ᠠᠪᠦ ᠶ᠋ᠢᠨ ᠬᠠᠢᠷ᠎ᠠ
2025-06-11 10:48:06
ᠵᠣᠬᠢᠶᠠᠭ᠍ᠴᠢ᠄
ᠷ᠊·ᠲᠦᠮᠬᠠᠦ᠋ᠯᠵᠠᠢ
ᠣᠩᠱᠢᠭ᠍ᠰᠠᠨ ᠣᠳᠠᠭ᠎ᠠ᠄
★★★☆☆

ᠠᠪᠤ ᠬᠥᠮᠥᠨ᠎ᠤ ᠬᠠᠢᠷ᠎ᠠ ᠭᠡᠳᠡᠭ

ᠠᠯᠲᠠᠨ ᠰᠦᠮᠪᠥᠷ ᠠᠭᠤᠯᠠ ᠪᠠᠢᠭ᠍ᠰᠠᠨ᠎ᠢ

ᠠᠪᠤ ᠪᠤᠯᠣᠭ᠍ᠰᠠᠨ ᠬᠤᠢᠨ᠎ᠠ ᠪᠠᠨ ᠰᠠᠶᠢ

ᠠᠷᠠᠢᠬᠠᠨ ᠤᠯᠵᠤ ᠮᠡᠳᠡᠯ᠎ᠡ ᠳ᠋ᠠ

ᠠᠯᠠᠭ᠎ᠠ ᠵᠢᠯᠭ᠎ᠠ᠎ᠶ᠋ᠢ ᠲᠠᠨᠢ ᠡᠯᠡᠭᠡᠵᠤ ᠦᠰᠥᠭ᠌ᠰᠡᠨ

ᠤᠢᠯᠡ᠎ᠶ᠋ᠢᠨ ᠶᠡᠭᠡ ᠥᠷᠢ᠎ᠪᠠᠨ ᠪᠢ

ᠠᠬᠢᠬᠤ ᠲᠥᠷᠥᠯ᠎ᠳᠡᠭᠡᠨ ᠴᠤ᠌ ᠬᠠᠷᠢᠭᠤᠯᠵᠤ ᠪᠠᠷᠠᠬᠤ ᠦᠭᠡᠢ᠎ᠶ᠋ᠢ

ᠠᠭᠤᠴᠢᠯᠠᠵᠤ ᠬᠠᠢᠷᠠᠯᠠᠨ᠎ᠠ᠎ᠤᠤ? ᠠᠪᠤ ᠮᠢᠨᠢ 


ᠡᠴᠢᠭᠡ ᠬᠥᠮᠥᠨ᠎ᠤ ᠬᠠᠢᠷ᠎ᠠ ᠭᠡᠳᠡᠭ

ᠡᠩ ᠦᠭᠡᠢ ᠬᠦᠨ ᠳᠠᠯᠠᠢ ᠪᠠᠢᠭ᠍ᠰᠠᠨ᠎ᠢ

ᠦᠷ᠎ᠡ᠎ᠶᠢᠨ ᠵᠣᠯᠠᠢ ᠦᠨᠦᠷᠯᠡᠭᠰᠡᠨ ᠬᠤᠢᠨ᠎ᠠ ᠰᠠᠶᠢ

ᠡᠬᠢᠯᠡᠵᠤ ᠰᠠᠶᠢᠬᠠᠨ ᠮᠡᠳᠡᠯ᠎ᠡ ᠳ᠋ᠠ

ᠡᠯᠢᠭᠡ ᠵᠢᠷᠥᠬᠡ᠎ᠶ᠋ᠢ ᠲᠠᠨᠢ ᠡᠮᠲᠡᠯᠵᠤ ᠦᠰᠦᠭ᠌ᠰᠡᠨ

ᠣᠢᠯᠡ᠎ᠶ᠋ᠢᠨ ᠶᠡᠭᠡ ᠦᠷᠢ᠎ᠪᠠᠨ ᠪᠢ

ᠡᠷᠬᠢᠬᠦ᠌ ᠲᠥᠷᠥᠯ᠎ᠳᠡᠭᠡᠨ ᠴᠤ᠌ ᠬᠠᠷᠢᠭᠤᠯᠵᠤ ᠪᠠᠷᠠᠬᠤ ᠦᠭᠡᠢ᠎ᠶ᠋ᠢ

ᠦᠷᠥᠱᠢᠶᠡᠵᠤ ᠬᠠᠢᠷᠠᠯᠠᠨ᠎ᠠ᠎ᠤᠤ? ᠠᠪᠣ ᠮᠢᠨᠢ 


ᠠᠪᠣ ᠡᠵᠢ ᠬᠤᠶᠠᠷ ᠮᠢᠨᠢ ᠥᠨᠡᠨᠳᠡᠭᠡᠨ

ᠠᠮᠢᠳᠤ ᠪᠤᠷᠬᠠᠨ ᠪᠠᠢᠭ᠍ᠰᠠᠨ ᠭᠡᠲᠡᠭ᠎ᠢ

ᠠᠪᠰᠠ ᠣᠢᠷᠠᠲᠤᠵᠤ ᠣᠳᠣ ᠯᠠ ᠰᠠᠶᠢ

ᠠᠷᠠᠢᠬᠠᠨ ᠲᠠᠨᠢᠵᠤ ᠠᠪᠤᠯ᠎ᠠ ᠳ᠋ᠠ

ᠪᠤᠶᠠᠨ ᠬᠡᠱᠢᠭ᠎ᠢᠶᠠᠷ ᠲᠠᠨᠢ ᠲᠣᠭ᠍ᠯᠠᠵᠤ ᠦᠰᠦᠭ᠌ᠰᠡᠨ

ᠣᠢᠯᠡ᠎ᠶ᠋ᠢᠨ ᠶᠡᠭᠡ ᠦᠷᠢ᠎ᠪᠠᠨ ᠪᠢ

ᠪᠤᠴᠠᠬᠤ ᠲᠥᠷᠥᠯ᠎ᠳᠡᠭᠡᠨ ᠴᠤ᠌ ᠬᠠᠷᠢᠭᠤᠯᠵᠤ ᠪᠠᠷᠠᠬᠤ ᠦᠭᠡᠢ᠎ᠶ᠋ᠢ

ᠪᠤᠷᠤᠭᠤᠳᠭᠠᠵᠤ ᠬᠠᠢᠷᠠᠯᠠᠨ᠎ᠠ᠎ᠤᠤ? ᠬᠣᠷᠸ᠎ᠠ ᠮᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号