ᠦᠳᠦᠳᠦ ᠱᠢᠪᠠᠭᠣᠳᠤᠨ ᠴᠢᠨᠢ ᠪᠦᠯᠢᠶᠡᠨ ᠨᠢᠯᠪᠤᠰᠣ ᠵᠢ ᠠᠷᠭᠠᠳᠠᠵᠦ᠍
ᠲᠣᠯᠭᠠᠨ ᠭᠠᠯᠤᠨ ᠴᠢᠨᠢ ᠬᠦᠬᠡ ᠲᠦᠯᠦᠨᠳᠦ ᠪᠦᠯᠢᠶᠡᠰᠴᠦ
ᠪᠠᠭᠠᠳᠤ ᠮᠢᠨᠢ ᠠᠯᠢᠶᠠᠯᠠᠭ᠍ᠰᠠᠨ ᠳᠣᠮᠣᠭᠠ ᠦᠬᠡᠢ ᠰᠣᠷᠭᠠᠮᠵᠢ ᠵᠢ
ᠪᠤᠴᠠᠭᠠᠵᠦ᠍ ᠨᠠᠳᠠ ᠣᠷᠣᠭᠣ ᠢᠯᠡᠭᠡᠭ᠌ᠰᠡᠨ
ᠨᠢᠯᠪᠤᠰᠤ ᠱᠢᠭ᠋ ᠪᠦᠮᠪᠦᠷᠢᠬᠦ᠌ ᠳ᠋ᠡᠭᠡᠨ ᠯᠠ ᠪᠠᠶᠠᠷ ᠭᠣᠨᠢᠬ ᠬᠣᠣᠰᠯᠠᠳᠠᠭ ᠬᠣᠷᠸᠠ
ᠴᠡᠴᠡᠭᠦᠨ ᠵᠢᠬᠦᠷ ᠲᠠᠢ ᠴᠠᠭ ᠬᠣᠭᠣᠴᠠᠭᠠ ᠴᠢᠮᠠᠶ᠋ᠢ ᠪᠢ ᠲᠣᠨᠭᠬᠠᠭ᠍ᠯᠠᠶᠠ
ᠵᠢᠬᠦᠷ ᠨᠢ ᠴᠣᠴᠠᠳᠠᠭ ᠦᠬᠡᠢ ᠪᠦᠷᠬᠦᠳ ᠰᠢᠭ ᠣᠭ᠍ᠳᠠᠷᠭᠣᠢᠶ᠋ᠢᠨ ᠮᠠᠨᠳᠠᠯ ᠳ᠋ᠦ᠍
ᠰᠡᠳᠭᠢᠯᠦᠨ ᠠᠨᠢᠷᠢ ᠮᠢᠨᠢ ᠬᠦᠭ᠌ᠯᠡᠬᠦᠯᠦᠨ
ᠣᠯᠠᠷᠢᠯᠢᠶᠠᠨ ᠭᠠᠨᠵᠤᠭᠠᠯᠠᠭ᠍ᠰᠠᠭᠠᠷ ᠦᠦᠷᠰᠡᠬᠦ᠌ ᠠᠳᠣᠭᠣᠳᠤᠨ ᠳᠠᠭᠣᠨ ᠰᠣᠨᠣᠰᠳᠠᠨᠠ
ᠭᠠᠷᠴᠠᠭᠠ ᠦᠬᠡᠢ ᠦᠨᠡᠨᠢ ᠪᠢ ᠴᠠᠭ ᠬᠣᠭᠣᠴᠠᠭᠠ ᠪᠡᠷ ᠯᠠ ᠲᠣᠭᠣᠯᠳᠠᠭ ᠪᠤᠯᠬᠤᠷ
ᠬᠠᠶᠠᠭᠠ ᠦᠷᠬᠡᠨ ᠽᠠᠮᠪᠣᠳᠢᠪᠤᠨ ᠡᠯᠢᠬᠡᠨ ᠳ᠋ᠦ᠍
ᠬᠠᠮᠤᠭᠢ ᠲᠦᠬᠡᠬᠡᠭ᠌ᠴᠢ ᠬᠡᠵᠦ᠍ ᠮᠡᠳᠡᠷᠡᠨᠠ
ᠴᠡᠪ ᠴᠡᠨᠭ᠌ᠭᠡᠷ ᠡᠷᠭᠡ ᠴᠢᠯᠦᠬᠡᠨᠳᠦ ᠳᠡᠬᠦᠯᠢᠳᠡᠭ ᠳᠠᠯᠠᠪᠴᠢᠨ ᠳᠡᠭᠡᠷᠡ ᠮᠢᠨᠢ
ᠴᠡᠴᠡᠭᠡᠰ ᠳᠡᠯᠬᠡᠷᠡᠳᠡᠭ ᠭᠣᠶᠣᠬᠠᠨ ᠵᠤᠨᠤ ᠦᠷᠯᠦᠬᠡ ᠪᠡᠷ ᠪᠤᠯᠵᠣᠮᠣᠷ ᠵᠢᠷᠬᠢᠨᠠ
ᠬᠠᠪ ᠬᠠᠷᠠᠩᠭᠣᠢ ᠪᠡᠷ ᠴᠣᠬᠣᠢᠵᠦ᠍ ᠬᠡᠷᠡᠯᠳᠦᠬᠦ᠌ ᠦᠳᠡᠬᠡᠮᠡᠳᠡᠬᠡᠢ ᠵᠡᠬᠦᠳᠦ ᠵᠢ ᠮᠢᠨᠢ
ᠬᠠᠰᠤᠨ ᠮᠦᠨᠭ᠌ᠭᠦᠨ ᠴᠠᠰᠣᠨ ᠱᠢᠷᠬᠡᠭ ᠲᠣᠮᠣᠭ ᠬᠠᠭᠣᠴᠢᠯᠠᠨ ᠰᠡᠷᠢᠬᠡᠵᠦ᠍
ᠲᠡᠮᠡᠬᠡᠨᠦ ᠪᠦᠬᠦ᠌ ᠰᠢᠭ ᠲᠣᠯᠣᠭᠠᠳᠢᠶᠠᠨ ᠳᠠᠮᠨᠠᠨ
ᠴᠠᠭ ᠬᠣᠭᠣᠴᠠᠭᠠ ᠲᠣᠨᠭᠭᠠᠯᠠᠭ ᠴᠡᠭᠡᠯᠦᠨ ᠣᠰᠣᠨ ᠳ᠋ᠦ᠍ ᠨᠠᠷᠠ ᠪᠠᠨ ᠠᠷᠭᠠᠮᠵᠢᠵᠦ᠍ ᠲᠣᠶᠠᠭᠠᠷᠠᠨᠠ
ᠮᠣᠳᠣᠳ ᠨᠠᠪᠴᠢᠰᠢᠶᠠᠨ ᠦᠨᠭ᠌ᠭᠡᠯᠡᠬᠦ᠌ ᠳ᠋ᠦ᠍ ᠤᠯᠠᠷᠢᠯ ᠦᠨᠳᠡᠯᠵᠡᠬᠦᠯᠬᠦ᠌
ᠪᠢᠯᠢᠭ᠌ᠳᠦ ᠬᠦᠷᠦᠬᠡᠰᠣᠨᠤ ᠴᠢᠨᠢ ᠡᠮᠨᠢᠭ ᠪᠠᠷᠡ
ᠮᠠᠨᠠᠨ ᠳ᠋ᠦ᠍ ᠳᠠᠰᠣᠷᠠᠵᠦ᠍ ᠬᠠᠷᠠᠬ᠍ᠳᠠᠬᠤ ᠠᠭᠣᠯᠠᠰᠢᠶᠠᠨ ᠨᠦᠮᠦᠷᠢᠨᠠ
ᠮᠠᠯᠮᠡᠢ ᠳᠣᠳᠣᠷᠡ ᠪᠠᠨ ᠣᠷᠴᠢᠯᠠᠨᠭ᠌ᠢ ᠪᠠᠭ᠍ᠳᠠᠭᠠᠵᠦ᠍ ᠡᠷᠭᠡᠯᠡᠬᠦᠯᠦᠭ᠌ᠰᠡᠨ
ᠮᠦᠨᠭ᠌ᠭᠡᠶ᠋ᠢᠨ ᠳᠡᠬᠦᠯᠳᠡᠷ ᠲᠦ᠍ ᠣᠷᠣᠱᠢᠬᠤ ᠴᠠᠬ ᠬᠣᠭᠣᠴᠠᠭᠠ ᠵᠢ ᠪᠢ
ᠰᠠᠷᠠ ᠨᠠᠷᠠᠨᠤ ᠰᠠᠳᠣᠨ ᠪᠣᠯᠣᠭ᠍ᠰᠠᠨ
ᠢᠷᠡᠬᠡᠳᠦᠢ ᠠᠯᠤᠰᠢ ᠬᠡᠷᠡᠯᠳᠦᠬᠦᠯᠦᠭᠴᠢ ᠪᠡᠷ ᠵᠦᠢᠷᠯᠡᠨᠡᠮ
ᠦᠨᠭ᠌ᠭᠡᠶ᠋ᠢᠨ ᠰᠣᠯᠣᠨᠭᠭᠠ ᠨᠣᠮᠤᠯᠠᠨ ᠮᠢᠷᠠᠯᠵᠠᠭ᠍ᠰᠠᠨ
ᠣᠯᠠᠷᠢᠯᠤᠨ ᠰᠠᠢᠬᠠᠨ ᠵᠤᠨ ᠴᠠᠭᠢᠶᠠᠷ
ᠲᠣᠯᠢᠨ ᠨᠠᠭᠤᠷᠤᠨ ᠴᠠᠯᠬᠢᠶᠠᠨᠳᠠᠭᠠᠨ ᠦᠨᠭ᠌ᠭᠡᠱᠢᠵᠦ᠍ ᠣᠷᠭᠣᠳᠠᠭ
ᠳᠡᠭ᠌ᠷᠢᠶ᠋ᠢᠨ ᠴᠡᠴᠡᠷᠯᠢᠭ᠌ ᠬᠡᠵᠦ᠍ ᠪᠠᠬᠠᠷᠬᠠᠨᠠᠮ