ᠤᠯᠤᠰ᠎ᠤᠨ ᠨᠥᠬᠥᠪᠥᠷᠢ ᠨᠢ ᠬᠣᠲᠠ᠎ᠶ᠋ᠢᠨ ᠠᠷᠠᠳ᠎ᠤᠨ ᠬᠤᠳᠠᠯᠳᠤᠨ ᠠᠪᠬᠤ ᠤᠷᠮ᠎ᠠ ᠵᠢ ᠬᠥᠭ᠌ᠵᠢᠭᠡᠵᠦ ᠣᠷᠣᠨ᠎ᠤ ᠲᠥᠪ᠎ᠦᠨ ᠬᠡᠷᠡᠭ᠌ᠯᠡᠭᠡᠨ᠎ᠦ ᠵᠠᠬ᠎ᠠ ᠳᠡᠯᠭᠡᠭᠦᠷ᠎ᠲᠦ 《ᠱᠢᠨ᠎ᠡ᠎ᠶᠢ ᠰᠤᠯᠢᠬᠤ ᠦᠷᠨᠢᠯᠲᠡ》 ᠭᠠᠷᠪᠠ
2025-03-20 11:08:22
ᠵᠣᠬᠢᠶᠠᠭ᠍ᠴᠢ᠄
ᠵᠧᠩ ᠱᠢᠤᠸᠠᠢ ᠯᠢᠶᠠᠩ
ᠣᠩᠱᠢᠭ᠍ᠰᠠᠨ ᠣᠳᠠᠭ᠎ᠠ᠄
★★★☆☆

ᠪᠤᠯᠤᠩ ᠨᠡᠭᠡᠭᠡᠬᠦ᠌ ᠦᠭᠡ

ᠤᠷᠢᠬᠠᠨ ᠬᠠᠪᠤᠷ ᠰᠠᠭᠠᠲᠠᠵᠤ᠂ ᠴᠢᠷᠮᠠᠢᠨ ᠲᠡᠮᠡᠴᠡᠬᠦ ᠴᠠᠭ ᠬᠦᠷᠴᠦ ᠢᠷᠡᠯ᠎ᠡ᠃ ᠣᠳᠣᠬᠠᠨ᠎ᠳᠤ ᠪᠦᠬᠦ᠌ ᠣᠷᠣᠨ᠎ᠤ ᠡᠯ᠎ᠡ ᠭᠠᠵᠠᠷ᠎ᠤᠨ ᠬᠢᠨ ᠪᠦᠬᠦ᠌ ᠤᠯᠤᠰ᠎ᠤᠨ ᠬᠣᠶᠠᠷ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ᠎ᠡᠴᠡ ᠲᠣᠭ᠍ᠲᠠᠭᠠᠭ᠍ᠰᠠᠨ ᠡᠯ᠎ᠡ ᠵᠦᠢᠯ᠎ᠦᠨ ᠬᠠᠷᠠᠯᠲᠠ ᠡᠭᠦᠷᠭᠡ᠎ᠶ᠋ᠢ ᠪᠦᠬᠦ ᠬᠦᠴᠦᠨ᠎ᠢᠶᠡᠷ᠎ᠢᠶᠡᠨ ᠴᠢᠷᠮᠠᠢᠨ ᠪᠡᠶᠡᠯᠡᠭᠦᠯᠵᠦ᠍᠂《ᠬᠠᠪᠤᠷ ᠡᠬᠢᠯᠡᠮᠡᠭ᠌ᠴᠡ ᠠᠵᠢᠯ᠎ᠢᠶᠠᠨ ᠡᠬᠢᠯᠡᠭᠦᠯᠵᠦ᠍᠂ ᠡᠬᠢᠯᠡᠩᠭᠦᠳᠡ ᠪᠡᠨ ᠱᠢᠪᠲᠤᠯᠤᠯᠲᠠ ᠬᠢᠬᠦ᠌》 ᠴᠤᠭ ᠪᠠᠳᠠᠷᠠᠩᠭᠤᠢ ᠳᠦᠷᠰᠦ ᠪᠠᠢᠳᠠᠯ᠎ᠢᠶᠠᠷ《ᠵᠢᠷᠭᠤᠭᠠᠨ ᠠᠵᠢᠯᠯᠠᠭ᠎ᠠ》 ᠵᠢ ᠪᠣᠳᠠᠲᠠᠢ᠎ᠳᠤ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ᠎ᠶ᠋ᠢ ᠪᠦᠬᠦ᠌ ᠬᠦᠴᠦᠨ᠎ᠢᠶᠡᠷ ᠠᠬᠢᠭᠤᠯᠵᠤ ᠪᠠᠢᠨ᠎ᠠ᠃ ᠦᠨᠦᠳᠦᠷ᠎ᠡᠴᠡ ᠡᠬᠢᠯᠡᠨ ᠲᠤᠰ ᠰᠣᠨᠢᠨ 《ᠪᠥᠬᠥ᠌ ᠵᠢᠯ ᠵᠢᠡᠷ ᠵᠢᠡᠨ ᠠᠮᠵᠢᠯᠲᠠ ᠤᠯᠬᠤ  ᠪᠠᠷ ᠳᠡᠮᠡᠴᠡᠵᠦ  ᠱᠢᠨ᠎ᠡ ᠠᠮᠵᠢᠯᠲᠠ ᠎ᠶ᠋ᠢ ᠳᠠᠬᠢᠨ  ᠡᠭᠦᠳᠦᠶ᠎ᠡ》 ᠭᠡᠬᠦ᠌ ᠪᠤᠯᠤᠩ ᠨᠡᠭᠡᠭᠡᠵᠦ᠍᠂ ᠠᠯᠢ ᠣᠯᠠᠨ 《ᠬᠥᠷ ᠬᠥᠭ᠌ᠵᠢᠶᠡᠨᠲᠡᠶ》᠂ ᠬᠥᠮᠦᠰ᠎ᠢ ᠤᠷᠮᠠᠱᠢᠭᠤᠯᠤᠨ ᠵᠣᠷᠢᠭ᠍ᠵᠢᠭᠤᠯᠬᠤ ᠮᠡᠳᠡᠭᠡᠯᠡᠯ᠎ᠢᠶᠡᠷ ᠳᠠᠮᠵᠢᠨ ᠪᠥᠬᠥ᠌ ᠣᠷᠣᠨ᠎ᠤ ᠡᠯ᠎ᠡ ᠭᠠᠵᠠᠷ᠎ᠤᠨ ᠬᠢᠨ ᠭᠤᠤᠯᠳᠠᠯᠭ᠎ᠠ᠎ᠲᠠᠶ ᠲᠥᠷᠥᠯ ᠵᠦᠶ᠋ᠯ᠎ᠢ 《ᠪᠥᠬᠥ᠌ ᠬᠦᠴᠦᠨ᠎ᠢᠶᠡᠷ᠎ᠢᠶᠡᠨ ᠡᠬᠢᠯᠡᠭᠦᠯᠵᠦ᠍》᠂ ᠱᠢᠨ᠎ᠡ ᠠᠵᠤ ᠦᠶ᠋ᠯᠡᠰ ᠥᠷᠨᠢᠨ ᠬᠥᠭ᠌ᠵᠢᠵᠦ ᠪᠠᠢᠭ᠎ᠠ ᠬᠥᠮᠦᠰ᠎ᠤᠨ ᠰᠡᠳᠭᠢᠯ᠎ᠢ ᠬᠥᠳᠡᠯᠭᠡᠮ᠎ᠡ ᠦᠵᠡᠮᠵᠢ᠎ᠶ᠋ᠢ ᠭᠦᠶ᠋ᠴᠡᠳ ᠳᠡᠯᠭᠡᠨ ᠦᠵᠡᠭᠦᠯᠬᠦ ᠪᠤᠯᠤᠨ᠎ᠠ᠃

2025 ᠣᠨ᠎ᠤ ᠤᠯᠤᠰ᠎ᠤᠨ ᠨᠥᠬᠥᠪᠥᠷᠢ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠤᠨ ᠬᠡᠷᠡᠭ᠌ᠵᠢᠭᠦᠯᠬᠦ᠌᠎ᠶ᠋ᠢ ᠳᠠᠭᠠᠯᠳᠤᠨ ᠬᠡᠷᠡᠭ᠌ᠯᠡᠭᠡ᠎ᠶ᠋ᠢ ᠬᠥᠭ᠌ᠵᠢᠭᠡᠬᠦ᠌ ᠲᠤᠰᠭᠠᠶ ᠠᠵᠢᠯᠯᠠᠭ᠎ᠠ᠎ᠶ᠋ᠢ ᠬᠡᠷᠡᠭ᠌ᠵᠢᠭᠦᠯᠬᠦ᠌᠎ᠶ᠋ᠢᠨ ᠲᠥᠯᠥᠭᠡ  ᠣᠢᠷ᠎ᠠ᠎ᠳᠤ ᠬᠥᠬᠡᠬᠣᠲᠠ᠎ᠶ᠋ᠢᠨ ᠬᠡᠷᠡᠭ᠌ᠯᠡᠭᠡᠨ᠎ᠦ ᠵᠦᠶ᠋ᠯ᠎ᠤᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠠᠵᠢᠯ ᠪᠥᠬᠥ᠌ ᠲᠠᠯ᠎ᠠ᠎ᠪᠠᠷ ᠡᠬᠢᠯᠡᠪᠡ᠃ ᠨᠢᠳᠤᠨᠤᠨ᠎ᠲᠠᠶ ᠬᠠᠷᠢᠴᠠᠭᠤᠯᠪᠠᠯ ᠡᠨᠡ ᠵᠢᠯ᠎ᠤᠨ ᠬᠡᠷ᠎ᠦᠨ ᠴᠠᠬᠢᠯᠭᠠᠨ ᠬᠡᠷᠡᠭ᠌ᠰᠡᠯ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠂ ᠲᠣᠭᠠᠴᠢᠯᠠᠭ᠍ᠰᠠᠨ ᠦᠶ᠋ᠯᠡᠳᠬᠦᠨ᠂ ᠮᠠᠱᠢᠨ ᠲᠡᠷᠭᠡᠨ᠎ᠦ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠨᠥᠬᠥᠪᠥᠷᠢ᠎ᠶ᠋ᠢᠨ ᠡᠷᠴᠢᠮ ᠰᠤᠯᠠᠷᠠᠭ᠍ᠰᠠᠨ ᠥᠬᠡᠶ ᠮᠥᠷᠲᠡᠭᠡᠨ ᠪᠠᠰᠠ ᠱᠢᠨ᠎ᠡ᠎ᠪᠡᠷ ᠨᠡᠮᠡᠭ᠌ᠳᠡᠭ᠌ᠰᠡᠨ ᠪᠠᠢᠨ᠎ᠠ᠃ ᠡᠭᠦᠨ᠎ᠳᠦ ᠭᠡᠷ᠎ᠦᠨ ᠴᠠᠬᠢᠯᠭᠠᠨ ᠬᠡᠷᠡᠭ᠌ᠰᠡᠯ᠎ᠳᠦ ᠨᠥᠬᠥᠪᠥᠷᠢ ᠥᠭ᠌ᠬᠦ ᠲᠥᠷᠥᠯ ᠵᠦᠢᠯ᠎ᠢ ᠱᠢᠨ᠎ᠡ᠎ᠪᠡᠷ 6 ᠲᠥᠷᠥᠯ ᠨᠡᠮᠡᠭ᠌ᠳᠡᠭᠦᠯᠵᠦ᠍᠂ ᠨᠢᠳᠤᠨᠤᠨ᠎ᠤ 12 ᠲᠣᠮᠣ ᠲᠥᠷᠥᠯ᠎ᠦᠨ ᠨᠥᠬᠥᠪᠥᠷᠢ ᠥᠭ᠌ᠬᠦ ᠦᠢᠯᠡᠳᠬᠦᠨ᠎ᠢ ᠪᠤᠳᠤᠪᠠᠯ ᠡᠨᠡ ᠵᠢᠯ᠎ᠤᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠭᠡᠷ᠎ᠦᠨ ᠴᠠᠬᠢᠯᠭᠠᠨ ᠬᠡᠷᠡᠭ᠌ᠰᠡᠯ᠎ᠳᠦ ᠨᠥᠬᠥᠪᠥᠷᠢ ᠥᠭ᠌ᠬᠦ  ᠲᠥᠷᠥᠯ ᠵᠦᠢᠯ 18 ᠲᠥᠷᠥᠯ᠎ᠳᠦ ᠬᠦᠷᠴᠡᠢ᠃ ᠨᠥᠬᠥᠪᠥᠷᠢ ᠠᠰᠠᠷᠠᠮᠵᠢ᠎ᠶ᠋ᠢᠨ ᠳᠠᠬᠢᠨ ᠨᠡᠮᠡᠭ᠌ᠳᠡᠯ ᠨᠢ ᠬᠣᠲᠠ᠎ᠶ᠋ᠢᠨ ᠠᠷᠠᠳ᠎ᠤᠨ ᠬᠡᠷᠡᠭ᠌ᠯᠡᠭᠡᠨ᠎ᠦ ᠤᠷᠮ᠎ᠠ᠎ᠶ᠋ᠢ ᠤᠯᠠᠮ ᠨᠢᠭᠡ ᠠᠯᠬᠤᠮ ᠳᠠᠢᠴᠢᠯᠠᠵᠤ᠂ ᠤᠷᠤᠨ᠎ᠤ ᠲᠥᠪ ᠲᠤ᠌ 《ᠱᠢᠨ᠎ᠡ᠎ᠶᠢ ᠰᠤᠯᠢᠬᠤ ᠦᠷᠨᠢᠯᠲᠡ》 ᠢᠯᠡᠷᠡᠪᠡ᠃

ᠭᠡᠷ᠎ᠦᠨ ᠴᠠᠬᠢᠯᠭᠠᠨ ᠬᠡᠷᠡᠭ᠌ᠰᠡᠯ᠎ᠦᠨ ᠵᠠᠬ᠎ᠠ ᠳᠡᠯᠭᠡᠭᠦᠷ᠎ᠦᠨ ᠬᠡᠷᠡᠭ᠌ᠯᠡᠭᠡ ᠬᠦᠭᠵᠢᠶᠡᠨᠲᠠᠢ ᠪᠤᠯᠪᠠ

3 ᠰᠠᠷ᠎ᠠ᠎ᠶ᠋ᠢᠨ 8 ᠎ᠤ᠋ ᠡᠳᠦᠷ᠂ ᠰᠤᠷᠪᠤᠯᠵᠢᠯᠠᠭ᠍ᠴᠢ ᠳ᠋ᠦᠩ ᠭᠸ᠂ ᠰᠣ᠌ ᠨᠢᠩ ᠵᠡᠷᠭᠡ ᠬᠡᠷ᠎ᠦᠨ ᠴᠠᠬᠢᠯᠭᠠᠨ ᠬᠡᠷᠡᠭ᠌ᠰᠡᠯ᠎ᠦᠨ ᠬᠤᠳᠠᠯᠳᠤᠭ᠎ᠠ ᠳᠡᠯᠭᠡᠭᠦᠷ᠎ᠲᠦ ᠬᠦᠷᠬᠦ᠎ᠳᠤ ᠴᠠᠭᠠᠨ ᠰᠠᠷ᠎ᠠ᠎ᠶ᠋ᠢᠨ ᠳᠠᠷᠠᠭᠠᠬᠢ ᠬᠦᠭᠵᠢᠶᠡᠨ ᠦᠭᠡᠢ ᠤᠯᠠᠷᠢᠯ᠎ᠳᠤ ᠴᠸ᠋ ᠨᠥᠬᠥᠪᠥᠷᠢ ᠲᠠᠢ ᠡᠴᠡ ᠪᠤᠯᠵᠤ ᠣᠯᠠᠨ ᠬᠦᠮᠦᠰ ᠬᠡᠷ᠎ᠦᠨ ᠴᠠᠬᠢᠯᠭᠠᠨ ᠬᠡᠷᠡᠭ᠌ᠰᠡᠯ ᠰᠣᠩᠭᠣᠵᠤ ᠬᠤᠳᠠᠯᠳᠤᠨ ᠠᠪᠬᠤ  ᠪᠡᠷ ᠬᠦᠷᠦᠯᠴᠡᠨ ᠢᠷᠡᠵᠡᠭᠡᠭᠰᠡᠨ ᠪᠠᠢᠨ᠎ᠠ᠃ ᠣᠯᠠᠩᠬᠢ ᠬᠡᠷᠡᠭ᠌ᠯᠡᠭ᠌ᠴᠢᠳ  ᠣᠶᠤᠨᠴᠢ᠂ ᠡᠨᠧᠷᠭᠢ ᠠᠷᠪᠢᠯᠠᠬᠤ᠂ ᠴᠢᠨᠠᠷ ᠰᠠᠢᠲᠠᠶ ᠱᠢᠨ᠎ᠡ ᠬᠡᠷ᠎ᠦᠨ ᠴᠠᠬᠢᠯᠭᠠᠨ ᠬᠡᠷᠡᠭ᠌ᠰᠡᠯ᠎ᠢ ᠰᠣᠩᠭᠣᠵᠤ ᠪᠠᠢᠯ᠎ᠠ᠃

ᠱᠢᠨ᠎ᠡ ᠭᠡᠷ ᠳᠡᠭᠡᠨ ᠨᠡᠭᠦᠬᠦ᠌᠎ᠪᠡᠷ ᠪᠡᠯᠡᠳᠭᠡᠵᠦ᠍ ᠪᠠᠢᠭ᠎ᠠ ᠴᠧᠨ ᠠᠪᠠᠬᠠᠶ ᠲᠧᠯᠸᠢᠰ᠂ ᠬᠤᠪᠴᠠᠰᠤ ᠤᠬᠢᠶᠠᠬᠤ ᠮᠠᠱᠢᠨ᠂ ᠬᠥᠯᠳᠡᠭᠡᠭᠦᠷ᠂ ᠤᠰᠤ ᠬᠠᠯᠠᠭᠤᠯᠬᠤ ᠮᠠᠱᠢᠨ ᠵᠡᠷᠭᠡ ᠭᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠨ ᠠᠪᠴᠠᠶ᠃ 《ᠪᠢ ᠤᠤᠯ ᠨᠢ ᠬᠠᠭᠤᠴᠢᠨ ᠴᠠᠬᠢᠯᠭᠠᠨ ᠬᠡᠷᠡᠭ᠌ᠰᠡᠯ᠎ᠢᠶᠡᠨ ᠱᠢᠨ᠎ᠡ ᠭᠡᠷ ᠳᠡᠭᠡᠨ ᠨᠡᠭᠦᠯᠭᠡᠬᠦ᠌᠎ᠪᠡᠷ ᠲᠥᠯᠥᠪᠯᠡᠵᠦ᠍ ᠪᠠᠢᠵᠠᠢ᠃ ᠭᠡᠪᠡᠴᠦ᠍ ᠤᠯᠤᠰ ᠡᠴᠡ ᠨᠥᠬᠥᠪᠥᠷᠢᠯᠡᠬᠦ᠌ ᠡᠷᠴᠢᠮ ᠡᠢᠮᠦ᠍ ᠶᠡᠬᠡ᠂ ᠬᠠᠭᠤᠴᠢᠨ ᠭᠡᠷ᠎ᠦᠨ ᠴᠠᠬᠢᠯᠭᠠᠨ ᠬᠡᠷᠡᠭ᠌ᠰᠡᠯ᠎ᠢ ᠲᠦᠷᠢᠶᠡᠰᠦᠨ ᠭᠡᠷ᠎ᠲᠦ ᠦᠯᠡᠳᠡᠭᠡᠪᠡᠯ ᠪᠠᠰᠠ ᠵᠠᠯᠭᠠᠭᠠᠳ ᠬᠡᠷᠡᠭ᠌ᠯᠡᠵᠦ᠍ ᠪᠣᠯᠤᠨ᠎ᠠ᠃ ᠡᠨᠡ ᠵᠠᠪᠱᠢᠶᠠᠨ᠎ᠢᠶᠠᠷ ᠱᠢᠨ᠎ᠡ ᠭᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠭᠠᠳ ᠠᠪᠤᠴᠢᠬᠠᠶ᠎ᠠ》 ᠭᠡᠵᠦ ᠪᠠᠢᠯ᠎ᠠ᠃ ᠳᠡᠷᠡᠪᠡᠷ ᠤᠷᠢᠳ ᠬᠣᠵᠢᠳ 6 ᠭᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠨ ᠠᠪᠴᠤ᠌᠂ 4 ᠲᠦᠮᠡ ᠭᠠᠷᠤᠶ ᠲᠥᠭᠥᠷᠢᠭ ᠵᠠᠷᠤᠴᠠᠭᠤᠯᠵᠠᠶ᠂ ᠨᠥᠬᠥᠪᠥᠷᠢ᠎ᠶᠢᠨ ᠳᠡᠭᠡᠷ᠎ᠡ ᠬᠤᠳᠠᠯᠳᠤᠭᠠᠴᠢᠨ᠂ ᠦᠢᠯᠡᠳᠪᠦᠷᠢ᠎ᠶ᠋ᠢᠨ ᠬᠠᠷᠠᠭᠠᠯᠵᠠᠯ᠎ᠲᠠᠶ ᠪᠣᠯᠬᠣᠷ ᠲᠦᠮᠡᠨ ᠱᠢᠬᠠᠮ ᠲᠥᠭᠥᠷᠢᠭ ᠠᠷᠪᠢᠯᠠᠵᠠᠶ ᠭᠡᠵᠦ ᠰᠤᠷᠪᠤᠯᠵᠢᠯᠠᠭ᠍ᠴᠢ᠎ᠳᠤ ᠭᠡᠯᠡᠨ᠎ᠠ᠃

ᠳ᠋ᠦᠩ ᠭᠧ ᠴᠠᠬᠢᠯᠭᠠᠨ ᠬᠡᠷᠡᠭ᠌ᠰᠡᠯ᠎ᠤᠨ ᠪᠣᠷᠣᠯᠠᠭᠤᠯᠭ᠎ᠠ᠎ᠶᠢᠨ ᠠᠵᠢᠯᠲᠠᠨ᠎ᠤ ᠲᠠᠨᠢᠯᠴᠠᠭᠤᠯᠤᠭ᠍ᠰᠠᠨ᠎ᠢᠶᠠᠷ᠂ ᠤᠯᠤᠰ ᠡᠴᠡ ᠱᠢᠨ᠎ᠡ ᠬᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠨ ᠠᠪᠬᠤ ᠨᠥᠬᠥᠪᠥᠷᠢ᠂ ᠬᠡᠷ᠎ᠦᠨ ᠴᠠᠬᠢᠯᠭᠠᠨ ᠬᠡᠷᠡᠭ᠌ᠰᠡᠯ᠎ᠤᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠨᠥᠬᠥᠪᠥᠷᠢ ᠥᠭ᠌ᠬᠦ ᠲᠥᠷᠥ᠎ᠶ᠋ᠢᠨ ᠪᠣᠳᠣᠯᠭ᠎ᠠ᠎ᠶ᠋ᠢ ᠨᠡᠢᠲᠡᠯᠡᠭ᠌ᠰᠡᠨ ᠡᠴᠡ ᠱᠢᠨ᠎ᠡ ᠬᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠨ ᠠᠪᠬᠤ ᠪᠠ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠬᠡᠷᠡᠭ᠌ᠯᠡᠭ᠌ᠴᠢᠳ ᠢᠯᠡᠳᠲᠡ ᠨᠡᠮᠡᠭ᠌ᠳᠡᠵᠦ᠍᠂ ᠡᠩ᠎ᠦᠨ ᠦᠶ᠎ᠡ᠎ᠳᠦ ᠳᠡᠳᠦᠢ ᠬᠠᠯᠠᠮᠰᠢᠯ ᠪᠢᠰᠢ ᠪᠠᠢᠭᠰᠠᠨ ᠠᠶᠠᠭ᠎ᠠ ᠤᠬᠢᠶᠠᠬᠤ ᠮᠠᠱᠢᠨ᠂ ᠬᠤᠷᠠᠮᠠᠯ ᠵᠤᠤᠬ᠎ᠠ᠂ ᠭᠠᠵᠠᠷ ᠱᠦᠭᠦᠷᠳᠡᠬᠦ᠌ ᠮᠠᠱᠢᠨ ᠵᠡᠷᠭᠡ ᠬᠡᠷ᠎ᠦᠨ ᠴᠠᠬᠢᠯᠭᠠᠨ ᠬᠡᠷᠡᠭ᠌ᠰᠡᠯ᠎ᠦᠨ ᠪᠣᠷᠣᠯᠠᠭᠤᠯᠭ᠎ᠠ ᠴᠤ᠌ ᠶᠡᠬᠡ᠎ᠪᠡᠷ ᠨᠡᠮᠡᠭ᠌ᠳᠡᠵᠡᠶ ᠭᠡᠵᠦ ᠳᠠᠨᠢᠯᠴᠠᠭᠤᠯᠪᠠ᠃

《ᠤᠯᠤᠰ᠎ᠤᠨ ᠨᠥᠬᠥᠪᠥᠷᠢ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢ ᠨᠡᠢᠲᠡᠯᠡᠭ᠌ᠰᠡᠨ᠎ᠦ ᠳᠠᠷᠠᠭ᠎ᠠ ᠳᠡᠯᠭᠡᠭᠦᠷ᠎ᠲᠦ ᠢᠷᠡᠵᠦ ᠬᠡᠷ᠎ᠦᠨ ᠴᠠᠬᠢᠯᠭᠠᠨ ᠬᠡᠷᠡᠭ᠌ᠰᠡᠯ᠎ᠢ ᠠᠰᠠᠭᠤᠨ ᠯᠠᠪᠯᠠᠵᠤ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠬᠡᠷᠡᠭ᠌ᠯᠡᠭ᠌ᠴᠢᠳ ᠲᠠᠰᠤᠷᠠᠯᠲᠠ ᠥᠬᠡᠶ ᠣᠯᠠᠱᠢᠷᠠᠵᠤ᠂ ᠡᠳᠦᠷ ᠳᠤᠮᠳᠠᠴᠢ᠎ᠶ᠋ᠢᠨ ᠭᠥᠯᠢᠶᠡᠨ ᠠᠪᠬᠤ ᠬᠡᠮᠵᠢᠶ᠎ᠡ ᠨᠢ ᠤᠤᠯ᠎ᠤᠨ ᠬᠢ᠎ᠡᠴᠡ 3 ᠳᠠᠬᠢᠨ ᠱᠢᠬᠠᠮ ᠨᠡᠮᠡᠭ᠌ᠳᠡᠵᠦ᠍᠂ ᠪᠣᠷᠣᠯᠠᠭᠤᠯᠤᠯᠲᠠ᠎ᠶ᠋ᠢᠨ ᠬᠡᠮᠵᠢᠶ᠎ᠡ ᠴᠦ᠍ ᠨᠢᠳᠤᠨᠤᠨ᠎ᠤ ᠠᠳᠠᠯᠢ ᠬᠤᠭᠤᠴᠠᠭᠠᠨ᠎ᠤ ᠬᠢ᠎ᠡᠴᠡ 50% ᠪᠡᠷ ᠳᠡᠭᠡᠭ᠌ᠰᠢᠯᠡᠭ᠌ᠰᠡᠨ ᠪᠠᠢᠨ᠎ᠠ》 ᠭᠡᠵᠦ᠍ ᠵᠦᠩ ᠱᠠᠨ ᠪᠠᠷᠠᠭᠤᠨ ᠵᠠᠮ᠎ᠤᠨ ᠱᠢᠨᠬᠤᠸᠠ ᠨᠣᠮ᠎ᠤᠨ ᠰᠠᠩ᠎ᠳᠡᠬᠢ ᠰᠤ᠌ ᠨᠢᠩ ᠢ ᠭᠸᠦ ᠳᠡᠯᠭᠡᠭᠦᠷ᠎ᠤᠨ ᠳᠠᠷᠤᠭ᠎ᠠ ᠯᠢᠦ ᠶᠠᠨ ᠬᠣᠩ ᠬᠡᠯᠡᠪᠡ᠃

ᠯᠢᠦ ᠶᠠᠨ ᠬᠣᠩ᠂ ᠤᠯᠤᠰ᠎ᠤᠨ ᠨᠥᠬᠥᠪᠥᠷᠢ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢᠨ ᠶᠣᠰᠣᠭᠠᠷ ᠭᠠᠭ᠍ᠴᠠ ᠬᠡᠷ᠎ᠦᠨ ᠴᠠᠬᠢᠯᠭᠠᠨ ᠬᠡᠷᠡᠭ᠌ᠰᠡᠯ᠎ᠨᠢ 20% ᠎ᠶ᠋ᠢᠨ ᠨᠥᠬᠥᠪᠥᠷᠢ ᠭᠥᠷᠳᠡᠵᠦ᠍ ᠪᠣᠯᠤᠨ᠎ᠠ᠂ ᠬᠠᠮᠤᠭ᠎ᠤᠨ ᠥᠨᠳᠥᠷ᠎ᠲᠡᠬᠡᠨ 2000 ᠲᠥᠭᠥᠷᠢᠭ᠎ᠤᠨ ᠨᠥᠬᠥᠪᠥᠷᠢ ᠦᠭᠭᠦᠨ᠎ᠠ᠃ ᠡᠭᠦᠨ ᠡᠴᠡ ᠭᠠᠳᠠᠨ᠎ᠠ ᠪᠠᠰᠠ ᠰᠤ᠌ ᠨᠢᠩ ᠨᠥᠬᠥᠪᠥᠷᠢ᠂ ᠪᠠᠩᠬᠢ᠎ᠶ᠋ᠢᠨ ᠨᠥᠬᠥᠪᠥᠷᠢ᠂ ᠦᠢᠯᠡᠳᠪᠦᠷᠢ᠎ᠶ᠋ᠢᠨ ᠨᠥᠬᠥᠪᠥᠷᠢ ᠵᠡᠷᠭᠡ ᠪᠠᠢᠵᠤ᠂ ᠬᠠᠮᠤᠭ ᠥᠨᠳᠥᠷ᠎ᠲᠡᠬᠡᠨ 50% ᠎ᠶ᠋ᠢᠨ ᠬᠠᠷᠠᠭᠠᠯᠵᠠᠯ᠎ᠲᠠᠶ᠃ ᠣᠳᠣᠬᠠᠨ᠎ᠳᠤ ᠰᠦᠯᠵᠢᠶᠡᠨ ᠳᠡᠭᠡᠷ᠎ᠡ ᠪᠠ ᠠᠬᠤᠢ ᠳᠠᠯᠠᠪᠠᠢ᠎ᠳᠦ ᠵᠡᠷᠭᠡᠪᠡᠷ ᠠᠵᠢᠯᠯᠠᠭ᠎ᠠ ᠥᠷᠨᠢᠭᠦᠯᠵᠦ᠍᠂ ᠨᠥᠬᠥᠪᠥᠷᠢ ᠥᠭ᠌ᠬᠦ ᠬᠡᠪᠴᠢᠶ᠎ᠡ᠎ᠶ᠋ᠢ ᠴᠦ᠍ ᠲᠠᠰᠤᠷᠠᠯᠲᠠ ᠥᠬᠡᠶ ᠥᠷᠭᠡᠳᠭᠡᠵᠦ᠍᠂ ᠰᠦᠯᠵᠢᠶᠡᠨ ᠳᠡᠭᠡᠷ᠎ᠡ ᠪᠠᠰᠠ ᠴᠤᠤᠷᠢᠶ᠎ᠠ᠎ᠶᠢᠨ ᠬᠠᠷᠠᠭᠠᠯᠵᠠᠯ᠎ᠤᠨ ᠲᠡᠮᠳᠡᠭ ᠭᠠᠷᠭᠠᠬᠤ ᠵᠡᠷᠭᠡ ᠠᠵᠢᠯᠯᠠᠭ᠎ᠠ ᠥᠷᠨᠢᠭᠦᠯᠵᠦ᠍ ᠪᠠᠢᠨ᠎ᠠ᠃ ᠬᠡᠷᠡᠭ᠌ᠯᠡᠭ᠌ᠴᠢᠳ ᠰᠦᠯᠵᠢᠶᠡᠨ ᠳᠡᠭᠡᠷ᠎ᠡ ᠡᠴᠡ ᠭᠡᠷ᠎ᠦᠨ ᠴᠠᠬᠢᠯᠭᠠᠨ ᠬᠡᠷᠡᠭ᠌ᠰᠡᠯ ᠬᠤᠳᠠᠯᠳᠤᠨ ᠠᠪᠤᠭ᠍ᠰᠠᠨ ᠴᠤ᠌ 《ᠶᠦᠨ ᠱᠠᠨ ᠹᠦ᠋》ᠳᠡᠭᠡᠷ᠎ᠡ ᠡᠴᠡ ᠰᠦᠯᠵᠢᠶᠡᠨ ᠳᠡᠭᠡᠷ᠎ᠡ᠎ᠡᠴᠡ ᠬᠤᠳᠠᠯᠳᠤᠨ ᠠᠪᠬᠤ ᠲᠤᠰᠭᠠᠶ ᠬᠠᠷᠠᠭᠠᠯᠵᠠᠯ᠎ᠤᠨ ᠲᠡᠮᠳᠡᠭ ᠠᠪᠴᠤ᠌ ᠪᠣᠯᠤᠨ᠎ᠠ ᠭᠡᠵᠦ ᠳᠠᠨᠢᠯᠴᠠᠭᠤᠯᠪᠠ᠃

ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡ᠎ᠶ᠋ᠢ ᠱᠢᠨ᠎ᠡ᠎ᠪᠡᠷ ᠰᠣᠯᠢᠬᠤ ᠨᠢ ᠬᠥᠮᠦᠰ᠎ᠦᠨ ᠠᠩᠬᠠᠷᠤᠯ᠎ᠢ ᠲᠠᠲᠠᠵᠤ ᠪᠤᠢ

3 ᠰᠠᠷ᠎ᠠ᠎ᠶ᠋ᠢᠨ 9 ᠤ᠋ ᠡᠳᠦᠷ᠂ ᠬᠣᠷᠢᠨᠭᠡᠷ ᠱᠢᠶᠠᠨ᠎ᠤ ᠴᠧᠩ ᠭᠤᠸᠠᠨ ᠪᠠᠯᠭᠠᠰᠤ᠎ᠶ᠋ᠢᠨ ᠱᠢᠨ ᠮᠢᠨ ᠵᠡᠭᠡᠯᠢ᠎ᠶ᠋ᠢᠨ ᠱᠢᠶᠤᠤ ᠯᠢ ᠮᠠᠱᠢᠨ ᠲᠡᠷᠭᠡᠨ᠎ᠦ ᠳᠡᠯᠭᠡᠭᠦᠷ᠎ᠲᠦ ᠱᠢᠨ᠎ᠡ ᠮᠠᠶᠢᠭ᠎ᠤᠨ᠂ ᠭᠤᠴᠤ ᠬᠢᠴᠡᠳᠡᠢ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡ᠎ᠶᠢ ᠭᠡᠷ ᠳᠦᠭᠦᠷᠡᠩ ᠲᠠᠯᠪᠢᠵᠤ᠂ ᠬᠡᠰᠡᠭ ᠮᠠᠱᠢᠨ ᠲᠡᠷᠭᠡᠨ ᠳᠡᠭᠡᠷ᠎ᠡ ᠪᠠᠰᠠ ᠨᠥᠬᠥᠪᠥᠷᠢ ᠤᠯᠭᠤᠨ᠎ᠠ ᠭᠡᠬᠦ ᠤᠬᠠᠭᠤᠯᠭ᠎ᠠ᠎ᠶ᠋ᠢᠨ ᠫᠠᠢᠰᠠ ᠡᠯᠭᠦᠭ᠌ᠰᠡᠨ ᠪᠠᠢᠯ᠎ᠠ᠃

《ᠡᠨᠡ ᠬᠦ᠌ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠪᠡᠷ ᠠᠪᠴᠤ᠌ ᠬᠡᠯᠡᠪᠡᠯ᠂ ᠤᠤᠯ ᠦᠨ᠎ᠡ ᠨᠢ 2099 ᠲᠥᠭᠥᠷᠢᠭ᠂ ᠵᠠᠰᠠᠭ᠎ᠤᠨ ᠣᠷᠳᠣᠨ᠎ᠤ ᠨᠥᠬᠥᠪᠥᠷᠢ᠎ᠶ᠋ᠢ 500 ᠲᠥᠭᠥᠷᠢᠭ ᠭᠥᠷᠳᠡᠵᠦ᠍ ᠪᠣᠯᠤᠨ᠎ᠠ᠂ ᠳᠠᠬᠢᠭᠠᠳ ᠬᠠᠭᠤᠴᠢᠨ ᠲᠡᠷᠭᠡ᠎ᠶᠢ 300 ᠲᠥᠭᠥᠷᠢᠭ᠎ᠢᠶᠡᠷ ᠲᠤᠯᠭᠠᠨ ᠬᠠᠰᠤᠪᠠᠯ᠂ ᠬᠡᠷᠡᠭ᠌ᠯᠡᠭ᠌ᠴᠢ1299 ᠲᠥᠭᠥᠷᠢᠭ ᠵᠠᠷᠤᠴᠠᠭᠤᠯᠪᠠᠯ ᠪᠣᠯᠴᠢᠬᠠᠨ᠎ᠠ᠃ ᠪᠣᠷᠣᠯᠠᠭᠤᠯᠭ᠎ᠠ᠎ᠶ᠋ᠢ ᠠᠬᠢᠭᠤᠯᠬᠤ᠎ᠶ᠋ᠢᠨ ᠲᠥᠯᠥᠭᠡ ᠴᠠᠬᠢᠯᠭᠠᠨ ᠬᠥᠳᠡᠯᠭᠡᠭᠦᠷᠲᠦ ᠲᠡᠷᠭᠡᠨ᠎ᠦ ᠦᠶ᠋ᠯᠡᠳᠪᠦᠷᠢ ᠪᠠᠰᠠ ᠣᠯᠠᠨ ᠬᠡᠯᠪᠡᠷᠢ᠎ᠶ᠋ᠢᠨ ᠲᠡᠷᠭᠡ᠎ᠵᠢᠨ ᠬᠠᠷᠠᠭᠠᠯᠵᠠᠯ᠎ᠤᠨ ᠠᠵᠢᠯᠯᠠᠭ᠎ᠠ ᠭᠠᠷᠭᠠᠵᠠᠶ》 ᠭᠡᠵᠦ ᠮᠠᠰᠢᠨ ᠲᠡᠷᠭᠡᠨ᠎ᠤ ᠠᠵᠢᠯ ᠲᠦᠷᠦᠯ᠎ᠤᠨ ᠬᠠᠷᠢᠭᠤᠴᠠᠯᠭᠠᠲᠠᠨ ᠲᠠᠨᠢᠯᠴᠠᠭᠤᠯᠪᠠ᠃

ᠤᠯᠤᠰ᠎ᠤᠨ ᠬᠠᠮᠢᠶ᠎ᠠ ᠪᠥᠬᠥᠶ ᠲᠥᠷᠥ᠎ᠶ᠋ᠢᠨ ᠪᠣᠳᠣᠯᠭ᠎ᠠ᠎ᠶ᠋ᠢ ᠦᠨᠳᠦᠰᠦᠯᠡᠪᠡᠯ᠂ ᠬᠠᠶᠠᠭᠳᠠᠮᠠᠯ ᠬᠠᠭᠤᠴᠢᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠶ᠋ᠢ ᠲᠤᠱᠢᠶᠠᠨ ᠬᠤᠳᠠᠯᠳᠤᠬᠤ᠎ᠵᠢᠨ ᠬᠠᠮᠲᠤ ᠬᠢᠷᠢ ᠲᠡᠩᠴᠡᠭ᠌ᠰᠡᠨ ᠱᠢᠨ᠎ᠡ ᠲᠡᠷᠭᠡ ᠰᠣᠯᠢᠵᠤ ᠬᠤᠳᠠᠯᠳᠤᠨ ᠠᠪᠬᠤ ᠬᠤᠪᠢ ᠵᠢᠨ ᠬᠡᠷᠡᠭ᠌ᠯᠡᠭ᠌ᠴᠢᠳ᠎ᠲᠦ ᠨᠢᠭᠡ ᠯᠡ ᠤᠳᠠᠭ᠎ᠠ᠎ᠶ᠋ᠢᠨ ᠴᠢᠨᠠᠷᠲᠠᠶ 500 ᠲᠥᠭᠥᠷᠢᠭ᠎ᠦᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠲᠣᠭ᠍ᠲᠠᠭ᠍ᠰᠠᠨ ᠲᠣᠭᠠᠨ᠎ᠤ ᠨᠥᠬᠥᠪᠥᠷᠢ ᠣᠯᠭᠣᠨ᠎ᠠ᠃ ᠬᠠᠶᠠᠭᠳᠠᠮᠠᠯ ᠯᠢᠲ᠋ᠢ ᠳ᠋ᠢᠶᠠᠨ ᡂᠢ᠎ᠶ᠋ᠢᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠶ᠋ᠢ ᠲᠤᠱᠢᠶᠠᠨ ᠬᠤᠳᠠᠯᠳᠤᠭ᠍ᠰᠠᠨ ᠪᠥᠭᠡᠳ ᠲᠤᠭᠤᠯᠭᠠᠨ ᠬᠦᠴᠢᠯ᠎ᠦᠨ ᠬᠡᠯᠬᠢᠶ᠎ᠡ ᠳ᠋ᠢᠶᠠᠨ ᡂᠢ᠎ᠶ᠋ᠢᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠶ᠋ᠢ ᠰᠣᠯᠢᠵᠤ ᠠᠪᠤᠭ᠍ᠰᠠᠨ ᠬᠡᠷᠡᠭ᠌ᠯᠡᠭ᠌ᠴᠢᠳ ᠪᠠᠰᠠ ᠢᠯᠡᠭᠦᠴᠡ 100 ᠲᠥᠭᠥᠷᠢᠭ᠎ᠦᠨ ᠨᠥᠬᠥᠪᠥᠷᠢ ᠣᠯᠵᠤ ᠪᠣᠯᠤᠨ᠎ᠠ᠃

 ᠬᠡᠷᠡᠭ᠌ᠯᠡᠭ᠌ᠴᠢᠳ ᠡᠷᠬᠡᠪᠰᠢ ᠬᠥᠬᠡᠬᠣᠲᠠ᠎ᠶ᠋ᠢᠨ ᠬᠤᠳᠠᠯᠳᠤᠭᠠᠨ᠎ᠤ ᠶᠠᠪᠤᠳᠠᠯ᠎ᠤᠨ ᠲᠣᠪᠴᠢᠶ᠎ᠠ᠎ᠶ᠋ᠢᠨ ᠨᠡᠢᠲᠡᠯᠡᠭ᠌ᠰᠡᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠶ᠋ᠢᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ ᠪᠣᠷᠣᠯᠠᠭᠤᠯᠭ᠎ᠠ᠎ᠶ᠋ᠢᠨ ᠡᠭᠦᠳᠡᠨ ᠳᠡᠯᠭᠡᠭᠦᠷ᠎ᠲᠦ ᠬᠦᠷᠴᠦ᠍ ᠬᠠᠭᠤᠴᠢᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠪᠡᠨ ᠲᠤᠱᠢᠶᠠᠨ ᠬᠤᠳᠠᠯᠳᠤᠵᠤ᠂ ᠶᠦᠨ ᠱᠠᠨ ᠹᠦ᠋ App ᠎ᠵᠢᠡᠷ ᠳᠡᠮᠵᠢᠨ 《ᠥᠪᠥᠷ ᠮᠣᠩᠭᠣᠯ᠎ᠤᠨ ᠬᠠᠭᠤᠴᠢᠨ᠎ᠢᠶᠠᠷ ᠱᠢᠨ᠎ᠡ᠎ᠶ᠋ᠢ ᠰᠣᠯᠢᠬᠤ》 ᠵᠢᠵᠢᠭ ᠫᠷᠤᠭ᠌ᠷᠠᠮ᠎ᠳᠤ ᠣᠷᠣᠵᠤ ᠮᠡᠳᠡᠭᠡ ᠵᠠᠩᠭᠢ᠎ᠪᠠᠨ ᠲᠤᠱᠢᠶᠠᠵᠤ᠂ ᠳᠡᠯᠭᠡᠭᠦᠷ᠎ᠤᠨ ᠬᠢᠨ ᠬᠣᠷᠢᠶᠠᠨ ᠠᠪᠬᠤ ᠶᠠᠪᠤᠴᠠ᠎ᠵᠢ ᠪᠡᠶᠡᠯᠡᠭᠦᠯᠬᠦ᠌᠎ᠶ᠋ᠢᠨ ᠬᠠᠮᠲᠤ ᠬᠢᠨᠠᠨ ᠬᠠᠷᠭᠤᠭᠤᠯᠵᠤ ᠪᠠᠲᠤᠯᠠᠭ᠍ᠰᠠᠨ᠎ᠤ ᠳᠠᠷᠠᠭ᠎ᠠ ᠲᠣᠭ᠍ᠲᠠᠭ᠍ᠰᠠᠨ ᠲᠣᠭᠠᠨ᠎ᠤ ᠨᠥᠬᠥᠪᠥᠷᠢ᠎ᠶ᠋ᠢᠨ ᠲᠡᠮᠳᠡᠭ᠌ᠲᠦ᠍᠎ᠪᠡᠨ ᠠᠪᠴᠤ᠌ ᠪᠣᠯᠤᠨ᠎ᠠ᠃ ᠱᠢᠨ᠎ᠡ ᠲᠡᠷᠭᠡ ᠰᠣᠩᠭᠣᠵᠤ ᠬᠤᠳᠠᠯᠳᠤᠨ ᠠᠪᠬᠤ ᠦᠶ᠎ᠡ᠎ᠳᠦ ᠬᠡᠷᠡᠭ᠌ᠯᠡᠭ᠌ᠴᠢᠳ ᠶᠦᠨ ᠱᠠᠨ ᠹᠦ᠋ App ᠪᠡᠷ ᠳᠡᠮᠵᠢᠨ ᠺᠣᠳ᠋ ᠱᠢᠷᠪᠢᠵᠦ᠍ ᠲᠣᠭᠠᠴᠠᠭ᠎ᠠ ᠬᠢᠬᠦ᠌᠎ᠶ᠋ᠢ ᠪᠡᠶᠡᠯᠡᠭᠦᠯᠵᠦ᠍᠂ ᠬᠢᠯᠪᠠᠷᠬᠠᠨ᠎ᠵᠢᠡᠷ ᠱᠢᠨ᠎ᠡ ᠲᠡᠷᠭᠡ ᠬᠤᠳᠠᠯᠳᠤᠨ ᠠᠪᠬᠤ᠎ᠶ᠋ᠢᠨ ᠬᠠᠮᠲᠤ ᠨᠥᠬᠥᠪᠥᠷᠢ ᠭᠥᠷᠳᠡᠵᠦ᠍ ᠪᠣᠯᠤᠨ᠎ᠠ᠃

ᠲᠣᠭᠠᠴᠢᠯᠠᠭ᠍ᠰᠠᠨ ᠦᠢᠯᠡᠳᠬᠦᠨ ᠪᠣᠯᠤᠨ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠪᠣᠷᠣᠯᠠᠭᠤᠯᠭ᠎ᠠ ᠵᠢᠨ ᠬᠡᠮᠵᠢᠶ᠎ᠡ ᠨᠡᠮᠡᠭ᠌ᠳᠡᠪᠡ

ᠬᠥᠬᠡᠬᠣᠲᠠ᠎ᠶ᠋ᠢᠨ ᠴᠸᠨᠭ ᠱᠢᠨ ᠲᠣᠭᠠᠴᠢᠯᠠᠭ᠍ᠰᠠᠨ ᠠᠭᠤᠳᠠᠮ ᠲᠠᠯᠠᠪᠠᠢ᠎ᠳᠤ ᠨᠢᠭᠡᠴᠢ ᠦᠨ᠎ᠡ ᠨᠢ 6000 ᠲᠥᠭᠥᠷᠢᠭ᠎ᠡᠴᠡ ᠬᠡᠲᠦᠷᠡᠬᠦ᠌ ᠦᠭᠡᠢ ᠲᠣᠭᠠᠴᠢᠯᠠᠭ᠍ᠰᠠᠨ ᠦᠢᠯᠡᠳᠬᠦᠨ ᠤᠢ᠍ᠢᠷ᠎ᠠ᠎ᠶ᠋ᠢᠨ ᠬᠤᠭᠤᠴᠠᠭᠠᠨ᠎ᠤ ᠪᠣᠷᠣᠯᠠᠭᠤᠯᠭ᠎ᠠ ᠰᠠᠢᠲᠠᠢ ᠲᠠᠸᠠᠷ ᠪᠣᠯᠪᠠ᠃

《ᠤᠯᠤᠰ᠎ᠡᠴᠡ ᠨᠢᠭᠡᠴᠢ ᠦᠨ᠎ᠡ᠎ᠶ᠋ᠢ ᠬᠢᠵᠠᠭᠠᠷᠯᠠᠵᠤ᠂ 500 ᠲᠥᠭᠥᠷᠢᠭ᠎ᠦᠨ ᠲᠦᠭᠡᠮᠡᠯ ᠬᠠᠷᠠᠭᠠᠯᠵᠠᠯ᠎ᠤᠨ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠦᠭ᠌ᠰᠡᠨ ᠨᠢ ᠬᠡᠷᠡᠭ᠌ᠯᠡᠭ᠌ᠴᠢᠳ᠎ᠲᠦ ᠦᠨᠡᠨ ᠬᠦ᠌ ᠪᠣᠳᠠᠲᠤ ᠠᠱᠢᠭ ᠬᠦᠷᠲᠡᠭᠡᠵᠠᠢ》 ᠭᠡᠵᠦ᠍ ᠬᠦᠦ᠍᠎ᠳᠡᠭᠡᠨ ᠺᠣᠮᠫᠢᠦ᠋ᠲ᠋ᠧᠷ ᠰᠣᠩᠭᠣᠵᠤ ᠪᠠᠢᠭ᠍ᠰᠠᠨ ᠵᠧᠩ ᠠᠪᠤᠭᠠᠶ ᠪᠠᠶᠠᠷᠲᠠᠢᠬᠠᠨ ᠬᠡᠯᠡᠵᠦ ᠪᠠᠢᠯ᠎ᠠ᠃

ᠤᠯᠤᠰ ᠲᠠᠭᠠᠨ ᠦᠢᠯᠡᠳᠪᠦᠷᠢᠯᠡᠭᠰᠡᠨ ᠨᠢᠭᠡᠨ ᠲᠦᠷᠦᠯ ᠲᠡᠮᠳᠡᠭ᠎ᠤᠨ ᠭᠠᠷ ᠤᠲᠠᠰᠤᠨ᠎ᠤ ᠪᠣᠷᠣᠯᠠᠭᠤᠯᠤᠭ᠍ᠴᠢ ᠰᠤᠷᠪᠤᠯᠵᠢᠯᠠᠭ᠍ᠴᠢ᠎ᠳᠤ᠂ 3000︱5000 ᠲᠥᠭᠥᠷᠢᠭ᠎ᠦᠨ ᠪᠣᠷᠤᠯᠠᠭᠤᠯᠭ᠎ᠠ᠎ᠶᠢᠨ ᠦᠨ᠎ᠡ᠎ᠲᠠᠢ ᠭᠠᠷ ᠤᠲᠠᠰᠤ ᠬᠠᠮᠤᠭ ᠡᠴᠡ ᠬᠦᠷᠢᠶᠡᠯᠡᠯ ᠲᠠᠢ ᠪᠠᠢᠵᠦ᠂ ᠮᠠᠰᠢ ᠣᠯᠠᠨ ᠬᠡᠷᠡᠭᠯᠡᠭᠴᠢ ᠤᠯᠤᠰ᠎ᠤᠨ ᠨᠥᠬᠥᠪᠦᠷᠢ᠎ᠶᠢᠨ ᠲᠥᠷᠥ᠎ᠶᠢᠨ ᠪᠣᠳᠣᠯᠭ᠎ᠠ ᠵᠢ ᠵᠤᠷᠢᠵᠦ ᠢᠷᠡᠪᠠ᠃ ᠡᠨᠡ ᠤᠳᠠᠭ᠎ᠠ᠎ᠶᠢᠨ ᠵᠠᠰᠠᠭ᠎ᠤᠨ ᠣᠷᠳᠣᠨ᠎ᠤ ᠨᠥᠬᠥᠪᠦᠷᠢ᠎ᠶᠢᠨ ᠶᠠᠪᠤᠴᠠ ᠤᠯᠠᠮ ᠰᠢᠯᠢᠳᠡᠭᠵᠢᠨ ᠳᠥᠭᠥᠮ ᠳᠥᠲᠡ ᠪᠣᠯᠵᠤ᠂ ᠭᠠᠷ ᠤᠲᠠᠰᠤ ᠬᠤᠳᠠᠯᠳᠤᠨ ᠠᠪᠬᠤ ᠬᠡᠷᠡᠭᠯᠡᠭᠴᠢᠳ ᠵᠣᠬᠢᠬᠤ ᠮᠡᠳᠡᠭᠡ ᠵᠠᠩᠭᠢ ᠪᠡᠨ ᠬᠠᠩᠭᠠᠪᠠᠯ ᠳᠠᠷᠤᠢ ᠨᠥᠬᠥᠪᠦᠷᠢ᠎ᠶᠢ ᠬᠦᠷᠲᠡᠵᠤ ᠪᠤᠯᠳᠠᠭ ᠭᠡᠪᠡ᠃

3 ᠰᠠᠷ᠎ᠠ᠎ᠶᠢᠨ 8᠎ᠤ᠋ ᠡᠳᠦᠷ ᠰᠤᠷᠪᠤᠯᠵᠢᠯᠠᠭ᠍ᠴᠢ ᠨᠢᠭᠡᠨ ᠰᠢᠨ᠎ᠡ ᠡᠨᠧᠷᠭᠢ᠎ᠶᠢᠨ ᠮᠠᠰᠢᠨ ᠲᠡᠷᠭᠡᠨ᠎ᠦ 4S ᠳᠡᠯᠭᠡᠭᠦᠷ᠎ᠲᠦ ᠬᠦᠷᠬᠦ᠎ᠳᠦ ᠲᠡᠷᠭᠡ ᠰᠣᠩᠭᠣᠬᠤ᠎ᠪᠠᠷ ᠮᠠᠰᠢ ᠤᠯᠠᠨ ᠬᠥᠮᠥᠰ ᠢᠷᠡᠵᠤ ᠪᠠᠢᠭ᠎ᠠ ᠵᠢ ᠣᠯᠵᠤ ᠬᠠᠷᠠᠪᠠ᠃ ᠰᠠᠢᠬᠠᠨ ᠲᠣᠭᠣᠷᠢᠭ᠋᠎ᠤᠨ ᠴᠢᠦ ᠱᠢ ᠨᠢᠭᠡᠳᠦᠭᠡᠷ ᠬᠤᠳᠠ᠎ᠳᠤ ᠰᠠᠭᠤᠳᠠᠭ ᠴᠢᠶᠣᠤ ᠠᠪᠤᠭᠠᠢ ᠨᠢᠭᠡᠨ ᠪᠠᠭ᠎ᠠ ᠴᠢᠳᠠᠮᠵᠢᠲᠤ ᠰᠢᠨ᠎ᠡ ᠡᠨᠧᠷᠭᠢ᠎ᠶᠢᠨ ᠮᠠᠰᠢᠨ ᠲᠡᠷᠭᠡ ᠬᠤᠳᠠᠯᠳᠤᠨ ᠠᠪᠴᠤ᠂ ᠶᠠᠭ ᠰᠠᠢᠬᠠᠨ ᠮᠠᠰᠢᠨ ᠲᠡᠷᠭᠡᠨ᠎ᠦ ᠭᠠᠷ ᠭᠦᠢᠴᠡᠳᠬᠡᠯ᠎ᠢᠶᠡᠨ ᠬᠢᠵᠦ ᠪᠠᠢᠪᠠ᠃ ᠴᠢᠶᠣᠤ ᠠᠪᠤᠭᠠᠢ ᠵᠢᠨ ᠲᠠᠨᠢᠯᠴᠠᠭᠤᠯᠬᠤ ᠪᠡᠷ᠂ ᠲᠡᠭᠦᠨ᠎ᠳᠦ 8 ᠵᠢᠯ ᠭᠠᠷᠤᠢ ᠬᠡᠷᠡᠭᠯᠡᠭᠰᠡᠨ ᠲᠣᠰᠣ ᠰᠢᠳᠠᠭᠠᠬᠤ ᠰᠡᠥᠬᠡ ᠮᠠᠰᠢᠨ  ᠲᠡᠢ ᠪᠠᠢᠵᠦ᠂ ᠰᠠᠷ᠎ᠠ ᠪᠦᠷᠢ᠎ᠶᠢᠨ ᠮᠢᠩᠭ᠎ᠠ ᠰᠢᠬᠠᠮ ᠲᠥᠭᠥᠷᠢᠭ᠎ᠦᠨ ᠲᠣᠰᠣᠨ᠎ᠤ ᠵᠠᠷᠤᠳᠠᠯ᠎ᠢ ᠲᠡᠷᠡ ᠦᠨᠡᠬᠡᠷ ᠳᠠᠭᠠᠭᠠᠬᠤ ᠦᠭᠡᠢ ᠪᠣᠯᠵᠠᠢ᠃ ᠤᠯᠤᠰ᠎ᠡᠴᠡ ᠮᠠᠰᠢᠨ ᠲᠡᠷᠭᠡᠨ᠎ᠤ ᠬᠠᠭᠤᠴᠢᠨ᠎ᠢᠶᠠᠷ ᠰᠢᠨ᠎ᠡ᠎ᠶᠢ ᠰᠣᠯᠢᠬᠤ ᠨᠥᠬᠥᠪᠦᠷᠢ᠎ᠶᠢᠨ ᠲᠥᠷᠥ᠎ᠶᠢᠨ ᠪᠣᠳᠣᠯᠭ᠎ᠠ᠎ᠶᠢ ᠨᠡᠢᠲᠡᠯᠡᠭᠰᠡᠨ᠎ᠦ ᠳᠠᠷᠠᠭ᠎ᠠ ᠰᠢᠨ᠎ᠡ ᠡᠨᠧᠷᠭᠢ᠎ᠶᠢᠨ ᠮᠠᠰᠢᠨ ᠲᠡᠷᠭᠡ ᠰᠣᠯᠢᠬᠤ ᠪᠣᠳᠣᠯ ᠣᠷᠣᠭᠰᠠᠨ ᠭᠡᠵᠤ ᠪᠠᠢᠪᠠ᠃

ᠡᠨᠡ4S ᠳᠡᠯᠭᠡᠭᠦᠷ᠎ᠦᠨ ᠠᠵᠢᠯᠲᠠᠨ ᠰᠤᠷᠪᠤᠯᠵᠢᠯᠠᠭ᠍ᠴᠢ᠎ᠳᠤ᠂ ᠬᠥᠬᠡᠬᠣᠲᠠ ᠰᠢᠨ᠎ᠡ ᠮᠠᠰᠢᠨ ᠲᠡᠷᠭᠡ ᠬᠤᠳᠠᠯᠳᠤᠨ ᠠᠪᠬᠤ᠎ᠳᠤ ᠨᠥᠬᠥᠪᠦᠷᠢ ᠤᠯᠭᠤᠬᠤ ᠠᠵᠢᠯᠯᠠᠭ᠎ᠠ᠎ᠶᠢ ᠡᠬᠢᠯᠡᠭᠦᠯᠦᠭᠰᠡᠨ᠎ᠡᠴᠡ ᠨᠠᠭᠠᠰᠢ ᠳᠡᠯᠭᠡᠭᠦᠷ᠎ᠦᠨ ᠪᠣᠷᠤᠯᠠᠭᠤᠯᠭ᠎ᠠ᠎ᠶᠢᠨ ᠬᠡᠮᠵᠢᠶ᠎ᠡ ᠲᠦᠷᠭᠡᠨ ᠨᠡᠮᠡᠭᠳᠡᠵᠦ᠂ ᠬᠣᠶᠠᠷ ᠡᠳᠦᠷ᠎ᠲᠦ 50 ᠰᠢᠨ᠎ᠡ ᠡᠨᠧᠷᠭᠢ᠎ᠶᠢᠨ ᠮᠠᠰᠢᠨ ᠲᠡᠷᠭᠡ ᠬᠤᠳᠠᠯᠳᠤᠵᠤ᠂ ᠨᠢᠳᠤᠨᠤᠨ᠎ᠤ ᠠᠳᠠᠯᠢ ᠬᠤᠭᠤᠴᠠᠭᠠᠨ᠎ᠤ ᠬᠢ᠎ᠡᠴᠡ ᠢᠯᠡᠷᠬᠡᠢ ᠳᠠᠪᠠᠭᠰᠠᠨ ᠪᠠᠢᠨ᠎ᠠ ᠭᠡᠵᠡᠢ᠃

ᠣᠢᠯᠠᠭᠠᠭᠰᠠᠨ᠎ᠢᠶᠠᠷ᠂ ᠡᠨᠡ ᠵᠢᠯ᠎ᠦᠨ ᠡᠬᠢᠨ᠎ᠳᠦ ᠬᠥᠬᠡᠬᠣᠲᠠ᠎ᠶᠢᠨ ᠬᠤᠳᠠᠯᠳᠤᠭᠠᠨ᠎ᠤ ᠶᠠᠪᠤᠳᠠᠯ᠎ᠤᠨ ᠲᠣᠪᠴᠢᠶ᠎ᠠ ᠤᠯᠤᠰ᠂ ᠥᠪᠡᠷᠲᠡᠭᠡᠨ ᠵᠠᠰᠠᠬᠤ ᠣᠷᠣᠨ᠎ᠤ ᠡᠯ᠎ᠡ ᠲᠥᠷᠥᠯ᠎ᠦᠨ ᠬᠡᠷᠡᠭᠯᠡᠭᠡᠨ᠎ᠦ ᠨᠥᠬᠥᠪᠦᠷᠢ᠎ᠶᠢᠨ ᠲᠥᠷᠥ᠎ᠶᠢᠨ ᠪᠣᠳᠣᠯᠭ᠎ᠠ᠎ᠶᠢ ᠢᠳᠡᠪᠬᠢᠲᠡᠢ ᠤᠬᠠᠭᠤᠯᠵᠤ᠂ ᠣᠷᠣᠨ᠎ᠤ ᠲᠥᠪ᠎ᠦᠨ ᠬᠡᠷᠡᠭᠯᠡᠭᠡᠨ᠎ᠦ ᠵᠦᠢᠯ᠎ᠦᠨ ᠵᠠᠬ᠎ᠠ ᠳᠡᠯᠭᠡᠭᠦᠷ 《ᠰᠠᠢᠨ ᠡᠬᠢᠯᠡᠯᠲᠡ》 ᠵᠢ ᠤᠭᠲᠤᠵᠤ᠂ ᠵᠦᠪᠬᠡᠨ ᠴᠠᠭᠠᠨ ᠰᠠᠷ᠎ᠠ᠎ᠶᠢᠨ ᠠᠮᠠᠷᠠᠯᠲᠠ᠎ᠶᠢᠨ ᠬᠤᠭᠤᠴᠠᠭᠠᠨ᠎ᠳᠤ ᠳᠠᠷᠤᠢ ᠪᠥᠬᠥ ᠬᠣᠲᠠ᠎ᠶᠢᠨ ᠭᠣᠣᠯᠳᠠᠯᠭ᠎ᠠ᠎ᠲᠠᠢ ᠬᠢᠨᠠᠨ ᠬᠡᠮᠵᠢᠭᠰᠡᠨ 60 ᠠᠷᠠᠯᠵᠢᠶ᠎ᠠ ᠬᠤᠳᠠᠯᠳᠤᠭᠠᠨ᠎ᠤ ᠠᠵᠤ ᠠᠬᠤᠢᠯᠠᠯ᠎ᠤᠨ ᠪᠣᠷᠤᠯᠠᠭᠤᠯᠭ᠎ᠠ᠎ᠶᠢᠨ ᠬᠡᠮᠵᠢᠶ᠎ᠡ ᠨᠡᠶ᠋ᠢᠲᠡ 3.5 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 12.9 % ᠪᠡᠷ ᠨᠡᠮᠡᠭᠳᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号