ᠮᠦᠩᠬᠡ ᠲᠡᠭᠷᠢ᠎ᠳᠤ ᠢᠪᠡᠬᠡᠭᠳᠡᠭᠰᠡᠡ ᠬᠢᠯᠢ ᠵᠢᠨ ᠰᠤᠮᠤ ᠵᠢᠨ ᠤᠶᠠᠩᠭᠠᠳᠤ ᠵᠢᠷᠤᠭᠯᠠᠯ
2022-08-03 17:35:36
ᠵᠣᠬᠢᠶᠠᠭ᠍ᠴᠢ᠄
ᠬᠤᠱᠤᠳ· ᠨᠤᠮᠢᠨ ᠨᠠᠷᠠᠰᠦ ᠠᠬᠢᠮ᠎ᠠ ᠰᠦ᠍ ᠴᠢᠩ ᠬᠤ᠌
ᠣᠩᠱᠢᠭ᠍ᠰᠠᠨ ᠣᠳᠠᠭ᠎ᠠ᠄
★★★☆☆

ᠵᠤᠨ᠎ᠤ ᠨᠤᠭᠤᠭᠠᠨ ᠦᠩᠬᠡ ᠠᠭᠤᠳᠠᠮ ᠲᠠᠯ᠎ᠠ᠎ᠳᠤ ᠴᠡᠯᠡᠬᠡᠷᠡᠨ ᠬᠠᠷᠠᠭᠳᠠᠬᠤ᠎ᠳᠤ ᠡᠷᠬᠦᠨ᠎ᠠ ᠭᠤᠤᠯ᠎ᠤᠨ ᠲᠦᠯᠬᠡᠨ ᠤᠷᠤᠰᠬᠠᠯ ᠦᠪᠡᠷ᠎ᠤᠨ ᠦᠩᠬᠡ ᠪᠡᠷ ᠵᠢᠠᠨ ᠡᠬᠡᠰᠢᠭᠯᠡᠨ ᠤᠶᠠᠩᠭᠠᠷᠠᠨ᠎ᠠ᠃

ᠤᠰᠤ ᠤᠷᠤᠰᠤᠭᠰᠠᠠ ᠭᠠᠵᠡᠷ ᠠᠮᠢᠳᠤᠷᠠᠯ ᠪᠤᠴᠠᠯᠵᠤ᠂ ᠤᠰᠤ ᠬᠦᠷᠦᠭᠰᠡᠡ ᠭᠠᠵᠡᠷ ᠵᠢᠷᠭᠠᠯ ᠴᠠᠯᠬᠢᠯᠠᠳᠠᠬ᠃ ᠭᠤᠤᠯ ᠲᠠᠢ᠂ ᠮᠤᠳᠤ ᠲᠠᠢ᠂ ᠠᠭᠤᠯᠠ ᠲᠠᠢ ᠬᠠᠷᠠᠭᠠᠠ᠎ᠳᠤ ᠪᠠᠭᠳᠠᠵᠤ ᠶᠠᠳᠠᠮ᠎ᠠ ᠡᠨᠡ ᠭᠤᠶᠤ ᠦᠵᠡᠮᠵᠢ ᠲᠠᠢ ᠭᠠᠵᠡᠷ ᠪᠤᠯ ᠶᠡᠬᠡ ᠬᠢᠩᠭᠠᠨ ᠲᠠᠪᠠᠭᠠᠨ᠎ᠤ ᠪᠠᠷᠠᠭᠤᠨ ᠬᠤᠢᠳᠤ ᠬᠤᠷᠮᠤᠢ᠂ ᠡᠷᠬᠦᠨ᠎ᠠ ᠭᠤᠤᠯ᠎ᠤᠨ ᠵᠡᠬᠦᠨ ᠡᠷᠬᠢ᠎ᠳᠤ ᠪᠠᠢᠷᠢᠯᠠᠵᠤ ᠪᠠᠢᠭ᠎ᠠ ᠮᠤᠩᠭᠤᠯ ᠰᠢᠭᠤᠢ ᠰᠤᠮᠤ ᠪᠤᠯᠤᠨ᠎ᠠ᠃ ᠮᠤᠩᠭᠤᠯ ᠰᠢᠭᠤᠢ ᠬᠡᠵᠤ ᠰᠡᠳᠬᠢᠯ ᠰᠡᠷᠬᠦᠬᠡᠵᠤ᠂ ᠨᠢᠳᠤ ᠵᠢ ᠬᠤᠵᠢᠷᠯᠠᠨ ᠭᠠᠢᠬᠠᠰᠢ ᠠᠯᠳᠠᠭᠤᠯᠤᠮ᠎ᠠ ᠭᠤᠶᠤ ᠭᠠᠵᠡᠷ ᠡ᠃ 4437720_alm_1659444243333_m.jpg


ᠮᠠᠨ᠎ᠤ ᠰᠤᠷᠪᠤᠯᠵᠢᠯᠠᠭ᠎ᠠ ᠵᠢᠨ ᠭᠠᠯ ᠠᠶᠠᠨ᠎ᠤ ᠬᠠᠮᠤᠭ᠎ᠤᠨ ᠰᠡᠬᠦᠯᠴᠢ ᠵᠢᠨ ᠦᠷᠳᠡᠬᠡ ᠪᠤᠯᠤᠭᠰᠠᠠ ᠮᠤᠩᠭᠤᠯ ᠰᠢᠭᠤᠢ ᠰᠤᠮᠤ ᠤᠢᠷᠠᠳᠤᠭᠠᠳ ᠢᠷᠡᠬᠦ᠎ᠳᠤ ᠤᠷᠤᠰ ᠮᠠᠶᠢᠬ᠎ᠤᠨ ᠤᠨᠴᠠᠯᠢᠬᠳᠤ ᠪᠠᠷᠢᠯᠭ᠎ᠠ᠂ ᠮᠤᠳᠤᠨ ᠬᠡᠷ᠎ᠤᠳ ᠬᠠᠷᠠᠭᠠᠨ᠎ᠳᠤ ᠳᠤᠳᠤᠷᠠᠨ᠎ᠠ᠃

ᠮᠤᠩᠭᠤᠯ ᠰᠢᠭᠤᠢ ᠨᠢ ᠰᠦᠯᠵᠢᠶᠠᠨ ᠠᠨᠳᠠ ᠨᠠᠷ᠎ᠤᠨ ᠵᠠᠪᠠᠯ ᠵᠢᠭᠤᠯᠴᠢᠯᠠᠬᠤ ᠭᠠᠵᠡᠷ᠎ᠤᠨ ᠨᠢᠬᠡ ᠬᠡᠮᠡᠨ ᠰᠦᠯᠵᠢᠶᠠᠨ᠎ᠳᠤ ᠠᠯᠳᠠᠷᠰᠢᠬᠰᠠᠠ ᠵᠢᠭᠤᠯᠴᠢᠯᠠᠯ᠎ᠤᠨ ᠤᠷᠤᠨ᠂ ᠲᠡᠭᠷᠢ ᠡᠴᠨ ᠰᠤᠶᠤᠷᠬᠠᠵᠤ᠂ ᠡᠬᠡ ᠪᠠᠢᠭᠠᠯᠢ ᠵᠢᠨ ᠭᠠᠢᠠᠭᠮᠰᠢᠬ᠎ᠢ ᠬᠠᠷᠠᠭᠤᠯᠤᠭᠰᠠᠠ ᠮᠤᠩᠭᠤᠯ ᠰᠢᠭᠤᠢ᠎ᠳᠤ ᠨᠢᠬᠡ ᠤᠴᠢᠵᠤ ᠦᠵᠡᠬᠦ ᠶᠤᠮᠰᠠᠨ ᠬᠡᠵᠤ ᠵᠢᠭᠤᠯᠴᠢᠯᠠᠭᠰᠠᠳ ᠬᠦᠰᠡᠨ ᠮᠦᠷᠤᠬᠡᠳᠦᠳᠡᠭ ᠭᠠᠵᠡᠷ᠂ᠦᠪᠤᠷ ᠮᠤᠩᠭᠤᠯ᠎ᠤᠨ ᠬᠠᠮᠤᠭ᠎ᠤᠨ ᠤᠮᠠᠷᠠᠳᠤ ᠬᠢᠯᠢ᠎ᠳᠤ ᠪᠠᠢᠷᠢᠰᠢᠵᠤ ᠪᠠᠢᠭ᠎ᠠ ᠳᠤᠮᠳᠠᠳᠤ ᠤᠷᠤᠰ᠎ᠤᠨ ᠬᠢᠯᠢ ᠵᠢᠨ ᠵᠢᠵᠢᠭ ᠰᠤᠮᠤ ᠪᠤᠯᠤᠨ᠎ᠠ᠃ ᠮᠦᠨ ᠴᠤ᠌ ᠡᠷᠬᠦᠨ᠎ᠠ ᠭᠤᠤᠯ᠎ᠤᠨ ᠬᠦᠪᠡᠬᠡᠨ᠎ᠳᠤ ᠲᠡᠯᠡᠬᠡᠢ᠎ᠳᠤ ᠬᠤᠤᠰ ᠦᠬᠡᠢ ᠦᠩᠬᠡ ᠦᠵᠡᠮᠵᠢ ᠪᠡᠷ ᠵᠢᠠᠨ《ᠪᠦᠬᠦ ᠤᠯᠤᠰ᠎ᠤᠨ ᠠᠷᠪᠠᠨ ᠰᠤᠳᠤᠨ ᠵᠢᠭᠤᠯᠴᠢᠯᠠᠯ᠎ᠤᠨ ᠤᠷᠤᠨ》᠎ᠤ ᠨᠢᠬᠡ ᠨᠢ ᠪᠤᠯᠤᠭᠰᠠᠠ ᠶᠤᠮ᠃ 

ᠪᠢᠳᠠ ᠬᠦᠯᠤᠨ ᠪᠤᠢᠷ ᠬᠤᠳᠠ ᠵᠢᠨ ᠭᠠᠵᠠᠷ᠎ᠤᠨ ᠵᠢᠷᠦᠬ᠎ᠤᠨ ᠬᠡᠪ ᠲᠦᠷᠰᠤ ᠲᠠᠢ ᠴᠢᠯᠠᠭᠤᠨ ᠱᠤᠭᠤᠮᠠᠯ᠂ᠨᠤᠭᠤᠭᠠᠨ ᠰᠢᠷ᠎ᠠ ᠦᠩᠬᠡ ᠪᠡᠷ ᠪᠤᠳᠤᠭᠯᠠᠭᠰᠠᠠ ᠤᠯᠤᠴᠢ ᠡᠳ᠋ᠯᠡᠩ᠎ᠤᠨ《ᠨᠡᠷᠡᠬᠦᠢ ᠵᠢᠷᠤᠬ》᠎ᠢ ᠭᠠᠢᠬᠠᠬᠤ ᠭᠱᠡᠡ᠂ ᠬᠢᠯᠢ ᠵᠢᠨ ᠪᠤᠭᠤᠮᠳᠠ᠂ ᠤᠷᠤᠰ ᠮᠠᠶᠢᠬ᠎ᠤᠨ ᠪᠠᠷᠢᠯᠭ᠎ᠠ ᠵᠢᠨ ᠰᠦᠨᠢ ᠵᠢᠨ ᠦᠵᠡᠮᠵᠢ ᠵᠢ ᠰᠤᠨᠢᠷᠬᠠᠬᠤ ᠭᠱᠠᠨ᠂ ᠳᠤᠮᠳᠠᠳᠤ ᠤᠷᠤᠰ᠎ᠤᠨ ᠬᠢᠯᠢ᠎ᠳ᠋ᠡᠬᠢ ᠨᠦᠬᠦᠷᠯᠡᠯ᠎ᠤᠨ ᠬᠦᠬᠦᠷᠬᠡ᠂ ᠡᠷᠬᠦᠨ᠎ᠠ ᠭᠤᠤᠯ᠎ᠤᠨ ᠬᠦᠪᠡᠬᠡᠨ᠎ᠳᠡᠬᠢ ᠨᠠᠷᠠ ᠵᠢᠷᠭᠠᠬᠤ ᠭᠱᠡᠡ᠂ ᠡᠷᠬᠦᠨ᠎ᠠ ᠭᠤᠤᠯ ᠵᠢᠡᠷ ᠵᠠᠭᠠᠬᠯᠠᠭᠳᠠᠭᠰᠠᠠ ᠤᠷᠤᠰ᠎ᠤᠨ ᠵᠢᠵᠢᠭ ᠳᠤᠰᠬᠤᠨ ᠲᠠᠷᠠ ᠪᠦᠬᠦᠨ᠎ᠢ ᠬᠡᠷᠡᠯ ᠵᠢᠷᠤᠭ᠎ᠤᠨ ᠮᠠᠰᠢᠨ ᠵᠢᠡᠷ ᠯᠡ ᠪᠢᠰᠢ ᠬᠠᠷᠢᠨ ᠰᠡᠳᠬᠢᠯ᠎ᠳ᠋ᠡᠬᠡᠨ ᠮᠦᠩᠬᠡ ᠵᠢᠨ ᠭᠱᠡᠨ ᠪᠤᠯᠭᠠᠨ ᠦᠯᠡᠳᠡᠬᠡᠵᠤ ᠶᠠᠪᠤᠯ᠎ᠠ᠃


4437583_alm_1659431700211_m.jpg


ᠪᠦᠬᠦ ᠤᠯᠤᠰ᠎ᠤᠨ ᠡᠯ᠎ᠠ ᠭᠠᠵᠡᠷ ᠡᠴᠨ ᠬᠦᠷᠤᠯᠴᠠᠨ ᠢᠷᠡᠭᠰᠡᠡ ᠵᠢᠭᠤᠯᠴᠢᠯᠠᠭᠰᠠᠳ ᠴᠤ᠌ ᠮᠤᠩᠭᠤᠯ ᠰᠢᠭᠤᠢ ᠵᠢᠨ ᠦᠩᠬᠡ ᠦᠵᠡᠮᠵᠢ ᠵᠢ ᠬᠠᠷᠠᠠ ᠬᠠᠷᠠᠨ ᠪᠠᠬᠠᠷᠬᠠᠵᠤ᠂ ᠭᠠᠷ ᠤᠳᠠᠰᠤ᠂ ᠬᠡᠷᠡᠯ ᠵᠢᠷᠤᠭ᠎ᠤᠨ ᠮᠠᠰᠢᠨ ᠵᠢᠡᠷ ᠵᠢᠠᠨ ᠡᠬᠡᠯᠵᠢᠯᠡᠡ ᠰᠡᠬᠦᠳᠡᠷᠯᠡᠵᠤ ᠶᠠᠭᠠᠷᠠᠨ᠎ᠠ᠃《ᠡᠨᠡ ᠨᠤᠳᠤᠭ ᠴᠤᠬᠤᠮ ᠭᠤᠶᠤ ᠪᠠᠢᠨ᠎ᠠ᠂ ᠵᠠᠮ ᠲᠠᠭᠤ ᠰᠢᠯᠢᠮᠳᠡᠭ ᠴᠡᠴᠡᠭ᠎ᠤᠨ ᠦᠵᠡᠮᠵᠢ ᠵᠢ ᠨᠢᠳᠤ ᠰᠠᠯᠭᠠᠯ ᠦᠬᠡᠢ ᠦᠵᠡᠬᠡᠳ ᠰᠠᠭᠤᠬᠤ᠎ᠳᠤ ᠮᠦᠨ ᠯᠡ ᠬᠠᠨᠤᠬᠤ ᠦᠬᠡᠢ ᠰᠢᠭ ᠰᠠᠨᠠᠭᠳᠠᠨ᠎ᠠ᠂ ᠦᠬᠡ ᠪᠡᠷ ᠢᠯᠡᠳᠬᠡᠬᠦ ᠵᠢᠨ ᠠᠷᠭ᠎ᠠ ᠦᠬᠡᠢ᠂ ᠲᠡᠭᠷᠢ ᠵᠢᠨ ᠤᠷᠤᠨ ᠬᠡᠳ ᠬᠡᠯᠡᠬᠦ  ᠶᠤᠮ ᠤᠤ︕》 ᠬᠡᠮᠡᠨ ᠬᠡᠷ ᠵᠢᠠᠨ ᠵᠢᠠᠨ ᠵᠢᠭᠤᠯᠴᠢᠯᠠᠬᠤ ᠪᠡᠷ ᠢᠷᠡᠭᠰᠡᠡ ᠱᠸᠨ᠋ᠵᠸᠨ ᠨᠤᠳᠤᠭ ᠲᠠᠢ ᠵᠠᠩ ᠤᠪᠤᠭᠳᠤ ᠢᠨᠢᠶᠠᠮᠰᠦᠭᠯᠡᠨ ᠶᠠᠷᠢᠨ᠎ᠠ᠃

ᠳᠡᠯᠭᠡᠷᠡᠬᠦ᠌ ᠵᠤᠨ᠎ᠤ ᠤᠯᠠᠷᠢᠯ ᠪᠤᠯᠬᠤ᠎ᠳᠤ ᠮᠤᠩᠭᠤᠯ ᠰᠢᠭᠤᠢ ᠭᠤᠢᠲᠠ ᠰᠠᠢᠬᠠᠨ ᠪᠠᠢᠭᠠᠯᠢ᠎ᠶ᠋ᠢᠨ ᠦᠵᠡᠮᠵᠢ᠂ ᠦᠪᠡᠷᠮᠢᠴᠡ ᠤᠨᠴᠠᠯᠢᠭ ᠎ᠢᠶᠠᠷ ᠎ᠢᠶᠠᠨ ᠦᠢ ᠤᠯᠠᠨ ᠵᠢᠭᠤᠯᠴᠢᠯᠠᠭᠰᠠᠳ᠎ᠤᠨ ᠪᠠᠭ᠍ᠠᠷᠬᠠᠯ᠎ᠢ ᠲᠠᠲᠠᠬᠰᠠᠭᠠᠷ ᠁


ᠬᠦᠯᠤᠨ ᠪᠤᠢᠷ ᠬᠤᠳᠠ ᠵᠢᠨ ᠡᠷᠬᠦᠨ᠎ᠠ ᠬᠤᠳᠠ᠎ᠳᠤ ᠪᠦᠬᠦ ᠤᠯᠤᠰ ᠲᠤ᠌ ᠴᠤᠷ᠎ᠤᠨ ᠭᠠᠭᠴᠠ ᠡᠩᠬᠡ ᠤᠷᠤᠰ ᠦᠨᠳᠤᠰᠤᠳᠠᠨ᠎ᠤ ᠰᠢᠶᠠᠩ᠂ᠴᠤᠷ᠎ᠤᠨ ᠭᠠᠭᠴᠠ ᠰᠠᠨ ᠾᠸ ᠬᠤᠳᠤᠩ ᠦᠨᠳᠤᠰᠤᠳᠠᠨ᠎ᠤ ᠰᠢᠶᠠᠩ ᠪᠤᠯᠤᠨ ᠮᠤᠩᠭᠤᠯ ᠦᠨᠳᠤᠰᠤᠳᠠᠨ᠎ᠤ ᠡᠬᠢ ᠡᠬᠦᠰᠤᠯ᠎ᠤᠨ ᠤᠷᠤᠨ ᠬᠡᠮᠡᠭᠳᠡᠭᠰᠡᠡ  ᠮᠤᠩᠭᠤᠯ ᠰᠢᠭᠤᠢ ᠰᠤᠮᠤ ᠪᠤᠢ᠃ ᠮᠤᠩᠭᠤᠯ ᠰᠢᠭᠤᠢ ᠵᠢ ᠪᠠᠰᠠ ᠱᠢ ᠸᠸᠢ ᠬᠡᠳᠡᠭ᠃ᠮᠤᠩᠭᠤᠯ ᠱᠢᠭᠤᠢ ᠰᠤᠮᠤ ᠪᠤᠯ ᠦᠨᠢ ᠤᠳᠠᠭᠠᠨ ᠲᠡᠦᠬᠡ᠎ᠲᠠᠢ ᠮᠦᠷᠳᠡᠬᠡᠨ ᠮᠤᠩᠭᠤᠯ ᠰᠢᠭᠤᠢ ᠵᠢᠨ ᠠᠷᠠᠳ ᠡᠷᠭᠦᠨ᠎ᠡ ᠭᠤᠤᠯ᠎ᠤᠨ ᠡᠮᠦᠨ᠎ᠡ ᠡᠷᠭᠢᠨ᠎ᠳᠤ  ᠤᠷᠤᠱᠢᠨ ᠠᠮᠢᠳᠤᠷᠠᠳᠠᠭ ᠪᠠᠢᠵᠠᠢ ᠂ ᠰᠦᠢ ᠲᠠᠩ ᠤᠯᠤᠰ᠎ᠤᠨ ᠦᠶ᠎ᠡ᠎ᠳᠤ 《ᠮᠤᠩᠭᠤᠯ ᠱᠢᠭᠤᠢ》 ᠭᠡᠵᠦ᠍ ᠨᠡᠷᠡᠢᠳᠴᠦ᠍᠂ ᠲᠡᠷᠡ᠎ᠨᠢ ᠮᠤᠩᠭᠤᠯ ᠱᠢᠭᠤᠢ᠎ᠶ᠋ᠢᠨ ᠮᠤᠩᠭᠤᠯᠴᠤᠳ᠎ᠤᠨ ᠨᠢᠭᠡ ᠰᠠᠯᠠᠭ᠎ᠠ ᠪᠠᠢᠬᠰᠠᠠ ᠡᠴᠨ ᠮᠤᠩᠭᠤᠯ ᠱᠢᠭᠤᠢ᠎ᠶ᠋ᠢᠨ ᠰᠠᠭᠤᠭ᠎ᠠ ᠭᠠᠵᠠᠷ ᠪᠤᠢ ᠪᠤᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号