲᠠᠨ᠎ᠠ᠃ ᠢᠩᠬᠢᠵᠤ ᠪᠤᠲᠤᠪᠡᠯ ᠴᠡᠭᠡᠷ ᠶᠤᠰᠤᠨ ᠳᠤ ᠴᠤ᠌ ᠪᠤᠯᠪᠠᠰᠤᠨ ᠰᠤᠷᠲᠠᠯ ᠤᠨ《ᠠᠮᠢᠨ ᠴᠢᠨᠠᠷ》 ᠦᠨᠡᠨ ᠪᠠᠶ᠋ᠢᠲᠠᠭ ᠶᠤᠮ ᠪᠠᠶ᠋ᠢᠨ᠎ᠠ᠃ ᠡᠢᠮᠤ ᠪᠡᠷ ᠵᠢᠠᠨ ᠪᠢᠳᠡ ᠪᠦᠬᠦᠨ ᠬᠠᠮᠲᠣᠳ᠋ᠠᠭᠠᠨ ᠴᠡᠭᠡᠷ ᠶᠤᠰᠤᠨ᠎ᠤ ᠲᠤᠬᠠᠢ ᠦᠵᠡᠯᠲᠡ ᠤᠶ᠋ᠢᠯᠠᠭᠠᠭᠲᠠᠬᠤᠨᠢᠶᠠᠨ ᠤᠯᠠᠮ ᠬᠦᠨᠵᠡᠭᠡᠶ᠋ᠢᠷᠡᠬᠥᠯᠵᠤ᠂ ᠠᠵᠢᠯ ᠠᠮᠢᠲᠤᠷᠠᠯ ᠲᠤᠮᠲᠠ ᠴᠡᠭᠡᠷᠯᠡᠬᠥ᠌ ᠵᠤᠬᠢᠰᠲᠠᠢ ᠤᠴᠢᠷ ᠶᠠᠪᠤᠲᠠᠯ ᠤ᠋ᠳᠢ ᠴᠡᠭᠡᠷᠯᠡᠨ᠂ ᠡᠪᠤᠬᠡ ᠲᠡᠭᠡᠲᠤᠰ ᠡᠴᠠ ᠦᠪᠯᠡᠨ ᠤᠯᠠᠮᠵᠢᠯᠠᠭᠰᠠᠠ ᠦᠨᠡᠲᠣ ᠰᠤᠶᠤᠯ ᠵᠢᠠᠨ ᠬᠠᠮᠠᠭᠠᠯᠠᠵᠤ ᠬᠦᠭᠵᠢᠬᠥᠯᠵᠤ ᠶᠠᠪᠤᠶ᠎ᠠ!