ᠴᠡᠷᠢᠭ ᠡᠷ᠎ᠡ ᠲᠠᠨ ᠳ᠋ᠠᠭᠠᠨ
2022-08-03 17:28:41
ᠵᠣᠬᠢᠶᠠᠭ᠍ᠴᠢ᠄
ᠮ·ᠡᠷᠲᠡᠨᠢᠪᠠᠲᠣ
ᠣᠩᠱᠢᠭ᠍ᠰᠠᠨ ᠣᠳᠠᠭ᠎ᠠ᠄
★★★☆☆

ᠡᠬᠡ ᠣᠷᠣᠨ᠎ᠶ᠋ᠢᠡᠨ ᠦᠮᠦᠭᠡᠷᠡᠵᠦ

ᠡᠷ᠎ᠡ ᠴᠡᠷᠢᠭ ᠬᠠᠮᠠᠭᠠᠯᠠᠬᠣ ᠦᠭᠡᠢ ᠪᠣᠯ

ᠡᠩᠬᠡ ᠲᠠᠢᠪᠣᠩ ᠎ᠤᠨ ᠲᠣᠬ᠎ᠢ

ᠦᠭᠡᠷ᠎ᠡ ᠬᠡᠨ ᠡᠷᠬᠦᠬᠦ ᠪᠣᠢ

ᠰᠢᠲᠣᠷᠭᠣ ᠶᠣᠰᠣᠨ᠎ᠤ ᠡᠮᠦᠨ᠎ᠡ ᠡᠴᠡ

ᠴᠡᠷᠢᠭ ᠪᠠᠢᠯᠲᠣᠬᠴᠢ ᠲᠡᠮᠡᠴᠡᠬᠦ ᠦᠭᠡᠢ ᠪᠣᠯ

ᠬᠠᠷᠠᠩᠭᠣᠢ ᠲᠠᠢᠨ᠎ᠤ ᠲᠣᠭᠣᠰᠣ᠎ᠶᠢ

ᠬᠡᠨ ᠣᠴᠢᠵᠦ ᠲᠠᠷᠣᠬᠣ ᠪᠣᠢ

ᠬᠠᠯᠲᠠᠭᠠᠳ ᠲᠠᠢᠰᠣᠨ ᠢᠷᠡᠲᠡᠭ ᠯᠠ ᠶᠣᠮ ᠪᠣᠯ

ᠬᠠᠮᠣᠬ᠎ᠤᠨ ᠲᠡᠷᠢᠬᠦᠨ ᠳ᠋ᠦ ᠵᠡᠪᠰᠡᠭ ᠠᠳᠬᠣᠲᠠᠬ

ᠬᠠᠢᠷᠠᠲᠣ ᠡᠬᠡ ᠣᠷᠣᠨ᠎ᠤ ᠪᠠᠨ ᠲᠦᠯᠦᠭᠡ

ᠬᠠᠯᠠᠭᠣᠨ  ᠴᠢᠰᠣ ᠪᠠᠨ ᠠᠰᠬᠠᠳᠠᠭ

ᠲᠣᠯᠣᠯᠲᠣᠭᠠᠨ ᠬᠡᠷᠪᠡ ᠡᠬᠢᠯᠡᠲᠡᠭ ᠯᠡ ᠶᠣᠮ ᠪᠣᠯ

ᠲᠣᠬᠰᠢᠨ ᠪᠠᠷᠰ ᠰᠢᠬ ᠲᠠᠭᠠᠷᠢᠭᠠᠳ ᠣᠷᠣᠨ᠎ᠠ

ᠲᠣᠷᠲᠣᠬ ᠦᠭᠡᠢ ᠡᠬᠡ ᠨᠣᠲᠣᠬ᠎ᠤᠨ ᠶ᠋ᠢᠡᠨ ᠲᠦᠯᠦᠭᠡ

ᠲᠣᠣᠯᠢᠰ᠎ᠤᠨ ᠪᠠᠭᠠᠲᠣᠷ ᠰᠢᠬ ᠦᠷᠡᠭᠲᠡᠬᠦ ᠡᠴᠡ ᠪᠣᠴᠠᠬᠣ ᠦᠭᠡᠢ

ᠪᠣᠰᠣᠳ᠎ᠤᠨ ᠨᠣᠲᠣᠬ ᠲᠦ᠍ ᠭᠤᠷᠢᠯᠠᠭᠴᠢ᠎ᠶᠢᠨ

ᠪᠣᠵᠠᠷ ᠰᠠᠨᠠᠭ᠎ᠠ ᠨᠢ ᠬᠡᠵᠢᠶᠡᠲᠡ ᠪᠡᠶᠡᠯᠡᠭᠲᠡᠬᠦ ᠦᠭᠡᠢ ᠶᠣᠮ

ᠪᠣᠷᠣᠩᠬᠤᠢ ᠲᠦᠷᠢᠮᠡᠬᠡᠢ ᠵᠠᠨᠲᠠᠯᠴᠢᠳ᠎ᠢ ᠵᠠᠪᠠᠯ

ᠪᠣᠲᠠ ᠨᠢᠷᠭᠡᠵᠦ ᠪᠣᠲᠠᠷᠠᠲᠠᠯ᠎ᠠ ᠴᠣᠬᠢᠨ᠎ᠠ

ᠡᠬᠡ ᠣᠯᠣᠰ᠎ᠤᠨ ᠨᠣᠲᠣᠬ ᠲᠡᠪᠢᠰᠭᠡᠷ᠎ᠢ

ᠡᠷᠡᠯᠬᠡᠭ ᠪᠠᠢᠯᠲᠣᠬᠴᠢᠳ ᠰᠠᠬᠢᠨ ᠬᠠᠮᠠᠭᠠᠯᠠᠲᠠᠬ

ᠡᠯᠢᠭᠡᠨ ᠬᠠᠯᠠᠭᠣᠨ ᠭᠠᠵᠠᠷ ᠰᠢᠷᠣᠢ ᠳ᠋ᠠᠭᠠᠨ

ᠡᠵᠡᠷᠭᠡᠭ ᠲᠠᠢᠰᠣᠨ᠎ᠢ ᠶᠠᠭᠠᠬᠢᠬᠰᠠᠨ ᠴᠦ᠍ ᠬᠢᠰᠬᠢᠬᠦᠯᠲᠡᠭ ᠦᠭᠡᠢ

ᠴᠡᠴᠡᠭ᠎ᠤᠨ ᠲᠡᠯᠪᠡᠭᠡ ᠳ᠋ᠦ ᠲᠣᠭᠣᠰᠣ ᠰᠠᠭᠣᠬᠣ ᠦᠭᠡᠢ ᠪᠣᠯ

ᠴᠡᠩᠭᠡᠷ ᠲᠠᠯ᠎ᠠ ᠮᠢᠨᠢ ᠮᠦᠰᠢᠶᠡᠲᠦ ᠪᠡᠷ ᠬᠣᠮᠰᠠᠲᠠᠬᠣ ᠦᠭᠡᠢ

ᠴᠡᠯᠮᠡᠭ ᠲᠡᠭᠷᠢ ᠳ᠋ᠡᠭᠡᠨ ᠬᠦ ᠬᠠᠯᠲᠠᠭᠠᠬᠣ ᠦᠭᠡᠢ ᠪᠣᠯ

ᠴᠡᠴᠡᠨ ᠪᠠᠭᠠᠴᠣᠳ ᠮᠢᠨᠢ ᠢᠨᠢᠶᠡᠲᠦ ᠪᠡᠷ ᠲᠣᠲᠠᠬᠣ ᠦᠭᠡᠢ

ᠨᠠᠢ᠍ᠮᠠᠨ ᠰᠠᠷ᠎ᠠ᠎ᠶᠢᠨ ᠬᠦᠭᠡᠮᠲᠦᠭ ᠣᠬᠲᠠᠷᠭᠣᠢ ᠳ᠋ᠣ

ᠨᠠᠮᠢᠷᠠᠬᠣ ᠲᠣᠬ᠎ᠤᠨ ᠦᠩᠭᠡ ᠨᠢ ᠣᠨᠴᠠᠭᠠᠢ

ᠨᠢᠰᠭᠡᠯ ᠲᠠᠩᠺ᠎ᠤᠨ ᠰᠦᠷ ᠬᠦᠴᠦᠨ ᠳ᠋ᠦ

ᠵᠢᠬᠰᠠᠭᠠᠯ᠎ᠤᠨ ᠴᠡᠷᠢᠭ᠎ᠤᠨ ᠠᠯᠬᠣᠭ᠎ᠠ ᠨᠢ ᠭᠠᠪᠰᠢᠭᠠᠢ

ᠠᠭᠣᠣ ᠣᠯᠣᠰ᠎ᠤᠨ ᠮᠢᠨᠢ ᠬᠢᠯᠢ ᠬᠢᠵᠠᠭᠠᠷ ᠡᠴᠡ

ᠠᠶᠣᠯᠲᠣ ᠲᠠᠢᠨ ᠬᠣᠯᠠᠬᠠᠨ ᠪᠠᠢᠭᠠᠴᠢ ᠡ

ᠠᠶᠠᠯᠭᠤ ᠢᠷᠠᠭᠣ ᠰᠢᠯᠦᠭ ᠲᠠᠭᠣᠣ ᠳ᠋ᠦ ᠮᠢᠨᠢ

ᠠᠷᠠᠳ᠎ᠤᠨ ᠴᠡᠷᠢᠭ ᠢᠷᠠᠭᠣᠬᠠᠨ ᠲᠠᠭᠣᠯᠠᠬᠲᠠᠭᠠᠴᠢ ᠡ

ᠴᠢᠩ ᠬᠠᠢᠷ᠎ᠠ᠎ᠶᠢᠨ ᠮᠢᠨᠢ ᠦᠨᠡᠨᠴᠢ ᠰᠠᠬᠢᠶ᠎ᠠ

ᠴᠡᠷᠢᠭ ᠡᠷ᠎ᠡ ᠲᠠᠨ ᠳ᠋ᠠᠭᠠᠨ ᠶᠣᠰᠣᠯᠠᠶ᠎ᠠ

ᠲᠣᠮᠣᠬ ᠲᠣᠣᠯᠢ᠎ᠶᠢᠨ ᠲᠣᠷᠭᠠᠨ ᠬᠠᠷᠠᠭ᠎ᠠ

ᠲᠣᠷᠠᠰᠬᠠᠯ᠎ᠤᠨ ᠡᠳᠦᠷ᠎ᠤᠨ ᠪᠠᠶᠠᠷ᠎ᠢ ᠴᠢᠨᠢ ᠵᠦᠩᠨᠡᠶ᠎ᠡ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号