ᠮᠣᠩᠭᠤᠯ ᠤᠷᠠᠨ ᠵᠤᠬᠢᠶᠠᠯ᠎ᠤᠨ ᠪᠡᠯᠭᠡᠳᠡᠯ ᠲᠣᠭ᠍ᠲᠠᠯᠴᠠᠭ᠎ᠠ
2022-07-06 09:33:11
ᠵᠣᠬᠢᠶᠠᠭ᠍ᠴᠢ᠄
ᠰᠡᠴᠡᠨᠴᠢᠮᠡᠭ
ᠣᠩᠱᠢᠭ᠍ᠰᠠᠨ ᠣᠳᠠᠭ᠎ᠠ᠄
★★★☆☆

ᠪᠡᠯᠭᠡᠳᠡᠯ ᠵᠦᠢ ᠪᠣᠯ ᠮᠣᠩᠭᠤᠯ ᠤᠷᠠᠨ ᠵᠣᠬᠢᠶᠠᠯ᠎ᠤᠨ ᠤᠷᠠᠯᠢᠭ᠎ᠤᠨ ᠤᠯᠠᠮᠵᠢᠯᠠᠯ᠎ᠲᠠᠢ ᠢᠮᠠᠭ᠍ᠲᠠ ᠬᠤᠯᠪᠤᠭ᠍ᠳᠠᠭ᠍ᠰᠠᠭᠠᠷ ᠢᠷᠡᠭ᠌ᠰᠡᠨ ᠴᠢᠬᠤᠯᠠ ᠨᠢᠭᠡᠨ ᠦᠵᠡᠭ᠌ᠳᠡᠯ ᠪᠣᠯᠬᠤ ᠶᠤᠮ᠃ 《ᠮᠣᠩᠭᠤᠯ ᠬᠦᠮᠦᠨ ᠪᠡᠯᠭᠡ᠎ᠪᠠᠷ》 ᠭᠡᠳᠡᠭ᠌ᠴᠢᠯᠡᠨ ᠮᠣᠩᠭᠤᠯ ᠤᠷᠠᠨ ᠵᠣᠬᠢᠶᠠᠯ᠎ᠳᠤ ᠪᠡᠯᠭᠡᠳᠡᠯ ᠤᠷᠠᠯᠠᠬᠤᠢ᠎ᠶ᠋ᠢ ᠬᠡᠷᠡᠭ᠌ᠯᠡᠬᠦ᠌ ᠲᠠᠯ᠎ᠠ᠎ᠪᠠᠷ ᠠᠯᠢ ᠴᠤ᠌ ᠦᠨᠳᠦᠰᠦᠲᠡᠨ᠎ᠠᠴᠠ ᠪᠠᠶᠠᠯᠢᠭ ᠬᠥᠭ᠌ᠵᠢᠩᠭᠦᠢ ᠭᠡᠬᠦ᠌᠎ᠳᠤ ᠳᠡᠩᠳᠡᠬᠦ᠌ ᠵᠦᠢᠯ ᠦᠭᠡᠢ᠃ ᠮᠣᠩᠭᠤᠯ ᠤᠷᠠᠨ ᠵᠣᠬᠢᠶᠠᠯ᠎ᠳᠠᠬᠢ ᠪᠡᠯᠭᠡᠳᠡᠯ᠎ᠢ ᠪᠢᠳᠡ ᠡᠷᠲᠡᠨ᠎ᠤ ᠪᠡᠯᠭᠡᠳᠡᠯ᠂ ᠱᠢᠨ᠎ᠡ ᠪᠡᠯᠭᠡᠳᠡᠯ᠂ ᠣᠳᠣᠬᠢᠴᠢ ᠪᠡᠯᠭᠡᠳᠡᠯ ᠭᠡᠬᠦ᠌ ᠭᠤᠷᠪᠠᠨ ᠲᠠᠯ᠎ᠠ᠎ᠠᠴᠠ ᠬᠠᠢᠨ ᠰᠦᠪᠡᠭ᠌ᠴᠢᠯᠡᠵᠦ᠍ ᠪᠣᠯᠬᠤ ᠶᠤᠮ᠃ ᠡᠷᠲᠡᠨ᠎ᠤ ᠪᠡᠯᠭᠡᠳᠡᠯ᠎ᠨᠢ 《ᠮᠣᠩᠭᠤᠯ᠎ᠤᠨ ᠨᠢᠭᠤᠴᠠ ᠲᠤᠪᠴᠢᠶᠠᠨ》᠂ 《ᠵᠠᠩᠭᠠᠷ》᠂ 《ᠭᠡᠰᠡᠷ》 ᠵᠡᠷᠭᠡ ᠡᠷᠲᠡᠨ᠎ᠤ ᠤᠷᠠᠨ ᠵᠣᠬᠢᠶᠠᠯ᠎ᠳᠤ 《ᠤᠵᠠᠭᠤᠷ ᠰᠠᠨᠠᠭ᠎ᠠ ᠳᠦᠷᠢ》 ᠎ᠪᠠᠷ ᠢᠯᠡᠷᠡᠵᠦ᠍᠂ ᠱᠢᠨ᠎ᠡ ᠪᠡᠯᠭᠡᠳᠡᠯ᠎ᠨᠢ ᠣᠢᠷ᠎ᠠ ᠣᠷᠴᠢᠨ ᠦᠶ᠎ᠡ᠎ᠶ᠋ᠢᠨ ᠢᠨᠵᠠᠨᠨᠠᠰᠢ ᠰᠠᠢᠴᠤᠩᠭ᠎ᠠ ᠱᠢᠳᠤᠷᠭᠤ ᠪᠠᠲᠤ ᠬᠤᠷᠢᠶᠠᠨ᠎ᠤ ᠵᠣᠬᠢᠶᠠᠯᠴᠢᠳ᠎ᠤᠨ ᠱᠢᠨ᠎ᠡ ᠬᠠᠭᠤᠴᠢᠨ᠂ ᠠᠮᠢᠯᠠᠯ ᠡᠰᠡᠨᠢᠯ ᠬᠠᠷᠠᠩᠭᠤᠢ ᠬᠡᠪᠱᠢᠮᠡᠯ᠎ᠢ ᠪᠡᠯᠭᠡᠳᠡᠭ᠌ᠰᠡᠨ ᠪᠡᠯᠭᠡᠳᠡᠯ᠎ᠢᠶᠠᠷ ᠢᠯᠡᠷᠡᠵᠦ᠍᠂ ᠣᠳᠣᠬᠢᠴᠢ ᠪᠡᠯᠭᠡᠳᠡᠯ᠎ᠨᠢ ᠡᠷᠲᠡᠨ᠎ᠤ ᠪᠡᠯᠭᠡᠳᠡᠯ ᠪᠠ ᠱᠢᠨ᠎ᠡ ᠪᠡᠯᠭᠡᠳᠡᠯ᠎ᠢ ᠤᠯᠠᠮᠵᠢᠯᠠᠬᠤ᠎ᠶ᠋ᠢᠨ ᠳᠠᠭᠠᠤ ᠦᠷᠦᠨᠡᠳᠠᠬᠢᠨ᠎ᠤ ᠣᠳᠤᠬᠢᠴᠢ ᠦᠵᠡᠯ᠎ᠤᠨ ᠪᠡᠯᠭᠡᠳᠡᠯ᠎ᠤᠨ ᠠᠷᠭ᠎ᠠ᠎ᠶ᠋ᠢ ᠱᠢᠩᠭᠡᠭᠡᠨ ᠨᠡᠩ ᠢᠯᠡᠭᠦᠦ ᠪᠣᠳᠤᠯᠢᠶᠠᠨᠲᠠᠢ ᠪᠦᠭᠡᠳ ᠨᠢᠭᠤᠴᠠᠬᠠᠢ ᠱᠢᠨᠵᠢ᠎ᠲᠠᠢ ᠪᠣᠯᠤᠭ᠍ᠰᠠᠨ ᠪᠡᠯᠭᠡᠳᠡᠯ᠎ᠢ ᠵᠢᠭᠠᠵᠤ ᠪᠣᠢ᠃ ᠡᠨᠡ ᠬᠦ᠌ ᠭᠤᠷᠪᠠᠨ ᠪᠡᠯᠭᠡᠳᠡᠯ᠎ᠤᠨ ᠴᠣᠭ᠍ᠴᠠᠰ᠎ᠨᠢ ᠮᠣᠩᠭᠤᠯ ᠤᠷᠠᠨ ᠵᠣᠬᠢᠶᠠᠯ᠎ᠤᠨ ᠪᠡᠯᠭᠡᠳᠡᠯ ᠲᠣᠭ᠍ᠲᠠᠯᠴᠠᠭ᠎ᠠ᠎ᠶ᠋ᠢ ᠪᠦᠷᠢᠯᠳᠦᠭᠦᠯᠵᠡᠢ ᠭᠡᠵᠦ᠍ ᠦᠵᠡᠵᠦ᠍ ᠪᠣᠯᠬᠤ ᠶᠣᠮ᠃


ᠨᠢᠭᠡ᠂ ᠡᠷᠲᠡᠨ᠎ᠤ ᠪᠡᠯᠭᠡᠳᠡᠯ

ᠮᠣᠩᠭᠤᠯᠴᠤᠳ᠎ᠤᠨ ᠤᠤᠷ ᠰᠡᠳᠭᠢᠭᠦᠢ᠎ᠶ᠋ᠢᠨ ᠨᠢᠭᠡᠨ ᠣᠨᠴᠠᠯᠢᠭ ᠪᠣᠯᠤᠭ᠍ᠰᠠᠨ ᠪᠡᠯᠭᠡᠳᠡᠯ᠎ᠨᠢ ᠮᠣᠩᠭᠤᠯ ᠤᠷᠠᠨ ᠵᠣᠬᠢᠶᠠᠯ᠎ᠳᠤ ᠴᠣᠬᠤᠮ ᠬᠡᠵᠢᠶ᠎ᠡ ᠪᠣᠢ ᠪᠣᠯᠵᠤ᠂ ᠬᠡᠳᠦᠢ᠎ᠳᠤ ᠬᠠᠮᠢᠭ᠎ᠠ ᠢᠯᠡᠷᠡᠭ᠌ᠰᠡᠨ ᠭᠡᠳᠡᠭ᠎ᠢ ᠳᠣᠳᠤᠷᠬᠠᠢ ᠵᠢᠭᠠᠬᠤ ᠠᠷᠭ᠎ᠠ ᠦᠭᠡᠢ ᠪᠣᠯᠪᠠᠴᠤ᠌ ᠮᠣᠩᠭᠤᠯ ᠦᠨᠳᠦᠰᠦᠲᠡᠨ᠎ᠤ ᠡᠷᠲᠡᠨ᠎ᠤ ᠢᠷᠠᠭᠤ ᠨᠠᠢᠷᠠᠭ᠂ ᠪᠥᠭᠡ ᠮᠦᠷᠭᠦᠯ᠂ ᠳᠣᠮᠤᠭ ᠲᠤᠤᠯᠢᠰ᠂ ᠱᠢᠳᠢᠲᠦ ᠦᠯᠢᠭᠡᠷ᠎ᠤᠳ᠎ᠠᠴᠠ ᠡᠬᠢ ᠤᠯᠪᠠᠭ᠎ᠠ᠎ᠲᠠᠢ ᠭᠡᠳᠡᠭ᠎ᠨᠢ ᠮᠠᠷᠭᠤᠰᠢ ᠦᠭᠡᠢ᠃ ᠡᠷᠲᠡᠨ᠎ᠤ ᠤᠷᠠᠨ ᠵᠤᠬᠢᠶᠠᠯ᠎ᠳᠠᠬᠢ ᠪᠡᠯᠭᠡᠳᠡᠯ᠎ᠨᠢ ᠭᠤᠣᠯᠳᠠᠭᠤ 《ᠤᠵᠠᠭᠤᠷ ᠰᠠᠨᠠᠭ᠎ᠠ ᠳᠦᠷᠢ》 ᠎ᠪᠠᠷ ᠢᠯᠡᠷᠡᠳᠡᠭ᠃ ᠵᠢᠱ᠌ᠢᠶᠡᠯᠡᠪᠡᠯ᠂ ᠮᠣᠩᠭᠤᠯ ᠪᠠᠭᠠᠲᠤᠷᠯᠢᠭ ᠲᠤᠤᠯᠢᠰ᠎ᠲᠤ ᠢᠯᠡᠷᠡᠳᠡᠭ ᠵᠦᠩ ᠪᠡᠯᠭᠡᠳᠡᠯ ᠳᠦᠷᠢ᠂ ᠲᠠᠷᠤᠢ ᠪ᠊·ᠪᠦᠷᠢᠨᠪᠠᠬᠢ ᠵᠢᠨ 《ᠮᠣᠩᠭᠤᠯ ᠪᠠᠭᠠᠲᠤᠷᠯᠢᠭ ᠲᠤᠤᠯᠢᠰ᠎ᠤᠨ ᠱᠢᠯᠦᠭ ᠵᠦᠢ》 ᠨᠤᠮ᠎ᠳᠤ᠂ 《ᠬᠠᠷ᠎ᠠ ᠴᠠᠭᠠᠨ᠎ᠢᠶᠠᠷ ᠲᠣᠳᠤᠳᠭᠠᠭ᠍ᠰᠠᠨ ᠣᠢ ᠳᠦᠷᠬᠦ᠌ 〈ᠬᠠᠷ᠎ᠠ ᠴᠠᠭᠠᠨ ᠰᠤᠪᠢᠩ᠂ ᠳᠠᠯᠠᠢ ᠴᠠᠭᠠᠨ ᠦᠷᠦᠭᠡ᠂ ᠬᠦᠷᠡᠯ ᠬᠠᠷ᠎ᠠ ᠪᠠᠢᠱᠢᠩ ᠁〉 ᠠᠳᠠᠯᠢ ᠪᠣᠰᠤ ᠭᠠᠵᠠᠷ ᠬᠡᠷᠡᠭ᠌ᠯᠡᠭ᠌ᠳᠡᠬᠦ᠌ ᠎ᠳᠡᠭᠡᠨ ᠰᠠᠢᠨ ᠪᠠ ᠮᠠᠭᠤ᠂ ᠰᠠᠢᠬᠠᠨ ᠪᠠ ᠮᠠᠭᠤᠬᠠᠢ᠂ ᠦᠬᠦᠯ ᠪᠠ ᠰᠡᠬᠡᠯ᠂ ᠡᠰᠡᠷᠡᠭ ᠪᠠ ᠤᠷᠤᠭᠤ᠂ ᠳᠣᠭ᠍ᠰᠢᠨ ᠪᠠ ᠠᠮᠤᠷᠯᠢᠩᠭᠤᠢ᠂ ᠵᠦᠩᠨᠡᠯ ᠪᠠ ᠵᠦᠬᠡᠯ᠂ ᠥᠯᠵᠡᠢ ᠪᠠ ᠭᠠᠢ᠎ᠶ᠋ᠢ ᠲᠤᠰ ᠲᠤᠰ ᠬᠠᠷᠠᠭᠤᠯᠳᠠᠭ》 ᠬᠡᠵᠤ ᠲᠡᠮᠳᠡᠭᠯᠡᠭᠡᠰᠤᠳᠠᠢ᠃ 《ᠬᠥᠬᠡ ᠰᠤᠳᠤᠷ》 ᠲᠦ᠍ ᠲᠡᠮᠦᠵᠢᠨ᠎ᠢ ᠬᠠᠭᠠᠨ ᠰᠠᠭᠤᠬᠤ ᠦᠶ᠎ᠡ᠎ᠳᠤ 《ᠲᠠᠪᠤᠨ ᠦᠩᠭᠡ᠎ᠶ᠋ᠢᠨ ᠪᠣᠯᠵᠤᠮᠤᠷ ᠮᠡᠲᠦ ᠦᠩᠭᠡ ᠭᠡᠷᠡᠯ᠎ᠲᠠᠢ ᠨᠢᠭᠡᠨ ᠱᠢᠪᠠᠭᠤ ᠨᠢᠰᠤᠨ ᠬᠦᠷᠴᠦ᠍ ᠢᠷᠡᠭᠡᠳ ᠁ ᠲᠠᠢᠽᠤ᠎ᠶ᠋ᠢᠨ ᠵᠦᠭ 〈ᠴᠢᠩᠭᠢᠰ᠂ ᠴᠢᠩᠭᠢᠰ ᠭᠡᠮᠡᠨ ᠭᠤᠷᠪᠠᠨᠲᠠ ᠳᠤᠤᠭᠠᠷᠤᠭ᠍ᠰᠠᠨ〉 ᠵᠡᠷᠭᠡ ᠦᠭᠦᠯᠡᠮᠵᠢ᠎ᠳᠠᠬᠢ 〈ᠲᠠᠪᠤᠨ ᠦᠩᠭᠡ᠎ᠶ᠋ᠢᠨ ᠱᠢᠪᠠᠭᠤᠨ᠎ᠤ ᠭᠤᠷᠪᠠᠨᠳᠠ ᠳᠣᠩᠭᠤᠳᠤᠭ᠍ᠰᠠᠨ〉 ᠎ᠨᠢ ᠪᠡᠯᠭᠡ ᠳᠦᠷᠢ᠂ ᠲᠡᠮᠦᠵᠢᠨ ᠬᠠᠭᠠᠨ ᠰᠠᠭᠤᠬᠤ᠎ᠨᠢ ᠵᠦᠩᠨᠡᠯ ᠤᠳᠭ᠎ᠠ ᠪᠣᠯᠬᠤ ᠶᠤᠮ》 ᠬᠡᠵᠤ ᠰᠦᠶᠦᠭᠡ ᠪᠠᠬᠰᠢ ᠵᠢᠨ《ᠮᠣᠩᠭᠤᠯ ᠱᠢᠯᠦᠭ᠎ᠤᠨ ᠤᠬᠠᠭᠠᠨ》 ᠨᠤᠮ᠎ᠳᠤ ᠪᠢᠴᠢᠵᠠᠢ᠃ ᠡᠭᠦᠨ᠎ᠠᠴᠠ ᠭᠠᠳᠠᠨ᠎ᠠ 《ᠮᠣᠩᠭᠤᠯ᠎ᠤᠨ ᠨᠢᠭᠤᠴᠠ ᠲᠣᠪᠴᠢᠶᠠᠨ》᠎ᠳ᠋ᠦ ᠴᠦ᠍ ᠮᠦᠩᠬᠡ ᠲᠡᠭ᠌ᠷᠢ᠂ ᠴᠠᠭᠠᠨ ᠱᠣᠩᠬᠤᠷ ᠱᠢᠪᠠᠭᠤ ᠁ ᠵᠡᠷᠭᠡ ᠪᠡᠯᠭᠡᠳᠡᠯᠲᠦ ᠰᠠᠨᠠᠭ᠎ᠠ ᠳᠦᠷᠢ ᠢᠯᠡᠷᠡᠳᠡᠭ᠎ᠵᠢᠡᠷ ᠦᠯᠦ᠍ ᠪᠠᠷᠠᠨ ᠮᠣᠩᠭᠤᠯ ᠠᠷᠠᠳ᠎ᠤᠨ ᠶᠣᠭ᠍ᠲᠠ ᠦᠯᠢᠭᠡᠷ᠎ᠲᠤ ᠪᠡᠯᠭᠡᠳᠡᠯ᠎ᠨᠢ ᠪᠦᠬᠦᠢᠯᠡ ᠦᠯᠢᠭᠡᠷᠯᠢᠭ ᠦᠢᠯᠡ ᠶᠠᠪᠤᠳᠠᠯ᠎ᠳᠤ ᠦᠢᠯᠡᠴᠢᠯᠡᠵᠦ᠍ ᠪᠠᠢᠭ᠍ᠰᠠᠨ ᠵᠢᠱ᠌ᠢᠶ᠎ᠡ ᠴᠦ᠍ ᠣᠯᠠᠨ ᠪᠣᠢ᠃


ᠬᠤᠶᠠᠷ᠂ ᠱᠢᠨ᠎ᠡ ᠪᠡᠯᠭᠡᠳᠡᠯ

ᠮᠣᠩᠭᠤᠯ ᠤᠷᠠᠨ ᠵᠣᠬᠢᠶᠠᠯ᠎ᠤᠨ ᠤᠷᠠᠯᠠᠬᠤᠢ ᠠᠷᠭ᠎ᠠ᠎ᠶ᠋ᠢᠨ ᠤᠳᠤᠮᠱᠢᠯ ᠪᠣᠯᠤᠭ᠍ᠰᠠᠨ ᠪᠡᠯᠭᠡᠳᠡᠯ᠎ᠨᠢ ᠣᠢᠷ᠎ᠠ ᠣᠷᠴᠢᠨ ᠦᠶ᠎ᠡ ᠬᠦᠷᠴᠦ᠍ ᠢᠷᠡᠭᠡᠳ ᠮᠦᠨ ᠬᠦ᠌ ᠴᠢᠬᠤᠯᠠ ᠨᠢᠭᠡᠨ ᠢᠯᠡᠳᠭᠡᠬᠦ᠌ ᠠᠷᠭ᠎ᠠ ᠪᠣᠯᠵᠤ ᠪᠠᠢᠭ᠍ᠰᠠᠨ ᠮᠦᠷᠲᠡᠭᠡᠨ ᠲᠡᠷᠡ᠎ᠨᠢ ᠱᠢᠨ᠎ᠡ ᠨᠢᠭᠡᠨ ᠳᠦᠷᠢ ᠳᠦᠷᠬᠦ᠌᠎ᠪᠠᠷ ᠤᠩᠱᠢᠭ᠍ᠴᠢ ᠣᠯᠠᠨ᠎ᠲᠠᠢ ᠵᠣᠯᠭᠠᠵᠠᠢ᠃ ᠡᠭᠦᠨ᠎ᠳᠤ ᠰᠠᠢᠴᠤᠩᠭ᠎ᠠ᠎ᠶ᠋ᠢᠨ《ᠵᠠᠮᠪᠠ᠎ᠳᠤ ᠳᠠᠷᠤᠭ᠍ᠳᠠᠭ᠍ᠰᠠᠨ ᠨᠢᠯᠬ᠎ᠠ ᠨᠤᠭᠤᠭ᠎ᠠ》᠂ ᠬᠠᠳᠠ᠎ᠶ᠋ᠢᠨ 《ᠣᠢ᠎ᠶ᠋ᠢᠨ ᠳᠣᠲᠤᠷᠠᠬᠢ ᠨᠢᠭᠡᠨ ᠱᠢᠪᠠᠭᠤᠨ᠎ᠤ ᠠᠮᠢᠳᠤᠷᠠᠯ》 ᠵᠡᠷᠭᠡ ᠪᠦᠲᠦᠭᠡᠯ ᠪᠣᠯ ᠴᠦᠮ ᠱᠢᠨ᠎ᠡ ᠪᠡᠯᠭᠡᠳᠡᠯ᠎ᠤᠨ ᠠᠷᠭ᠎ᠠ᠎ᠪᠠᠷ ᠪᠢᠴᠢᠭ᠌ᠳᠡᠭ᠌ᠰᠡᠨ ᠱᠢᠯᠦᠭ ᠨᠠᠢᠷᠠᠭᠤᠯᠤᠯ ᠪᠣᠯᠬᠤ ᠶᠤᠮ᠃ ᠴᠡᠪᠡᠷᠬᠠᠰ᠎ᠤᠨ《ᠰᠠᠢᠴᠤᠩᠭ᠎ᠠ᠎ᠶ᠋ᠢᠨ ᠱᠢᠯᠦᠭ᠎ᠲᠠᠬᠢ ᠠᠮᠢ ᠨᠠᠰᠤᠨ᠎ᠤ ᠪᠡᠯᠭᠡᠳᠡᠯ᠎ᠤᠨ ᠤᠴᠢᠷ ᠬᠤᠯᠪᠤᠭ᠎ᠠ》ᠬᠡᠬᠦ ᠦᠬᠦᠯᠡᠯ᠎ᠳᠤ᠄《ᠰᠠᠢᠴᠤᠩᠭ᠎ᠠ᠎ᠶ᠋ᠢᠨ ᠱᠢᠯᠦᠭ᠎ᠲᠤ᠌᠂ ᠨᠠᠷᠠᠨ᠎ᠤ ᠭᠡᠷᠡᠯ᠂ ᠰᠠᠷᠠᠨ᠎ᠤ ᠢᠪᠡᠭᠡᠯ᠂ ᠠᠷᠢᠭᠤᠨ ᠲᠤᠩᠭᠠᠯᠠᠭ ᠠᠭᠠᠷ ᠠᠮᠢᠰᠭᠤᠯ᠎ᠤᠨ ᠳᠤᠮᠳᠠ ᠨᠠᠪᠴᠢ ᠴᠡᠴᠡᠭ ᠳᠡᠯᠭᠡᠷᠡᠨ᠂ ᠨᠢᠯᠬ᠎ᠠ ᠨᠤᠭᠤᠭ᠎ᠠ ᠴᠣᠬᠤᠢᠬᠤ᠎ᠪᠠᠷ ᠤᠷᠠᠨ ᠪᠡᠯᠭᠡᠳᠡᠯ ᠪᠣᠯᠭᠠᠭ᠍ᠰᠠᠨ ᠠᠮᠢ ᠠᠮᠢᠵᠢᠷᠠᠯ᠎ᠤᠨ ᠡᠰᠡᠨᠢᠯ ᠮᠠᠨᠳᠤᠯ᠎ᠤᠨ ᠱᠢᠨᠵᠢ ᠲᠡᠮᠳᠡᠭ ᠪᠦᠬᠦᠢ ᠰᠠᠨᠠᠭ᠎ᠠ ᠠᠬᠤᠢ ᠣᠯᠠᠨ ᠢᠯᠡᠷᠡᠳᠡᠭ》 ᠃ ᠲᠡᠭᠦᠨ᠎ᠤ 《ᠵᠠᠮᠪᠠ᠎ᠳᠤ ᠳᠠᠷᠤᠭ᠍ᠳᠠᠭ᠍ᠰᠠᠨ ᠨᠢᠯᠬ᠎ᠠ ᠨᠤᠭᠤᠭ᠎ᠠ》 ᠭᠡᠬᠦ᠌ ᠱᠢᠯᠦᠭ᠎ᠲᠤ ᠲᠦᠷᠰᠦᠯᠡᠭ᠌ᠳᠡᠵᠦ᠍ ᠪᠦᠬᠦᠢ ᠬᠠᠭᠤᠴᠢᠨ ᠵᠠᠮᠪᠠ ᠪᠣᠯ ᠬᠠᠷ᠎ᠠ ᠱᠢᠷ᠎ᠠ ᠹᠸᠤᠳᠠᠯ᠎ᠤᠨ ᠬᠦᠴᠦᠨ᠎ᠤ ᠮᠦᠬᠦᠵᠦ᠍ ᠰᠦᠨᠦᠬᠦ᠌᠎ᠶ᠋ᠢᠨ ᠪᠡᠯᠭᠡᠳᠡᠯ ᠪᠠᠢᠵᠤ᠂ ᠨᠢᠯᠬ᠎ᠠ ᠨᠤᠭᠤᠭ᠎ᠠ᠎ᠨᠢ ᠡᠷᠬᠡ ᠴᠢᠯᠦᠭᠡ ᠪᠣᠯᠤᠨ ᠠᠷᠠᠳᠴᠢᠯᠠᠯ᠎ᠢ ᠲᠡᠮᠡᠴᠡᠨ ᠪᠠᠢᠭ᠎ᠠ ᠱᠢᠨ᠎ᠡ ᠨᠢᠭᠡᠨ ᠦᠶ᠎ᠡ᠎ᠶ᠋ᠢᠨ ᠵᠠᠯᠠᠭᠤᠴᠤᠳ᠎ᠢ ᠵᠢᠭᠠᠵᠤ ᠪᠤᠢ᠃ ᠮᠦᠨ ᠴᠦ᠍ 《ᠨᠢᠯᠬ᠎ᠠ ᠨᠤᠭᠤᠭ᠎ᠠ》 ᠪᠣᠯ ᠠᠮᠢ ᠨᠠᠰᠤᠨ᠎ᠤ ᠡᠰᠡᠨᠢᠯ ᠪᠣᠢᠵᠢᠯ᠎ᠤᠨ ᠪᠡᠯᠭᠡ ᠲᠡᠮᠳᠡᠭ᠂ 《ᠵᠠᠮᠪᠠ》 ᠪᠣᠯ ᠠᠮᠢᠳᠤᠷᠠᠯ ᠦᠢᠯᠡᠰ᠎ᠤᠨ ᠬᠦᠴᠢᠷ ᠪᠡᠷᠭᠡᠱᠢᠶᠡᠯ᠎ᠤᠨ ᠪᠡᠯᠭᠡᠳᠡᠯ ᠳᠦᠷᠢ ᠪᠣᠯᠤᠨ᠎ᠠ ᠭᠡᠵᠦ᠍ ᠴᠦ᠍ ᠦᠵᠡᠵᠦ᠍ ᠪᠣᠯᠤᠨ᠎ᠠ᠃ ᠡᠢᠨ ᠬᠦ᠌ ᠮᠣᠩᠭᠤᠯ ᠪᠡᠯᠭᠡᠳᠡᠯ ᠰᠣᠶᠣᠯ᠎ᠤᠨ ᠣᠨᠴᠠᠭᠠᠢ ᠬᠡᠪ ᠱᠢᠨᠵᠢ ᠰᠠᠢᠴᠤᠩᠭ᠎ᠠ᠎ᠶ᠋ᠢᠨ ᠱᠢᠯᠦᠭ ᠵᠣᠬᠢᠶᠠᠯ᠎ᠤᠨ ᠮᠦᠷ ᠪᠠᠳᠠᠭ ᠪᠦᠬᠦᠨ᠎ᠳᠤ ᠱᠢᠩᠭᠡᠨ ᠨᠡᠪᠴᠢᠵᠤ᠂ ᠨᠢᠭᠡᠨ ᠦᠶ᠎ᠡ᠎ᠶ᠋ᠢᠨ ᠱᠢᠨ᠎ᠡ ᠳᠦᠷᠢ᠎ᠶ᠋ᠢ ᠴᠣᠭ᠍ᠴᠠᠯᠠᠨ ᠪᠣᠰᠭᠠᠭ᠍ᠰᠠᠨ ᠶᠤᠮ᠃ ᠡᠭᠦᠨ᠎ᠲᠠᠢ ᠠᠳᠠᠯᠢ᠎ᠪᠠᠷ ᠬᠠᠳᠠ᠎ᠶ᠋ᠢᠨ 《ᠣᠢ᠎ᠶ᠋ᠢᠨ ᠳᠣᠲᠤᠷᠠᠬᠢ ᠨᠢᠭᠡᠨ ᠱᠢᠪᠠᠭᠤᠨ᠎ᠤ ᠠᠮᠢᠳᠤᠷᠠᠯ》 ᠭᠡᠬᠦ᠌ ᠶᠣᠭ᠍ᠲᠠ ᠵᠣᠬᠢᠶᠠᠯ᠎ᠨᠢ ᠱᠢᠪᠠᠭᠤᠨ᠎ᠤ ᠨᠢᠭᠡ ᠡᠳᠦᠷ᠎ᠤᠨ ᠠᠮᠢᠳᠤᠷᠠᠯ᠎ᠢᠶᠠᠷ ᠬᠠᠭᠤᠴᠢᠨ ᠨᠡᠢᠭᠡᠮ᠎ᠤᠨ ᠬᠦᠮᠦᠨ᠎ᠤ ᠠᠮᠢᠳᠤᠷᠠᠯ᠎ᠢ ᠶᠦᠭᠡᠳᠡᠨ ᠪᠡᠯᠭᠡᠳᠡᠵᠦ᠍᠂ ᠪᠡᠯᠭᠡᠳᠡᠬᠦᠢ ᠤᠷᠠᠯᠢᠭ᠎ᠤᠨ ᠭᠤᠸ᠎ᠠ ᠰᠠᠢᠬᠠᠨ᠎ᠤ ᠦᠩᠭᠡ ᠳᠦᠷᠬᠦ᠌᠎ᠶ᠋ᠢ ᠬᠠᠷᠠᠭᠤᠯᠤᠭ᠍ᠰᠠᠨ ᠶᠤᠮ᠃


ᠭᠤᠷᠪᠠ ᠂ ᠣᠳᠤᠬᠢᠴᠢ ᠪᠡᠯᠭᠡᠳᠡᠯ

ᠴᠣᠮᠤᠷᠯᠢᠭ᠎ᠤᠨ 《ᠣᠳᠤ ᠦᠶ᠎ᠡ᠎ᠶ᠋ᠢᠨ ᠮᠣᠩᠭᠤᠯ ᠲᠤᠭᠤᠵᠢᠰ᠎ᠲᠠᠬᠢ ᠪᠡᠯᠭᠡᠳᠡᠭ᠌ᠴᠢ ᠠᠬᠤᠢᠴᠢ ᠦᠵᠡᠯ》 ᠬᠡᠬᠦ ᠦᠬᠦᠯᠡᠯ᠎ᠳᠤ᠄《ᠣᠳᠤᠬᠢᠴᠢ ᠪᠡᠯᠭᠡᠳᠡᠯ ᠪᠣᠯ ᠲᠤᠭᠤᠵᠢᠰ ᠲᠣᠭᠤᠷᠪᠢᠯ᠎ᠤᠨ ᠤᠷᠠᠯᠢᠭ᠎ᠤᠨ ᠬᠤᠪᠢᠰᠤᠯ᠎ᠤᠨ ᠪᠦᠲᠦᠭᠡᠭ᠌ᠳᠡᠭᠦᠨ ᠮᠦᠨ᠃ ᠤᠤᠷ ᠬᠡᠪ᠂ ᠰᠠᠨᠠᠭ᠎ᠠ ᠳᠦᠷᠢ᠂ ᠰᠠᠨᠠᠭ᠎ᠠ ᠠᠬᠤᠢ᠎ᠨᠢ ᠰᠡᠩᠬᠡᠷᠡᠭᠦᠯᠦᠯ᠎ᠢᠶᠠᠷ ᠵᠠᠭᠤᠴᠢ ᠪᠣᠯᠭᠠᠵᠤ ᠲᠡᠭᠦᠨ᠎ᠤ ᠪᠠᠶ᠎ᠡ᠎ᠳᠤ ᠠᠭᠤᠯᠤᠭ᠍ᠰᠠᠨ ᠳᠣᠲᠤᠭᠠᠳᠤᠯᠢᠭ ᠨᠢᠭᠤᠴᠠ᠎ᠪᠠᠨ ᠰᠡᠮ ᠳᠣᠬᠢᠳᠠᠭ》 ᠵᠢᠡᠷ᠎ᠢᠶᠠᠨ ᠤᠯᠠᠮᠵᠢᠯᠠᠯᠲᠤ ᠪᠡᠯᠭᠡᠳᠡᠯ ᠪᠣᠯᠤᠨ ᠱᠢᠨ᠎ᠡ ᠪᠡᠯᠭᠡᠳᠡᠯ᠎ᠠᠴᠠ ᠠᠩᠭᠢᠲᠠ ᠢᠯᠭᠠᠭ᠍ᠳᠠᠵᠤ ᠪᠠᠢᠳᠠᠭ ᠬᠡᠵᠤ ᠲᠤᠭᠤᠷᠪᠢᠵᠤ ᠪᠢᠯᠡ᠃ ᠭᠠᠯ ᠪᠣᠯ ᠮᠣᠩᠭᠤᠯᠴᠤᠳ᠎ᠤᠨ ᠦᠨᠳᠦᠰᠦᠲᠡᠨ᠎ᠤ ᠬᠠᠮᠲᠤ᠎ᠶ᠋ᠢᠨ ᠡᠵᠡᠭᠦᠢ ᠤᠬᠠᠮᠰᠠᠷ᠎ᠲᠤ ᠪᠠᠢᠭ᠎ᠠ ᠵᠣᠷᠢᠭ ᠰᠠᠨᠠᠭᠠᠨ᠎ᠤ ᠢᠯᠡᠷᠡᠯ ᠪᠣᠯᠬᠤ ᠶᠤᠮ᠃ ᠮᠣᠩᠭᠤᠯ ᠤᠳᠤᠮᠱᠢᠯᠲᠤ ᠰᠣᠶᠤᠯ᠎ᠳᠤ ᠭᠠᠯ᠎ᠨᠢ ᠠᠮᠢ ᠬᠠᠢᠷ᠎ᠠ᠎ᠶ᠋ᠢᠨ ᠪᠡᠯᠭᠡᠳᠡᠯ ᠪᠣᠯᠬᠤ᠎ᠪᠠᠷ ᠪᠠᠷᠠᠬᠤ ᠦᠭᠡᠢ ᠮᠦᠨ ᠴᠦ᠍ ᠥᠭᠡᠳᠡ ᠡᠰᠡᠷᠡᠭ᠂ ᠮᠠᠨᠳᠤᠯ ᠪᠠᠳᠠᠷᠠᠯ᠎ᠤᠨ ᠪᠡᠯᠭᠡ ᠲᠡᠮᠳᠡᠭ ᠪᠣᠯᠳᠠᠭ᠃ ᠮᠠᠨᠳᠣᠮᠤᠢ᠎ᠶ᠋ᠢᠨ《ᠪᠤᠭᠤᠷᠤᠯ ᠭᠠᠯ》 ᠭᠡᠬᠦ᠌ ᠦᠭᠦᠯᠡᠯᠭᠡ᠎ᠳᠤ ᠠᠳᠣᠭᠤ ᠲᠤᠭᠤᠵᠤ ᠣᠳᠣᠭ᠍ᠰᠠᠨ ᠣᠮᠤᠭ᠍ᠯᠠᠩ ᠵᠠᠯᠠᠭᠤ᠎ᠶ᠋ᠢ ᠲᠤᠵᠢ ᠨᠠᠰᠤ᠎ᠪᠠᠷ᠎ᠢᠶᠠᠨ ᠬᠦᠯᠢᠶᠡᠨ ᠰᠠᠭᠤᠭ᠍ᠰᠠᠨ ᠬᠥᠭ᠌ᠰᠢᠨ ᠬᠡᠥᠬᠡᠨ᠎ᠤ 《ᠭᠠᠯ》 ᠪᠣᠯ ᠬᠠᠢᠷ᠎ᠠ᠎ᠶ᠋ᠢᠨ ᠭᠠᠯ ᠪᠠᠢᠵᠤ ᠲᠠᠭᠠᠷᠠᠨ᠎ᠠ᠃ ᠶᠡᠷᠦ᠍᠎ᠨᠢ ᠠᠮᠢ᠎ᠶ᠋ᠢᠨ ᠪᠡᠯᠭᠡᠳᠡᠯ ᠪᠣᠯᠤᠭ᠍ᠰᠠᠨ ᠭᠠᠯ᠎ᠨᠢ ᠠᠮᠢ ᠨᠠᠰᠤᠨ᠎ᠤ ᠪᠢᠯᠢᠭ ᠡᠭᠦᠰᠦᠯ ᠪᠣᠯᠤᠭ᠍ᠰᠠᠨ ᠡᠮᠡᠭ᠌ᠲᠡᠢ ᠬᠦᠮᠦᠨ᠎ᠯᠦᠭᠡ ᠶᠠᠭᠠᠬᠢᠬᠤ᠎ᠶ᠋ᠢᠨ ᠠᠷᠭ᠎ᠠ ᠦᠭᠡᠢ ᠬᠤᠯᠪᠤᠭ᠎ᠠ᠎ᠲᠠᠢ ᠠᠵᠠᠢ᠃ ᠲᠤᠰ ᠦᠭᠦᠯᠡᠯᠭᠡ᠎ᠳᠠᠬᠢ 《ᠭᠠᠯ》 ᠎ᠨᠢ ᠢᠨᠠᠭ ᠬᠠᠢᠷ᠎ᠠ ᠪᠠ ᠠᠮᠢ ᠨᠠᠰᠤᠨ᠎ᠤ ᠮᠦᠩᠭᠡ᠎ᠶ᠋ᠢᠨ ᠪᠡᠯᠭᠡᠳᠡᠯ ᠪᠣᠯᠤᠭ᠍ᠰᠠᠨ᠎ᠢᠶᠠᠷ ᠪᠠᠷᠠᠬᠤ ᠦᠭᠡᠢ ᠦᠨᠳᠦᠰᠦᠲᠡᠨ᠎ᠤ ᠬᠤᠪᠢ ᠵᠠᠶᠠᠭ᠎ᠠ᠂ ᠠᠮᠢ ᠠᠮᠢᠵᠢᠷᠠᠯ᠂ ᠥᠭᠡᠳᠡ ᠡᠰᠡᠷᠡᠭ᠎ᠤᠨ ᠪᠡᠯᠭᠡ ᠲᠡᠮᠳᠡᠭ ᠴᠦ᠍ ᠪᠣᠯᠳᠠᠭ᠃ ᠡᠢᠨ ᠬᠦ᠌ ᠣᠳᠤᠬᠢᠴᠢ ᠪᠡᠯᠭᠡᠳᠡᠯ᠎ᠨᠢ ᠭᠤᠸ᠎ᠠ ᠲᠠᠭᠠᠱᠢᠶᠠᠯ᠎ᠤᠨ ᠰᠣᠪᠢᠯᠲᠠ᠎ᠶ᠋ᠢᠨ ᠣᠷᠤᠨ ᠵᠠᠢ᠎ᠶ᠋ᠢ ᠲᠡᠯᠡᠵᠦ᠍᠂ ᠤᠳᠭ᠎ᠠ ᠰᠠᠨᠠᠭᠠᠨ᠎ᠤ ᠪᠠᠭ᠍ᠲᠠᠭᠠᠮᠵᠢ᠎ᠶ᠋ᠢ ᠶᠡᠬᠡᠳᠭᠡᠨ᠂ ᠨᠡᠩ ᠭᠦᠨ ᠭᠦᠨᠵᠡᠭᠡᠢ ᠳᠠᠯᠳᠠ ᠡᠴᠢᠨ᠎ᠡ ᠵᠦᠢᠯ᠎ᠢ ᠲᠦᠷᠰᠦᠯᠡᠬᠦ᠌᠎ᠪᠠᠷ ᠳᠠᠮᠵᠢᠨ ᠬᠦᠮᠦᠰ᠎ᠤᠨ ᠬᠤᠶᠠᠳᠠᠬᠢ ᠶᠢᠷᠲᠢᠨᠴᠦ᠍᠎ᠶ᠋ᠢ ᠨᠡᠭᠡᠭᠡᠵᠦ᠍ ᠳᠠᠯᠳᠠ ᠤᠬᠠᠮᠰᠠᠷ᠎ᠢ ᠠᠭᠤᠳᠠᠯᠤᠨ ᠰᠡᠩᠬᠡᠷᠡᠭᠦᠯᠳᠡᠭ᠃

ᠬᠤᠷᠢᠶᠠᠩᠭᠤᠢᠯᠠᠪᠠᠯ᠂ ᠪᠡᠯᠭᠡᠳᠡᠯ᠎ᠨᠢ ᠨᠢᠭᠡ ᠵᠦᠢᠯ᠎ᠤᠨ ᠲᠤᠭᠤᠷᠪᠢᠯ᠎ᠤᠨ ᠣᠢᠯᠠᠭᠠᠭ᠍ᠳᠠᠬᠤᠨ᠂ ᠵᠣᠬᠢᠶᠠᠨ ᠪᠦᠲᠦᠭᠡᠬᠦ᠌ ᠠᠷᠭ᠎ᠠ ᠪᠠᠷᠢᠯ ᠡᠰᠡᠭᠦᠯ᠎ᠡ᠂ ᠮᠣᠩᠭᠤᠯᠴᠤᠳ᠎ᠤᠨ ᠤᠵᠠᠭᠤᠷ ᠰᠣᠶᠣᠯ ᠰᠡᠳᠭᠢᠬᠦᠢ᠎ᠶ᠋ᠢᠨ ᠬᠡᠯᠪᠡᠷᠢ ᠪᠣᠯᠤᠭ᠍ᠰᠠᠨ᠎ᠤ ᠬᠤᠪᠢ᠎ᠳᠤ ᠮᠣᠩᠭᠤᠯ ᠤᠷᠠᠨ ᠵᠣᠬᠢᠶᠠᠯ᠂ ᠨᠡᠩ ᠴᠢᠨᠠᠭ᠍ᠰᠢᠯᠠᠪᠠᠯ ᠪᠦᠬᠦᠢᠯᠡ ᠮᠣᠩᠭᠤᠯᠴᠤᠳ᠎ᠤᠨ ᠠᠵᠤ ᠠᠮᠢᠳᠤᠷᠠᠯ᠂ ᠵᠠᠩ ᠦᠢᠯᠡ᠂ ᠰᠤᠶᠤᠯ ᠤᠷᠠᠯᠢᠭ᠎ᠲᠤ ᠴᠦᠮ ᠲᠤᠭᠤᠰᠢᠯᠠᠭᠳᠠᠭᠰᠠᠭᠠᠷ ᠪᠠᠢᠭ᠎ᠠ ᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号