ᠡᠳᠡᠭᠡᠷ ᠳᠤᠭᠳᠠᠭᠠᠯ᠎ᠢ 8 ᠰᠠᠷ᠎ᠠ᠎ᠶᠢᠨ 1 ᠡᠴᠡ ᠡᠬᠢᠯᠡᠵᠦ ᠬᠡᠷᠡᠭᠵᠢᠭᠦᠯᠪᠠ
2022-08-05 10:33:08
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

2.png

ᠭᠠᠭᠴᠠᠭᠠᠷ ᠡᠵᠡᠮᠰᠢᠯ᠎ᠢ ᠡᠰᠡᠷᠭᠦᠴᠡᠬᠦ᠌ ᠬᠠᠤᠯᠢ᠎ᠳᠤ ᠠᠩᠬ᠎ᠠ ᠤᠳᠠᠭ᠎ᠠ ᠵᠠᠰᠠᠪᠤᠷᠢ ᠤᠷᠤᠭᠤᠯᠪᠠ

ᠵᠠᠰᠠᠪᠤᠷᠢ ᠣᠷᠣᠭᠤᠯᠤᠭ᠍ᠰᠠᠨ᠎ᠤ ᠳᠠᠷᠠᠭᠠᠬᠢ 《ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠭᠠᠭᠴᠠᠭᠠᠷ ᠡᠵᠡᠮᠰᠢᠯ᠎ᠢ ᠡᠰᠡᠷᠭᠦᠴᠡᠬᠦ᠌ ᠬᠠᠤᠯᠢ》 ᠵᠢ 8 ᠰᠠᠷ᠎ᠠ᠎ᠶ᠋ᠢᠨ 1᠎ᠡᠴᠡ ᠡᠬᠢᠯᠡᠵᠦ᠍ ᠬᠡᠷᠡᠭ᠌ᠵᠢᠭᠦᠯᠦᠨ᠎ᠡ᠃  ᠡᠵᠡᠩᠨᠡᠭ᠌ᠴᠢ ᠲᠣᠭ᠎ᠠ ᠪᠠᠷᠢᠮᠲᠠ ᠪᠠ ᠪᠤᠳᠤᠬᠤ ᠠᠷᠭ᠎ᠠ᠂ ᠮᠡᠷᠭᠡᠵᠢᠯ᠂ ᠬᠥᠷᠥᠩᠭᠡ᠎ᠶ᠋ᠢᠨ ᠳᠠᠪᠠᠭᠤᠯᠢᠭ ᠵᠢᠴᠢ ᠲᠠᠪᠴᠠᠩ᠎ᠤᠨ ᠲᠦᠷᠢᠮ ᠵᠡᠷᠭᠡ᠎ᠶ᠋ᠢ ᠠᠱᠢᠭ᠍ᠯᠠᠨ ᠲᠣᠰ ᠬᠠᠤᠯᠢ᠎ᠳᠤ ᠴᠠᠭᠠᠵᠠᠯᠠᠭ᠍ᠰᠠᠨ ᠭᠠᠭᠴᠠᠭᠠᠷ ᠡᠵᠡᠮᠰᠢᠯ᠎ᠤᠨ ᠠᠵᠢᠯᠯᠠᠭ᠎ᠠ᠎ᠶ᠋ᠢ ᠬᠢᠵᠦ᠍ ᠪᠣᠯᠬᠤ ᠥᠬᠡᠶ ᠭᠡᠵᠦ᠍ ᠲᠣᠭ᠍ᠲᠠᠭᠠᠵᠠᠶ ᠃

ᠢᠨᠲ᠋ᠸᠷ ᠰᠦᠯᠵᠢᠶᠡᠨ᠎ᠦ ᠮᠡᠳᠡᠭᠡ ᠵᠠᠩᠭᠢ᠎ᠵᠢᠨ ᠦᠢᠯᠡᠴᠢᠯᠡᠬᠡ ᠬᠠᠩᠭᠠᠬᠴᠢ ᠬᠠᠷᠢᠭᠤᠴᠠᠯᠭ᠎ᠠ ᠪᠡᠨ ᠬᠦᠢᠴᠡᠳᠬᠡᠬᠦ ᠵᠢ ᠱᠠᠭᠠᠷᠳᠠᠪᠠ

《ᠢᠨᠲ᠋ᠸᠷ ᠰᠦᠯᠵᠢᠶᠡᠨ᠎ᠦ ᠬᠡᠷᠡᠭ᠌ᠯᠡᠭ᠌ᠴᠢ᠎ᠶ᠋ᠢᠨ ᠲᠠᠩᠰᠠᠨ ᠨᠣᠮᠧᠷ᠎ᠦᠨ ᠮᠡᠳᠡᠭᠡ ᠵᠠᠩᠭᠢ᠎ᠶ᠋ᠢᠨ ᠬᠠᠮᠢᠶᠠᠷᠤᠯᠲᠠ᠎ᠶ᠋ᠢᠨ ᠲᠣᠭ᠍ᠲᠠᠭᠠᠯ》 ᠢ᠋ 8 ᠰᠠᠷ᠎ᠠ᠎ᠶ᠋ᠢᠨ1᠎ᠡᠴᠡ ᠡᠬᠢᠯᠡᠨ ᠬᠡᠷᠡᠭ᠌ᠵᠢᠭᠦᠯᠵᠦ᠍᠂ ᠢᠨᠲ᠋ᠸᠷ ᠰᠦᠯᠵᠢᠶᠡᠨ᠎ᠦ ᠮᠡᠳᠡᠭᠡ ᠵᠠᠩᠭᠢ᠎ᠶ᠋ᠢᠨ ᠦᠶ᠋ᠯᠡᠴᠢᠯᠡᠭᠡ ᠬᠠᠩᠭᠠᠭ᠍ᠴᠢ᠎ᠶ᠋ᠢ ᠪᠡᠶᠡᠴᠢ ᠴᠣᠭ᠍ᠴᠠ᠎ᠶ᠋ᠢᠨ ᠬᠠᠷᠢᠭᠤᠴᠠᠯᠭ᠎ᠠ᠎ᠪᠠᠨ ᠭᠦᠶ᠋ᠴᠡᠳᠭᠡᠬᠦ᠌ ᠬᠡᠷᠡᠭ᠌ᠲᠡᠶ ᠭᠡᠵᠦ᠍ ᠱᠠᠭᠠᠷᠳᠠᠪᠠ;ᠦᠨᠡᠨ ᠪᠡᠶ᠎ᠡ ᠵᠢᠨ ᠭᠠᠷᠤᠯ᠎ᠤᠨ ᠮᠡᠳᠡᠭᠡ ᠵᠠᠩᠭᠢ᠎ᠶ᠋ᠢ ᠭᠡᠷᠡᠴᠢᠯᠡᠬᠦ᠌᠂ ᠳᠠᠩᠰᠠᠯᠠᠭᠤᠯᠤᠬᠴᠢ᠎ᠶ᠋ᠢᠨ ᠮᠡᠳᠡᠭᠡ ᠵᠠᠩᠭᠢ᠎ᠶ᠋ᠢ ᠬᠢᠨᠠᠨ ᠱᠢᠯᠭᠠᠬᠤ᠂ ᠮᠡᠳᠡᠭᠡ ᠵᠠᠩᠭᠢ᠎ᠶ᠋ᠢᠨ ᠠᠭᠤᠯᠭ᠎ᠠ᠎ᠶ᠋ᠢᠨ ᠠᠮᠤᠷ ᠲᠦᠪᠱᠢᠨ᠂ ᠬᠤᠪᠢ ᠬᠥᠮᠦᠨ᠎ᠦ ᠮᠡᠳᠡᠭᠡ ᠵᠠᠩᠭᠢ᠎ᠶ᠋ᠢ ᠬᠠᠮᠠᠭᠠᠯᠠᠬᠤ ᠵᠡᠷᠭᠡ ᠬᠠᠮᠢᠶᠠᠷᠤᠯᠲᠠ᠎ᠶ᠋ᠢᠨ ᠳᠦᠷᠢᠮ᠎ᠢ ᠪᠠᠢᠭᠤᠯᠤᠨ ᠪᠦᠷᠢᠨᠱᠢᠭᠦᠯᠬᠦ᠌ ᠵᠢᠨ ᠬᠠᠮᠲᠤ ᠴᠢᠩᠭ᠎ᠠ ᠨᠠᠢᠳᠠᠪᠤᠷᠢᠵᠢᠭᠤᠯᠤᠨ᠎ᠠ; ᠬᠠᠤᠯᠢ ᠲᠣᠭ᠍ᠲᠠᠭᠠᠯ᠎ᠠᠴᠠ ᠵᠥᠷᠢᠴᠡᠨ ᠳᠠᠩᠰᠠᠯᠠᠭᠤᠯᠬᠤ ᠪᠠ ᠲᠠᠩᠰᠠᠨ᠎ᠤ ᠨᠣᠮᠧᠷ᠎ᠤᠨ ᠮᠡᠳᠡᠭᠡ ᠵᠠᠩᠬᠢ ᠵᠢ  ᠬᠡᠷᠡᠭ᠌ᠯᠡᠭ᠌ᠰᠡᠨ ᠪᠠᠢᠳᠠᠯ᠎ᠳᠤ  ᠵᠤᠬᠢᠰᠳᠠᠢ ᠱᠢᠶ᠋ᠳᠪᠦᠷᠢᠯᠡᠬᠦ᠌ ᠠᠷᠭ᠎ᠠ ᠬᠡᠮᠵᠢᠶ᠎ᠡ ᠠᠪᠬᠤ ᠬᠡᠷᠡᠭ᠌ᠲᠡᠶ᠃

ᠳᠠᠭᠠᠷᠠᠭᠤᠯᠵᠤ ᠥᠯᠥᠰᠭᠡᠬᠦ᠂ ᠦᠷᠬᠦᠯᠵᠢ ᠭᠤᠳᠤᠭᠠᠨ ᠳᠣᠷᠣᠮᠵᠢᠯᠠᠬᠤ᠂ ᠰᠦᠷᠳᠡᠭᠦᠯᠬᠦ ᠵᠡᠷᠭᠡ ᠨᠢ ᠴᠥᠮ ᠬᠡᠷ  ᠪᠦᠯᠢ᠎ᠶ᠋ᠢᠨ ᠬᠦᠴᠦᠷᠬᠡᠭ᠌ᠯᠡᠯ᠎ᠳᠦ ᠲᠣᠭᠠᠴᠢᠭ᠍ᠳᠠᠨ᠎ᠠ

《ᠬᠥᠮᠦᠨ᠎ᠦ ᠪᠡᠶ᠎ᠡ᠎ᠶ᠋ᠢᠨ ᠠᠮᠤᠷ ᠲᠦᠪᠱᠢᠨ᠎ᠢ ᠬᠠᠮᠠᠭᠠᠯᠠᠬᠤ ᠵᠠᠷᠯᠢᠭ ᠲᠠᠢ ᠬᠤᠯᠪᠤᠬᠳᠠᠭᠰᠠᠨ ᠬᠡᠷᠡᠭ᠎ᠢ ᠰᠢᠢᠳᠪᠦᠷᠢᠯᠡᠬᠦ᠎ᠳᠦ ᠳᠤᠬᠢᠷᠠᠬᠤ ᠬᠠᠤᠯᠢ ᠴᠠᠭᠠᠵᠠ ᠵᠢᠨ ᠠᠰᠠᠭᠤᠳᠠᠯ᠎ᠤᠳ᠎ᠤᠨ ᠲᠤᠬᠠᠶ ᠠᠷᠠᠳ᠎ᠤᠨ ᠳᠡᠭᠡᠳᠦ ᠱᠢᠭᠦᠬᠦ᠌ ᠬᠣᠷᠢᠶᠠᠨ᠎ᠤ ᠲᠣᠭ᠍ᠲᠠᠭᠠᠯ》 ᠢ᠋ 8 ᠰᠠᠷ᠎ᠠ᠎ᠶ᠋ᠢᠨ1᠎ᠤ᠋ ᠡᠳᠦᠷ᠎ᠡᠴᠡ ᠡᠬᠢᠯᠡᠵᠦ᠍ ᠬᠡᠷᠡᠭ᠌ᠵᠢᠭᠦᠯᠦᠨ᠎ᠡ᠃ ᠳᠠᠭᠠᠷᠠᠭᠤᠯᠵᠤ ᠥᠯᠥᠰᠭᠡᠬᠦ ᠵᠢᠴᠢ ᠦᠷᠬᠦᠯᠵᠢ ᠭᠤᠲᠤᠭᠠᠨ ᠳᠣᠷᠣᠮᠵᠢᠯᠠᠬᠤ᠂ ᠭᠦᠳᠭᠡᠬᠦ᠂ ᠰᠦᠷᠳᠡᠭᠦᠯᠬᠦ᠂ ᠮᠥᠷᠳᠡᠬᠦ᠂ ᠬᠠᠯᠳᠠᠬᠤ ᠵᠡᠷᠭᠡ᠎ᠨᠢ ᠴᠥᠮ ᠬᠡᠷ ᠪᠦᠯᠢ᠎ᠶ᠋ᠢᠨ ᠬᠦᠴᠦᠷᠬᠡᠭ᠌ᠯᠡᠯ᠎ᠳᠦ ᠲᠣᠭᠠᠴᠢᠭ᠍ᠳᠠᠨ᠎ᠠ ᠭᠡᠵᠦ᠍ ᠲᠣᠳᠣᠷᠬᠠᠶ ᠲᠣᠭ᠍ᠲᠠᠭᠠᠪᠠ᠃

ᠪᠠᠷᠢᠯᠭ᠎ᠠ᠎ᠶ᠋ᠢᠨ ᠠᠬᠢᠴᠠ᠎ᠶ᠋ᠢ ᠦᠨᠳᠦᠰᠦᠯᠡᠨ ᠵᠣᠭᠣᠰ ᠥᠭ᠌ᠬᠦ ᠬᠠᠷᠢᠴᠠᠯ᠎ᠢ 80%  ᠬᠦᠷᠲᠡᠯ᠎ᠡ ᠳᠡᠭᠡᠭ᠌ᠰᠢᠯᠡᠭᠦᠯᠦᠨ᠎ᠡ

《ᠪᠥᠲᠥᠭᠡᠨ ᠪᠠᠢᠭᠤᠯᠤᠯᠲᠠ᠎ᠶ᠋ᠢᠨ ᠪᠠᠷᠢᠯᠭ᠎ᠠ᠎ᠶ᠋ᠢᠨ ᠵᠣᠭᠣᠰ᠎ᠢ ᠳ᠋ᠦᠩᠨᠡᠨ ᠪᠤᠳᠤᠬᠤ ᠬᠣᠯᠪᠣᠭ᠍ᠳᠠᠯ ᠪᠥᠬᠥᠶ ᠠᠷᠭ᠎ᠠ᠎ᠶ᠋ᠢ ᠲᠡᠭᠦᠯᠳᠡᠷᠵᠢᠭᠦᠯᠬᠦ᠌ ᠲᠤᠬᠠᠶ ᠮᠡᠳᠡᠭ᠌ᠳᠡᠯ》 ᠎ᠢ᠋ 8 ᠰᠠᠷ᠎ᠠ᠎ᠶ᠋ᠢᠨ 1᠎ᠡᠴᠡ ᠡᠬᠢᠯᠡᠵᠦ᠍ ᠬᠡᠷᠡᠭ᠌ᠵᠢᠭᠦᠯᠪᠡ᠃ ᠮᠡᠳᠡᠭ᠌ᠳᠡᠯ᠎ᠳᠦ᠂ ᠵᠠᠰᠠᠭ᠎ᠤᠨ ᠣᠷᠳᠣᠨ᠎ᠤ ᠪᠠᠢᠭᠤᠯᠭ᠎ᠠ᠂ ᠠᠵᠢᠯ ᠦᠶ᠋ᠯᠡᠰ᠎ᠦᠨ ᠨᠢᠭᠡᠴᠢ᠂ ᠤᠯᠤᠰ᠎ᠤᠨ ᠥᠮᠴᠢᠯᠡᠯ᠎ᠦᠨ ᠠᠵᠤ ᠠᠬᠤᠢᠯᠠᠯ᠎ᠤᠨ ᠪᠥᠲᠥᠭᠡᠨ ᠪᠠᠢᠭᠤᠯᠤᠯᠲᠠ᠎ᠶ᠋ᠢᠨ ᠪᠠᠷᠢᠯᠭ᠎ᠠ᠎ᠶ᠋ᠢᠨ ᠠᠬᠢᠴᠠ᠎ᠶ᠋ᠢ ᠦᠨᠳᠦᠰᠦᠯᠡᠨ ᠲᠤᠭᠠᠴᠠᠭ᠎ᠠ ᠬᠢᠬᠦ᠎ᠳᠡᠭᠡᠨ ᠨᠢᠭᠡᠨᠲᠡ ᠪᠡᠶᠡᠯᠡᠭᠦᠯᠦᠭ᠌ᠰᠡᠨ ᠪᠠᠷᠢᠯᠭ᠎ᠠ᠎ᠶ᠋ᠢᠨ ᠵᠣᠭᠣᠰ᠎ᠤᠨ 80 % ᠡᠴᠠ ᠳᠤᠤᠷ᠎ᠠ ᠪᠠᠢᠯᠭᠠᠵᠤ ᠪᠣᠯᠬᠤ ᠥᠬᠡᠶ᠃

ᠱᠢᠨ᠎ᠡ᠎ᠶ᠋ᠢ ᠡᠭᠦᠳᠬᠦ᠌ ᠬᠡᠯᠪᠡᠷᠢ᠎ᠶ᠋ᠢᠨ ᠳᠤᠮᠳᠠ ᠵᠢᠵᠢᠭ ᠠᠵᠤ ᠠᠬᠤᠢᠯᠠᠯ᠎ᠢ ᠦᠨᠡᠯᠡᠬᠦ᠌ ᠪᠠ ᠮᠠᠭᠠᠳᠯᠠᠨ ᠲᠣᠭ᠍ᠲᠠᠭᠠᠬᠤ ᠪᠠᠷᠢᠮᠵᠢᠶ᠎ᠠ ᠵᠢ ᠳᠤᠳᠤᠷᠬᠠᠢ ᠪᠤᠯᠭᠠᠪᠠ

《ᠴᠢᠨᠠᠷ ᠰᠠᠢᠲᠠᠶ ᠳᠤᠮᠳᠠ ᠵᠢᠵᠢᠭ ᠠᠵᠤ ᠠᠬᠤᠢᠯᠠᠯ᠎ᠢ ᠱᠠᠲᠤᠯᠠᠨ ᠪᠣᠢᠵᠢᠭᠤᠯᠵᠤ ᠬᠠᠮᠢᠶᠠᠷᠬᠤ ᠲᠦᠷ ᠬᠡᠷᠡᠭ᠌ᠵᠢᠭᠦᠯᠬᠦ᠌ ᠠᠷᠭ᠎ᠠ》 ᠶ᠋ᠢ 8 ᠰᠠᠷ᠎ᠠ᠎ᠶ᠋ᠢᠨ 1 ᠡᠴᠡ ᠡᠬᠢᠯᠡᠨ ᠬᠡᠷᠡᠭ᠌ᠵᠢᠭᠦᠯᠵᠦ᠍᠂ ᠱᠢᠨ᠎ᠡ᠎ᠶ᠋ᠢ ᠡᠭᠦᠳᠬᠦ᠌ ᠬᠡᠯᠪᠡᠷᠢ᠎ᠶ᠋ᠢᠨ ᠳᠤᠮᠳᠠ ᠵᠢᠵᠢᠭ ᠠᠵᠤ ᠠᠬᠤᠢᠯᠠᠯ᠂ 《ᠲᠤᠰᠭᠠᠶ ᠨᠠᠷᠢᠯᠢᠭ ᠥᠪᠡᠷᠮᠢᠴᠡ ᠱᠢᠨ᠎ᠡ》 ᠳᠤᠮᠳᠠ ᠵᠢᠵᠢᠭ ᠠᠵᠤ ᠠᠬᠤᠢᠯᠠᠯ᠂ ᠲᠤᠰᠭᠠᠶ ᠨᠠᠷᠢᠯᠢᠭ ᠥᠪᠡᠷᠮᠢᠴᠡ ᠱᠢᠨ᠎ᠡ ᠠᠵᠤ ᠠᠬᠤᠢᠯᠠᠯ᠎ᠢ ᠦᠨᠡᠯᠡᠬᠦ᠌ ᠪᠤᠶᠤ ᠮᠠᠭᠠᠳᠯᠠᠨ ᠲᠣᠭ᠍ᠲᠠᠭᠠᠬᠤ ᠪᠠᠷᠢᠮᠵᠢᠶ᠎ᠠ᠎ᠶ᠋ᠢ ᠲᠣᠳᠣᠷᠬᠠᠢ ᠪᠤᠯᠭᠠᠪᠠ᠃ ᠡᠭᠦᠨ᠎ᠳᠦ᠂ ᠱᠢᠨ᠎ᠡ᠎ᠶ᠋ᠢ ᠡᠭᠦᠳᠬᠦ᠌ ᠬᠡᠯᠪᠡᠷᠢ᠎ᠶ᠋ᠢᠨ ᠳᠤᠮᠳᠠ ᠵᠢᠵᠢᠭ ᠠᠵᠤ ᠠᠬᠤᠢᠯᠠᠯ᠎ᠢ ᠦᠨᠡᠯᠡᠬᠦ᠌ ᠪᠠᠷᠢᠮᠵᠢᠶ᠎ᠠ᠎ᠳᠤ ᠱᠢᠨ᠎ᠡ᠎ᠶ᠋ᠢ ᠡᠭᠦᠳᠬᠦ᠌ ᠴᠢᠳᠠᠪᠤᠷᠢ᠂ ᠪᠣᠢᠵᠢᠯᠲᠠ᠎ᠶ᠋ᠢᠨ ᠴᠢᠨᠠᠷ᠂ ᠲᠤᠰᠭᠠᠢᠵᠢᠭ᠍ᠰᠠᠨ ᠴᠢᠨᠠᠷ ᠵᠡᠷᠭᠡ ᠭᠤᠷᠪᠠᠨ ᠲᠥᠷᠥᠯ᠎ᠦᠨ 6 ᠭᠦᠶ᠋ᠴᠡᠳᠭᠡᠯ ᠲᠣᠭ᠎ᠠ ᠪᠠᠭ᠍ᠲᠠᠨ᠎ᠠ᠃

ᠭᠠᠳᠠᠨᠠᠬᠢ ᠠᠮᠢᠳᠤ ᠪᠤᠳᠠᠰ᠎ᠤᠨ ᠲᠦᠷᠰᠦ᠎ᠶᠢ ᠳᠤᠷ᠎ᠠ᠎ᠪᠠᠷ᠎ᠢᠶᠠᠨ ᠣᠷᠣᠭᠤᠯᠬᠤ᠂ ᠲᠠᠯᠪᠢᠵᠦ ᠶᠠᠪᠤᠭᠤᠯᠬᠤ᠂ ᠬᠠᠶᠠᠬᠤ᠎ᠳᠦ ᠬᠦᠷᠪᠡᠯ ᠡᠷᠡᠭᠦᠦ᠍᠎ᠶ᠋ᠢᠨ ᠬᠠᠷᠢᠭᠤᠴᠠᠯᠭ᠎ᠠ ᠨᠡᠬᠡᠮᠵᠢᠯᠡᠵᠦ  ᠮᠡᠳᠡᠨ᠎ᠠ

《ᠭᠠᠳᠠᠨ᠎ᠠ ᠡᠴᠡ ᠢᠷᠡᠭᠰᠡᠨ ᠲᠦᠷᠢᠮᠡᠯ ᠠᠮᠢᠳᠤ ᠪᠤᠳᠠᠰ᠎ᠤᠨ ᠳᠦᠷᠰᠦ᠎ᠶᠢᠨ  ᠬᠠᠮᠢᠶᠠᠷᠤᠯᠲᠠ᠎ᠶ᠋ᠢᠨ ᠠᠷᠭ᠎ᠠ》 ᠶ᠋ᠢ 8 ᠰᠠᠷ᠎ᠠ᠎ᠶ᠋ᠢᠨ1ᠡᠴᠡ ᠡᠬᠢᠯᠡᠵᠦ᠍ ᠬᠡᠷᠡᠭ᠌ᠵᠢᠭᠦᠯᠦᠨ᠎ᠡ᠃ ᠶᠠᠮᠠᠷᠪᠠ ᠨᠢᠭᠡᠴᠢ ᠪᠠ ᠬᠤᠪᠢ ᠬᠥᠮᠦᠨ ᠵᠥᠪᠱᠢᠶᠡᠷᠡᠯ ᠥᠬᠡᠶ᠎ᠪᠡᠷ ᠳᠤᠷ᠎ᠠ᠎ᠪᠠᠷ᠎ᠢᠶᠠᠨ ᠭᠠᠳᠠᠨᠠᠬᠢ ᠠᠮᠢᠳᠤ ᠪᠤᠳᠠᠰ᠎ᠤᠨ ᠳᠦᠷᠰᠦ᠎ᠶᠢ ᠣᠷᠣᠭᠤᠯᠬᠤ ᠂ ᠲᠠᠯᠪᠢᠬᠤ ᠪᠤᠶᠤ ᠬᠠᠶᠠᠵᠤ ᠪᠣᠯᠬᠤ ᠥᠬᠡᠶ᠃ ᠵᠥᠪᠱᠢᠶᠡᠷᠡᠯ ᠣᠯᠤᠭ᠍ᠰᠠᠨ ᠤᠢ᠍ᠭᠡᠢ᠎ᠪᠡᠷ ᠭᠠᠳᠠᠨᠠᠬᠢ ᠠᠮᠢᠳᠤ ᠪᠤᠳᠠᠰ᠎ᠢ ᠳᠤᠷ᠎ᠠ᠎ᠪᠠᠷ᠎ᠢᠶᠠᠨ ᠣᠷᠣᠭᠤᠯᠵᠤ᠂ ᠲᠠᠯᠪᠢᠬᠤ ᠪᠤᠶᠤ ᠬᠠᠶᠠᠪᠠᠯ 《ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠮᠢᠳᠤ ᠪᠣᠳᠠᠰ᠎ᠤᠨ ᠠᠶᠤᠯᠭᠦᠢ᠎ᠶ᠋ᠢᠨ ᠬᠠᠤᠯᠢ》 ᠶ᠋ᠢᠨ ᠨᠠᠶᠠᠨ ᠨᠢᠭᠡᠳᠦᠭᠡᠷ ᠵᠦᠢᠯ ᠶᠣᠰᠣᠭᠠᠷ ᠱᠢᠢᠳᠭᠡᠨ᠎ᠡ᠃ ᠶᠠᠯ᠎ᠠ ᠬᠢᠭ᠌ᠰᠡᠨ ᠰᠡᠵᠢᠭ᠌ᠯᠡᠯᠲᠡᠢ ᠪᠠᠢᠪᠠᠯ᠂ ᠬᠠᠤᠯᠢ ᠶᠣᠰᠣᠭᠠᠷ ᠬᠠᠤᠯᠢ ᠴᠠᠭᠠᠵᠠ᠎ᠶ᠋ᠢᠨ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠡᠷᠡᠭᠦᠦ᠍᠎ᠶ᠋ᠢᠨ ᠬᠠᠷᠢᠭᠤᠴᠠᠯᠭ᠎ᠠ ᠨᠡᠬᠡᠮᠵᠢᠯᠡᠨ᠎ᠡ᠃

ᠬᠠᠷ᠎ᠠ ᠬᠥᠷᠥᠰᠥᠲᠦ ᠭᠠᠵᠠᠷ᠎ᠢ ᠬᠠᠮᠠᠭᠠᠯᠠᠵᠤ᠂ ᠬᠤᠯᠠᠭᠠᠢᠯᠠᠨ ᠮᠠᠯᠲᠠᠪᠠᠯ ᠬᠦᠨᠳᠦ᠍᠎ᠪᠡᠷ ᠲᠣᠷᠭᠠᠨ᠎ᠠ

《ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠬᠠᠷ᠎ᠠ ᠬᠥᠷᠥᠰᠥᠲᠦ ᠭᠠᠵᠠᠷ᠎ᠢ ᠬᠠᠮᠠᠭᠠᠯᠠᠬᠤ ᠬᠠᠤᠯᠢ》 ᠵᠢ 8ᠰᠠᠷ᠎ᠠ᠎ᠶ᠋ᠢᠨ1᠎ᠡᠴᠡ ᠡᠬᠢᠯᠡᠨ ᠵᠢᠩᠬᠢᠨᠢ᠎ᠪᠡᠷ ᠬᠡᠷᠡᠭ᠌ᠵᠢᠭᠦᠯᠪᠡ᠃ ᠬᠠᠷ᠎ᠠ ᠱᠢᠷᠣᠢ᠎ᠶ᠋ᠢ ᠬᠤᠯᠠᠭᠠᠢᠯᠠᠨ ᠮᠠᠯᠲᠠᠭ᠍ᠰᠠᠨ᠂ ᠳᠤᠷ᠎ᠠ᠎ᠪᠠᠷ᠎ᠢᠶᠠᠨ ᠮᠠᠯᠲᠠᠭ᠍ᠰᠠᠨ ᠪᠠᠢᠪᠠᠯ᠂ ᠭᠠᠵᠠᠷ ᠱᠢᠷᠣᠢ᠎ᠶ᠋ᠢᠨ ᠬᠠᠮᠢᠶᠠᠷᠤᠯᠲᠠ ᠵᠡᠷᠭᠡ ᠬᠣᠯᠪᠣᠭ᠍ᠳᠠᠯ ᠪᠦᠬᠦᠢ ᠬᠠᠤᠯᠢ ᠴᠠᠭᠠᠵᠠ ᠬᠠᠤᠯᠢ ᠲᠣᠭ᠍ᠲᠠᠭᠠᠯ᠎ᠤᠨ ᠲᠣᠭ᠍ᠲᠠᠭᠠᠯ ᠶᠣᠰᠣᠭᠠᠷ ᠬᠦᠨᠳᠦ᠍᠎ᠪᠡᠷ ᠱᠢᠢᠳᠭᠡᠨ᠎ᠡ᠃

ᠭᠠᠷ ᠳᠠᠮᠵᠢᠭ᠍ᠰᠠᠨ ᠮᠠᠱᠢᠨ ᠲᠡᠷᠭᠡ ᠎ᠵᠢ ᠰᠢᠯᠵᠢᠬᠦᠯᠬᠦ ᠬᠢᠵᠠᠭᠠᠷᠯᠠᠯ᠎ᠢ ᠬᠦᠴᠦᠨ ᠥᠬᠡᠶ ᠪᠤᠯᠭᠠᠨ᠎ᠠ

ᠬᠤᠳᠠᠯᠳᠤᠭᠠᠨ᠎ᠤ ᠶᠠᠪᠤᠳᠠᠯ᠎ᠤᠨ ᠶᠠᠮᠤᠨ᠂ ᠠᠵᠤ ᠦᠶ᠋ᠯᠡᠳᠪᠦᠷᠢ ᠪᠠ ᠮᠡᠳᠡᠭᠡ ᠵᠠᠩᠭᠢᠵᠢᠯᠲᠠ᠎ᠶ᠋ᠢᠨ ᠶᠠᠮᠤᠨ ᠵᠡᠷᠭᠡ 16 ᠰᠠᠯᠠᠭ᠎ᠠ ᠮᠥᠴᠢᠷ ᠬᠠᠮᠲᠤᠷᠠᠨ ᠠᠷᠭ᠎ᠠ ᠬᠡᠮᠵᠢᠶ᠎ᠡ ᠨᠡᠢᠲᠡᠯᠡᠵᠦ᠍᠂ ᠡᠯ᠎ᠡ ᠭᠠᠵᠠᠷ ᠣᠷᠣᠨ᠎ᠢ ᠭᠠᠷ ᠳᠠᠮᠵᠢᠭ᠍ᠰᠠᠨ ᠮᠠᠱᠢᠨ ᠲᠡᠷᠭᠡ᠎ᠶ᠋ᠢ ᠨᠡᠬᠦᠯᠬᠡᠨ ᠰᠢᠯᠵᠢᠬᠦᠯᠬᠦ᠎ᠶ᠋ᠢ ᠬᠢᠵᠠᠭᠠᠷᠯᠠᠬᠤ ᠲᠥᠷᠥ᠎ᠶ᠋ᠢᠨ ᠪᠣᠳᠣᠯᠭ᠎ᠠ᠎ᠶ᠋ᠢ ᠪᠥᠬᠥ᠌ ᠲᠠᠯ᠎ᠠ᠎ᠪᠠᠷ ᠬᠦᠴᠦᠨ ᠥᠬᠡᠶ ᠪᠣᠯᠭᠠᠬᠤ᠎ᠶ᠋ᠢ ᠴᠢᠩᠭ᠎ᠠ ᠨᠠᠢᠳᠠᠪᠤᠷᠢᠵᠢᠭᠤᠯᠬᠤ ᠬᠡᠷᠡᠭ᠌ᠲᠡᠶ ᠭᠡᠵᠦ᠍ ᠱᠠᠭᠠᠷᠳᠠᠪᠠ᠃ 8 ᠰᠠᠷ᠎ᠠ᠎ᠶ᠋ᠢᠨ 1ᠡᠴᠡ ᠡᠬᠢᠯᠡᠨ᠂ ᠪᠥᠬᠥ᠌ ᠤᠯᠤᠰ᠎ᠤᠨ ᠬᠡᠪᠴᠢᠶᠡᠨ᠎ᠳᠦ (ᠤᠯᠤᠰ᠎ᠠᠴᠠ ᠲᠣᠳᠣᠷᠬᠠᠶ ᠲᠣᠭ᠍ᠲᠠᠭᠠᠭ᠍ᠰᠠᠨ ᠠᠭᠠᠷ ᠮᠠᠨᠳᠠᠯ᠎ᠤᠨ ᠪᠣᠬᠢᠷᠲᠤᠯ᠎ᠢ ᠰᠡᠷᠭᠡᠢᠯᠡᠨ ᠵᠠᠰᠠᠬᠤ ᠭᠤᠤᠯᠳᠠᠯᠭ᠎ᠠ᠎ᠲᠠᠶ ᠣᠷᠣᠨ ᠪᠦᠰᠡ ᠪᠠᠭ᠍ᠲᠠᠨ᠎ᠠ) ᠤᠯᠤᠰ᠎ᠤᠨ ᠲᠠᠪᠤᠳᠤᠭᠠᠷ ᠭᠠᠳᠠᠭ᠍ᠰᠢᠯᠠᠭᠤᠯᠤᠯᠲᠠ᠎ᠶ᠋ᠢᠨ ᠪᠠᠷᠢᠮᠵᠢᠶ᠎ᠠ᠎ᠳᠤ ᠨᠡᠢᠴᠡᠬᠦ᠌ ᠵᠢᠵᠢᠭ ᠬᠡᠯᠪᠡᠷᠢ᠎ᠶ᠋ᠢᠨ ᠡᠵᠡᠩᠨᠡᠯᠲᠡ᠎ᠶ᠋ᠢᠨ ᠪᠤᠰᠤ ᠭᠠᠷ ᠳᠠᠮᠵᠢᠭ᠍ᠰᠠᠨ ᠮᠠᠱᠢᠨ ᠲᠡᠷᠭᠡ ᠵᠢ ᠰᠢᠯᠵᠢᠬᠦᠯᠬᠦ ᠬᠢᠵᠠᠭᠠᠷᠯᠠᠯ᠎ᠢ ᠬᠦᠴᠦᠨ ᠥᠬᠡᠶ ᠪᠣᠯᠭᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号