ᠮᠢᠨᠦ᠍ ᠲᠠᠷᠢᠶᠠᠴᠢᠨ ᠠᠪᠤ
2025-06-11 10:45:51
ᠵᠣᠬᠢᠶᠠᠭ᠍ᠴᠢ᠄
ᠪ᠊· ᠪᠢᠯᠢᠭ
ᠣᠩᠱᠢᠭ᠍ᠰᠠᠨ ᠣᠳᠠᠭ᠎ᠠ᠄
★★★☆☆

ᠨᠡᠷ᠎ᠡ ᠪᠠᠨ ᠡᠷ᠎ᠡ ᠱᠢᠭ ᠡᠷᠭᠦᠵᠦ᠍ ᠡᠷᠡᠮᠡᠭ ᠪᠤᠰᠤᠭ᠎ᠠ ᠶᠠᠪᠤᠭ᠍ᠲᠤᠨ ᠭᠡᠵᠦ᠍

ᠨᠡᠷ᠎ᠡ ᠪᠠᠷ ᠳᠠᠭᠤᠳᠠᠵᠤ ᠪᠠᠢᠭᠠᠳ ᠠᠪᠤ ᠮᠢᠨᠢ ᠰᠣᠷᠭᠠᠳᠠᠭ ᠪᠠᠢᠭ᠍ᠰᠠᠨ

ᠨᠢᠭᠡᠯᠬᠡᠨ ᠤᠳᠭ᠎ᠠ᠎ᠲᠠᠢ ᠲᠡᠷᠡ ᠦᠭᠡ᠎ᠶ᠋ᠢ ᠪᠠᠲᠦ ᠴᠡᠭᠡᠵᠢᠯᠡᠵᠦ᠍ ᠪᠢ

ᠨᠠᠰᠤᠨ ᠲᠤᠷᠰᠢᠳᠠ ᠵᠤᠭᠰᠤᠭ᠎ᠠ ᠶᠠᠪᠤᠬᠤ ᠵᠢ ᠰᠢᠳᠦᠳᠡᠭ ᠪᠤᠯᠤᠭᠰᠠᠨ


ᠨᠠᠷᠠᠨ᠎ᠤ ᠭᠡᠷᠡᠯ ᠡᠮᠲᠡᠷᠡᠴᠢᠭᠡᠬᠦ᠌ ᠪᠣᠯᠪᠠᠤ ᠬᠡᠮᠡᠨ ᠠᠪᠤ ᠮᠢᠨᠢ

ᠨᠠᠪᠴᠢᠨ ᠲᠤᠮᠳᠠ᠎ᠪᠠᠨ ᠨᠠᠮᠵᠢᠭᠤᠨ ᠠᠯᠬᠤᠳᠠᠭ ᠪᠠᠢᠯ᠎ᠠ

ᠨᠠᠪᠴᠢᠨ᠎ᠤ ᠵᠡᠭᠦᠳᠦ᠍᠎ᠶ᠋ᠢ ᠡᠪᠳᠡᠴᠢᠭᠡᠬᠦ᠌ ᠪᠠᠢᠪᠠᠤ ᠭᠡᠭ᠌ᠰᠡᠭᠡᠷ

ᠨᠢᠷᠤᠭᠤᠨ ᠲᠡᠭᠡᠷ᠎ᠡ᠎ᠪᠠᠨ ᠨᠠᠮᠠᠶ᠋ᠢ ᠠᠪᠴᠤ᠌ ᠡᠭᠦᠷᠳᠡᠭ ᠪᠠᠢᠯ᠎ᠠ


ᠠᠭᠤᠯᠠ ᠶᠤᠮ ᠪᠣᠯ ᠤᠷᠭᠤᠭ᠍ᠰᠠᠨ ᠭᠠᠵᠠᠷ᠎ᠲᠠᠭᠠᠨ ᠬᠦᠨᠳᠦ ᠭᠡᠨᠡᠮ

ᠠᠪᠤ ᠮᠢᠨᠢ ᠤᠨᠠᠭ᠍ᠰᠠᠨ ᠱᠢᠷᠤᠢ᠎ᠳᠠᠭᠠᠨ ᠬᠦᠨᠳᠦ᠍᠎ᠨᠢ ᠬᠢᠵᠠᠭᠠᠷ ᠦᠭᠡᠢ

ᠠᠪᠤ᠎ᠶ᠋ᠢᠨ ᠮᠢᠨᠢ ᠠᠯᠠᠭ᠎ᠠ᠎ᠪᠠᠨ ᠪᠢᠲᠡᠭᠦᠯᠡᠵᠦ᠍ ᠤᠤᠭᠤᠳᠠᠭ ᠤᠰᠤᠨ᠎ᠠᠴᠠ

ᠠᠷᠢᠭ ᠴᠠᠭᠠᠨ ᠡᠭᠦᠯᠡᠰ ᠴᠠᠢᠯᠵᠠᠨ ᠳᠡᠯᠭᠡᠷᠡᠬᠦ᠌᠎ᠨᠢ ᠦᠵᠦᠭᠦᠷ ᠦᠭᠡᠢ


ᠬᠤᠢᠳᠦ ᠬᠢᠶᠠᠭ᠍ᠲᠤ᠎ᠶ᠋ᠢᠨ ᠭᠡᠬᠦ᠌ ᠨᠢᠭᠡᠨ ᠠᠢᠯ᠎ᠤᠨ ᠵᠡᠭᠦᠨ ᠬᠦᠨᠳᠡᠢ᠎ᠳᠤ

ᠬᠤᠶᠠᠷ ᠬᠡᠰᠡᠭ ᠱᠢᠰᠢ᠎ᠶ᠋ᠢᠨ ᠲᠠᠷᠢᠶ᠎ᠠ ᠬᠦᠮᠦᠨ ᠰᠠᠴᠠᠭᠤ ᠬᠠᠯᠢᠭᠤᠷᠠᠨ᠎ᠠ

ᠳᠦᠷᠪᠡᠨ ᠪᠦᠳᠦᠭᠦᠨ ᠱᠠᠷ᠎ᠢᠶᠠᠷ ᠲᠠᠲᠠᠭᠤᠯᠳᠠᠭ ᠮᠣᠳᠣᠨ ᠲᠡᠷᠭᠡᠨ᠎ᠤ

ᠳᠦᠭᠦᠷᠲᠡᠯ᠎ᠡ ᠠᠴᠢᠶᠠᠯᠠᠭ᠍ᠰᠠᠨ ᠬᠥᠳᠥᠯ᠎ᠤᠨ ᠪᠣᠷᠣ ᠵᠠᠮ ᠬᠠᠶᠠᠭᠠᠷᠠᠨ᠎ᠠ


ᠠᠪᠤ᠎ᠶ᠋ᠢᠨ ᠮᠢᠨᠢ ᠭᠬᠢᠷ ᠦᠭᠡᠢ ᠲᠤᠰᠤᠯ ᠲᠤᠰᠤᠯ ᠠᠷᠢᠭᠤᠨ ᠬᠦᠯᠦᠰᠦ

ᠠᠴᠢᠶ᠎ᠠ᠎ᠲᠠᠢ ᠲᠡᠷᠭᠡ᠎ᠪᠠᠨ ᠳᠠᠭᠠᠭ᠍ᠰᠠᠭᠠᠷ ᠠᠩᠭᠢᠯᠣᠨ ᠪᠦᠮᠪᠦᠷᠢᠳᠡᠭ

ᠠᠭᠤᠯᠠ ᠠᠳᠠᠯᠢ ᠣᠪᠣᠭᠠᠷᠠᠬᠤ ᠠᠷᠪᠠᠨ ᠬᠦᠮᠦᠷᠭᠡ ᠠᠯᠲᠠᠨ ᠪᠤᠷᠴᠠᠭ

ᠠᠯᠲᠠᠩᠬ᠍ᠸ᠎ᠠ ᠴᠡᠴᠡᠭ ᠱᠢᠭ ᠠᠪᠤ᠎ᠶ᠋ᠢᠨ ᠴᠢᠷᠠᠢ ᠲᠡᠭᠡᠷ᠎ᠡ ᠲᠡᠯᠭᠡᠷᠡᠳᠡᠭ


ᠤᠳᠤᠳ᠎ᠤᠨ ᠭᠢᠯᠪᠠᠭ᠎ᠠ ᠨᠢᠳᠦ᠍᠎ᠶ᠋ᠢ ᠢᠯᠪᠢᠨ ᠲᠣᠷᠮᠣᠯᠵᠠᠭᠠᠳ

ᠤᠨᠲᠠᠭᠠᠳ ᠶᠠᠭᠠᠬᠢᠭ᠍ᠰᠠᠨ ᠨᠦᠢᠷ ᠬᠦᠷᠳᠡᠭ ᠦᠭᠡᠢ ᠶᠤᠮ ᠪᠢᠯᠡ

ᠠᠭᠠᠷ ᠳᠦᠭᠦᠷᠡᠩ ᠲᠤᠨᠤᠯᠵᠠᠨ ᠬᠢᠯᠠᠯᠵᠠᠬᠤ ᠮᠡᠴᠢᠳ᠎ᠤᠨ ᠲᠤᠮᠳᠠ

ᠠᠯᠢ ᠨᠢᠭᠡ᠎ᠨᠢ ᠠᠪᠤ᠎ᠶ᠋ᠢᠨ ᠮᠢᠨᠢ ᠠᠷᠢᠶᠠᠪᠠᠯᠣ ᠭᠠᠷᠠᠭ ᠶᠤᠮ ᠪᠢᠯᠡ


ᠬᠦᠦ ᠴᠢᠨᠢ ᠪᠢ ᠥᠨᠥᠳᠥᠷ ᠲᠤᠯᠤᠭᠠᠨ ᠪᠠᠳᠠᠭ ᠱᠢᠯᠦᠭ ᠪᠢᠴᠢᠯ᠎ᠡ

ᠬᠦᠰᠡᠯ᠎ᠳᠤ ᠴᠢᠨᠢ ᠬᠤᠴᠤᠷᠤᠭ᠍ᠰᠠᠨ ᠬᠢᠶᠠᠭ᠍ᠲᠤ᠎ᠶ᠋ᠢᠨ ᠡᠨᠡ ᠦᠳᠡᠰᠢ

ᠬᠦᠢᠰᠦ᠎ᠪᠠᠨ ᠡᠷᠢᠬᠦ᠌ ᠶᠤᠮᠱᠢᠭ ᠲᠤᠯᠤᠭᠠᠨ ᠪᠤᠷᠬᠠᠨ ᠣᠳᠣ ᠭᠠᠷᠤᠯ᠎ᠠ

ᠬᠦᠨᠳᠦᠳᠦ ᠠᠪᠤ ᠮᠢᠨᠢ ᠲᠤᠮᠳᠠ᠎ᠨᠢ ᠰᠠᠭᠤᠭᠠᠳ ᠵᠠᠯᠪᠠᠷᠢᠵᠤ ᠪᠠᠢᠮᠠᠷ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号