ᠬᠥᠳᠡᠭᠡ ᠵᠢᠨ ᠮᠠᠯ᠎ᠤᠨ ᠡᠮᠴᠢ ᠵᠢᠨ 20 ᠵᠢᠯ᠎ᠤᠨ ᠪᠠᠷᠢᠮᠳᠠᠯᠠᠯ
2022-08-05 17:25:11
ᠵᠣᠬᠢᠶᠠᠭ᠍ᠴᠢ᠄
ᠪᠤᠤ ᠴᠢᠩ ᠱᠧᠩ ᠰᠥᠨ ᠯᠢ ᠶᠢᠩ ᠠᠯᠤᠰ ᠰᠥᠮᠪᠥᠷ
ᠣᠩᠱᠢᠭ᠍ᠰᠠᠨ ᠣᠳᠠᠭ᠎ᠠ᠄
★★★☆☆

6 ᠰᠠᠷ᠎ᠠ ᠵᠢᠨ ᠬᠤᠷᠴᠢᠨ ᠨᠤᠲᠤᠬ ᠲᠦ᠍ ᠬᠦᠳᠡᠭᠡ ᠲᠠᠯ᠎ᠠ ᠬᠥᠭᠡᠷᠡᠨ ᠨᠤᠭᠤᠭᠠᠷᠠᠵᠤ᠂ ᠬᠥᠮᠥᠰ᠎ᠢ ᠰᠤᠬᠳᠤᠭᠤᠷᠠᠭᠤᠯᠤᠨ᠎ᠠ᠃ ᠮᠠᠨ ᠤ᠋ ᠰᠤᠷᠪᠤᠯᠵᠢᠯᠠᠬᠤ ᠲᠤᠭᠤᠢᠯᠠᠡᠭ ᠤ᠋ᠨ ᠬᠢᠨ ᠤᠯᠤᠰ᠎ᠤᠨ 304 ᠵᠠᠮ ᠵᠢᠨᠷ ᠳᠠᠪᠬᠢᠭᠤᠯᠵᠤ《 ᠤᠯᠠᠭᠠᠨ ᠥᠭᠡᠷ᠎ᠤᠨ ᠨᠤᠲᠤᠬ 》 ᠬᠡᠮᠡᠨ ᠤᠯᠤᠰ ᠲᠠᠶᠠᠭᠠᠷ ᠠᠯᠳᠠᠷᠰᠢᠬᠰᠠᠨ ᠬᠤᠷᠴᠢᠨ ᠵᠡᠭᠥᠨ ᠭᠠᠷᠤᠨ ᠬᠤᠢᠳᠤ ᠬᠤᠰᠢᠭᠤᠨ᠎ᠤ ᠪᠠᠭᠠᠳᠠᠯ᠎ᠠ ᠰᠤᠮᠤ ᠵᠢᠨ ᠶᠡᠬᠡᠳᠠᠯ᠎ᠠ ᠭᠠᠴᠠᠭ᠎ᠠ ᠬᠦᠷᠬᠦ ᠳ᠋ᠤ᠂ ᠵᠠᠮ᠎ᠤᠨ ᠬᠠᠵᠠᠭᠤ ᠳ᠋ᠤ ᠶᠡᠬᠡᠳᠡᠯ᠎ᠠ ᠥᠭᠡᠷ᠎ᠤᠨ ᠠᠷᠠᠯᠵᠢᠶᠠᠨ᠎ᠤ ᠵᠠᠬ᠎ᠠ ᠳᠡᠯᠭᠡᠭᠥᠷ ᠲᠠᠢ ᠠᠰ ᠨᠢᠭᠤᠷᠯᠠᠬᠰᠠᠨ ᠰᠤᠶᠤᠯᠳᠤ ᠵᠢᠨ ᠠᠮᠢᠳᠠᠨ᠎ᠤ ᠡᠮᠨᠡᠯᠭᠡ ᠵᠢᠨ ᠭᠠᠵᠠᠷ ᠨᠢ ᠢᠯᠡ ᠬᠠᠷᠠᠬᠳᠠᠵᠤ ᠪᠠᠢᠪᠠ᠃ ᠡᠮᠨᠡᠯᠭᠡ ᠵᠢᠨ ᠭᠠᠵᠠᠷ᠎ᠤᠨ ᠠᠷᠤ ᠬᠥᠷᠢᠶᠡᠨ ᠳ᠋ᠤᠨᠢ᠂ ᠬᠡᠮ ᠲᠠᠢ ᠮᠠᠯ ᠤᠨᠤᠭ᠎ᠠ ᠳᠡᠭᠡᠭᠡᠭᠰᠡᠨ ᠶᠡᠬᠡ ᠪᠠᠭ᠎ᠠ ᠮᠠᠱᠢᠨ ᠲᠥᠭᠥᠷᠴᠥ᠍᠂ ᠰᠤᠶᠤᠯᠳᠤ ᠱᠠᠪᠢ ᠨᠠᠷ ᠵᠢᠨᠨ ᠳᠠᠭᠠᠭᠤᠯᠤᠨ ᠨᠢᠭᠡᠳ ᠨᠢᠭᠡ ᠪᠡᠷ ᠤᠨᠤᠰᠢᠯᠠᠨ ᠵᠠᠰᠠᠭᠠᠳ ᠶᠠᠭᠠᠷᠠᠵᠥ ᠪᠠᠢᠯ᠎ᠠ᠃ ᠡᠮ ᠶᠡᠭᠥᠯᠡᠵᠤ ᠪᠠᠢᠭ᠎ᠠ ᠤᠯᠠᠭᠠᠨ ᠠᠯᠠᠬ ᠲᠤᠭᠤᠯ ᠵᠢᠨᠨ ᠳᠠᠷᠤᠵᠤ ᠰᠠᠭᠤᠬᠰᠠᠨ ᠬᠥᠷᠢᠶ᠎ᠡ ᠬᠤᠱᠢᠭᠤᠨ᠎ᠤ ᠮᠠᠩᠬᠠᠨ ᠰᠤᠮᠤ ᠵᠢᠨ ᠮᠤᠳᠤᠨᠳᠠᠯ᠎ᠠ ᠭᠠᠴᠠᠭ᠎ᠠ ᠵᠢᠨ ᠮᠠᠯᠴᠢᠨ ᠠᠯᠮᠠᠰ᠄ 《ᠮᠠᠨ᠎ᠦ ᠳᠤᠭᠤᠯ ᠬᠠᠨᠢᠶᠠᠯᠭᠠᠭᠠᠳ ᠬᠦᠳᠡᠯᠬᠦ ᠳᠡᠩᠬᠡᠭᠡ ᠥᠭᠡᠢ ᠪᠤᠯᠤᠬᠰᠠᠨ᠂ ᠪᠢᠳᠡ ᠥᠪᠡᠰᠥᠪᠡᠨ ᠡᠮ ᠵᠠᠷᠤᠭᠠᠳ ᠲᠤᠰᠠ ᠥᠭᠡᠢ ᠪᠤᠯᠬᠤᠷ ᠰᠠᠨᠳᠤᠷᠤᠨ ᠰᠤᠶᠤᠯᠳᠤ ᠡᠮᠴᠢ ᠵᠢ ᠡᠷᠢᠵᠤ ᠢᠷᠡᠯ᠎ᠡ᠂ ᠳᠡᠭᠥᠨ᠎ᠤ 〈 ᠵᠢᠭᠠᠬᠠᠨ ᠤᠷᠤᠢᠳᠠᠵᠤ ᠢᠷᠡᠵᠠᠢ᠂ ᠭᠡᠪᠡᠴᠥ ᠵᠠᠰᠠᠵᠤ ᠵᠠᠪᠳᠤᠨ᠎ᠠ 〉 ᠭᠡᠰᠠᠨ᠎ᠢ ᠰᠤᠨᠤᠰᠤᠭᠠᠳ  ᠴᠤᠬᠤᠮ  ᠰᠡᠳᠬᠢᠯ   ᠠᠮᠠᠷᠠᠬᠰᠠᠨ᠂  ᠡᠨᠡ  ᠴᠢᠨᠢ ᠮᠠᠨ᠎ᠤ ᠡᠨᠡ ᠵᠢᠯ᠎ᠤᠨ ᠤᠷᠤᠯᠭ᠎ᠠ ᠵᠢ 1 ᠲᠥᠮᠡᠨ ᠲᠥᠭᠥᠷᠢᠭ ᠨᠡᠮᠡᠭᠳᠡᠬᠥᠯᠦᠭᠰᠡᠨ ᠶᠠᠪᠤᠳᠠᠯ ᠪᠤᠯᠬᠤ ᠶᠤᠮ 》 ᠭᠡᠵᠤ ᠶᠠᠷᠢᠨ᠎ᠠ᠃

10  ᠲᠥᠮᠡᠨ ᠮᠠᠯ  ᠤᠨᠤᠭ᠎ᠠ ᠵᠢ  ᠵᠠᠰᠠᠨ  ᠡᠳᠡᠭᠡᠷᠡᠭᠦᠯᠦᠭᠰᠡᠨ  ᠮᠠᠯ  ᠤ᠋ᠨ  ᠡᠮᠴᠢ

ᠬᠤᠷᠴᠢᠨ ᠵᠡᠭᠥᠨ ᠭᠠᠷᠤᠨ ᠬᠤᠢᠳᠤ ᠬᠤᠰᠢᠭᠤᠨ᠎ᠤ ᠪᠠᠭᠠᠳᠠᠯ᠎ᠠ ᠰᠤᠮᠤ ᠵᠢᠨ ᠪᠠᠷᠠᠭᠤᠨ ᠪᠠᠢ᠌ᠱᠢᠩᠳᠥ ᠭᠠᠴᠠᠭ᠎ᠠ ᠳ᠋ᠦ ᠨᠤᠳᠤᠬ᠍ᠳᠠᠢ ᠰᠤᠶᠤᠯᠳᠤ᠂ 2002 ᠤᠨ ᠳ᠋ᠤ ᠨᠠᠢ᠍ᠮᠠᠨ ᠬᠤᠱᠢᠭᠤᠨ᠎ᠤ ᠥᠨᠳᠥᠰᠥᠲᠠᠨ᠎ᠤ ᠠᠵᠢᠯ ᠮᠡᠷᠭᠡᠵᠢᠯ᠎ᠤᠨ ᠳᠤᠮᠳᠠ ᠵᠡᠷᠭᠡ ᠵᠢᠨ ᠲᠤᠰᠭᠠᠢ ᠮᠡᠷᠭᠡᠵᠢᠯ᠎ᠤᠨ ᠰᠤᠷᠭᠠᠭᠤᠯᠢ ᠵᠢᠨ ᠮᠠᠯ᠎ᠤᠨ ᠡᠮᠴᠢ ᠵᠢᠨ ᠠᠩᠬᠢ ᠡᠴᠡ ᠰᠤᠷᠤᠯᠭ᠎ᠠ ᠲᠡᠭᠥᠰᠥᠭ᠌ᠰᠡᠨ᠎ᠤ ᠳᠠᠷᠠᠭ᠎ᠠ ᠨᠤᠳᠤᠭ ᠲᠠᠭᠠᠨ ᠪᠤᠴᠠᠵᠤ᠂ ᠬᠥᠳᠡᠭᠡ ᠵᠢᠨ ᠨᠢᠭᠡᠨ ᠮᠠᠯ᠎ᠤᠨ ᠡᠮᠴᠢ ᠵᠢᠨ ᠠᠵᠢᠯ ᠵᠢᠨᠨ ᠡᠬᠢᠯᠡᠭᠥᠯᠥᠭᠰᠡᠨ ᠶᠤᠮ᠃ ᠲᠦᠮᠡᠨ ᠶᠠᠪᠤᠳᠠᠯ᠎ᠤᠨ ᠲᠥᠷᠥᠭᠥᠤ ᠠᠯᠬᠤᠮ ᠨᠢ ᠬᠥᠴᠢᠷᠳᠠᠢ ᠪᠠᠢᠳᠠᠬ ᠬᠤᠢᠨ᠎ᠠ᠂ ᠲᠡᠷᠡ ᠪᠡᠷ ᠡᠯ᠎ᠡ ᠵᠥᠢᠯ᠎ᠤᠨ ᠮᠠᠯ᠎ᠤᠨ ᠬᠡᠮ ᠬᠢᠵᠢᠭ᠎ᠢ ᠤᠨᠤᠰᠢᠯᠠᠵᠤ ᠵᠠᠰᠠᠬᠤ ᠨᠤᠮ᠂ ᠰᠥᠯᠵᠢᠶ᠎ᠡ ᠵᠡᠷᠭᠡ ᠵᠢ ᠠᠰᠢᠬᠯᠠᠨ ᠰᠤᠷᠤᠯᠴᠠᠬᠤ ᠵᠢᠨ ᠳᠠᠭᠠᠤ ᠪᠤᠳᠠᠳᠠᠢ ᠳ᠋ᠤ ᠬᠡᠷᠡᠭᠯᠡᠵᠤ ᠥᠢᠯᠡᠳᠥᠯᠭᠡᠵᠢᠭᠥᠯᠥᠨ᠂ ᠤᠬᠤᠷᠬᠠᠨ ᠬᠡᠳᠥᠭᠡᠨ ᠵᠢᠯ᠎ᠤᠨ ᠬᠤᠭᠤᠴᠠᠭᠠᠨ ᠳ᠋ᠤ ᠡᠩ᠎ᠤᠨ ᠮᠠᠯ᠎ᠤᠨ ᠬᠡᠮ ᠬᠢᠵᠢᠭ᠎ᠢ ᠤᠨᠤᠰᠢᠯᠠᠵᠤ ᠵᠠᠰᠠᠬᠤ ᠠᠷᠭ᠎ᠠ ᠮᠡᠷᠭᠡᠵᠢᠯ᠎ᠢ ᠪᠤᠯᠪᠠᠰᠤᠷᠠᠩᠭᠤᠢ ᠡᠵᠡᠮᠰᠢᠬᠰᠡᠨ ᠵᠢᠨᠷ ᠪᠠᠷᠠᠬᠤ ᠥᠭᠡᠢ᠂ ᠮᠠᠯ ᠵᠢᠭᠥᠷᠳᠡᠨ᠎ᠤ ᠡᠯᠳᠡᠪ ᠵᠥᠢᠯ᠎ᠤᠨ ᠬᠥᠨᠳᠥ ᠮᠠᠳᠠᠬ ᠲᠠᠢ ᠡᠪᠡᠳᠴᠢᠨ ᠲᠠᠬᠤᠯ᠎ᠢ᠎ᠴᠦ ᠡᠮᠨᠡᠵᠤ ᠡᠳᠡᠭᠡᠷᠡᠭᠥᠯᠳᠡᠭ ᠪᠤᠯᠪᠠ᠃ ᠲᠡᠷᠡ ᠪᠡᠷ ᠮᠠᠯ᠎ᠤᠨ ᠡᠮᠴᠢ ᠵᠢᠨ ᠠᠵᠢᠯ ᠢ᠋ ᠰᠤᠩᠭᠤᠬᠤ ᠳ᠋ᠠᠭᠠᠨ ᠳᠡᠭᠥᠨ᠎ᠢ ᠥᠪᠡᠷ᠎ᠤᠨ ᠨᠠᠰᠤᠨ ᠳᠤᠷᠰᠢᠲᠠ ᠵᠢᠨ ᠥᠢᠯᠡᠰ ᠪᠤᠯᠭᠠᠨ ᠳᠡᠭᠡᠳᠥᠯᠡᠵᠤ ᠶᠠᠪᠤᠬᠤ ᠵᠢ ᠲᠠᠩᠭᠠᠷᠢᠬᠯᠠᠬᠰᠠᠨ ᠪᠥᠭᠡᠳ ᠳᠠᠩᠭᠠᠷᠢᠬ ᠶᠤᠰᠤᠭᠠᠷ 20 ᠵᠢᠯ᠎ᠢ ᠨᠢᠭᠡ ᠡᠳᠥᠷ ᠮᠡᠳᠥ ᠥᠩᠭᠡᠷᠡᠭᠥᠯᠵᠤ᠂ ᠥᠢᠭ᠎ᠠ ᠥᠭᠡᠢ ᠴᠢᠷᠮᠠᠢ᠌ᠯᠭ᠎ᠠ ᠳ᠋ᠠᠭᠠᠨ ᠲᠥᠱᠢᠭ᠌ᠯᠡᠨ᠂ ᠤᠳᠤ ᠪᠤᠯᠳᠠᠯ᠎ᠠ ᠥᠪᠡᠷ᠎ᠤᠨ ᠭᠠᠷ ᠵᠢᠨᠷ ᠡᠮᠨᠡᠨ ᠡᠳᠡᠭᠡᠷᠡᠭᠥᠯᠥᠭᠰᠡᠨ ᠮᠠᠯ ᠤᠨᠤᠭ᠎ᠠ ᠵᠢᠨ ᠳᠤᠭ᠎ᠠ 10 ᠲᠥᠮᠡ ᠵᠢ ᠳᠠᠪᠠᠬᠰᠠᠨ ᠪᠠᠢᠨ᠎ᠠ᠃

ᠮᠠᠯᠴᠢᠨ ᠡᠷᠥᠭᠡ ᠵᠢᠨ ᠰᠠᠨᠠᠭᠠᠰᠢᠷᠠᠵᠤ ᠪᠠᠢᠭ᠎ᠠ ᠵᠥᠢᠯ᠎ᠢ ᠰᠠᠨᠠᠵᠤ᠂ ᠮᠠᠯᠴᠢᠨ ᠡᠷᠥᠭᠡ ᠵᠢᠨ ᠪᠠᠴᠢᠮᠳᠠᠵᠤ ᠪᠠᠢᠭ᠎ᠠ ᠶᠠᠪᠤᠳᠠᠯ ᠳ᠋ᠤ ᠪᠠᠴᠢᠮᠳᠠᠨ᠂ ᠮᠠᠯᠴᠢᠨ ᠡᠷᠥᠭᠡ ᠵᠢᠨ ᠬᠥᠰᠡᠵᠤ ᠪᠠᠢᠭ᠎ᠠ ᠬᠡᠷᠡᠭᠴᠡᠭᠡ ᠵᠢ ᠬᠠᠩᠭᠠᠵᠤ᠂ ᠳᠡᠳᠡᠨᠡᠷ᠎ᠤᠨ ᠠᠰᠠᠭᠤᠳᠠᠯ᠎ᠢ ᠥᠪᠡᠷ᠎ᠤᠨ ᠵᠢᠨᠨ ᠠᠰᠠᠭᠤᠳᠠᠯ ᠪᠤᠯᠭᠠᠨ ᠰᠢᠢᠳᠪᠥᠷᠢᠯᠡᠬᠥ ᠨᠢ ᠰᠤᠶᠤᠯᠳᠤ ᠵᠢᠨ ᠪᠠᠷᠢᠮᠳᠠᠯᠠᠵᠤ ᠢᠷᠡᠭᠰᠡᠨ ᠠᠵᠢᠯ᠎ᠤᠨ ᠵᠠᠷᠴᠢᠮ ᠪᠤᠯᠬᠤ ᠶᠤᠮ᠃ ᠤᠯᠠᠨ ᠵᠢᠯ᠎ᠤᠨ ᠲᠤᠷᠰᠢ᠂ ᠳᠡᠷᠡ ᠪᠡᠷ ᠡᠮ᠎ᠤᠨ ᠪᠤᠬᠴᠥ ᠪᠠᠨ ᠡᠭᠥᠷᠴᠥ ᠮᠠᠩᠬ᠎ᠠ ᠬᠥᠳᠥᠯ᠎ᠢ ᠳᠠᠪᠠᠨ᠂ ᠪᠤᠬᠢᠷ ᠪᠤᠷᠳᠠᠬ ᠡᠴᠡ ᠠᠶᠤᠬᠤ ᠥᠭᠡᠢ᠂ ᠶᠠᠳᠠᠷᠠᠯ ᠵᠥᠳᠡᠷᠡᠯ᠎ᠢ ᠥᠯᠥ ᠬᠠᠢᠬᠤᠷᠤᠨ ᠬᠤᠷᠴᠢᠨ ᠵᠡᠭᠥᠨ ᠭᠠᠷᠤᠨ ᠬᠤᠢᠳᠤ ᠬᠤᠰᠢᠭᠤᠨ᠎ᠤ ᠪᠠᠯᠭᠠᠰᠤ ᠰᠤᠮᠤ ᠵᠢᠨ ᠭᠠᠵᠠᠷ ᠪᠤᠯᠭᠠᠨ᠎ᠢ ᠥᠯᠡᠳᠡᠭᠡᠯ ᠥᠭᠡᠢ᠂ ᠳᠡᠷᠡᠴᠢᠯᠡᠨ ᠪᠤᠰᠤᠳ ᠬᠤᠰᠢᠭᠤ ᠨᠤᠲᠤᠬ ᠵᠢᠨᠷ᠎ᠴᠦ ᠬᠦᠷᠴᠤ ᠬᠡᠮᠨᠡᠭᠰᠡᠨ ᠮᠠᠯ ᠤᠨᠤᠭ᠎ᠠ ᠵᠢ᠎ᠵᠠᠰᠠᠨ ᠡᠳᠡᠭᠡᠷᠡᠬᠦᠯᠵᠤ ᠶᠠᠪᠤᠯ᠎ᠠ᠃ ᠳᠡᠭᠥᠨ᠎ᠤ ᠮᠠᠯ ᠤ᠋ᠨ ᠡᠮᠴᠢ ᠵᠢᠨ ᠠᠵᠢᠯ ᠵᠢᠡᠨ ᠡᠬᠢᠯᠡᠬᠦᠯᠦᠭᠰᠡᠨ ᠠᠩᠬᠠᠨ᠎ᠤ ᠵᠢᠯ᠎ᠤᠳ᠎ᠲᠦ ᠭᠠᠷᠤᠬᠰᠠᠨ ᠤᠴᠢᠷ ᠪᠢᠯᠡ᠂ ᠲᠤᠰ ᠬᠤᠰᠢᠭᠤᠨ᠎ᠤ ᠪᠠᠶᠠᠠᠮᠤᠳᠤ ᠰᠤᠮᠥᠨ᠎ᠤ ᠬᠠᠨᠳᠠᠢ ᠭᠠᠴᠠᠭᠠᠨ᠎ᠤ ᠨᠢᠭᠡᠨ ᠮᠠᠯᠴᠢᠨ᠎ᠤ ᠥᠨᠢᠶ᠎ᠡ ᠨᠢ ᠲᠥᠷᠥᠵᠤ ᠳᠡᠢᠯᠬᠥ ᠥᠭᠡᠢ ᠲᠥᠪᠡᠭᠳᠡᠨ ᠳᠡᠭᠥᠨ ᠡᠴᠡ ᠲᠤᠰᠠᠯᠠᠮᠵᠢ ᠭᠤᠶᠤᠪᠠ᠂ ᠲᠤᠬᠠᠢ ᠵᠢᠨ ᠥᠶᠡᠰ ᠪᠤᠢᠳᠡ ᠪᠥᠭᠯᠡᠭᠥᠤ ᠲᠤᠰ ᠭᠠᠴᠠᠭ᠎ᠠ ᠳ᠋ᠤ ᠶᠠᠮᠠᠷ᠎ᠴᠦ ᠵᠠᠮ ᠨᠡᠪᠳᠡᠷᠡᠭᠡᠳᠥᠢ ᠪᠠᠢᠯ᠎ᠠ᠂ ᠭᠡᠶ᠎ᠡ ᠳᠡᠷᠡ ᠬᠤᠯᠠ ᠵᠠᠮ᠎ᠢ ᠬᠠᠢᠬᠤᠷᠤᠯ ᠥᠭᠡᠢ ᠶᠠᠪᠠᠭᠠᠨ ᠵᠢᠨᠷ ᠵᠠᠮᠨᠡᠵᠤ ᠪᠠᠢᠭᠠᠳ ᠭᠡᠷ ᠲᠤᠨᠢ ᠤᠴᠢᠵᠤ᠂ ᠮᠠᠰᠠ ᠵᠠᠰᠠᠯ ᠬᠢᠬᠥ ᠪᠡᠷ ᠳᠠᠮᠵᠢᠨ ᠥᠨᠢᠶ᠎ᠡ ᠪᠡ ᠲᠤᠭᠤᠯ᠎ᠢ ᠨᠢ ᠠᠪᠤᠷᠠᠵᠤ ᠠᠪᠴᠠᠢ᠃ ᠳᠡᠷᠡ ᠪᠡᠷ ᠳᠠᠷᠤᠤ ᠬᠢᠴᠢᠶᠡᠩᠭᠥᠢ᠂ ᠬᠠᠮᠢᠭ᠎ᠠ ᠬᠡᠷᠡᠭᠴᠡᠭᠡ ᠲᠠᠢ ᠪᠤᠯ ᠳᠡᠨᠳᠡ ᠤᠴᠢᠵᠤ᠂ ᠬᠡᠵᠢᠶ᠎ᠡ ᠳᠠᠭᠤᠳᠠᠪᠠᠯ ᠳᠠᠳᠤᠢ ᠳ᠋ᠤ ᠬᠤᠢᠰᠢᠯᠠᠯ ᠥᠭᠡᠢ ᠬᠥᠷᠳᠡᠭ ᠪᠤᠯᠬᠤᠷ ᠥᠢᠷ᠎ᠡ ᠲᠤᠭᠤᠷᠢᠮ᠎ᠤᠨ ᠥᠷᠭᠡᠨ ᠤᠯᠠᠨ ᠮᠠᠯᠴᠢᠨ ᠲᠠᠷᠢᠶᠠᠴᠢᠳ᠎ᠤᠨ ᠢᠳᠡᠭᠡᠯ ᠨᠠᠢᠳᠠᠯᠭ᠎ᠠ ᠵᠢ ᠤᠯᠵᠤ᠂ ᠲᠡᠭᠥᠨ᠎ᠢ ᠡᠷᠢᠭᠰᠡᠳ ᠡᠳᠥᠷ ᠡᠴᠡ ᠡᠳᠥᠷ ᠤᠯᠠᠰᠢᠷᠠᠵᠤ ᠢᠷᠡᠪᠡ᠃ 《 ᠡᠬᠢᠯᠡᠩᠭᠥᠳᠡ ᠮᠠᠯᠴᠢᠳ᠎ᠤᠨ ᠭᠡᠷ ᠲᠤᠨᠢ ᠤᠴᠢᠵᠤ ᠮᠠᠯ᠎ᠢ ᠨᠢ ᠡᠮᠨᠡᠵᠤ ᠥᠭ᠌ᠳᠡᠭ᠂ ᠬᠤᠵᠢᠮ ᠨᠢ ᠮᠠᠯ ᠡᠮᠨᠡᠭᠥᠯᠥᠭ᠌ᠰᠡᠳ ᠤᠯᠠᠳᠠᠨ ᠤᠴᠢᠵᠤ ᠵᠠᠪᠳᠤᠬᠤ ᠥᠭᠡᠢ ᠪᠤᠯᠬᠤᠷ ᠭᠡᠷ ᠳᠡᠭᠡᠨ ᠵᠠᠰᠠᠬᠤ ᠪᠤᠯᠤᠬ᠍ᠰᠠᠨ᠂ 2019 ᠤᠨ ᠳ᠋ᠤ ᠮᠠᠯ ᠵᠢᠨᠨ ᠡᠮᠨᠡᠭᠥᠯᠥᠭᠰᠡᠳ᠎ᠤᠨ ᠵᠠᠮ ᠬᠠᠷᠢᠯᠴᠠᠭᠠᠨ᠎ᠤ ᠳᠥᠭᠥᠮ᠎ᠢ ᠪᠤᠳᠤᠯᠬᠢᠯᠠᠨ ᠡᠨᠳᠡ ᠨᠡᠭᠥᠵᠤ ᠢᠷᠡᠯ᠎ᠡ 》 ᠭᠡᠵᠤ ᠰᠤᠶᠤᠯᠳᠤ ᠳᠠᠨᠢᠯᠴᠠᠭᠤᠯᠤᠨ᠎ᠠ᠃ ᠤᠳᠤᠬᠠᠨ ᠳ᠋ᠤ᠂ ᠲᠡᠭᠥᠨ᠎ᠤ ᠡᠮᠨᠡᠯᠭᠡ ᠵᠢᠨ ᠭᠠᠵᠠᠷ ᠨᠢ ᠨᠢᠭᠡ ᠡᠳᠥᠷ᠎ᠲᠦ ᠠᠳᠠᠭ ᠳᠠᠭᠠᠨ ᠬᠡᠮᠨᠡᠭᠰᠡᠨ ᠮᠠᠯ ᠤᠨᠤᠭ᠎ᠠ ᠵᠢ 50 ᠡᠴᠡ 100 ᠲᠤᠯᠤᠭᠠᠢ ᠤᠨᠤᠰᠢᠯᠠᠵᠤ ᠵᠠᠰᠠᠳᠠᠬ ᠪᠤᠯᠤᠬᠰᠠᠨ ᠪᠠᠢᠨ᠎ᠠ᠃


4439652_erban_1659623153604_m.jpg


ᠠᠷᠠᠳ᠎ᠤᠨ ᠶᠠᠪᠤᠳᠠᠯ ᠳ᠋ᠤ ᠪᠠᠭ᠎ᠠ ᠶᠠᠪᠤᠳᠡᠯ ᠪᠠᠢᠬᠤ ᠥᠭᠡᠢ᠂ ᠲᠡᠷᠡ ᠶᠡᠷᠥᠨᠢ ᠠᠷᠠᠳ ᠤᠯᠠᠨ᠎ᠤ ᠬᠥᠴᠢᠷ ᠵᠤᠪᠠᠯᠠᠩ᠎ᠢ ᠠᠷᠢᠯᠭᠠᠬᠤ ᠪᠡᠷ ᠵᠤᠷᠢᠯᠳᠠ ᠪᠠᠨ ᠪᠤᠯᠭᠠᠵᠤ᠂ ᠬᠡᠮᠨᠡᠭᠰᠡᠨ ᠮᠠᠯ ᠤᠨᠤᠭ᠎ᠠ ᠵᠢ ᠪᠥᠬᠥ ᠬᠥᠴᠥᠨ ᠵᠢᠨᠷ ᠠᠪᠤᠷᠠᠨ᠂ ᠮᠠᠯᠴᠢᠨ ᠲᠠᠷᠢᠶᠠᠴᠢᠳ᠎ᠤᠨ ᠬᠤᠬᠢᠷᠠᠯ᠎ᠢ ᠬᠠᠮᠤᠬ ᠤ᠋ᠨ ᠳᠤᠤᠷ᠎ᠠ ᠬᠡᠮᠵᠢᠶᠠᠨ ᠳ᠋ᠤ ᠬᠢᠵᠠᠭᠠᠷᠯᠠᠬᠤ ᠪᠡᠷ ᠴᠢᠷᠮᠠᠢᠵᠤ᠂ ᠨᠠᠮ᠎ᠤᠨ ᠭᠡᠰᠢᠭᠥᠨ᠎ᠤ ᠡᠭᠥᠷᠭᠡᠯᠡᠯ ᠬᠠᠷᠢᠭᠤᠴᠠᠯᠭ᠎ᠠ ᠪᠠᠨ ᠬᠥᠢᠴᠡᠳᠭᠡᠵᠤ ᠶᠠᠪᠤᠯ᠎ᠠ᠃ 2018 ᠤᠨ ᠡᠴᠡ ᠡᠬᠢᠯᠡᠨ᠂ ᠲᠡᠷᠡ ᠰᠡᠯᠡᠭᠥᠤ ᠴᠠᠬ ᠵᠢᠨᠨ ᠠᠰᠢᠬᠯᠠᠨ ᠪᠤᠰᠢᠭᠤ ᠭᠠᠷ᠎ᠤᠨ ᠰᠢᠭᠤᠳ ᠨᠡᠪᠳᠡᠷᠡᠭᠥᠯᠭᠡ ᠬᠢᠵᠤ᠂ ᠮᠠᠯ ᠤᠨᠤᠭ᠎ᠠ ᠵᠢ ᠠᠷᠠᠴᠢᠯᠠᠵᠤ ᠳᠤᠳᠤᠮᠳᠠᠬᠤ᠂ ᠮᠠᠯ᠎ᠤᠨ ᠬᠤᠷᠤᠬᠠᠢ ᠵᠢ ᠬᠥᠭᠡᠭᠡᠬᠥ᠂ ᠤᠯᠠᠷᠢᠯ᠎ᠤᠨ ᠴᠢᠨᠠᠷᠳᠠᠢ ᠡᠪᠡᠳᠴᠢᠨ ᠬᠡᠮ᠎ᠢ ᠤᠷᠢᠳᠴᠢᠯᠠᠨ ᠰᠡᠷᠭᠡᠢᠯᠡᠬᠥ᠂ ᠲᠥᠯᠯᠡᠬᠥ ᠮᠠᠯ ᠪᠠ ᠲᠤᠭᠤᠯ᠎ᠢ ᠠᠷᠠᠴᠢᠯᠠᠨ ᠬᠠᠮᠠᠭᠠᠯᠠᠬᠤ ᠲᠤᠬᠠᠢ ᠤᠬᠠᠭᠤᠯᠬᠤ ᠵᠢᠨ ᠬᠠᠮᠳᠤ᠂ ᠮᠠᠯᠴᠢᠨ ᠲᠠᠷᠢᠶᠠᠴᠢᠨ ᠲᠠᠢ ᠬᠤᠯᠪᠤᠭ᠎ᠠ ᠪᠠᠷᠢᠵᠤ᠂ ᠰᠥᠯᠵᠢᠶ᠎ᠡ  ᠪᠡᠷ ᠳᠠᠮᠵᠢᠨ ᠬᠡᠮᠨᠡᠭᠰᠡᠨ ᠮᠠᠯ᠎ᠢ ᠨᠢ ᠤᠨᠤᠰᠢᠯᠠᠨ ᠵᠠᠰᠠᠵᠤ᠂ ᠰᠥᠯᠵᠢᠶᠠᠨ ᠳᠡᠭᠡᠷ᠎ᠡ ᠪᠡ ᠰᠥᠯᠵᠢᠶᠠᠨ ᠭᠠᠳᠠᠨ᠎ᠠ ᠡᠮᠨᠡᠬᠥ ᠵᠢ ᠤᠶᠠᠯᠳᠤᠭᠤᠯᠤᠨ᠂ ᠠᠷᠠᠳ ᠤᠯᠠᠨ ᠳ᠋ᠤ ᠨᠡᠩ ᠳᠥᠭᠥᠮ ᠥᠵᠡᠭᠥᠯᠳᠡᠭ ᠪᠤᠯᠵᠠᠢ᠃ ᠲᠡᠷᠡ ᠪᠠᠰᠠ ᠠᠮᠢᠳᠤᠷᠠᠯ ᠨᠢ ᠬᠥᠴᠢᠷᠳᠡᠯᠲᠠᠢ᠂ ᠵᠡᠮᠳᠡᠭ ᠪᠠᠭᠤᠷᠠᠢ ᠬᠥᠮᠥᠰ ᠡᠴᠡ ᠰᠥᠢᠳᠭᠡᠯ ᠬᠤᠷᠢᠶᠠᠬᠤ ᠥᠭᠡᠢ ᠪᠡᠷ ᠮᠠᠯ᠎ᠢ ᠨᠢ ᠡᠮᠨᠡᠵᠤ ᠥᠭᠬᠥ ᠪᠠᠨ ᠤᠳᠤ ᠪᠤᠯᠳᠠᠯ᠎ᠠ ᠪᠠᠷᠢᠮᠳᠠᠯᠠᠬᠰᠠᠭᠠᠷ᠃ ᠡᠨᠡ ᠵᠢᠯ᠎ᠤᠨ 4 ᠰᠠᠷ᠎ᠠ ᠵᠢᠨ 17᠎ᠦ ᠡᠳᠥᠷ᠂ ᠬᠥᠨᠳᠥ ᠬᠡᠮ ᠳ᠋ᠤ ᠨᠡᠷᠪᠡᠭᠳᠡᠭᠰᠡᠨ ᠲᠤᠭᠤᠯ ᠵᠢᠨᠨ ᠬᠥᠷᠭᠡᠵᠤ ᠢᠷᠡᠭᠰᠡᠨ ᠨᠢᠭᠡᠨ ᠮᠠᠯᠴᠢᠨ ᠡᠳᠡᠭᠡᠬᠥ ᠳ᠋ᠤ ᠬᠥᠴᠢᠷᠳᠠᠢ ᠭᠡᠬᠥ ᠤᠨᠤᠰᠢᠯᠠᠭ᠎ᠠ ᠵᠢ ᠰᠤᠨᠤᠰᠤᠭᠠᠳ ᠰᠢᠭᠤᠳ ᠬᠠᠶᠠᠭᠠᠳ ᠶᠠᠪᠤᠴᠢᠬᠠᠪᠠ᠃ ᠰᠤᠶᠤᠯᠳᠤ ᠡᠭᠦᠨ᠎ᠢ ᠮᠡᠳᠡᠭᠰᠡᠨ᠎ᠤ ᠳᠠᠷᠠᠭ᠎ᠠ᠂ ᠱᠠᠪᠢ ᠨᠠᠷ ᠵᠢᠨᠨ ᠳᠠᠭᠠᠭᠤᠯᠤᠨ ᠲᠤᠰ ᠲᠤᠭᠤᠯ ᠳ᠋ᠤ ᠲᠡᠷᠡ ᠳᠠᠷᠤᠢ ᠮᠠᠰᠡ ᠵᠠᠰᠠᠯ ᠬᠢᠵᠤ᠂ ᠬᠥᠢᠰᠥ ᠡᠴᠡ ᠬᠠᠯᠳᠠᠪᠥᠷᠢᠯᠠᠵᠤ ᠡᠪᠳᠡᠷᠡᠭᠰᠡᠨ ᠭᠡᠳᠡᠰᠥ ᠵᠢᠨ ᠨᠢᠭᠡ ᠬᠡᠰᠡᠭ᠎ᠢ ᠨᠢ ᠤᠬᠳᠤᠯᠵᠤ ᠠᠪᠴᠠᠢ᠃ ᠳᠡᠭᠡᠭᠡᠳ ᠬᠡᠳᠥᠨ ᠡᠳᠥᠷ᠎ᠤᠨ ᠨᠠᠷᠢᠨ ᠨᠢᠮᠪᠠᠢ ᠠᠷᠠᠴᠢᠯᠠᠭ᠎ᠠ ᠳᠤᠤᠷ᠎ᠠ᠂ ᠲᠤᠰ ᠲᠤᠭᠤᠯ ᠡᠳᠡᠭᠡᠷᠡᠨ ᠪᠤᠰᠪᠠ᠃ ᠳᠡᠳᠡᠨᠡᠷ ᠲᠤᠬᠠᠢ ᠵᠢᠨ ᠥᠶᠡᠰ᠎ᠤᠨ ᠳᠡᠮᠳᠡᠭᠯᠡᠯ᠎ᠢ ᠤᠷᠪᠠᠭᠤᠯᠵᠤ ᠪᠠᠢᠮᠠᠨᠵᠢᠨ ᠰᠠᠶᠢ ᠲᠤᠭᠤᠯ᠎ᠤᠨ ᠡᠵᠡᠨ ᠨᠢ ᠠᠭᠤᠯᠠ ᠪᠠᠯᠭᠠᠰᠤᠨ᠎ᠤ ᠬᠠᠷᠠᠡᠷᠬᠢ ᠭᠠᠴᠠᠭᠠᠨ᠎ᠤ ᠮᠠᠯᠴᠢᠨ ᠴᠢᠩ ᠴᠢᠤᠧᠠᠨ ᠪᠤᠯᠬᠤ ᠵᠢ ᠮᠡᠳᠡᠵᠤ᠂ ᠳᠡᠭᠥᠨ᠎ᠳ᠋ᠦ ᠲᠤᠭᠤᠯ ᠵᠢᠨᠨ ᠠᠪᠠᠴᠢᠬᠤ ᠵᠢ ᠮᠡᠳᠡᠭᠳᠡᠭᠰᠡᠨ ᠪᠠᠢᠨ᠎ᠠ᠃  ᠡᠢᠮᠥ ᠥᠯᠢᠭᠡᠷ ᠡᠳᠡᠨᠡᠢᠬᠢᠨ᠎ᠦ ᠡᠮᠨᠡᠯᠭᠡ ᠵᠢᠨ ᠭᠠᠵᠠᠷ ᠵᠥᠩᠳᠡᠭᠡᠨ ᠡᠭᠥᠰᠳᠡᠭ ᠃ ᠡᠢᠨ᠎ᠬᠦ ᠨᠤᠲᠤᠬ ᠰᠠᠭᠠᠬᠠᠯᠲᠠ ᠵᠢᠨ ᠬᠢᠨ᠄《 ᠬᠥᠮᠥᠨ ᠨᠢ ᠳᠠᠷᠤᠥ ᠬᠢᠴᠢᠶᠡᠩᠭᠥᠢ᠂ ᠤᠷ᠎ᠠ ᠮᠡᠷᠭᠡᠵᠢᠯ ᠰᠠᠢᠳᠠᠢ᠂ ᠰᠤᠶᠤᠯᠳᠤ ᠡᠮᠴᠢ ᠪᠠᠢᠬᠤ ᠪᠡᠷ ᠪᠢᠳᠡ ᠮᠠᠯ ᠳᠡᠵᠢᠭᠡᠬᠥ ᠳ᠋ᠤ ᠰᠠᠨᠠᠭ᠎ᠠ ᠠᠮᠤᠷ ᠡ 》 ᠭᠡᠵᠤ ᠳᠡᠭᠥᠨ᠎ᠢ ᠥᠨᠡᠯᠡᠳᠡᠭ ᠪᠠᠢᠯ᠎ᠠ᠃

100 ᠱᠠᠪᠢ ᠬᠥᠮᠥᠵᠢᠭᠥᠯᠦᠭᠰᠡᠨ ᠮᠠᠯ᠎ᠤᠨ ᠡᠮᠴᠢᠯᠡᠭᠡᠨ᠎ᠤ ᠤᠯᠠᠮᠵᠢᠯᠠᠬᠴᠢ

ᠤᠯᠠᠭᠠᠨ ᠥᠭᠡᠷ᠎ᠤᠨ ᠠᠵᠤ ᠥᠢᠯᠡᠰ ᠨᠢ ᠬᠤᠷᠴᠢᠨ ᠵᠡᠭᠥᠨ ᠭᠠᠷᠤᠨ ᠬᠤᠢᠳᠤ ᠬᠤᠰᠢᠭᠤᠨ᠎ᠤ ᠳᠤᠯᠭᠠᠭᠤᠷᠢ ᠠᠵᠤ ᠥᠢᠯᠡᠰ ᠪᠤᠯᠬᠤ ᠶᠤᠮ᠃ ᠥᠢᠷ᠎ᠠ ᠵᠢᠨ ᠵᠢᠯ ᠳ᠋ᠤ᠂ ᠥᠭᠡᠷ᠎ᠤᠨ ᠵᠠᠬ᠎ᠠ ᠳᠡᠯᠭᠡᠭᠥᠷ ᠬᠥᠭᠵᠢᠶᠠᠨᠳᠠᠢ ᠪᠤᠯᠬᠤ ᠵᠢ ᠳᠠᠭᠠᠯᠳᠤᠨ᠂ ᠮᠠᠯᠴᠢᠨ ᠲᠠᠷᠢᠶᠠᠴᠢᠡ᠎ᠤ ᠳᠡᠵᠢᠭᠡᠵᠤ ᠥᠷᠡᠵᠢᠭᠥᠯᠬᠥ ᠢᠳᠡᠪᠬᠢᠵᠢᠯ᠎ᠴᠦ ᠤᠷᠢᠳ ᠭᠠᠷᠤᠭ᠎ᠠ ᠥᠭᠡᠢ ᠳᠠᠢᠴᠢᠯᠠᠬᠳᠠᠵᠠᠢ᠃ ᠤᠳᠤᠬᠠᠨ ᠳ᠋ᠤ ᠪᠥᠬᠥ ᠬᠤᠰᠢᠭᠤᠨ᠎ᠤ ᠤᠯᠠᠭᠠᠨ ᠥᠭᠡᠷ᠎ᠤᠨ ᠬᠠᠰᠢᠶᠠᠵᠢᠯᠲᠠ ᠵᠢᠨ ᠳᠤᠭ᠎ᠠ 92 ᠲᠥᠮᠡ ᠵᠢ ᠳᠠᠪᠠᠨ᠂ ᠥᠭᠡᠷ᠎ᠤᠨ ᠠᠵᠤ ᠥᠢᠯᠡᠰ᠎ᠤᠨ ᠤᠷᠤᠯᠭ᠎ᠠ ᠮᠠᠯᠴᠢᠨ ᠲᠠᠷᠢᠶᠠᠴᠢᠨ᠎ᠤ ᠵᠢᠯ᠎ᠤᠨ ᠪᠥᠬᠥ ᠤᠷᠤᠯᠭ᠎ᠠ ᠵᠢᠨ 70% ᠤᠷᠴᠢᠮ᠎ᠢ ᠡᠵᠡᠯᠡᠬᠥ ᠪᠤᠯᠪᠠ᠃ ᠡᠢᠨ᠎ᠬᠦ ᠲᠤᠬᠠᠢ ᠵᠢᠨ ᠭᠠᠵᠠᠷ᠎ᠤᠨ ᠮᠠᠯ ᠠᠵᠤ ᠠᠬᠤᠢ ᠵᠢᠨ ᠡᠷᠡᠭᠥᠯ ᠬᠥᠭᠵᠢᠯᠲᠠ ᠨᠢ ᠲᠤᠰᠬᠠᠢ ᠠᠵᠢᠯ ᠮᠡᠷᠭᠡᠵᠢᠯ᠎ᠤᠨ ᠴᠢᠳᠠᠪᠥᠷᠢᠳᠠᠨ᠎ᠢ ᠶᠡᠬᠡ ᠬᠡᠮᠵᠢᠶ᠎ᠡ ᠪᠡᠷ ᠱᠠᠭᠠᠷᠳᠠᠵᠤ᠂ ᠤᠨᠴᠠᠭᠠᠢᠯᠠᠨ ᠤᠷ᠎ᠠ ᠮᠠᠷᠭᠡᠵᠢᠯ ᠰᠠᠢᠳᠠᠢ ᠮᠠᠯ᠎ᠤᠨ ᠡᠮᠴᠢ ᠡᠴᠡ ᠰᠠᠯᠵᠤ ᠴᠢᠳᠠᠬᠤ ᠥᠭᠡᠢ ᠪᠤᠯᠤᠬᠰᠠᠨ ᠪᠠᠢᠨ᠎ᠠ᠃

ᠨᠡᠢᠭᠡᠮ᠎ᠤᠨ ᠬᠡᠷᠡᠭᠴᠡᠭᠡ ᠱᠠᠭᠠᠷᠳᠠᠯᠭ᠎ᠠ ᠳ᠋ᠤ ᠵᠤᠬᠢᠴᠠᠭᠤᠯᠤᠨ᠂ ᠮᠠᠯ᠎ᠤᠨ ᠡᠮᠴᠢ ᠵᠢᠨ ᠠᠵᠢᠯ ᠳ᠋ᠤ ᠳᠤᠷ᠎ᠠ ᠪᠠᠬ᠎ᠠ ᠲᠠᠢ ᠵᠠᠯᠠᠭᠤᠴᠤᠳ᠎ᠤᠨ ᠬᠥᠰᠡᠯ ᠵᠡᠭᠥᠳᠥ ᠵᠢ ᠳᠡᠷᠭᠡᠯᠰᠢᠭᠥᠯᠬᠥ ᠵᠢᠨ ᠲᠥᠯᠥᠭᠡ᠂ 2011 ᠤᠨ ᠡᠴᠡ ᠡᠬᠢᠯᠡᠨ ᠰᠤᠶᠤᠯᠳᠤ ᠱᠠᠪᠢ ᠡᠯᠰᠡᠵᠤ᠂ ᠥᠪᠡᠷ᠎ᠤᠨ ᠤᠯᠠᠨ ᠵᠢᠯ᠎ᠤᠨ ᠲᠤᠷᠱᠢᠯᠭ᠎ᠠ ᠮᠡᠷᠭᠡᠵᠢᠯ ᠵᠢᠨᠨ ᠬᠠᠷᠠᠮ ᠥᠭᠡᠢ ᠤᠯᠠᠮᠵᠢᠯᠠᠨ᠂ ᠲᠠᠰᠤᠷᠠᠯᠲᠠ ᠥᠭᠡᠢ ᠪᠤᠵᠠᠭᠠᠢ᠌ᠷᠠᠨ ᠬᠥᠭ᠌ᠵᠢᠵᠤ ᠪᠠᠢ᠌ᠭ᠎ᠠ ᠲᠤᠬᠠᠢ ᠵᠢᠨ ᠭᠠᠵᠠᠷ᠎ᠤᠨ ᠥᠭᠡᠷ᠎ᠤᠨ ᠠᠵᠤ ᠥᠢᠯᠡᠰ᠎ᠲᠦ ᠴᠢᠳᠠᠪᠥᠷᠢᠳᠡᠨ ᠬᠥᠮᠥᠵᠢᠭᠥᠯᠥᠨ ᠥᠭ᠌ᠬᠥ ᠪᠡᠷ ᠰᠢᠭᠤᠳᠪᠠ᠃ ᠵᠠᠷᠤᠳ ᠬᠤᠰᠢᠭᠤᠨ᠎ᠤ ᠴᠢᠨᠳᠠᠮᠤᠨᠢ ᠰᠤᠮᠤ ᠵᠢᠨ ᠴᠢᠨᠳᠠᠮᠤᠨᠢ ᠭᠠᠴᠠᠭ᠎ᠠ ᠵᠢᠨ ᠴᠢᠬᠢᠷᠠᠬ ᠪᠤᠯ ᠤᠳᠤᠬᠠᠨ ᠳ᠋ᠤ ᠳᠡᠭᠥᠨ᠎ᠢ ᠳᠠᠭᠠᠨ ᠰᠤᠷᠤᠯᠴᠠᠵᠤ ᠪᠠᠢᠭ᠎ᠠ ᠱᠠᠪᠢ ᠵᠢᠨ ᠬᠢᠨ ᠨᠢᠭᠡ ᠪᠠᠢ᠌ᠵᠤ᠂ ᠡᠮ ᠨᠡᠢᠷᠠᠭᠤᠯᠬᠤ᠂ ᠥᠭᠡᠷ᠎ᠲᠦ ᠡᠮ ᠶᠡᠭᠥᠯᠡᠬᠥ᠌ ᠵᠡᠷᠭᠡ ᠠᠵᠢᠯ ᠳ᠋ᠤ ᠰᠠᠭᠤᠳᠠᠯ ᠥᠭᠡᠢ ᠶᠠᠭᠠᠷᠠᠨ᠎ᠠ᠃ ᠳᠡᠷᠡ ᠪᠡᠷ 2016 ᠤᠨ ᠳ᠋ᠤ ᠥᠪᠥᠷ ᠮᠤᠩᠭᠤᠯ᠎ᠤᠨ ᠥᠨᠳᠥᠰᠥᠲᠠᠨ᠎ᠤ ᠶᠡᠬᠡ ᠰᠤᠷᠭᠠᠭᠤᠯᠢ ᠵᠢᠨ ᠠᠮᠢᠳᠠᠨ᠎ᠤ ᠰᠢᠨᠵᠢᠯᠡᠬᠥ ᠤᠬᠠᠭᠠᠨ ᠲᠧᠭᠨᠢᠭ ᠮᠡᠷᠭᠡᠵᠢᠯ᠎ᠤᠨ ᠳᠡᠭᠡᠳᠥ ᠰᠤᠷᠭᠠᠭᠤᠯᠢ ᠵᠢᠨ ᠠᠮᠢᠳᠠᠨ᠎ᠤ ᠠᠨᠠᠭᠠᠬᠤ ᠤᠬᠠᠭᠠᠨ᠎ᠤ ᠲᠤᠰᠬᠠᠢ ᠮᠡᠷᠭᠡᠵᠢᠯ ᠡᠴᠡ ᠰᠤᠷᠤᠯᠭ᠎ᠠ ᠲᠡᠭᠥᠰᠴᠥ᠂ ᠲᠤᠮᠤ ᠺᠤᠮᠫᠠᠨᠢ ᠪᠡᠷ ᠬᠡᠳᠥᠨ ᠵᠢᠯ ᠠᠵᠢᠯᠯᠠᠵᠤ ᠶᠠᠪᠤᠪᠠ᠃ ᠭᠡᠶ᠎ᠡ ᠥᠪᠡᠷ᠎ᠤᠨ ᠨᠤᠳᠤᠬ ᠲᠤᠨᠢ ᠮᠥᠨ᠎ᠬᠦ ᠮᠠᠯ᠎ᠤᠨ ᠡᠮᠴᠢ ᠳᠤᠳᠠᠬᠳᠠᠵᠤ ᠪᠠᠢᠭ᠎ᠠ ᠵᠢ ᠮᠡᠳᠡᠭᠰᠡᠨ ᠳᠡᠷᠡ ᠪᠡᠷ ᠨᠤᠲᠤᠬ ᠲᠠᠭᠠᠨ ᠬᠠᠷᠢᠬᠤ ᠪᠡᠷ ᠰᠢᠢᠳᠴᠠᠢ᠃ ᠲᠡᠷᠡ ᠤᠨᠤᠯ᠎ᠤᠨ ᠲᠠᠯ᠎ᠠ ᠪᠡᠷ ᠰᠢᠰᠲ᠋ᠧᠮ ᠲᠠᠢ ᠰᠤᠷᠤᠬᠰᠠᠨ᠎ᠴᠦ ᠲᠤᠷᠰᠢᠯᠭ᠎ᠠ ᠮᠡᠷᠭᠡᠵᠢᠯ ᠳᠤᠳᠠᠮᠠᠬ ᠭᠡᠰᠡᠨ ᠵᠢᠨᠨ ᠮᠡᠳᠡᠳᠡᠭ ᠪᠤᠯᠬᠤᠷ ᠪᠤᠰᠤᠳ᠎ᠤᠨ ᠲᠠᠨᠢᠯᠴᠠᠭᠤᠯᠭ᠎ᠠ ᠪᠡᠷ ᠰᠤᠶᠤᠯᠳᠤ   ᠵᠢ ᠡᠷᠢᠵᠤ ᠢᠷᠡᠪᠡ᠃ 《 ᠪᠢ  ᠡᠨᠳᠡ ᠢᠷᠡᠭᠡᠳ ᠬᠠᠭᠠᠰ ᠵᠢᠯ ᠭᠠᠷᠤᠢ ᠪᠤᠯᠵᠤ ᠪᠠᠢ᠌ᠨ᠎ᠠ᠂ ᠡᠬᠢᠯᠡᠩᠭᠥᠳᠡ ᠬᠠᠭᠠᠰ ᠵᠢᠯ ᠰᠤᠷᠬᠤ ᠪᠡᠷ ᠲᠥᠯᠥᠪᠯᠡᠵᠤ ᠪᠠᠢᠬᠰᠠᠨ᠂ ᠪᠠᠬ᠍ᠰᠢ ᠵᠢ ᠳᠠᠭᠠᠵᠤ ᠥᠢᠯᠡᠳᠥᠯᠭᠡ ᠪᠡᠷ ᠳᠠᠮᠵᠢᠨ ᠤᠪᠤᠭ᠎ᠠ ᠠᠷᠪᠢᠨ ᠶᠠᠭᠤᠮ᠎ᠠ ᠰᠤᠷᠤᠬᠰᠠᠨ ᠪᠤᠯᠬᠤᠷ ᠥᠷᠬᠥᠯᠵᠢᠯᠠᠨ ᠰᠤᠷᠤᠯᠴᠠᠬᠤ ᠪᠡᠷ ᠳᠤᠬᠳᠠᠯ᠎ᠠ 》 ᠭᠡᠵᠤ ᠴᠢᠬᠢᠷᠠᠬ ᠶᠠᠷᠢᠨ᠎ᠠ᠃ ᠤᠳᠤᠬᠠᠨ ᠳ᠋ᠤ ᠴᠢᠬᠢᠷᠠᠬ ᠱᠢᠬ ᠡᠨᠳᠡ ᠰᠤᠷᠴᠥ᠍ ᠪᠠᠢ᠌ᠭ᠎ᠠ 9 ᠱᠠᠪᠢ ᠪᠠᠢ᠌ᠵᠤ᠂ ᠡᠭᠥᠨ ᠳ᠋ᠤ 8 ᠬᠥᠮᠥᠨ ᠨᠢ ᠴᠥᠮ ᠶᠡᠬᠡ ᠳᠡᠭᠡᠳᠥ ᠰᠤᠷᠭᠠᠭᠤᠯᠢ ᠡᠴᠡ ᠳᠡᠭᠥᠰᠥᠭᠰᠡᠨ ᠤᠶᠤᠳᠠᠳ ᠪᠠᠢᠪᠠ᠃ 2011 ᠤᠨ ᠡᠴᠡ ᠨᠠᠭᠠᠰᠢ᠂ ᠰᠤᠶᠤᠯᠳᠤ ᠨᠢᠭᠡᠨᠳᠡ 100 ᠭᠠᠷᠤᠢ ᠱᠠᠪᠢ ᠬᠥᠮᠥᠵᠢᠭᠥᠯᠥᠭ᠌ᠰᠡᠨ ᠪᠠᠢ᠌ᠨ᠎ᠠ᠃

ᠰᠠᠶᠢᠬᠠᠨ 40 ᠨᠠᠰᠥᠨ᠎ᠤ ᠳᠥᠷᠥᠭᠡ ᠢᠰᠭᠥᠯᠥᠭᠰᠡᠨ ᠰᠤᠶᠤᠯᠳᠤ ᠥᠭᠡᠷ᠎ᠤᠨ ᠬᠡᠮ ᠬᠢᠵᠢᠭ᠂ ᠤᠨᠴᠠᠭᠠᠢ᠌ᠯᠠᠨ ᠲᠤᠭᠤᠯ᠎ᠤᠨ ᠭᠡᠮ ᠬᠢᠵᠢᠭ᠎ᠢ ᠠᠨᠠᠭᠠᠨ ᠵᠠᠰᠠᠬᠤ᠂ ᠥᠭᠡᠷ᠎ᠲᠦ ᠮᠠᠰᠠ ᠵᠠᠰᠠᠯ ᠬᠢᠬᠥ᠌ ᠵᠡᠷᠭᠡ ᠳ᠋ᠤ ᠴᠠᠭᠠᠷᠠᠵᠤ᠂ ᠥᠨᠥ ᠨᠢᠭᠡᠨᠳᠡ ᠬᠤᠯᠠ ᠥᠢᠷ᠎ᠠ ᠳ᠋ᠠᠭᠠᠨ ᠠᠯᠳᠠᠷᠰᠢᠬᠰᠠᠨ ᠮᠠᠯ᠎ᠤᠨ ᠡᠮᠴᠢ ᠪᠤᠯᠵᠠᠢ᠃  ᠭᠡᠶ᠎ᠡ ᠶᠠᠮᠠᠷ ᠨᠢᠭᠡᠨ ᠥᠷ᠎ᠡ ᠪᠥᠲᠥᠮᠵᠢ ᠨᠢ ᠤᠷᠤᠯᠳᠤᠯᠭ᠎ᠠ ᠴᠢᠷᠮᠠᠢᠯᠭ᠎ᠠ ᠡᠴᠡ ᠰᠠᠯᠵᠤ ᠴᠢᠳᠠᠬᠤ ᠥᠭᠡᠢ ᠶᠤᠮ᠃ 2005 ᠤᠨ ᠨᠢ ᠳᠡᠭᠥᠨ ᠳ᠋ᠤ ᠠᠪᠴᠥ ᠬᠡᠯᠡᠪᠡᠯ ᠬᠠᠮᠤᠬ ᠎ᠤᠨ ᠬᠥᠨ ᠰᠠᠭᠤᠬᠳᠠᠯ ᠲᠠᠢ ᠨᠢᠭᠡ ᠵᠢᠯ ᠪᠤᠯᠤᠨ᠎ᠠ᠂ ᠲᠤᠰ ᠵᠢᠯ ᠪᠡᠯᠴᠢᠭᠡᠷ ᠭᠠᠩᠳᠠᠵᠤ ᠳᠠᠴᠢᠷᠳᠠᠬᠰᠠᠨ ᠡᠴᠡ ᠲᠤᠬᠠᠢ ᠵᠢᠨ ᠭᠠᠵᠠᠷ᠎ᠤᠨ ᠬᠥᠯᠥᠭ ᠮᠤᠷᠢᠳ᠎ᠤᠨ ᠳᠤᠮᠳᠠ ᠭᠡᠳᠡᠰᠥ ᠲᠠᠬᠯᠠᠷᠠᠬᠤ ᠬᠡᠮ ᠳᠡᠯᠭᠡᠷᠡᠪᠡ᠂ ᠲᠡᠷᠡ ᠠᠵᠢᠯ ᠨᠢᠭᠡᠳᠠᠢ ᠬᠥᠮᠥᠰ ᠡᠴᠡ ᠠᠰᠠᠭᠤᠨ ᠰᠤᠷᠠᠬᠯᠠᠵᠤ᠂ ᠬᠠᠮᠢᠶ᠎ᠠ ᠪᠥᠬᠥᠢ ᠡᠮ᠎ᠢ ᠡᠷᠢᠵᠤ ᠪᠠᠢᠭᠠᠳ ᠬᠡᠷᠡᠭᠯᠡᠭᠰᠡᠨ᠎ᠴᠦ ᠲᠤᠰᠠ ᠪᠤᠯᠤᠭ᠎ᠠ ᠥᠭᠡᠢ ᠤᠶᠠᠭᠠᠨ ᠳᠡᠭᠡᠷ᠎ᠡ ᠨᠢ 9 ᠮᠤᠷᠢ ᠡᠨᠳᠡᠵᠠᠢ᠃ ᠡᠨᠡ ᠨᠢ ᠳᠡᠭᠥᠨ ᠳ᠋ᠤ ᠶᠡᠬᠡ ᠴᠤᠬᠢᠯᠲᠠ ᠪᠤᠯᠵᠤ᠂ ᠮᠠᠯ᠎ᠤᠨ ᠡᠮᠴᠢ ᠵᠢᠨ ᠠᠵᠢᠯ ᠵᠢᠨᠨ ᠵᠤᠬᠰᠤᠬᠤ ᠪᠤᠳᠤᠯ ᠤᠷᠤᠪᠠ᠃ ᠠᠷᠪᠠᠳᠠᠬᠢ ᠮᠤᠷᠢ ᠵᠢ ᠡᠭᠥᠳᠡᠨ ᠳ᠋ᠤᠨᠢ ᠬᠥᠳᠥᠯᠵᠤ ᠠᠪᠴᠢᠷᠠᠬᠤ ᠥᠶᠡᠰ᠂ ᠲᠡᠷᠡ ᠰᠢᠭᠤᠳᠬᠠᠨ ᠪᠤᠰᠤᠳ ᠭᠠᠵᠠᠷ ᠠᠪᠠᠴᠢᠵᠤ ᠵᠠᠰᠠᠭᠤᠯᠬᠤ ᠵᠢ ᠰᠠᠨᠠᠭᠤᠯᠵᠠᠢ᠂ ᠮᠤᠷᠢᠨ᠎ᠤ ᠡᠵᠡᠨ ᠨᠢ ᠪᠤᠰᠤᠳ ᠬᠥᠮᠥᠨ ᠳ᠋ᠤ ᠨᠡᠩ ᠢᠳᠡᠭᠡᠯ ᠥᠭᠡᠢ ᠬᠡᠮᠡᠨ ᠳᠡᠭᠥᠨ ᠵᠢᠨᠷ ᠵᠠᠰᠠᠭᠤᠯᠬᠤ ᠵᠢ ᠴᠢᠩᠭ᠎ᠠ ᠪᠠᠷᠢᠮᠳᠠᠯᠠᠬᠰᠠᠨ ᠳ᠋ᠤ᠂ ᠲᠡᠷᠡ ᠬᠠᠮᠤᠬ ᠤ᠋ᠨ ᠬᠢᠮᠳᠠ ᠬᠥᠬᠥᠷ ᠬᠥᠴᠢᠯ᠎ᠤᠨ ᠳᠠᠪᠤᠰᠤ  ᠤᠤᠭᠤᠯᠭᠠᠬᠰᠠᠨ ᠳ᠋ᠤ ᠡᠮ ᠨᠢ ᠥᠢᠯᠡᠳᠥᠯ ᠭᠠᠷᠴᠥ᠂ ᠮᠤᠷᠢ ᠨᠢ ᠡᠳᠡᠭᠡᠷᠡᠴᠢᠭᠡᠪᠡ᠃ ᠢᠩᠭᠢᠵᠤ ᠳᠡᠷᠡ ᠲᠤᠬᠠᠢ ᠵᠢᠨ ᠥᠶᠡᠰ᠎ᠤᠨ ᠬᠡᠳᠡᠰᠥ ᠳᠠᠬᠯᠠᠷᠠᠬᠰᠠᠨ ᠮᠤᠷᠢᠳ᠎ᠢ ᠪᠠᠭ᠎ᠠ ᠪᠤᠰᠤ ᠠᠪᠤᠷᠠᠵᠠᠢ᠃ ᠡᠨᠡ ᠶᠠᠪᠤᠳᠠᠯ ᠨᠢ ᠳᠡᠭᠥᠨ ᠳ᠋ᠤ 《ᠡᠪᠡᠳᠴᠢᠨ ᠳ᠋ᠤᠨᠢ ᠳᠠᠭᠠᠷᠠᠭᠤᠯᠵᠤ ᠡᠮ ᠳᠠᠯᠪᠢᠬᠤ 》 ᠴᠢᠬᠤᠯᠠ ᠴᠢᠨᠠᠷ᠎ᠢ ᠨᠡᠩ ᠭᠥᠨ ᠥᠢᠯᠠᠭᠠᠭᠤᠯᠤᠯ᠎ᠠ᠃ ᠲᠡᠭᠥᠨ ᠡᠴᠡ ᠬᠤᠢᠰᠢ᠂ ᠲᠡᠷᠡ ᠪᠡᠷ ᠶᠠᠮᠠᠷ ᠨᠢᠭᠡᠨ ᠬᠥᠨᠳᠥ ᠮᠠᠳᠠᠬ ᠲᠠᠢ ᠡᠪᠡᠳᠴᠢᠨ ᠲᠤᠬᠢᠶᠠᠯᠳᠤᠪᠠᠯ ᠠᠷᠭ᠎ᠠ ᠪᠥᠬᠥᠨ᠎ᠢ ᠰᠥᠪᠡᠭᠴᠢᠯᠡᠵᠤ᠂ ᠠᠯᠢᠪᠠ ᠥᠷᠡᠭᠳᠡᠯ᠎ᠢ ᠥᠯᠥ ᠬᠠᠢᠬᠤᠷᠤᠨ ᠪᠡᠷᠭᠡ ᠠᠰᠠᠭᠤᠳᠠᠯ᠎ᠢ ᠰᠢᠢᠳᠪᠥᠷᠢᠯᠡᠵᠤ ᠳᠤᠭᠤᠯᠬᠤ ᠠᠵᠢᠯ᠎ᠤᠨ ᠬᠡᠪ ᠰᠤᠷᠳᠠᠯ᠎ᠢ ᠪᠤᠢ ᠪᠤᠯᠭᠠᠪᠠ᠃ ᠵᠢᠷᠤᠭᠡᠨ ᠳ᠋ᠤᠨᠢ ᠳᠡᠮᠥᠷ ᠰᠢᠬᠢᠳᠥᠭᠰᠡᠨ ᠥᠭᠡᠷ᠎ᠢ ᠠᠪᠤᠷᠠᠬᠤ ᠵᠢᠨ ᠲᠥᠯᠥᠭᠡ ᠲᠡᠷᠡ ᠪᠡᠷ ᠤᠯᠠᠭᠠᠨᠬᠠᠳᠠ ᠬᠤᠲᠠ ᠵᠢᠨ ᠠᠷᠤ ᠬᠤᠷᠴᠢᠨ ᠬᠤᠰᠢᠭᠤᠨ᠎ᠤ ᠥᠭᠡᠷ᠎ᠤᠨ ᠮᠠᠰᠠ ᠵᠠᠰᠠᠯ ᠳ᠋ᠤ ᠴᠠᠭᠠᠷᠠᠬᠰᠠᠨ ᠳᠡᠭᠥᠨ ᠲᠠᠢ ᠠᠳᠠᠯᠢᠬᠠᠨ ᠨᠡᠷ᠎ᠡ ᠲᠠᠢ ᠨᠡᠷᠡᠳᠥ ᠡᠮᠴᠢ ᠰᠤᠶᠤᠯᠳᠤ ᠵᠢ ᠵᠠᠯᠠᠵᠤ ᠠᠪᠴᠢᠷᠠᠨ ᠮᠠᠰᠠ ᠵᠠᠰᠠᠯ ᠬᠢᠯᠭᠡᠵᠤ᠂ ᠲᠤᠷᠰᠢᠯᠭ᠎ᠠ ᠮᠡᠷᠭᠡᠵᠢᠯ ᠵᠢᠨᠨ ᠰᠤᠯᠢᠯᠴᠠᠨ᠂ ᠥᠪᠡᠷ᠎ᠤᠨ ᠤᠷ᠎ᠠ ᠮᠡᠷᠭᠡᠵᠢᠯ ᠵᠢᠨᠨ ᠳᠡᠭᠡᠭᠰᠢᠯᠡᠭᠥᠯᠵᠠᠢ; ᠰᠠᠶᠢᠬᠠᠨ ᠲᠥᠷᠥᠭᠰᠡᠨ ᠲᠤᠭᠤᠯ᠎ᠤᠨ ᠴᠢᠴᠠᠭ᠎ᠠ ᠠᠯᠳᠠᠬᠤ ᠬᠡᠮ ᠳᠡᠯᠭᠡᠷᠡᠵᠤ ᠪᠠᠢᠭ᠎ᠠ ᠵᠢ ᠮᠡᠳᠡᠮᠡᠭᠴᠡ᠂ ᠳᠡᠷᠡ ᠪᠡᠷ ᠬᠡᠮ ᠲᠠᠢ ᠲᠤᠭᠤᠯ᠎ᠤᠨ ᠴᠢᠰᠥ ᠪᠠ ᠴᠢᠴᠠᠭ᠎ᠠ ᠠᠯᠳᠠᠬᠤ ᠵᠢ ᠵᠠᠰᠠᠬᠤ ᠡᠯ᠎ᠡ ᠵᠥᠢᠯ᠎ᠤᠨ ᠡᠮ ᠵᠢᠨᠨ ᠠᠪᠴᠥ ᠥᠪᠥᠷ ᠮᠤᠩᠭᠤᠯ᠎ᠤᠨ ᠥᠨᠳᠥᠰᠥᠳᠠᠨ᠎ᠤ ᠶᠡᠬᠡ ᠰᠤᠷᠭᠠᠭᠤᠯᠢ ᠵᠢᠨ ᠠᠮᠢᠳᠠᠨ᠎ᠤ ᠰᠢᠨᠵᠢᠯᠡᠬᠥ ᠤᠬᠠᠭᠠᠨ ᠲᠧᠭᠨᠢᠭ ᠮᠡᠷᠭᠡᠵᠢᠯ᠎ᠤᠨ ᠳᠡᠭᠡᠳᠥ ᠰᠤᠷᠭᠠᠭᠤᠯᠢ ᠳ᠋ᠤ ᠬᠦᠷᠴᠦ᠂ ᠡᠪᠡᠳᠴᠢᠨ ᠳ᠋ᠤ ᠵᠠᠳᠠᠯᠤᠯᠲᠠ ᠬᠢᠯᠭᠡᠨ᠂ ᠶᠠᠮᠠᠷ ᠡᠮ ᠨᠢ ᠬᠠᠮᠤᠬ ᠤ᠋ᠨ ᠥᠷ᠎ᠡ ᠪᠥᠲᠥᠮᠵᠢᠲᠠᠢ ᠪᠠᠢᠬᠤ ᠲᠤᠬᠠᠢ ᠲᠤᠷᠰᠢᠯᠲᠠ ᠬᠢᠯᠭᠡᠵᠤ᠂ ᠲᠤᠭᠤᠯ᠎ᠤᠨ ᠥᠬᠥᠯ ᠰᠥᠢᠳᠥᠯ᠎ᠢ ᠳᠠᠷᠤᠢᠬᠠᠨ ᠬᠤᠷᠢᠬᠯᠠᠪᠠ᠋; ᠠᠮᠢᠰᠬᠤᠯ᠎ᠤᠨ ᠰᠢᠰᠲᠧᠮ᠎ᠤᠨ ᠡᠪᠡᠳᠴᠢᠨ ᠳ᠋ᠤ ᠬᠥᠨᠳᠥ ᠨᠡᠷᠪᠡᠭᠳᠡᠭᠰᠡᠨ ᠭᠠᠬᠠᠢ᠂ ᠥᠭᠡᠷ᠎ᠢ ᠡᠮᠨᠡᠵᠤ ᠠᠪᠤᠷᠠᠬᠤ ᠵᠢᠨ ᠲᠥᠯᠥᠭᠡ᠂ ᠲᠡᠷᠡ   ᠯᠢᠲ᠋ᠷ ᠪᠦᠷᠢ ᠳ᠋ᠡᠬᠡᠨ 2 ᠲᠥᠮᠡᠨ ᠲᠥᠭᠥᠷᠢᠭ᠎ᠤᠨ ᠦᠨ᠎ᠡ ᠳ᠋ᠦ ᠬᠦᠷᠬᠦ ᠤᠨᠴᠨ ᠲᠤᠰᠠᠳᠠᠢ ᠭᠠᠳᠠᠭᠠᠳᠤ ᠡᠴᠡ ᠤᠷᠤᠭᠤᠯᠤᠬᠰᠠᠨ ᠳᠧᠯᠠᠮᠢᠼᠢᠨ ᠡᠮ᠎ᠢ ᠬᠤᠳᠠᠯᠳᠤᠨ ᠠᠪᠴᠥ᠂ ᠮᠠᠯᠴᠢᠨ ᠲᠠᠷᠢᠶᠠᠴᠢᠨ ᠳ᠋ᠤ ᠤᠷᠤᠭᠤᠯᠤᠬᠰᠠᠨ ᠥᠨ᠎ᠡ ᠪᠡᠷ ᠵᠢᠨᠨ ᠪᠤᠳᠤᠵᠤ ᠥᠭᠪᠡ  ᠁

ᠤᠳᠤᠬᠠᠨ ᠳ᠋ᠤ ᠳᠡᠭᠥᠨ᠎ᠤ ᠠᠮᠢᠳᠠᠨ᠎ᠤ ᠡᠮᠨᠡᠯᠭᠡ ᠵᠢᠨ ᠭᠠᠵᠠᠷ᠎ᠲᠦ 400 ᠭᠠᠷᠤᠢ ᠵᠥᠢᠯ᠎ᠤᠨ ᠡᠮ ᠪᠠᠢᠵᠤ᠂ ᠡᠭᠡᠯᠢᠯᠡᠭᠡ ᠵᠢᠨ ᠬᠡᠮᠵᠢᠶᠠᠨ᠎ᠤ ᠵᠠᠳᠠᠯᠤᠭᠤᠷ᠂ ᠵᠢᠭᠤᠳᠠᠩᠭᠤᠢ ᠮᠠᠰᠢᠨ᠂ ᠮᠢᠺᠷᠣᠰᠺᠣᠫ᠂ ᠴᠠᠬᠢᠯᠭᠠᠨ ᠥᠯᠢᠶᠡᠭᠥᠷᠳᠥ ᠬᠠᠳᠠᠭᠠᠯᠲᠠ ᠵᠢᠨ ᠬᠠᠢᠷᠴᠠᠬ᠂ ᠴᠢᠰᠥ ᠪᠠᠢᠴᠠᠭᠠᠬᠤ ᠵᠤᠷᠰᠢᠯ᠎ᠤᠨ ᠵᠠᠳᠠᠯᠤᠭᠤᠷ᠂ ᠡᠮᠨᠡᠯᠭᠡ ᠵᠢᠨ ᠥᠷᠡᠵᠢᠭᠥᠯᠬᠥ ᠬᠠᠢᠷᠴᠠᠬ᠂ B ᠬᠡᠳᠤ ᠳᠣᠯᠭᠢᠶᠠᠨ᠎ᠤ ᠮᠠᠱᠢᠨ ᠵᠡᠷᠭᠡ ᠡᠮᠴᠢᠯᠡᠭᠡᠨ᠎ᠤ ᠬᠡᠷᠡᠭᠰᠡᠯ ᠲᠥᠬᠥᠭᠡᠷᠥᠮᠵᠢ ᠵᠢ ᠪᠥᠷᠢᠨᠰᠢᠭᠥᠯᠥᠨ᠂ ᠮᠠᠯ᠎ᠤᠨ ᠭᠡᠮ ᠬᠢᠵᠢᠭ᠎ᠤᠨ ᠪᠠᠢᠴᠠᠭᠠᠯᠲᠠ᠂ ᠵᠠᠳᠠᠯᠤᠯᠲᠠ ᠪᠠ ᠡᠮᠴᠢᠯᠡᠭᠡ ᠵᠢ ᠴᠥᠮ ᠪᠡᠶ᠎ᠡ ᠪᠠᠨ ᠳᠠᠭᠠᠭᠠᠵᠤ ᠪᠡᠶᠡᠯᠡᠭᠥᠯᠬᠥ ᠪᠤᠯᠪᠠ᠃ ᠡᠮᠥᠨᠡᠬᠡᠨ᠂ ᠳᠡᠭᠥᠨ᠎ᠤ ᠡᠮᠴᠢᠯᠡᠭᠡᠨ᠎ᠤ ᠭᠠᠵᠠᠷ᠎ᠤᠨ ᠤᠯᠠᠮᠵᠢᠯᠠᠯᠲᠤ ᠮᠠᠯ᠎ᠤᠨ ᠡᠮᠴᠢ ᠵᠢᠨ ᠡᠮᠴᠢᠯᠡᠭᠡ ᠨᠢ ᠲᠥᠩᠯᠢᠶᠤᠤ ᠬᠤᠲᠠ ᠵᠢᠨ ᠲᠤᠯᠥᠳᠤᠭᠠᠷ ᠪᠥᠯᠥᠭ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠥᠯᠥᠭᠡᠯᠡᠭᠥ ᠴᠢᠨᠠᠷᠲᠠᠢ ᠲᠥᠷᠥᠯ ᠵᠥᠢᠯ ᠳ᠋ᠤ ᠵᠢᠬᠰᠠᠭᠠᠬᠳᠠᠵᠤ᠂ ᠰᠤᠶᠤᠯᠳᠤ 《ᠤᠯᠠᠮᠵᠢᠯᠠᠯᠳᠤ ᠵᠠᠰᠠᠯ᠎ᠤᠨ ᠤᠯᠠᠮᠵᠢᠯᠠᠬᠴᠢ》 ᠪᠤᠯᠵᠠᠢ᠃ ᠡᠳᠤᠭᠡ ᠳᠡᠭᠥᠨ᠎ᠤ ᠱᠠᠪᠢ ᠨᠠᠷ ᠨᠢ ᠬᠤᠰᠢᠭᠤ ᠳᠠᠶᠠᠭᠠᠷ᠂ ᠳᠡᠷᠡᠴᠢᠯᠡᠨ ᠲᠥᠩᠯᠢᠶᠤᠤ ᠬᠤᠲᠠ ᠵᠢᠨ ᠡᠯ᠎ᠡ ᠬᠤᠰᠢᠭᠤ ᠰᠢᠶᠠᠨ ᠳ᠋ᠤ ᠲᠠᠷᠬᠠᠵᠤ᠂ ᠪᠥᠬᠥ ᠬᠤᠲᠠ ᠵᠢᠨ ᠮᠠᠯ ᠤᠨᠤᠭ᠎ᠠ ᠵᠢᠨ ᠡᠮᠴᠢᠯᠡᠭᠡ ᠵᠢᠨ ᠠᠵᠢᠯ ᠳ᠋ᠤ ᠭᠤᠤᠯ ᠬᠥᠴᠥᠨ ᠪᠤᠯᠤᠨ ᠬᠢᠯᠠᠷᠠᠭᠤᠯᠵᠦ ᠶᠠᠪᠤᠨ᠎ᠠ᠃ 《ᠭᠠᠬᠴᠠ ᠮᠤᠳᠤ ᠭᠠᠯ ᠪᠤᠯᠳᠠᠬ ᠥᠭᠡᠢ ᠶᠤᠮ᠂ ᠪᠢ ᠱᠠᠪᠢ ᠨᠠᠷ ᠲᠠᠢ ᠪᠠᠨ ᠶᠠᠷᠥᠨᠢ ᠲᠤᠷᠰᠢᠯᠭ᠎ᠠ ᠤᠯᠤᠯᠲᠠ ᠪᠠᠨ ᠬᠤᠪᠢᠶᠠᠯᠴᠠᠵᠤ ᠶᠠᠪᠤᠳᠠᠬ ᠡ᠂ ᠳᠡᠵᠢᠭᠡᠪᠥᠷᠢ ᠵᠢᠨ ᠥᠢᠯᠡᠰ ᠥᠳᠳᠡᠷ ᠲᠦᠷᠭᠡᠨ ᠬᠥᠭᠵᠢᠵᠤ ᠪᠠᠢᠭ᠎ᠠ ᠥᠨᠥᠳᠥᠷ᠂ ᠨᠤᠲᠤᠬ ᠤᠰᠤᠨ᠎ᠤ ᠮᠠᠯ ᠠᠵᠤ ᠠᠬᠤᠢ ᠵᠢᠨ ᠡᠷᠡᠭᠥᠯ ᠬᠥᠭᠵᠢᠯᠲᠠ ᠵᠢᠨ〈ᠬᠠᠮᠠᠭᠠᠯᠠᠬᠴᠢ〉 ᠪᠤᠯᠵᠤ ᠶᠠᠪᠤᠭ᠎ᠠ ᠳ᠋ᠠᠭᠠᠨ ᠪᠢᠳᠡ ᠤᠮᠤᠬᠰᠢᠳᠠᠬ ᠪᠥᠭᠡᠳ ᠬᠤᠢᠰᠢᠳᠠ ᠤᠷ᠎ᠠ ᠮᠡᠷᠭᠡᠵᠢᠯ ᠵᠢᠨᠨ ᠨᠡᠩ ᠳᠡᠭᠡᠭᠰᠢᠯᠡᠭᠥᠯᠵᠤ᠂ ᠮᠠᠯᠴᠢᠨ ᠲᠠᠷᠢᠶᠠᠴᠢᠨ ᠠᠬ᠎ᠠ ᠳᠡᠭᠥᠤ ᠨᠠᠷ ᠲᠠᠭᠠᠨ ᠥᠷᠬᠥᠯᠵᠢᠯᠠᠨ ᠠᠴᠢ ᠲᠤᠰᠠ ᠬᠥᠷᠭᠡᠵᠤ ᠶᠠᠪᠤᠨ᠎ᠠ 》 ᠭᠡᠵᠤ ᠰᠤᠶᠤᠯᠳᠤ ᠰᠡᠳᠬᠢᠯ ᠲᠡᠨᠢᠭᠥᠨ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号