ᠬᠠᠷᠠᠮᠵᠢ ᠬᠠᠷᠢᠭᠤ ᠬᠦᠰᠡᠳᠡᠭ ᠦᠭᠡᠢ ᠮᠠᠯ ᠡᠮᠨᠡᠯᠭᠡ᠎ᠶᠢᠨ ᠦᠢᠯᠡᠴᠢᠯᠡᠭᠡᠨ᠎ᠤ ᠠᠩᠬᠢ
2022-08-05 11:25:29
ᠵᠣᠬᠢᠶᠠᠭ᠍ᠴᠢ᠄
ᠰᠢᠶᠤᠤ ᠶᠠᠨ ᠭᠡᠭᠡᠨᠬᠠᠰ ᠬᠠᠰᠪᠤᠶᠠᠨᠲᠦ
ᠣᠩᠱᠢᠭ᠍ᠰᠠᠨ ᠣᠳᠠᠭ᠎ᠠ᠄
★★★☆☆

ᠦᠤᠰᠢᠨ ᠬᠤᠰᠢᠭᠤᠨ᠎ᠤ ᠭᠠᠯᠠᠭᠤᠳᠤ ᠪᠠᠯᠭᠠᠰᠤᠨ᠎ᠤ ᠰᠠᠷᠠᠭᠤᠯᠨᠤᠲᠤᠭ ᠭᠠᠴᠠᠭ᠎ᠠ ᠮᠠᠯ᠎ᠤᠨ ᠬᠢᠵᠢᠭ ᠰᠡᠷᠭᠡᠢᠯᠡᠬᠦ ᠦᠢᠯᠡᠴᠢᠯᠡᠭᠡᠨ᠎ᠤ ᠠᠩᠭᠢ ᠪᠠᠢᠭᠤᠯᠵᠦ᠂ ᠵᠢᠯ᠎ᠤᠨ ᠳᠥ᠋ᠷᠪᠡᠨ ᠤᠯᠠᠷᠢᠯ᠎ᠳᠤ ᠰᠦᠢᠳᠭᠡᠯ ᠬᠤᠷᠢᠶᠠᠬᠤ ᠦᠭᠡᠢ ᠪᠡᠷ ᠮᠠᠯᠴᠢᠳ ᠤ᠋ᠨ ᠮᠠᠯ ᠠᠬᠤᠢ᠎ᠳᠤ ᠰᠡᠷᠭᠡᠢᠯᠡᠭᠡ ᠵᠢᠨ ᠵᠡᠭᠦᠤ ᠲᠠᠷᠢᠵᠤ ᠮᠠᠯᠴᠢᠳ ᠵᠢᠡᠨ ᠲᠤᠰᠠᠯᠠᠵᠤ ᠪᠠᠢᠨ᠎ᠠ᠃


4437986_yuey_1659493746139_m.jpg


ᠰᠤᠷᠪᠤᠯᠵᠢᠯᠠᠭᠴᠢ ᠦᠤᠰᠢᠨ ᠬᠤᠰᠢᠭᠤᠨ᠎ᠤ ᠭᠠᠯᠠᠭᠤᠲᠦ ᠪᠠᠯᠭᠠᠰᠤᠨ᠎ᠤ ᠰᠠᠷᠠᠭᠤᠯᠨᠤᠲᠤᠭ ᠭᠠᠴᠠᠭᠠᠨ᠎ᠤ ᠮᠠᠯᠴᠢᠨ ᠰᠦᠮᠪᠤᠷᠳᠠᠯᠠᠢ ᠵᠢᠨ᠎ᠳᠤ ᠬᠦᠷᠬᠦ ᠳ᠋ᠤ ᠤᠯᠡᠨ ᠬᠦᠮᠤᠨ ᠴᠤᠬᠯᠠᠷᠠᠨ ᠦᠭᠡᠷ ᠬᠤᠨᠢᠨ᠎ᠳᠤ ᠰᠡᠷᠭᠡᠢᠯᠡᠭᠡ᠎ᠶᠢᠨ ᠵᠡᠭᠦᠤ ᠲᠠᠷᠢᠨ ᠶᠠᠭᠠᠷᠠᠯᠳᠤᠵᠤ ᠪᠠᠢᠪᠠ᠃ ᠭᠠᠴᠠᠭᠠᠨ᠎ᠤ ᠮᠠᠯ ᠤ᠋ᠨ ᠡᠮᠴᠢ ᠪᠠᠯᠳᠤᠷᠵᠢ᠄《ᠰᠠᠷᠠᠭᠤᠯᠨᠤᠲᠤᠭ ᠭᠠᠴᠠᠭᠠᠨ᠎ᠤ ᠮᠠᠯ᠎ᠤᠨ ᠬᠢᠵᠢᠭ ᠰᠡᠷᠭᠡᠢᠯᠡᠬᠦ ᠦᠢᠯᠡᠴᠢᠯᠡᠭᠡᠨ᠎ᠤ ᠠᠩᠭᠢ 2018 ᠤᠨ᠎ᠳᠤ ᠪᠠᠢᠭᠤᠯᠤᠭᠳᠠᠵᠠᠢ᠃ ᠤᠳᠤ 4 ᠭᠡᠰᠢᠭᠦᠨ ᠲᠠᠢ᠂ ᠪᠢ ᠭᠤᠤᠯᠳᠠᠭᠤ ᠮᠡᠷᠭᠡᠵᠢᠯ ᠤ᠋ᠨ ᠲᠠᠯ᠎ᠠ ᠵᠢᠨ ᠠᠵᠢᠯ᠎ᠢ ᠬᠠᠷᠢᠭᠤᠴᠠᠨ᠂ ᠨᠦᠭᠦᠭᠡ ᠬᠡᠳᠤᠨ ᠮᠠᠯ ᠤ᠋ᠨ ᠡᠮᠴᠢ᠎ᠳᠡᠭᠡᠨ ᠠᠵᠢᠯ᠎ᠤᠨ ᠲᠠᠯ᠎ᠠ᠎ᠪᠠᠷ ᠵᠢᠭᠠᠨ ᠵᠢᠯᠤᠭᠤᠳᠤᠯᠭ᠎ᠠ ᠬᠢᠳᠡᠭ᠃ ᠮᠠᠨ᠎ᠤ ᠡᠨᠡ ᠦᠢᠯᠡᠴᠢᠯᠡᠭᠡᠨ᠎ᠤ ᠠᠩᠭᠢ ᠮᠠᠯ ᠤ᠋ᠨ ᠡᠪᠡᠳᠴᠢᠨ ᠬᠢᠵᠢᠭ ᠢ᠋ ᠰᠡᠷᠭᠡᠢᠯᠡᠬᠦ᠂ ᠬᠤᠷᠤᠬᠠᠢ ᠬᠦᠭᠡᠭᠡᠬᠦ᠂ ᠰᠡᠷᠢᠭᠦᠨ ᠡᠮ ᠦᠭᠬᠦ᠂ ᠮᠡᠰᠡ ᠵᠠᠰᠠᠯ ᠬᠢᠬᠦ ᠵᠡᠷᠭᠡ ᠦᠢᠯᠡᠴᠢᠯᠡᠭᠡ ᠬᠠᠩᠭᠠᠨ᠎ᠠ᠃ ᠪᠠᠰᠠ ᠵᠢᠯ ᠳ᠋ᠤ ᠬᠤᠶᠠᠷ ᠤᠳᠠᠭ᠎ᠠ ᠤᠯᠤᠰ ᠤ᠋ᠨ ᠲᠤᠭᠲᠠᠭᠠᠭᠰᠠᠨ ᠠᠯᠪᠠᠳᠠᠯᠭ᠎ᠠ ᠵᠢᠨ ᠴᠢᠨᠠᠷᠲᠠᠢ 5 ᠳ᠋ᠤᠭᠠᠷ ᠨᠤᠮᠸᠷᠳᠤ ᠬᠢᠵᠢᠭ ᠡᠪᠡᠳᠴᠢᠨ᠎ᠤ ᠰᠡᠷᠭᠡᠢᠯᠡᠭᠡ᠎ᠶᠢᠨ ᠵᠡᠭᠦᠤ ᠢ᠋ᠢ ᠲᠠᠷᠢᠳᠠᠭ᠃ ᠪᠢ ᠨᠢᠭᠡ ᠨᠠᠰᠤ ᠪᠡᠷ ᠵᠢᠡᠨ ᠮᠠᠯ᠎ᠤᠨ ᠡᠮᠴᠢ᠎ᠢ᠋ᠢᠨ ᠠᠵᠢᠯ᠎ᠢ ᠬᠢᠭᠰᠡᠨ ᠬᠦᠮᠤᠨ᠂ ᠨᠠᠰᠦ ᠠᠬᠢᠬᠰᠠᠨ ᠪᠤᠯᠪᠠᠴᠤ ᠮᠠᠯᠴᠢᠳ ᠤ᠋ᠨ ᠬᠤᠬᠢᠷᠠᠯ ᠢ᠋ ᠪᠠᠭᠠᠰᠬᠠᠵᠤ ᠲᠡᠢᠯᠵᠦ ᠯᠡ ᠪᠠᠢᠪᠡᠯ ᠶᠠᠳᠠᠷᠠᠯ ᠵᠦᠳᠡᠷᠡᠯ ᠮᠢᠨᠢ ᠲᠠᠢᠯᠤᠭᠳᠠᠳᠠᠭ》 ᠭᠡᠵᠤ ᠪᠠᠢᠯ᠎ᠠ᠃

ᠰᠦᠮᠪᠦᠷᠳᠠᠯᠠᠢ᠎ᠵᠢᠨ ᠮᠠᠯ᠎ᠳᠤ ᠰᠡᠷᠭᠡᠢᠯᠡᠭᠡ᠎ᠵᠢᠨ ᠵᠡᠭᠦᠦ ᠲᠠᠷᠢᠵᠤ ᠪᠠᠷᠠᠭᠠᠳ ᠦᠢᠯᠡᠴᠢᠯᠡᠭᠡᠨ᠎ᠤ ᠠᠩᠭᠢ᠎ᠶ᠋ᠢᠨ ᠡᠮᠴᠢ ᠨᠠᠷ ᠮᠠᠯᠴᠢᠨ ᠤᠳᠤᠨᠴᠢᠮᠡᠭ᠎ᠤᠨ᠎ᠳᠤ ᠬᠦᠷᠴᠦ 70 ᠭᠠᠷᠤᠢ ᠰᠠᠭᠠᠯᠢ ᠵᠢᠨ ᠦᠨᠢᠶ᠎ᠡ᠂ 300 ᠤᠷᠴᠢᠮ ᠨᠠᠷᠢᠨ ᠨᠤᠤᠰᠤᠲᠦ ᠬᠤᠨᠢᠨ᠎ᠳᠤᠨᠢ ᠰᠡᠷᠭᠡᠢᠯᠡᠭᠡ ᠵᠢᠨ ᠵᠡᠭᠦᠤ ᠲᠠᠷᠢᠪᠠ᠃ ᠤᠳᠤᠨᠴᠢᠮᠡᠭ ᠄ 《ᠨᠢᠳᠤᠨᠤᠨ ᠦᠢᠯᠡᠴᠢᠯᠡᠭᠡᠨ ᠤ᠋ ᠠᠩᠭᠢ ᠵᠢᠨ ᠬᠢᠨ ᠶᠠᠮᠠᠷ᠎ᠴᠤ ᠰᠦᠢᠳᠭᠡᠯ ᠬᠤᠷᠢᠶᠠᠬᠰᠡᠨ ᠦᠭᠡᠢ ᠪᠡᠷ ᠮᠠᠨ᠎ᠤ ᠲᠡᠮᠤᠷ ᠤᠲᠠᠰᠦ ᠢᠳᠡᠭᠰᠡᠨ ᠮᠠᠯ᠎ᠳᠤ ᠮᠡᠰᠡ ᠵᠠᠰᠠᠯ ᠬᠢᠵᠤ ᠡᠳᠡᠭᠡᠷᠡᠭᠦᠯᠦᠭᠰᠡᠨ᠎ᠶᠤᠮ᠃ ᠦᠨᠦᠳᠦᠷ ᠮᠠᠯ᠎ᠳᠤ ᠬᠢᠵᠢᠭ᠎ᠢ ᠰᠡᠷᠭᠡᠢᠯᠡᠬᠦ ᠵᠡᠭᠦᠤ ᠲᠠᠷᠢᠵᠤ ᠦᠭᠭᠦᠭᠰᠡᠨ᠎ᠳᠤ ᠪᠢ ᠦᠨᠡᠭᠡᠷ ᠴᠢᠡᠭ ᠰᠡᠳᠬᠢᠯ ᠡᠴᠨ ᠪᠡᠨ ᠪᠠᠶᠠᠷᠯᠠᠨ ᠲᠠᠯᠠᠷᠬᠠᠵᠤ ᠪᠠᠢᠨ᠎ᠠ》 ᠭᠡᠵᠤ ᠰᠡᠳᠬᠢᠯ ᠲᠤᠬᠳᠤᠯᠤᠨ ᠶᠠᠷᠢᠯ᠎ᠠ᠃

ᠤᠢᠯᠠᠭᠠᠬᠰᠠᠨ ᠵᠢᠡᠷ᠂ ᠭᠠᠯᠠᠭᠤᠳᠤ ᠪᠠᠯᠭᠠᠰᠤᠨ ᠡᠴᠡ ᠬᠢᠵᠢᠭ ᠢ᠋ ᠰᠡᠷᠭᠡᠢᠯᠡᠬᠦ ᠦᠢᠯᠡᠴᠢᠯᠡᠭᠡᠨ ᠤ᠋ ᠠᠡᠭᠬᠢ ᠵᠢᠨ ᠡᠮᠴᠢ ᠠᠵᠢᠯᠳᠠᠨ ᠨᠢᠭᠡᠪᠦᠷᠢ᠎ᠳᠤ ᠵᠢᠯ ᠪᠦᠷᠢ15000 ᠲᠦᠭᠦᠷᠢᠭ᠎ᠤᠨ ᠴᠠᠯᠢᠡᠭ ᠤᠯᠭᠤᠵᠤ᠂ ᠡᠯ᠎ᠠ ᠵᠦᠢᠯ ᠤ᠋ᠨ ᠮᠠᠯ ᠤ᠋ᠨ ᠰᠡᠷᠭᠡᠢᠯᠡᠭᠡ ᠵᠢᠨ ᠡᠮ᠎ᠢ ᠴᠸ᠋ ᠦᠨ᠎ᠡ ᠲᠦᠯᠦᠪᠦᠷᠢ ᠦᠭᠡᠢ ᠪᠡᠷ ᠬᠠᠩᠭᠠᠳᠠᠭ ᠪᠠᠢᠨ᠎ᠠ᠃ ᠰᠠᠷᠠᠭᠤᠯᠨᠤᠲᠤᠭ ᠭᠠᠴᠠᠭ᠎ᠠ ᠪᠠᠰᠠ ᠡᠨᠡ ᠲᠠᠯ᠎ᠠ ᠵᠢᠨ ᠠᠵᠢᠯ᠎ᠢ ᠴᠢᠬᠤᠯᠠᠴᠢᠯᠡᠨ ᠦᠵᠡᠵᠤ᠂ ᠡᠮᠴᠢ ᠠᠵᠢᠯᠲᠠᠨ ᠨᠢᠭᠡᠪᠦᠷᠢ᠎ᠳᠤ ᠵᠢᠯ ᠪᠦᠷᠢ 5000 ᠲᠦᠭᠦᠷᠢᠭ ᠤᠷᠴᠢᠮ᠎ᠤᠨ ᠨᠦᠬᠦᠪᠤᠷᠢ ᠮᠦᠡᠭᠬᠦ  ᠤᠯᠭᠤᠵᠤ ᠪᠤᠢ᠃


x1.png

ᠬᠤᠶᠠᠷ ᠬᠡᠮᠵᠢᠯᠲᠦ ᠺᠤᠳ᠋᠎ᠢ ᠱᠢᠷᠪᠢᠵᠦ᠍ ᠨᠠᠷᠢᠨ ᠠᠭᠤᠯᠭ᠎ᠠ᠎ᠶ᠋ᠢ ᠨᠢ ᠦᠵᠡᠭᠡᠷᠡᠢ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号