ᠠᠮᠢᠨ ᠡᠷᠳᠡᠨᠢ᠎ᠶᠢᠨ ᠰᠢᠲᠦᠭᠡᠨ
2025-06-11 10:53:13
ᠵᠣᠬᠢᠶᠠᠭ᠍ᠴᠢ᠄
ᠪᠣᠷᠵᠢᠬᠢᠨ ᠷ᠊·ᠨᠡᠰᠤᠨᠬᠡᠰᠢᠭ
ᠣᠩᠱᠢᠭ᠍ᠰᠠᠨ ᠣᠳᠠᠭ᠎ᠠ᠄
★★★☆☆

ᠦᠰᠴᠤ᠌ ᠳᠦᠷᠥᠭ᠌ᠰᠡᠨ ᠨᠤᠳᠤᠭ᠎ᠤᠨ ᠮᠢᠨᠢ ᠮᠦᠩᠭᠡ᠎ᠶ᠋ᠢᠨ ᠭᠡᠭᠡᠨ ᠰᠠᠬᠢᠭᠤᠰᠤ

ᠦᠷᠥᠪᠴᠢᠭᠡᠨ ᠳᠤᠯᠤᠭᠠᠨ ᠦᠷ᠎ᠡ᠎ᠳᠡᠭᠡᠨ ᠦᠷᠥᠭᠡ ᠭᠡᠷ᠎ᠤᠨ ᠳᠤᠯᠭᠠᠭᠤᠷᠢ

ᠦᠨᠡᠨ᠎ᠤ ᠬᠤᠷᠸ᠎ᠠ᠎ᠳᠤ ᠤᠴᠠᠷᠠᠵᠤ ᠦᠰᠥ᠎ᠪᠠᠨ ᠬᠤᠯᠪᠤᠭ᠍ᠰᠠᠨ ᠳᠠᠪᠢᠯᠠᠩ᠎ᠲᠠᠢ

ᠡᠨᠡᠷᠢᠯ ᠬᠠᠢᠷᠠᠳᠠᠢ ᠡᠵᠢ᠎ᠶ᠋ᠢᠨ ᠮᠢᠨᠢ ᠨᠠᠰᠤᠨ᠎ᠤ ᠭᠠᠭ᠍ᠴᠠᠬᠠᠨ ᠬᠠᠨᠢ


ᠬᠦᠳᠥᠰᠤᠨ ᠳᠠᠪᠠᠯ᠎ᠤᠨ ᠡᠯᠡᠭ᠌ᠳᠡᠯ᠎ᠢᠶᠠᠷ ᠠᠮᠢᠳᠤᠷᠠᠯ ᠳᠡᠬᠡᠬᠡᠵᠤ ᠢᠷᠡᠬᠦ᠌᠎ᠳᠡᠭᠡᠨ

ᠬᠦᠮᠥᠨ ᠮᠦᠰᠥ᠎ᠶ᠋ᠢᠨ ᠵᠦᠢ᠎ᠶ᠋ᠢ ᠠᠴᠢᠷ ᠪᠢᠳᠠᠨ᠎ᠳᠠᠭᠡᠨ ᠳᠠᠨᠢᠭᠤᠯᠤᠭ᠍ᠰᠠᠨ

ᠬᠠᠳᠠᠭᠤᠬᠠᠨ ᠰᠤᠷᠭᠠᠯ᠎ᠤᠨ ᠴᠠᠭᠠᠨ᠎ᠠ ᠤᠶᠠᠷᠠᠵᠤ ᠪᠠᠢᠳᠠᠭ ᠵᠢᠷᠥᠭᠡ

ᠳᠤᠭ᠍ᠰᠢᠨ ᠬᠠᠷᠠᠴᠠᠨ᠎ᠤ ᠬᠢᠨᠢ ᠳᠠᠯᠳᠠ ᠮᠡᠯᠮᠡᠷᠡᠬᠦᠯᠵᠤ ᠪᠠᠢᠳᠠᠭ ᠬᠠᠢᠷ᠎ᠠ


ᠨᠡᠷᠡᠨ᠎ᠤ ᠪᠤᠷᠤ ᠮᠠᠯᠴᠢᠨ ᠵᠠᠶᠠᠭᠠᠨ᠎ᠳᠠᠭᠠᠨ ᠰᠡᠳᠭᠢᠯ ᠪᠠᠶᠠᠰᠤᠩᠭᠤᠢ ᠶᠠᠪᠤᠵᠤ

ᠨᠠᠨᠳᠢᠨ ᠦᠢᠯᠡᠰ᠎ᠤᠨ ᠳᠦᠯᠥᠭᠡ ᠠᠷᠢᠭᠤᠨ ᠬᠦᠯᠥᠰᠤ᠎ᠪᠠᠨ ᠠᠰᠭᠠᠷᠠᠭᠤᠯᠵᠤ

ᠵᠢᠯ ᠵᠢᠯ᠎ᠤᠨ ᠬᠠᠪᠤᠷ ᠨᠠᠮᠤᠷ᠎ᠤᠨ ᠰᠠᠯᠬᠢ ᠪᠤᠷᠤᠭᠠᠨ᠎ᠲᠠᠢ ᠢᠳᠡᠭᠡᠱᠢᠭ᠌ᠰᠡᠨ

ᠵᠢᠳᠬᠦᠯ ᠵᠦᠳᠡᠷᠡᠯ᠎ᠤᠨ ᠬᠦᠮᠥᠨ ᠵᠤᠨ᠎ᠳᠠᠭᠠᠨ ᠭᠡᠢᠮᠦᠷᠢᠯᠢᠭ ᠶᠠᠪᠤᠭ᠍ᠰᠠᠨ ᠠᠪᠤ ᠮᠢᠨᠤ 


ᠳᠤᠬᠤᠢ᠎ᠨᠢ ᠰᠡᠮᠡᠷᠡᠭ᠌ᠰᠡᠨ ᠳᠡᠷᠯᠢᠭ᠎ᠤᠨ ᠳᠤᠪᠴᠢ᠎ᠨᠢ ᠮᠦᠯᠳᠥᠷᠡᠬᠦ ᠡᠴᠡ ᠡᠮᠥᠨ᠎ᠡ

ᠳᠤᠮᠤᠭ᠍ᠳᠤ ᠳᠤᠭᠤᠷᠢᠮ ᠨᠠᠭᠤᠷ᠎ᠤᠨ ᠤᠰᠣ ᠨᠢ ᠳᠠᠳᠠᠭᠤᠷᠠᠬᠤ᠎ᠠᠴᠠ ᠤᠷᠢᠳ

ᠠᠳᠤᠭᠤ ᠮᠠᠯ᠎ᠲᠠᠢ ᠳᠤᠷᠭᠠᠨ ᠳᠠᠯ᠎ᠠ᠎ᠨᠢ ᠴᠡᠯᠡᠭᠡᠷᠭᠡᠨ ᠪᠠᠢᠬᠤ᠎ᠶ᠋ᠢ ᠵᠠᠪᠳᠤᠵᠤ

ᠠᠷᠢᠭᠤᠨ ᠴᠠᠭᠠᠨ ᠪᠤᠶᠠᠨ᠎ᠤ ᠠᠴᠢ᠎ᠶ᠋ᠢ᠎ᠨᠢ ᠬᠠᠷᠢᠭᠤᠯᠠᠵᠤ ᠠᠮᠵᠢᠭ᠎ᠠ ᠦᠭᠡᠢ ᠪᠢ


ᠡᠮᠡᠭᠡᠯ᠎ᠤᠨ ᠬᠤᠶᠠᠷ ᠪᠦᠬᠦᠷᠭᠡ ᠡᠮᠳᠡᠷᠡᠵᠤ ᠬᠠᠭ᠍ᠵᠠᠷᠠᠬᠤ ᠡᠴᠡ ᠡᠮᠥᠨ᠎ᠡ

ᠢᠵᠢᠯ ᠮᠦᠩᠬᠦᠨ ᠳᠦᠷᠥᠭᠡ᠎ᠨᠢ ᠡᠯᠡᠭ᠌ᠳᠡᠵᠤ ᠨᠢᠮᠭᠡᠷᠡᠬᠦ᠌᠎ᠶ᠋ᠢᠨ ᠤᠷᠢᠳ

ᠤᠨ ᠵᠢᠯ᠎ᠤᠨ ᠪᠤᠷᠤᠬᠠᠨ ᠳᠠᠪᠠᠭᠠᠨ᠎ᠳᠤ ᠵᠦᠳᠡᠷᠡᠵᠤ ᠶᠠᠳᠠᠷᠠᠬᠤ᠎ᠶ᠋ᠢᠨ ᠦᠶ᠎ᠡ᠎ᠳᠤ

ᠨᠠᠰᠤᠨ ᠦᠨᠳᠥᠷ ᠠᠪᠤ᠎ᠳᠠᠭᠠᠨ ᠲᠠᠶᠠᠬ ᠨᠢ ᠪᠤᠯᠵᠤ ᠴᠢᠳᠠᠭ᠎ᠠ ᠦᠭᠡᠢ ᠪᠢ


ᠬᠦᠨᠳᠥᠳᠥ ᠪᠤᠭᠤᠷᠤᠯ ᠠᠪᠤ ᠮᠢᠨᠢ ᠬᠦᠢ ᠤᠷᠴᠢᠯᠠᠩ᠎ᠤᠨ ᠤᠳᠤᠨ ᠶᠤᠮ 

ᠬᠦᠭᠡᠷᠥᠬᠦᠨ ᠳᠤᠯᠤᠭᠠᠨ ᠦᠷᠡᠰ᠎ᠤᠨ᠎ᠢᠶᠠᠨ ᠠᠮᠢᠨ ᠡᠷᠳᠡᠨᠢ᠎ᠶ᠋ᠢᠨ ᠱᠢᠳᠥᠭᠡᠨ ᠶᠤᠮ 

ᠠᠪᠤ᠎ᠪᠠᠨ  ᠳᠤᠷᠠᠰᠭᠤ᠎ᠳᠤ ᠮᠦᠩᠭᠡ ᠳᠡᠭ᠌ᠷᠢ᠎ᠶ᠋ᠢᠨ ᠵᠢᠷᠥᠭᠡ᠎ᠨᠢ ᠬᠦᠷᠳᠡᠯ᠎ᠡ ᠡᠮᠳᠡᠷᠭᠡᠢ

ᠠᠪᠤ᠎ᠪᠠᠨ  ᠦᠭᠡᠢᠯᠡᠬᠦ᠌᠎ᠳᠤ ᠡᠭᠡ ᠭᠠᠵᠠᠷ᠎ᠤᠨ ᠡᠯᠢᠭᠡ᠎ᠨᠢ ᠬᠦᠷᠳᠡᠯ᠎ᠡ ᠰᠡᠮᠡᠷᠭᠡᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号