ᠠᠪᠣ ᠭᠡᠮᠡᠬᠦ ᠰᠢᠲᠦᠭᠡᠨ ᠠᠭᠣᠯᠠ
2025-06-11 10:56:50
ᠵᠣᠬᠢᠶᠠᠭ᠍ᠴᠢ᠄
ᠫᠣ᠊·ᠰᠠᠨᠠᠭᠠᠷᠪᠣᠣ
ᠣᠩᠱᠢᠭ᠍ᠰᠠᠨ ᠣᠳᠠᠭ᠎ᠠ᠄
★★★☆☆

ᠮᠠᠨ᠎ᠤ ᠠᠢᠯ ᠪᠣᠯ ᠵᠡᠬᠦᠨ ᠪᠠᠭᠠᠷᠢᠨ᠎ᠤ ᠪᠠᠶᠠᠨ ᠨᠢᠷᠣᠭᠣ ᠬᠠᠨ ᠠᠭᠣᠯᠠ᠎ᠶᠢᠨ ᠡᠩᠭᠡᠷ᠂ ᠡᠮᠡᠭᠡᠯ᠎ᠤᠨ ᠲᠣᠪᠣᠷᠣᠣ ᠭᠡᠮᠡᠷ ᠰᠢᠬᠢᠳᠭᠡᠭᠲᠡᠭᠰᠡᠨ ᠨᠠᠮᠬᠠᠨ ᠬᠡᠳᠦᠨ ᠲᠣᠯᠣᠭᠠᠳ᠎ᠤᠨ ᠲᠣᠮᠲᠠ ᠪᠠᠢᠷᠢᠯᠠᠲᠠᠬ᠃ ᠠᠢᠯ᠎ᠤᠨ ᠪᠠᠷᠠᠭᠣᠨᠲᠠᠢ ᠦᠩ ᠰᠢᠮᠡᠯᠢᠭ ᠵᠠᠬ᠎ᠠ᠎ᠶᠢᠨ ᠲᠠᠯ᠎ᠠ᠂ ᠣᠰᠣ ᠪᠡᠯᠴᠢᠭᠡᠷ ᠰᠠᠢᠲᠠᠢ ᠲᠠᠷᠪᠣᠯᠵᠢ᠂ ᠣᠭᠣᠷᠴᠣᠬ᠂ ᠪᠠᠶᠠᠨ ᠡᠩᠭᠡᠷ ᠨᠡᠷᠡᠲᠦ ᠬᠦᠨᠳᠡᠢ ᠵᠢᠯᠠᠭ᠎ᠠ ᠲᠠᠢ᠂ ᠶᠡᠬᠡᠯ᠎ᠡ ᠠᠭᠣᠵᠢᠭᠣ ᠠᠮᠢᠲᠣᠷᠠᠲᠠᠬ ᠨᠣᠲᠣᠬ ᠶᠣᠮ᠃ ᠠᠢᠯ᠎ᠤᠨ ᠵᠡᠬᠦᠨᠲᠡᠬᠦᠷ ᠬᠦᠨᠳᠡᠯᠡᠨ ᠬᠦᠭᠡᠮᠲᠦᠭ ᠪᠠᠶᠠᠨ ᠨᠢᠷᠣᠭᠣ ᠡᠴᠡ ᠡᠬᠢ ᠠᠪᠣᠬᠰᠠᠨ ᠪᠠᠶᠠᠨ ᠭᠣᠣᠯ — ᠣᠯᠠᠭᠠᠨᠪᠠᠢᠴᠠ᠎ᠶᠢᠨ ᠭᠣᠣᠯ ᠦᠯᠵᠡᠢᠮᠦᠢ᠍ᠷᠡᠨ᠎ᠤ ᠨᠢᠭᠡᠨ ᠴᠢᠳᠬᠣᠯᠠᠩ ᠪᠣᠯᠣᠨ ᠦᠶᠡᠯᠵᠡᠨ ᠣᠭᠠᠯᠵᠠᠯᠠᠨ ᠣᠷᠣᠰᠲᠠᠬ᠃ ᠪᠢ ᠮᠡᠳᠡᠭᠡ ᠣᠷᠣᠵᠦ ᠠᠯᠬᠣᠵᠦ ᠴᠢᠲᠠᠬᠣ ᠪᠣᠯᠣᠮᠠᠬᠴᠠ ᠡᠨᠡ᠎ᠬᠦ ᠭᠣᠣᠯ᠎ᠤᠨ ᠣᠰᠣᠨ ᠳ᠋ᠣᠨᠢ ᠣᠮᠪᠠᠨ᠂ ᠮᠦᠰᠦᠨ ᠳ᠋ᠣᠨᠢ ᠲᠡᠰᠢᠵᠦ ᠵᠢᠭᠠᠰᠣ ᠵᠢᠷᠠᠭᠠᠬᠠᠢ ᠪᠡᠷ ᠨᠢ ᠲᠣᠬᠯᠠᠨ ᠦᠰᠦᠭᠰᠡᠨ ᠪᠢᠯᠡ᠃ ᠡᠨᠡ ᠭᠣᠣᠯ᠎ᠢ ᠦᠭᠰᠦᠨ ᠮᠠᠨᠠᠢᠬᠢᠨ ᠦᠨᠢᠶ᠎ᠡ ᠲᠣᠭᠣᠯ ᠲᠠᠢ ᠪᠠᠨ ᠵᠣᠰᠠᠵᠦ ᠪᠠᠢᠯ᠎ᠠ᠃ ᠡᠨᠡ ᠭᠣᠣᠯ᠎ᠤᠨ ᠣᠰᠣ᠎ᠶᠢ ᠲᠠᠮᠨᠠᠨ ᠣᠣᠭᠣᠵᠦ ᠢᠲᠡᠵᠦ ᠠᠮᠢᠲᠣᠷᠠᠳᠠᠭ ᠪᠠᠢᠯ᠎ᠠ᠃

ᠲᠡᠷᠡ ᠦᠶ᠎ᠡ ᠳ᠋ᠦ ᠣᠯᠠᠭᠠᠨᠪᠠᠢᠴᠠ ᠠᠢᠯ ᠨᠢ ᠲᠦᠴᠢᠭᠡᠳ ᠯᠡ ᠡᠷᠦᠬᠡ ᠪᠠᠢᠬᠰᠠᠨ ᠶᠣᠮ᠃ ᠮᠠᠨ᠎ᠤ ᠬᠢ ᠬᠣᠶᠠᠷ ᠠᠪᠠᠭ᠎ᠠ᠎ᠶᠢᠨ ᠬᠢ ᠲᠠᠢ ᠬᠠᠮᠲᠣ ᠠᠢᠯ᠎ᠤᠨ ᠵᠡᠬᠦᠨ ᠵᠠᠬ᠎ᠠ᠂ ᠭᠣᠣᠯ᠎ᠤᠨ ᠪᠠᠷᠠᠭᠣᠨ ᠲᠠᠯ᠎ᠠ ᠳ᠋ᠦ ᠠᠬᠢ ᠬᠦᠵᠢ ᠡᠪᠡᠰᠦ᠂ ᠬᠢᠯᠭᠠᠨ᠎ᠠ ᠣᠷᠭᠣᠲᠠᠬ ᠬᠢᠮᠦᠰᠦᠨ ᠴᠡᠴᠡᠭ᠂ ᠣᠯᠠᠭᠠᠢ᠂ ᠰᠡᠷᠡᠨ᠎ᠡ ᠴᠡᠴᠡᠭ ᠶᠡᠬᠡᠯ᠎ᠡ ᠲᠡᠯᠭᠡᠷᠡᠲᠡᠭ ᠰᠡᠢᠷᠮᠡᠭ ᠴᠢᠯᠠᠭᠣᠳ ᠲᠠᠢ ᠪᠤᠮᠪᠠᠭᠠᠷ ᠬᠣᠸᠠ᠎ᠶᠢᠨ ᠡᠩᠭᠡᠷ ᠨᠣᠲᠣᠬᠯᠠᠵᠦ ᠪᠠᠢᠪᠠ᠃ ᠲᠡᠷᠡ ᠨᠠᠮᠬᠠᠨ ᠬᠣᠸᠠ ᠴᠢᠨᠢ ᠨᠠᠮᠠᠶ᠋ᠢ ᠬᠠᠮᠣᠬ ᠠᠩᠬ᠎ᠠ ᠲᠡᠭᠷᠢ ᠳ᠋ᠦ ᠣᠢᠷᠠᠲᠣᠭᠣᠯᠣᠬᠰᠠᠨ《ᠲᠣᠮᠣ ᠠᠭᠣᠯᠠ》᠂ ᠰᠣᠮᠣ ᠣᠷᠣᠬᠰᠠᠨ ᠠᠪᠣ ᠡᠴᠡ ᠪᠠᠨ ᠰᠢᠬᠢᠷ ᠭᠤᠷᠢᠳᠠᠨ ᠬᠦᠯᠢᠶᠡᠳᠡᠭ ᠪᠠᠢᠬᠰᠠᠨ《ᠲᠠᠬᠲᠣ ᠠᠭᠣᠯᠠ》᠂ ᠰᠣᠷᠭᠠᠭᠣᠯᠢ ᠬᠦᠷᠲᠡᠯᠡᠬᠢ ᠵᠠᠮ ᠳ᠋ᠦ ᠬᠦᠯᠢᠶᠡᠵᠦ ᠦᠵᠡᠭᠲᠡᠲᠡᠭ 《ᠱᠠᠲᠣ ᠠᠭᠣᠯᠠ》 ᠶᠤᠮ᠃

ᠮᠠᠨ᠎ᠤ ᠬᠢ ᠬᠣᠷᠣᠭ᠎ᠠ ᠬᠠᠰᠢᠶ᠎ᠠ ᠴᠦᠬᠡᠨ ᠪᠣᠯᠪᠠᠴᠣ ᠠᠷᠭᠠᠯ᠎ᠤᠨ ᠰᠢᠪᠡᠭᠡ ᠪᠠᠨ ᠪᠣᠯ ᠠᠯᠲᠠ ᠬᠢᠷᠢᠲᠡᠢ ᠦᠷᠭᠡᠨ ᠲᠠᠯᠠ ᠭᠠᠷᠣᠢ ᠮᠸᠲ᠋ᠷ ᠣᠷᠲᠣ ᠪᠠᠷᠢᠲᠠᠬ᠃ ᠨᠠᠷᠢᠨ ᠴᠠᠷᠠᠰᠣᠨ ᠮᠣᠲᠦ ᠪᠡᠷ ᠰᠦᠯᠵᠢᠨ ᠰᠢᠪᠡᠭᠡᠯᠡᠭᠰᠡᠨ ᠡᠨᠡ᠎ᠬᠦ ᠰᠢᠪᠡᠭᠡ᠎ᠶᠢ ᠪᠣᠯ ᠠᠪᠣ ᠬᠦᠷᠦᠨ ᠪᠠᠷᠢᠳᠠᠭ᠃ ᠨᠠᠮᠣᠷ ᠲᠠᠭᠠᠨ ᠠᠪᠣ ᠪᠣᠷᠭᠠᠰᠣ ᠪᠣᠶᠣ ᠲᠡᠯᠡᠳᠦᠨ ᠰᠦᠭᠡᠭ ᠶ᠋ᠢᠡᠷ ᠠᠲᠠᠭᠠᠷ᠂ ᠠᠷᠣᠬ᠂ ᠪᠦᠮᠪᠦᠭᠡᠨ ᠣᠷᠣᠢ ᠲᠠᠢ ᠬᠦᠮᠦᠷᠭᠡ ᠬᠦᠷᠦᠵᠦ᠂ ᠡᠪᠡᠰᠦ ᠬᠠᠲᠣᠬᠣ ᠣᠢᠷᠠᠲᠣᠪᠠᠯ ᠠᠭᠣᠯᠠᠨ ᠳ᠋ᠦ ᠭᠠᠷᠴᠣ ᠣᠯᠢᠶᠠᠰᠣᠨ ᠮᠣᠲᠣᠨ ᠰᠠᠨᠲᠣᠣ᠎ᠶᠢᠨ ᠡᠰᠢ ᠰᠣᠩᠭᠣᠵᠦ᠂ ᠴᠠᠭᠠᠯᠠᠵᠦ ᠡᠰᠢᠯᠡᠵᠦ ᠬᠦᠯᠢᠶᠡᠲᠡᠭ᠃ ᠬᠠᠶᠠ ᠪᠠᠰᠠ ᠬᠢᠯᠪᠡᠷ ᠪᠦᠲᠦᠬᠦᠯᠢᠭ ᠰᠢᠷᠡᠭᠡ ᠰᠠᠨᠲᠠᠯᠢ ᠬᠢᠬᠦ᠂ ᠲᠡᠷᠭᠡᠨ ᠠᠷᠠᠯ ᠴᠠᠪᠴᠢᠨ ᠬᠢᠷᠦᠭᠡᠲᠡᠵᠦ᠂ ᠬᠠᠷᠠᠭᠣᠯᠲᠠᠨ ᠣᠬᠰᠠᠷᠠᠬᠣ᠂ ᠠᠨᠵᠢᠰᠣ ᠰᠠᠪᠠᠷ ᠁ ᠭᠡᠬᠦᠴᠢᠯᠡᠨ ᠭᠠᠷ ᠵᠠᠭᠣᠷ᠎ᠠ᠎ᠶᠢᠨ ᠬᠡᠷᠡᠭᠰᠡᠯ ᠳ᠋ᠦ ᠶᠠᠭᠠᠷᠠᠵᠦ ᠯᠡ ᠪᠠᠢᠲᠠᠬ᠃ ᠠᠪᠣ ᠲᠠᠮᠠᠬᠢ ᠲᠠᠲᠠᠲᠠᠬ ᠦᠭᠡᠢ᠂ ᠠᠷᠢᠬᠢ᠎ᠶᠢ ᠪᠣᠯ ᠲᠦᠴᠢ ᠶᠢᠰᠦᠨ ᠨᠠᠰᠣᠨ ᠡᠴᠡ ᠡᠬᠢᠯᠡᠵᠦ ᠬᠦᠷᠲᠡᠯ᠎ᠡ ᠭᠡᠲᠡᠭ᠃

ᠡᠪᠦᠯ᠎ᠤᠨ ᠬᠦᠢᠲᠡᠨ ᠳ᠋ᠦ ᠠᠬ᠎ᠠ ᠲᠡᠬᠦᠦ ᠪᠢᠳᠡ ᠬᠡᠲᠦᠬᠦᠯᠡ ᠡᠷᠳᠡᠯᠡᠨ ᠪᠣᠰᠣᠯ ᠦᠭᠡᠢ ᠬᠦᠨᠵᠢᠯᠡ ᠳ᠋ᠡᠭᠡᠨ ᠪᠣᠯᠲᠠᠯᠵᠠᠵᠦ ᠠᠲᠣᠯᠵᠡᠵᠦ ᠪᠠᠢᠲᠠᠯ᠎ᠠ ᠡᠵᠢ ᠭᠠᠯ ᠲᠦᠯᠡᠨ ᠭᠡᠷ ᠲᠣᠯᠠᠭᠠᠯᠠᠵᠦ᠂ ᠴᠠᠢ ᠪᠣᠴᠠᠯᠬᠣ᠎ᠶᠢᠨ ᠬᠢᠨᠢ ᠦᠶ᠎ᠡ ᠪᠡᠷ ᠴᠠᠭᠠᠨ ᠣᠲᠣᠮᠠᠯ ᠬᠣᠨᠢᠨ ᠠᠷᠠᠰᠣᠨ ᠲᠡᠪᠡᠯ ᠲᠠᠢ ᠠᠪᠣ ᠮᠢᠨᠢ ᠰᠠᠬᠠᠯ ᠳ᠋ᠠᠭᠠᠨ ᠮᠦᠰᠦ ᠲᠠᠢ᠂ ᠮᠦᠷᠦ ᠲᠠᠯᠣᠨ ᠳ᠋ᠠᠭᠠᠨ ᠡᠪᠡᠰᠦ ᠬᠣᠮᠠᠬ ᠨᠠᠭᠠᠯᠲᠣᠭᠣᠯᠣᠨ ᠣᠷᠣᠵᠦ ᠢᠷᠡᠭᠡᠳ ᠲᠡᠪᠡᠯ ᠶ᠋ᠢᠡᠨ ᠬᠦᠪᠢᠨ ᠰᠡᠭᠰᠦᠷᠴᠦ ᠪᠠᠢᠲᠠᠬ᠃ ᠬᠣᠵᠢᠮ ᠨᠢ ᠮᠡᠳᠡᠬᠦ ᠳ᠋ᠦ ᠠᠪᠣ ᠮᠢᠨᠢ ᠦᠷᠯᠦᠭᠡ ᠪᠣᠯᠭᠠᠨ ᠭᠡᠭᠡᠷ᠎ᠡ ᠭᠠᠷᠴᠣ ᠬᠡᠳᠦᠨ ᠠᠷᠣᠬ ᠠᠷᠭᠠᠯ ᠲᠡᠬᠦᠨ ᠣᠪᠣᠭᠠᠯᠠᠭᠠᠳ ᠬᠠᠷᠢᠵᠦ ᠢᠷᠡᠬᠦ ᠳ᠋ᠡᠭᠡᠨ ᠨᠢᠭᠡ ᠠᠷᠣᠬ ᠠᠷᠭᠠᠯ᠎ᠡᠬᠦᠷᠴᠦ ᠢᠷᠡᠲᠡᠭ ᠪᠠᠢᠵᠠᠢ᠃ ᠠᠪᠣ ᠵᠢᠨ ᠮᠢᠨᠢ ᠬᠦᠴᠦ ᠪᠡᠷ ᠭᠤᠯᠤᠮᠳᠠ ᠵᠢᠨ ᠮᠢᠨᠢ ᠭᠠᠯ ᠲᠦᠯᠦ ᠠᠰᠠᠨ ᠲᠦᠷᠡᠯᠵᠡᠵᠦ ᠪᠠᠢᠲᠠᠬ ᠰᠠᠨ᠃

ᠮᠠᠨ᠎ᠤ ᠬᠢ ᠡᠪᠦᠯ᠎ᠤᠨ ᠰᠡᠬᠦᠯ ᠭᠡᠬᠦ ᠳ᠋ᠦ ᠯᠡ ᠠᠷᠭᠠᠯ᠎ᠤᠨ ᠬᠠᠰᠢᠶ᠎ᠠ ᠪᠠᠨ ᠲᠦᠬᠦᠷᠭᠡᠬᠦ ᠪᠡᠷ ᠪᠠᠷᠠᠬᠣ ᠦᠭᠡᠢ᠂ ᠬᠦᠯᠲᠡᠬᠦᠰᠦ᠎ᠶᠢ ᠨᠢ ᠭᠠᠲᠠᠭᠣᠷ ᠨᠢ ᠵᠡᠷᠭᠡᠯᠡᠨ ᠵᠢᠵᠢᠭ ᠠᠷᠭᠠᠯ᠎ᠤ᠋ᠤᠨ᠎ᠢ ᠨᠢ ᠲᠣᠲᠣᠷ᠎ᠠ ᠨᠢ ᠴᠢᠳᠬᠣᠵᠦ ᠣᠷᠲᠣᠬᠠᠨ ᠲᠠᠯᠠᠩ ᠲᠠᠢ᠂ ᠣᠷᠠᠨ ᠪᠠᠷᠢᠯᠭ᠎ᠠ ᠬᠡᠮᠡᠷ ᠶᠠᠭᠣᠮ᠎ᠠ ᠪᠣᠰᠬᠠᠲᠠᠬ᠃ ᠪᠢ ᠶᠡᠷᠦ ᠡᠴᠡ ᠠᠪᠣ᠎ᠶᠢᠨ ᠶ᠋ᠢᠡᠨ ᠠᠵᠢᠯ ᠶᠠᠪᠣᠲᠠᠯ ᠦᠭᠡᠢ ᠵᠠᠯᠬᠠᠭᠣᠷᠠᠨ ᠬᠡᠪᠲᠡᠲᠡᠭ᠎ᠢ ᠨᠢ ᠦᠵᠡᠭᠡ ᠦᠭᠡᠢ᠃ ᠮᠠᠨᠠᠢᠬᠢᠨ ᠵᠢᠷᠭᠣᠭᠠᠨ ᠠᠮᠠ ᠬᠦᠮᠦᠨ ᠪᠣᠯᠪᠠᠴᠣ ᠭᠠᠴᠢᠬ ᠵᠢᠯ᠎ᠤ᠋ᠤᠨ ᠴᠦ᠍ ᠭᠡᠲᠡᠰᠦ ᠲᠣᠮᠲᠠᠭᠣᠷ᠂ ᠬᠣᠪᠴᠠᠰᠣ ᠴᠣᠭᠣᠷᠬᠠᠢ ᠶᠠᠪᠣᠭ᠎ᠠ ᠦᠭᠡᠢ᠃ ᠠᠪᠣ ᠮᠢᠨᠢ ᠠᠢᠯ ᠭᠡᠷ ᠶ᠋ᠢᠡᠨ ᠲᠣᠲᠣᠮᠲᠠᠵᠦ ᠶᠠᠪᠣᠬᠣ ᠣᠬᠠᠭᠠᠨ ᠲᠠᠢ ᠪᠣᠯᠪᠠᠴᠣ ᠲᠣᠮᠣᠬᠠᠨ ᠬᠦᠰᠡᠯᠡᠩ ᠲᠠᠢ ᠨᠢᠭᠡᠨ ᠪᠢᠰᠢ ᠶᠣᠮ᠃ ᠪᠠᠭ᠎ᠠ ᠳ᠋ᠠᠭᠠᠨ ᠯᠠᠮᠠ ᠪᠣᠯᠵᠦ ᠰᠦᠮ᠎ᠡ ᠳ᠋ᠦ ᠱᠠᠪᠢᠯᠠᠬᠰᠠᠨ ᠭᠡᠲᠡᠭ ᠴᠦ᠍ ᠨᠣᠮ᠎ᠢ ᠨᠢ ᠭᠠᠯᠲᠠᠵᠦ ᠲᠠᠬᠢᠯ᠎ᠢ ᠨᠢ ᠨᠣᠷᠠᠭᠠᠴᠢᠬᠠᠬᠣ ᠪᠡᠷ ᠠᠢᠯ ᠪᠦᠯᠢ ᠪᠣᠯᠵᠦ ᠪᠢᠳᠡᠨ᠎ᠢ ᠲᠦᠷᠦᠬᠦᠯᠦᠨ ᠦᠰᠭᠡᠭᠰᠡᠨ ᠠᠵᠢ᠃

ᠮᠠᠨ᠎ᠤ ᠠᠢᠯ ᠡᠴᠡ ᠬᠦᠮᠪᠦᠮ᠂ ᠯᠾᠠᠰᠠ ᠬᠦᠷᠲᠡᠯ᠎ᠡ ᠠᠯᠲᠠᠷᠰᠢᠬᠰᠠᠨ ᠡᠷᠳᠡᠮᠲᠡᠢ ᠯᠠᠮᠠ ᠭᠠᠷᠣᠬᠰᠠᠨ ᠭᠡᠲᠡᠭ᠃ ᠭᠡᠪᠡᠴᠦ ᠠᠢᠯ ᠳ᠋ᠠᠭᠠᠨ ᠠᠮᠢᠲᠣᠷᠠᠲᠠᠬ ᠬᠠᠭᠣᠴᠢᠨ ᠬᠦᠮᠦᠰ᠎ᠤᠨ ᠲᠣᠲᠣᠷ᠎ᠠ ᠡᠴᠡ  ᠮᠣᠩᠭᠣᠯ ᠲᠦᠪᠡᠳ ᠬᠡᠯᠡ᠎ᠶᠢ ᠭᠠᠢᠭᠣᠢ ᠮᠡᠳᠡᠳᠡᠭ ᠨᠢ ᠬᠡᠳᠦᠬᠡᠨ ᠵᠢᠯ ᠮᠠᠮᠠ ᠪᠣᠯᠣᠬᠰᠠᠨ ᠠᠪᠣ ᠮᠢᠨᠢ ᠶᠣᠮ᠃ 《ᠭᠣᠷᠪᠠᠨ ᠣᠯᠣᠰ᠎ᠤᠨ ᠦᠯᠢᠭᠡᠷ》 《ᠡᠷᠳᠡᠨᠢ᠎ᠶᠢᠨ ᠰᠠᠩ ᠰᠣᠪᠠᠰᠢᠲᠢ》 《ᠨᠢᠭᠡᠨ ᠲᠠᠪᠬᠣᠷ ᠠᠰᠠᠷ》 《ᠬᠣᠢᠲᠣ ᠯᠢᠶᠣᠣ ᠣᠯᠣᠰ᠎ᠤᠨ ᠦᠯᠢᠭᠡᠷ》 ᠁ ᠵᠡᠷᠭᠡ᠎ᠶᠢ ᠣᠩᠰᠢᠵᠦ ᠪᠠᠢᠬᠰᠠᠨ ᠯᠠ ᠳ᠋ᠠ᠃ ᠨᠠᠶᠠᠨ ᠨᠠᠰᠣᠯᠠᠴᠢᠬᠠᠭᠠᠳ 《 ᠲᠡᠯᠡᠬᠡᠢ᠎ᠶᠢᠨ ᠣᠳᠬ᠎ᠠ ᠵᠣᠬᠢᠶᠠᠯ》 ᠰᠡᠳᠬᠦᠯ᠎ᠢ ᠠᠮᠲᠠᠷᠬᠠᠨ ᠣᠩᠰᠢᠵᠦ ᠪᠠᠢᠯ᠎ᠠ᠃

ᠠᠪᠣ ᠮᠠᠨᠣᠰ᠎ᠤᠨ ᠪᠢᠴᠢᠭ ᠰᠣᠷᠬᠣ᠎ᠶᠢ ᠲᠡᠮᠵᠢᠲᠡᠭ ᠪᠣᠯᠪᠠᠴᠣ ᠲᠡᠷᠢᠬᠦᠯᠡᠬᠦ ᠪᠣᠶᠣ ᠣᠨᠴᠠ ᠳ᠋ᠦᠩ ᠠᠪᠬᠣ ᠮᠡᠲᠦ᠎ᠶᠢᠨ ᠱᠠᠭᠠᠷᠲᠠᠯᠭ᠎ᠠ ᠲᠠᠯᠪᠢᠲᠠᠬ ᠦᠭᠡᠢ᠃ ᠬᠠᠷᠢᠨ 《ᠬᠦᠮᠦᠨ ᠪᠣᠯᠪᠠᠯ ᠰᠣᠷᠲᠠᠯ ᠰᠣᠷᠭᠠᠯ ᠲᠠᠢ ᠠᠮᠢᠲᠣᠷᠠᠬᠣ ᠶᠣᠮ ᠰᠢᠦ!》 ᠭᠡᠲᠡᠭ᠃ ᠵᠠᠯᠬᠠᠭᠣᠷᠠᠬᠣ᠂ ᠬᠣᠲᠠᠯ ᠬᠡᠯᠡᠬᠦ᠂ ᠮᠡᠬᠡᠯᠡᠬᠦ᠂ ᠬᠣᠨᠵᠢᠬᠣ᠂ ᠯᠠᠷᠵᠢᠶᠠᠯᠠᠬᠣ᠂ ᠬᠣᠯᠠᠭᠠᠢ ᠬᠢᠬᠦ᠎ᠶᠢ ᠮᠠᠰᠢ ᠵᠢᠭᠰᠢᠲᠡᠭ ᠪᠢᠯᠡ᠃

ᠮᠢᠨᠦ ᠠᠪᠣ ᠪᠣᠯ ᠦᠨᠡᠨ ᠶ᠋ᠢᠡᠨ ᠬᠡᠯᠡᠭᠡᠳ ᠦᠪᠡᠷ᠎ᠤᠨ ᠴᠣᠬᠯᠠᠭᠣᠯᠣᠬᠰᠠᠨ ᠬᠦᠷᠦᠩᠭᠡ ᠪᠠᠨ ᠢᠲᠡᠭᠡᠳ ᠠᠮᠢᠲᠣᠷᠠᠬᠰᠠᠨ ᠰᠢᠲᠣᠷᠭᠣ ᠬᠦᠮᠦᠨ ᠶᠣᠮ᠃ ᠦᠪᠡᠷ ᠶ᠋ᠢᠡᠨ ᠰᠢᠷᠡᠭᠡᠨ ᠲᠦᠷᠪᠡᠨ ᠬᠦᠯ ᠮᠡᠲᠦ ᠲᠦᠷᠪᠡᠨ ᠬᠦᠦ ᠲᠠᠢ ᠪᠠᠢᠲᠠᠯ᠎ᠠ ᠠᠯᠢ ᠨᠢᠭᠡ ᠭᠡᠷ᠎ᠤᠨ ᠠᠬᠠᠮᠠᠳ ᠨᠢ ᠦᠬᠢᠨ ᠶ᠋ᠢᠡᠨ ᠬᠠᠷᠢ ᠳ᠋ᠦ ᠮᠣᠷᠲᠠᠭᠣᠯᠬᠣ ᠪᠣᠶᠣ ᠪᠠᠷᠢ ᠪᠠᠭᠣᠯᠭᠠᠪᠠᠯ ᠬᠡᠦᠬᠡᠨ ᠲᠠᠨᠢᠭᠣᠯᠣᠨ᠎ᠠ ᠭᠡᠲᠡᠯ᠎ᠡ ᠮᠦᠷᠬᠦᠬᠦᠯᠦᠨ᠎ᠡ ᠭᠡᠳ ᠠᠷᠢᠬᠢ ᠪᠣᠣᠪᠣ ᠲᠠᠢ ᠢᠷᠡᠲᠡᠭ᠃ ᠭᠣᠶᠣᠯᠭᠠᠨ ᠱᠠᠯᠠᠭᠣᠯᠣᠬᠰᠠᠭᠠᠷ ᠪᠠᠢᠵᠦ ᠭᠣᠷᠪᠠᠨ ᠮᠦᠷᠬᠦᠬᠦᠯᠦᠭᠰᠡᠨ ᠦᠬᠢᠨ ᠲᠠᠢ ᠪᠣᠯᠴᠢᠬᠠᠬᠣ ᠪᠡᠷ ᠪᠢᠳᠡ ᠠᠷᠠᠢ ᠭᠡᠵᠦ ᠬᠡᠯᠡᠵᠦ ᠢᠳᠬᠠᠵᠦ ᠪᠠᠢᠭᠠᠳ ᠵᠣᠬᠰᠣᠭᠠᠬᠰᠠᠨ ᠶᠣᠮ᠃ ᠲᠡᠢᠮᠦ ᠪᠢᠰᠢ ᠪᠣᠯ ᠬᠡᠳᠦᠨ ᠴᠦ᠍ ᠦᠬᠢᠨ ᠲᠠᠢ ᠪᠣᠯᠬᠣ᠎ᠶᠢ ᠪᠣᠣ ᠮᠡᠳᠡ᠃

ᠠᠪᠣ ᠵᠣᠭᠣᠬ᠎ᠢ ᠰᠢᠮᠡᠲᠡᠢ ᠶᠠᠷᠢᠲᠠᠬ ᠪᠣᠯᠪᠠᠴᠣ ᠮᠡᠷᠭᠡᠯᠡᠲᠡᠭ ᠦᠭᠡᠢ᠃ ᠴᠡᠴᠡᠨ ᠮᠡᠷᠭᠡᠨ ᠦᠭᠡ᠎ᠶᠢ ᠴᠡᠭᠡᠵᠢᠯᠡᠭᠰᠨᠨ ᠪᠣᠯᠪᠠᠴᠣ ᠰᠠᠢᠬᠠᠨ ᠦᠭᠡ᠎ᠶᠢᠨ ᠣᠷᠣᠨ ᠳ᠋ᠦ ᠵᠠᠷᠣᠲᠠᠬ ᠦᠭᠡᠢ ᠪᠢᠯᠡ᠃ ᠰᠢᠨ᠎ᠡ ᠵᠢᠯ ᠴᠠᠭᠠᠨ ᠰᠠᠷ᠎ᠠ ᠰᠠᠲᠣᠨ ᠲᠦᠷᠦᠯ᠂ ᠠᠢᠯ ᠠᠢᠮᠠᠬ᠎ᠤᠨ ᠬᠢᠨ ᠵᠣᠯᠭᠠᠯᠲᠠ ᠪᠡᠷ ᠢᠷᠡᠭᠡᠳ ᠮᠦᠷᠬᠦᠪᠡᠯ 《ᠰᠡᠳᠬᠢᠯ ᠠᠮᠣᠷ ᠶᠠᠪᠣ ᠡ!》 ᠭᠡᠮᠡᠨ ᠢᠷᠦᠭᠡᠲᠡᠭ᠃

ᠠᠪᠣ ᠮᠢᠨᠢ ᠰᠢᠮ᠎ᠡ ᠶᠢᠷᠲᠢᠨᠴᠦ ᠳ᠋ᠦ ᠨᠠᠶᠠᠨ ᠵᠢᠷᠭᠣᠭᠠᠨ ᠨᠠᠰᠣ᠎ᠶᠢ ᠵᠣᠭᠣᠬᠯᠠᠵᠦ ᠲᠦᠷᠰᠦ᠎ᠶᠢᠨ ᠶᠢᠷᠲᠢᠨᠴᠦ ᠳ᠋ᠦ ᠶᠠᠪᠣᠴᠢᠬᠠᠯ᠎ᠠ᠃ ᠠᠪᠣ ᠮᠢᠨᠢ ᠠᠯᠲᠠᠷ ᠴᠣᠣᠲᠣ ᠬᠦᠮᠦᠨ ᠪᠢᠰᠢ᠂ ᠡᠭᠡᠯ ᠵᠢᠷ᠎ᠤᠨ ᠮᠠᠯᠴᠢᠨ ᠬᠦᠮᠦᠨ ᠶᠣᠮ ᠡ᠃ ᠠᠮᠢᠲᠣ ᠳ᠋ᠠᠭᠠᠨ ᠠᠢᠯ ᠭᠡᠷ᠎ᠤᠨ ᠶ᠋ᠢᠡᠨ ᠲᠦᠰᠢᠭ᠂ ᠦᠷ᠎ᠡ ᠬᠡᠦᠬᠡᠳ᠎ᠤᠨ ᠶ᠋ᠢᠡᠨ ᠦᠮᠦᠭ — ᠠᠭᠣᠯᠠ ᠪᠠᠢᠬᠰᠠᠨ᠃ ᠠᠶᠠᠷᠯᠠᠯ᠎ᠠ ᠴᠦ᠍ ᠭᠡᠳ ᠰᠡᠳᠬᠢᠯ ᠳ᠋ᠦ ᠨᠡᠬᠦᠭᠡᠳ ᠨᠠᠷᠠ ᠵᠦᠪ ᠠᠮᠢᠲᠣᠷᠠᠬᠣ᠎ᠶᠢᠨ ᠵᠦᠭᠯᠡᠬᠦᠷ ᠪᠣᠯᠣᠬᠰᠠᠨ ᠰᠢᠲᠦᠭᠡᠨ ᠠᠭᠣᠯᠠ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号