ᠠᠪᠤ᠎ᠶ᠋ᠢᠨ ᠪᠠᠶᠠᠷ᠎ᠤᠨ ᠡᠳᠤᠷ
ᠠᠯᠠᠭ ᠦᠷ᠎ᠡ᠎ᠪᠠᠨ ᠰᠠᠨᠠᠵᠦ᠍ ᠤᠶᠠᠷᠠᠪᠠ
ᠠᠯᠳᠠᠨ ᠰᠦᠨᠡᠰᠦ᠎ᠶ᠋ᠢ ᠮᠢᠨᠢ ᠠᠪᠤᠭᠠᠳ ᠶᠠᠪᠤᠴᠢᠬᠠᠯ᠎ᠠ ᠴᠢ ᠮᠢᠨᠢ
ᠠᠵᠠ ᠵᠢᠷᠭᠠᠯ᠎ᠤᠨ ᠲᠡᠭ᠌ᠷᠢ ᠬᠡᠯᠪᠡᠢᠵᠦ᠍
ᠠᠯᠢᠪᠠ ᠬᠦᠰᠡᠯ᠎ᠢ ᠮᠢᠨᠢ ᠡᠭᠦᠷᠦᠭᠡᠳ ᠶᠠᠪᠤᠴᠢᠬᠠᠯ᠎ᠠ ᠴᠢ ᠮᠢᠨᠢ
ᠨᠠᠮᠠᠶ᠋ᠢ ᠰᠡᠳᠭᠢᠯ᠎ᠤᠨ ᠲᠡᠩᠬᠡᠭᠡ᠎ᠲᠠᠢ ᠪᠣᠯᠭᠠᠭ᠍ᠰᠠᠨ ᠤᠳᠠᠭ᠎ᠠ᠎ᠲᠠᠢ
ᠨᠠᠮᠠᠶ᠋ᠢ ᠮᠥᠷᠥᠭᠡᠳᠦᠯ᠎ᠤᠨ ᠰᠤᠯᠤᠩᠭ᠎ᠠ᠎ᠪᠠᠷ ᠭᠡᠷᠡᠯᠳᠦᠭᠦᠯᠵᠦ᠍ ᠲᠡᠪᠡᠷᠢᠭᠦᠯᠦᠭ᠌ᠰᠡᠨ ᠬᠡᠱᠢᠭ᠎ᠲᠠᠢ
ᠨᠠᠮᠠᠶ᠋ᠢ ᠲᠦᠭᠦᠷᠡᠩ ᠬᠦᠰᠡᠯ᠎ᠢᠶᠠᠷ ᠴᠠᠯᠬᠢᠭᠤᠯᠵᠦ᠍ ᠠᠯᠬᠤᠭᠤᠯᠤᠭ᠍ᠰᠠᠨ ᠦᠯᠢᠭᠡᠷ᠎ᠲᠠᠢ
ᠨᠠᠮᠠᠶ᠋ᠢ ᠠᠪᠤ᠎ᠶ᠋ᠢᠨ ᠮᠦᠱᠢᠶᠡᠯᠢᠶᠠᠷ ᠪᠠᠶᠠᠨ ᠵᠢᠷᠭᠠᠭᠠᠭ᠍ᠰᠠᠨ ᠤᠶᠠᠩᠭ᠎ᠠ᠎ᠲᠠᠢ
ᠬᠦᠦ ᠮᠢᠨᠢ ᠴᠢ ᠯᠡ ᠨᠠᠳᠠ᠎ᠳᠤ᠎ᠪᠠᠨ
ᠬᠦᠰᠡᠯ᠎ᠤᠨ ᠨᠠᠷᠠ ᠪᠠᠢᠯ᠎ᠠ ᠳ᠋ᠠ
ᠭᠠᠭ᠍ᠴᠠᠬᠠᠨ ᠦᠭᠡᠨ᠎ᠳᠤ ᠴᠢᠨᠢ ᠡᠮᠵᠡᠭ᠌ᠯᠡᠨ ᠪᠡᠶ᠎ᠡ᠎ᠪᠠᠨ ᠴᠢᠩᠨᠠᠵᠦ᠍ ᠶᠠᠪᠤᠯ᠎ᠠ
ᠭᠠᠭ᠍ᠴᠠᠬᠠᠨ ᠲᠤᠷᠠᠯᠠᠯ᠎ᠳᠤ ᠴᠢᠨᠢ ᠤᠶᠠᠩᠭᠠᠷᠠᠨ ᠵᠡᠭᠦᠳᠦ᠍ᠪᠠᠷᠢᠶᠠᠨ ᠮᠦᠱᠢᠶᠡᠵᠦ᠍ ᠶᠠᠪᠤᠯ᠎ᠠ
ᠭᠠᠭ᠍ᠴᠠᠬᠠᠨ ᠰᠠᠨᠠᠭᠠᠨ᠎ᠳᠤ ᠴᠢᠨᠢ ᠨᠡᠢᠴᠡᠬᠦᠯᠬᠦ᠌ ᠬᠡᠮᠡᠨ
ᠰᠡᠳᠭᠢᠯ᠎ᠢᠶᠠᠨ ᠵᠦᠳᠡᠭᠡᠳᠡᠭ ᠪᠣᠯᠣᠯ᠎ᠠ
ᠬᠦᠦ ᠮᠢᠨᠢ ᠨᠠᠳᠠ ᠳ᠋ᠠᠭᠠᠨ ᠠᠮᠢ ᠭᠤᠣᠯ ᠪᠠᠢᠯ᠎ᠠ
ᠬᠦᠷᠡᠩ ᠵᠢᠷᠦᠬᠡᠨ᠎ᠤ ᠮᠢᠨᠢ ᠤᠶᠠᠩᠭ᠎ᠠ ᠴᠣᠬᠢᠯᠭ᠎ᠠ ᠪᠠᠢᠯ᠎ᠠ
ᠠᠪᠤ᠎ᠶ᠋ᠢᠨ ᠪᠠᠶᠠᠷ ᠪᠣᠯᠬᠤ᠎ᠪᠠᠷ ᠬᠦᠦ᠍᠎ᠪᠠᠨ ᠰᠠᠨᠠᠵᠦ᠍ ᠮᠥᠷᠥᠭᠡᠳᠦᠨ᠎ᠡ
ᠠᠵᠠ ᠵᠢᠷᠭᠠᠯ᠎ᠤᠨ ᠲᠡᠭ᠌ᠷᠢ ᠬᠡᠯᠪᠡᠢᠭᠡᠳ
ᠠᠯᠢᠪᠠ ᠮᠥᠷᠥᠭᠡᠳᠦᠯ᠎ᠢ ᠮᠢᠨᠢ ᠠᠪᠤᠭᠠᠳ ᠶᠠᠪᠤᠴᠢᠬᠠᠭ᠍ᠰᠠᠨ ᠱᠢᠭ᠋
ᠠᠯᠠᠭ ᠨᠢᠳᠦ᠍᠎ᠶ᠋ᠢ ᠨᠢᠯᠪᠤᠰᠤ ᠪᠦᠷᠬᠦᠯᠡ
ᠬᠦᠦ᠍ ᠪᠠᠨ ᠰᠠᠨᠠᠵᠦ᠍ ᠶᠠᠪᠤᠬᠤ᠎ᠳᠤ ᠪᠣᠳᠣᠯ ᠴᠡᠯᠮᠡᠭ᠌ᠰᠢᠨ ᠬᠥᠯ ᠬᠦᠩᠭᠡᠷᠡᠳᠡᠭ ᠪᠠᠢᠯ᠎ᠠ
ᠬᠦᠦ᠍ ᠪᠠᠨ ᠢᠳᠡᠭᠡᠵᠦ᠍ ᠪᠠᠶᠠᠰᠭᠤᠳᠤ ᠬᠦᠢᠳᠡᠨ ᠮᠠᠷᠳᠠᠬ᠍ᠳᠠᠵᠦ᠍
ᠰᠡᠳᠭᠢᠯ᠎ᠤᠨ ᠵᠠᠩᠭᠢᠷᠠᠭ᠎ᠠ ᠠᠷᠢᠯᠵᠦ᠍ ᠣᠷᠬᠢᠳᠠᠭ ᠪᠠᠢᠯ᠎ᠠ
ᠬᠦᠦ᠍᠎ᠶ᠋ᠢᠨ᠎ᠢᠶᠠᠨ ᠰᠡᠷᠭᠦᠯᠡᠩ ᠦᠭᠡᠨ᠎ᠳᠤ ᠰᠡᠳᠭᠢᠯ ᠨᠢᠯᠬᠠᠷᠠᠨ ᠨᠠᠢᠷᠠᠭ ᠲᠥᠷᠥᠳᠡᠭ ᠪᠠᠢᠯ᠎ᠠ
ᠬᠦᠦ᠍ ᠪᠠᠨ ᠰᠠᠨᠠᠵᠦ᠍ ᠤᠮᠤᠬ᠍ᠰᠢᠵᠦ᠍ ᠶᠠᠪᠤᠬᠤ᠎ᠳᠤ
ᠠᠪᠤ᠎ᠶ᠋ᠢᠨ ᠵᠢᠷᠭᠠᠯ᠎ᠢᠶᠠᠷ ᠲᠦᠭᠦᠷᠡᠩ ᠵᠠᠯᠠᠭᠤᠵᠢᠳᠠᠭ ᠪᠠᠢᠯ᠎ᠠ
ᠠᠪᠤ᠎ᠶ᠋ᠢᠨ ᠪᠠᠶᠠᠷ᠎ᠤᠨ ᠡᠳᠤᠷ ᠬᠦᠦ᠍ ᠪᠠᠨ ᠰᠠᠨᠠᠵᠦ᠍ ᠮᠥᠷᠥᠭᠡᠳᠦᠨ᠎ᠡ
ᠴᠢ ᠮᠢᠨᠢ ᠨᠠᠳᠠ ᠳ᠋ᠤ ᠭᠡᠨᠡᠳᠳᠡ ᠢᠷᠡᠭᠡᠳ ᠭᠡᠨᠡᠳᠳᠡ ᠪᠤᠴᠠᠭ᠍ᠰᠠᠨ ᠭᠡᠷᠡᠯᠳᠤ ᠤᠳᠤᠨ ᠪᠠᠢᠯ᠎ᠠ
ᠴᠢ ᠮᠢᠨᠢ ᠨᠠᠳᠠ ᠳ᠋ᠤ ᠠᠮᠢᠳᠤᠷᠠᠯ᠎ᠢ ᠱᠢᠯᠦᠭ᠎ᠤᠨ ᠠᠮᠳᠠ᠎ᠪᠠᠷ ᠪᠠᠶᠠᠰᠭᠠᠭ᠍ᠰᠠᠨ
ᠬᠠᠢᠷ᠎ᠠ᠎ᠶ᠋ᠢᠨ ᠮᠥᠷᠥᠭᠡᠳᠦᠯ ᠪᠠᠢᠯ᠎ᠠ
ᠴᠢ ᠮᠢᠨᠢ ᠨᠠᠮᠠᠶ᠋ᠢ ᠲᠦᠮᠡᠨ᠎ᠤ ᠲᠤᠮᠳᠠ ᠲᠠᠭᠤᠤ᠎ᠲᠠᠢ ᠶᠠᠪᠤᠭᠤᠯᠤᠭ᠍ᠰᠠᠨ
ᠬᠦᠰᠡᠯ᠎ᠤᠨ ᠨᠠᠢᠷᠠᠭ ᠪᠠᠢᠯ᠎ᠠ
ᠴᠢ ᠮᠢᠨᠢ ᠮᠢᠨᠤ ᠢᠳᠡᠭᠡᠯ ᠲᠠᠢ ᠠᠮᠢᠳᠤᠷᠠᠬᠤ᠎ᠶ᠋ᠢᠨ ᠬᠠᠢᠷ᠎ᠠ᠎ᠶᠢᠨ ᠭᠤᠣᠯ ᠪᠠᠢᠯ᠎ᠠ
ᠬᠦᠦ ᠮᠢᠨᠢ ᠠᠪᠤ᠎ᠳᠠᠭᠠᠨ ᠤᠶᠠᠩᠭ᠎ᠠ ᠨᠠᠢᠷᠠᠭ ᠪᠠᠢᠯ᠎ᠠ
ᠠᠪᠤ᠎ᠨᠢ ᠴᠢᠮᠠᠶ᠋ᠢ ᠰᠠᠨᠠᠵᠦ᠍ ᠮᠥᠷᠥᠭᠡᠳᠦᠯ ᠲᠠᠢ ᠠᠮᠢᠳᠤᠷᠠᠨ᠎ᠠ
ᠠᠪᠤ᠎ᠨᠢ ᠴᠢᠮᠠᠶ᠋ᠢ ᠪᠤᠳᠤᠵᠦ᠍ ᠢᠳᠡᠭᠡᠯ ᠲᠠᠢ ᠶᠠᠪᠤᠨ᠎ᠠ
ᠠᠯᠢ ᠨᠢᠭᠡ ᠠᠵᠠ ᠵᠢᠷᠭᠠᠯ ᠡᠯᠢᠭᠡᠨ᠎ᠳᠤ ᠮᠢᠨᠢ ᠨᠠᠭᠠᠯᠳᠤᠪᠠᠯ
ᠬᠦᠦ᠍᠎ᠶ᠋ᠢᠨ ᠮᠢᠨᠢ ᠥᠭ᠌ᠭᠦᠭ᠌ᠰᠡᠨ ᠬᠠᠢᠷ᠎ᠠ ᠪᠠᠢᠵᠠᠢ ᠬᠡᠮᠡᠨ ᠨᠠᠨᠳᠢᠩᠨᠠᠵᠦ᠍ ᠶᠠᠪᠤᠨ᠎ᠠ
ᠠᠯᠢ ᠨᠢᠭᠡᠨ ᠲᠤᠷᠠᠯᠠᠯ᠎ᠤᠨ ᠤᠶᠠᠩᠭ᠎ᠠ ᠰᠡᠳᠭᠢᠯ᠎ᠢ ᠮᠢᠨᠢ ᠭᠡᠷᠡᠯᠳᠦᠭᠦᠯᠪᠡᠯ
ᠬᠦᠦ ᠮᠢᠨᠢ ᠶᠠᠪᠤᠭᠤᠯᠤᠭ᠍ᠰᠠᠨ ᠲᠤᠷᠠᠯᠠᠯ ᠪᠠᠢᠵᠠᠢ ᠬᠡᠮᠡᠨ ᠬᠠᠢᠷᠠᠯᠠᠵᠦ᠍ ᠶᠠᠪᠤᠨ᠎ᠠ
ᠠᠪᠤ᠎ᠨᠢ ᠬᠡᠵᠢᠶᠡᠳᠡ ᠴᠢᠮᠠᠶ᠋ᠢ ᠰᠠᠨᠠᠵᠦ᠍ ᠰᠠᠢᠬᠠᠨ ᠠᠮᠢᠳᠤᠷᠠᠨ᠎ᠠ ᠬᠦᠦ ᠮᠢᠨᠢ