ᠨᠤᠲᠤᠭ᠎ᠤᠨ ᠡᠷᠳᠡᠨᠢ — ᠬᠦᠢᠯᠡᠰᠦᠨ ᠲᠤᠰᠤ
2022-08-05 10:16:02
ᠵᠣᠬᠢᠶᠠᠭ᠍ᠴᠢ᠄
ᠠᠪᠤᠷᠭᠤ
ᠣᠩᠱᠢᠭ᠍ᠰᠠᠨ ᠣᠳᠠᠭ᠎ᠠ᠄
★★★☆☆

ᠲᠠᠯᠭᠡᠷᠠᠭᠦ᠌ ᠵᠤᠨ᠎ᠤ ᠲᠤᠯᠤᠭᠠᠨ ᠰᠠᠷ᠎ᠠ ᠭᠡᠵᠤ ᠮᠢᠨᠤ ᠨᠤᠳᠤᠭ᠎ᠲᠤ ᠭᠡᠭᠡᠷ᠎ᠠ᠎ᠶ᠋ᠢᠨ ᠭᠦᠢᠯᠠᠰᠤ ᠦᠷᠠᠯᠠᠨ ᠪᠤᠯᠪᠠᠰᠤᠷᠠᠬᠤ ᠰᠠᠢᠬᠠᠨ ᠤᠯᠠᠷᠢᠯ  ᠮᠦᠷᠳᠠᠭᠡᠨ ᠨᠤᠳᠤᠭ᠎ᠤᠨ ᠭᠦᠮᠤᠰ᠎ᠤᠨ ᠭᠦᠢᠯᠠᠰᠤ ᠲᠠᠭᠦᠭᠦ᠌ ᠭᠦᠭ᠌ᠵᠢᠯᠳᠠᠢ ᠴᠠᠭ ᠶᠤᠮᠰᠠᠨ᠃ ᠠᠷᠤ ᠬᠤᠷᠴᠢᠨ ᠬᠤᠱᠢᠭᠤᠨ᠎ᠤ ᠬᠤᠨᠳᠤ ᠪᠠᠯᠭᠠᠰᠤ᠎ᠶ᠋ᠢᠨ ᠪᠠᠶᠠᠠᠬᠤᠯᠪᠤᠭ᠎ᠠ ᠭᠠᠴᠠᠭ᠎ᠠ ᠎ᠪᠠᠷ ᠨᠤᠳᠤᠭ᠍ᠳᠠᠢ ᠰᠧᠯᠧᠵᠠᠪ ᠭᠡᠵᠦ ᠠᠵᠢᠯ ᠬᠦᠳᠡᠯᠮᠦᠷᠢ᠎ᠳᠦ ᠰᠢᠭᠤᠷᠬᠠᠢ᠂ ᠴᠢᠨᠡᠭᠡᠯᠢᠭ ᠠᠮᠢᠳᠤᠷᠠᠯ ᠵᠢᠡᠨ ᠴᠤᠠᠠᠴᠠᠯᠠᠬᠤ ᠪᠡᠷ ᠬᠦᠵᠦᠬᠦᠦ ᠰᠤᠡᠭᠭᠠᠨ ᠴᠢᠷᠮᠠᠢᠵᠦ ᠶᠠᠪᠤᠭ᠎ᠠ ᠦᠢᠯᠡᠰᠴᠢ ᠵᠠᠯᠠᠭᠤ ᠵᠢᠨ ᠨᠢᠭᠡᠨ ᠰᠠᠨ᠃


4437985_yuey_1659493745736_m.jpg


ᠤᠢᠷ᠎ᠠ ᠵᠢᠨ ᠵᠢᠯ᠎ᠳᠦ ᠰᠧᠯᠧᠵᠠᠪ ᠤᠯᠠᠮᠵᠢᠯᠠᠯᠳᠤ ᠮᠠᠯ ᠠᠵᠤ ᠠᠬᠤᠢ ᠎ᠪᠠᠨ ᠡᠵᠠᠩᠨᠠᠬᠦ ᠵᠢᠨ ᠳᠠᠭᠠᠤ ᠮᠠᠯ᠎ᠤᠨ ᠡᠮᠴᠢ᠎ᠶ᠋ᠢᠨ ᠠᠵᠢᠯ᠂ ᠮᠠᠯ᠎ᠤᠨ ᠡᠮ ᠲᠠᠩ ᠬᠤᠳᠠᠯᠳᠤᠬᠤ᠂ ᠬᠤᠷᠱᠢᠶ᠎ᠠ ᠲᠠᠯᠭᠡᠭᠦᠷ ᠡᠷᠬᠢᠯᠠᠬᠦ ᠬᠡᠬᠦ ᠮᠡᠳᠦ ᠪᠡᠷ ᠠᠷᠠᠯᠵᠢᠶ᠎ᠠ ᠬᠤᠳᠠᠯᠳᠤᠭᠠᠨ᠎ᠤ ᠵᠠᠮ ᠵᠢᠡᠷ ᠵᠠᠮᠨᠠᠠᠠᠰᠡᠨ ᠡᠴᠨ ᠪᠠᠭ᠎ᠠ ᠪᠤᠰᠤ ᠲᠤᠷᠰᠢᠯᠭ᠎ᠠ ᠬᠤᠷᠠᠮᠳᠤᠭᠤᠯᠵᠦ᠂ 2017 ᠤᠨ᠎ᠠᠴᠠ ᠡᠬᠢᠯᠠᠨ ᠨᠤᠳᠤᠭ᠎ᠤᠨ ᠤᠯᠠᠮᠵᠢᠯᠠᠯᠳᠤ ᠠᠷᠭ᠎ᠠ᠎ᠪᠠᠷ ᠭᠦᠢᠯᠠᠰᠤᠨ ᠲᠤᠰᠤ ᠱᠢᠷᠭᠠᠭᠠᠨ ᠪᠤᠯᠪᠠᠰᠤᠷᠠᠭᠤᠯᠬᠤ ᠠᠵᠤ ᠦᠢᠯᠠᠰ᠎ᠢ ᠡᠷᠬᠢᠯᠡᠵᠦ᠂ ᠭᠦᠢᠯᠠᠰᠤ ᠴᠠᠭᠠᠯᠠᠬᠤ᠂ ᠬᠠᠭᠤᠷᠠᠬᠤ᠂ ᠲᠡᠭᠡᠷᠮᠡᠳᠡᠬᠦ᠂ ᠴᠢᠨᠠᠬᠤ᠂ ᠱᠢᠷᠭᠠᠭᠠᠬᠤ ᠵᠠᠷᠭᠡ ᠠᠷᠭ᠎ᠠ᠎ᠶ᠋ᠢ ᠭᠡᠷᠡᠭ᠌ᠯᠠᠭᠡᠳ ᠬᠡᠳᠦᠨ ᠵᠢᠯ ᠪᠤᠯᠵᠡᠢ᠃

ᠰᠧᠯᠧᠵᠠᠪ ᠤᠯᠠᠮᠵᠢᠯᠠᠯᠲᠤ ᠠᠷᠭ᠎ᠠ᠎ᠪᠠᠷ ᠭᠦᠢᠯᠡᠰᠦ ᠱᠢᠷᠭᠠᠭᠠᠨ ᠲᠤᠰᠤ ᠪᠤᠯᠪᠠᠰᠤᠷᠠᠭᠤᠯᠵᠦ᠍ ᠪᠠᠢᠭ᠍ᠰᠠᠨ᠎ᠠᠴᠠ᠎ᠪᠠᠨ ᠵᠠᠬ᠎ᠠ ᠲᠡᠯᠭᠡᠭᠦᠷ ᠎ᠤᠨ ᠬᠡᠷᠡᠭᠴᠡᠭᠡ᠎ᠳᠦ ᠵᠤᠬᠢᠴᠠᠭᠤᠯᠤᠨ᠂ ᠠᠷᠪᠠᠭᠠᠳ ᠲᠦᠮᠡᠨ ᠲᠦᠭᠦᠷᠢᠭ᠎ᠤᠨ ᠪᠡᠯᠡ ᠵᠠᠷᠤᠴᠠᠭᠤᠯᠵᠦ᠂ ᠱᠢᠨ᠎ᠡ ᠬᠡᠯᠪᠡᠷᠢ᠎ᠶ᠋ᠢᠨ ᠮᠠᠱᠢᠨ ᠲᠤᠨᠤᠭ᠍ᠯᠠᠯ ᠤᠷᠤᠭᠤᠯᠤᠨ᠂ ᠤᠯᠠᠮᠵᠢᠯᠠᠯᠲᠤ ᠠᠷᠭ᠎ᠠ ᠪᠤᠯᠤᠨ ᠤᠲᠤᠬᠢ ᠱᠢᠨᠵᠢᠯᠡᠭᠡ ᠮᠡᠷᠭᠡᠵᠢᠯ᠎ᠲᠠᠢ ᠤᠶᠠᠯᠲᠤᠭᠤᠯᠵᠤ᠂ ᠮᠤᠩᠭᠤᠯ ᠡᠮ ᠡᠮᠨᠡᠯᠭᠡ᠎ᠶ᠋ᠢᠨ ᠨᠤᠮᠤᠬᠠᠳᠭᠠᠬᠤ᠂ ᠠᠷᠢᠭᠤᠳᠭᠠᠬᠤ᠂ ᠪᠠᠲᠤᠳᠭᠠᠬᠤ᠂ ᠲᠤᠩᠭᠠᠬᠤ ᠵᠡᠷᠭᠡ ᠲᠦᠷᠪᠡᠨ ᠶᠠᠪᠤᠴᠠ᠎ᠪᠠᠷ ᠪᠦᠲᠦᠭᠡᠵᠦ᠍ ᠭᠠᠷᠭᠠᠭ᠍ᠰᠠᠨ ᠭᠦᠢᠯᠡᠰᠦᠨ ᠲᠤᠰᠤ᠎ᠶ᠋ᠢ ᠪᠤᠷᠤᠯᠠᠭᠤᠯᠵᠦ᠍᠂ ᠠᠵᠤ ᠠᠬᠤᠢ᠎ᠶ᠋ᠢᠨ ᠤᠷᠤᠯᠭ᠎ᠠ ᠪᠠᠨ ᠨᠡᠮᠡᠭᠳᠡᠬᠦᠯᠦᠭᠰᠡᠨ ᠨᠢ ᠨᠡᠢᠭᠡᠮ ᠨᠡᠢᠳᠡ ᠵᠢᠨ ᠬᠠᠯᠠᠭᠤᠨ ᠵᠤᠭᠤᠭ ᠪᠤᠯᠵᠡᠢ ᠃

ᠮᠡᠳᠡᠭᠡᠵᠢ ᠪᠡᠷ᠂ ᠬᠦᠢᠯᠡᠰᠤᠨ ᠲᠤᠰᠤ᠎ᠨᠢ ᠭᠤᠤᠯᠲᠠᠭᠤ ᠠᠭ᠍ᠰᠠᠭ᠎ᠠ ᠬᠠᠨᠢᠶᠠᠲᠤ᠎ᠳᠤ ᠰᠠᠢᠨ᠂ ᠱᠠᠮᠪᠠᠷᠠᠮ ᠵᠠᠰᠠᠬᠤ᠂ ᠬᠤᠷᠭᠤᠰᠤᠯᠠᠬᠤ᠎ᠶ᠋ᠢ  ᠵᠠᠰᠠᠬᠤ ᠂ ᠨᠢᠯᠬ᠎ᠠ ᠬᠡᠤᠬᠡᠳ᠎ᠤᠨ ᠡᠬᠡ᠎ᠶ᠋ᠢᠨ ᠱᠢᠷ᠎ᠠ᠎ᠶ᠋ᠢ ᠵᠠᠰᠠᠬᠤ ᠳ᠋ᠤ  ᠲᠤᠩ ᠰᠠᠢᠨ ᠦᠢᠯᠡᠳᠦᠯ ᠲᠠᠢ ᠪᠡᠷ ᠪᠠᠷᠠᠬᠤ ᠦᠭᠡᠢ ᠡᠮ ᠨᠠᠢᠷᠠᠯᠭ᠎ᠠ᠂ ᠭᠤᠶᠤᠯᠠᠯ ᠵᠠᠰᠠᠯ ᠳ᠋ᠤ ᠴᠦ᠍ ᠬᠡᠷᠡᠭᠯᠡᠳᠡᠭ᠃ ᠴᠠᠭᠠᠯᠠᠭ᠍ᠰᠠᠨ ᠭᠦᠢᠯᠡᠰᠦ  ᠪᠤᠶᠤ ᠭᠦᠢᠯᠡᠰᠤᠨ ᠴᠦᠮ᠎ᠠ ᠪᠡᠷ᠎ᠳᠡᠷ᠎ᠡ ᠬᠢᠵᠦ᠍ ᠲᠡᠷᠡᠯᠡᠪᠡᠯ 《ᠴᠢᠰᠤᠨ ᠳᠠᠷᠤᠯᠳᠠ ᠦᠨᠳᠤᠷ᠂ ᠴᠢᠰᠤᠨ ᠰᠢᠬᠢᠷ ᠦᠨᠳᠤᠷ᠂ ᠴᠢᠰᠤᠨ ᠦᠬᠡᠬᠦ ᠦᠨᠳᠤᠷ》 ᠡᠪᠡᠳᠴᠢᠨ᠎ᠢ ᠵᠠᠰᠠᠬᠤ ᠎ᠳᠤ ᠲᠤᠰᠠᠲᠠᠢ ᠮᠦᠷᠲᠡᠭᠡᠨ ᠬᠦᠵᠦᠭᠦᠦ ᠰᠡᠭᠡᠷ ᠬᠦᠱᠢᠬᠦ ᠪᠤᠶᠤ ᠨᠤᠢᠷ ᠬᠤᠯᠵᠢᠬᠤ ᠵᠡᠷᠭᠡ᠎ᠵᠢ ᠵᠠᠰᠠᠳᠠᠭ ᠶᠤᠮ᠃

ᠰᠧᠯᠧᠵᠠᠪ ᠠᠷᠤ ᠬᠤᠷᠴᠢᠨ ᠬᠤᠱᠢᠭᠤᠨ᠎ᠤ ᠬᠦᠷᠦᠩᠭᠡ ᠭᠦᠢᠯᠡᠰᠦᠨ ᠲᠤᠰᠤᠨ᠎ᠤ ᠬᠢᠵᠠᠭᠠᠷᠲᠤ ᠺᠤᠮᠫᠠᠨᠢ᠎ᠶ᠋ᠢ ᠡᠭᠦᠰᠭᠡᠨ ᠪᠠᠢᠭᠤᠯᠵᠦ᠍᠂ ᠤᠷᠤᠨ ᠨᠤᠲᠤᠭ᠎ᠤᠨ ᠭᠠᠷᠤᠯᠲᠠ ᠪᠤᠯᠬᠤ ᠭᠦᠢᠯᠡᠰᠦ᠎ᠪᠠᠨ 《ᠭᠦᠢᠯᠡᠰᠦ ᠡᠷᠳᠡᠨᠢ》 ᠬᠡᠮᠡᠨ ᠨᠡᠷᠡᠢᠳᠴᠦ᠍᠂ ᠪᠦᠲᠦᠭᠡᠭ᠌ᠳᠡᠭᠦᠨ᠎ᠢᠶᠠᠨ 《ᠬᠦᠷᠦᠩᠭᠡ ᠭᠦᠢᠯᠡᠰᠦᠨ ᠲᠤᠰᠤ》 ᠭᠡᠵᠦ ᠬᠦᠬᠡᠬᠤᠲᠠ᠂ ᠯᠢᠶᠤᠤᠨᠢᠩ᠂ ᠱᠠᠩᠬᠠᠢ᠂ ᠱᠧᠨᠵᠧᠨ ᠵᠡᠷᠭᠡ ᠭᠠᠵᠠᠷ ᠵᠢᠡᠷ ᠪᠤᠷᠤᠯᠠᠭᠤᠯᠵᠦ᠂ ᠵᠢᠯ᠎ᠤᠨ ᠴᠡᠪᠡᠷ ᠤᠷᠤᠯᠭ᠎ᠠ ᠨᠢ 20 ᠲᠦᠮᠡᠨ ᠲᠦᠭᠦᠷᠢᠭ ᠡᠴᠡ ᠲᠠᠪᠠᠭ᠍ᠰᠠᠨ ᠪᠠᠢᠨ᠎ᠠ᠃


1.png

ᠬᠤᠶᠠᠷ ᠬᠡᠮᠵᠢᠯᠲᠦ ᠺᠤᠳ᠋ ᠎ᠢ ᠱᠢᠷᠪᠢᠵᠦ᠍ ᠨᠠᠷᠢᠨ ᠠᠭᠤᠯᠭ᠎ᠠ ᠎ᠶ᠋ᠢ  ᠨᠢ ᠦᠵᠡᠭᠡᠷᠡᠢ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号