ᠬᠤᠷᠢᠳᠤᠭᠠᠷ ᠵᠠᠭᠤᠨ᠎ᠤ ᠳᠠᠯᠠᠭᠠᠳ ᠤᠨ᠎ᠤ ᠰᠡᠭᠦᠯᠴᠢ᠎ᠪᠠᠷ ᠪᠢᠴᠢᠭ᠌ᠳᠡᠭ᠌ᠰᠡᠨ ᠠ᠊·ᠤᠳᠽᠠᠷ᠎ᠤᠨ ᠷᠤᠮᠠᠨ 《ᠮᠣᠷᠢᠲᠤ ᠴᠡᠷᠢᠭ᠎ᠤᠨ ᠳᠠᠭᠤᠯᠠᠯ》 ᠨᠢ ᠴᠢᠯᠦᠭᠡᠯᠡᠬᠦ᠌ ᠳᠠᠢᠨ᠎ᠤ ᠦᠶ᠎ᠡ᠎ᠶ᠋ᠢᠨ ᠨᠢᠭᠡ ᠪᠥᠯᠦᠭ ᠬᠤᠪᠢᠰᠭᠠᠯᠳᠤ ᠪᠠᠭᠠᠲᠤᠷᠴᠤᠳ᠎ᠤᠨ ᠳᠦᠷᠢ᠎ᠶ᠋ᠢ ᠪᠥᠲᠦᠭᠡᠭ᠌ᠰᠡᠨ ᠭᠦᠨ ᠵᠤᠵᠠᠭᠠᠨ ᠴᠠᠭ ᠦᠶ᠎ᠡ᠎ᠶ᠋ᠢᠨ ᠤᠨᠴᠠᠯᠢᠭ᠎ᠲᠠᠢ ᠪᠥᠲᠦᠭᠡᠯ ᠪᠤᠯᠤᠨ᠎ᠠ᠃ ᠲᠡᠳᠡᠭᠡᠷ ᠬᠤᠪᠢᠰᠭᠠᠯᠳᠤ ᠪᠠᠭᠠᠲᠤᠷ᠎ᠤᠳ᠎ᠤᠨ ᠳᠦᠷᠢ᠎ᠳᠤ᠂ ᠲᠤᠬᠠᠢ᠎ᠶ᠋ᠢᠨ ᠨᠡᠢᠭᠡᠮ ᠴᠠᠭ ᠦᠶ᠎ᠡ᠎ᠶ᠋ᠢᠨ ᠤᠯᠤᠰ ᠲᠥᠷᠦ᠍᠎ᠶ᠋ᠢᠨ ᠡᠭᠦᠷᠭᠡᠯᠡᠯ ᠭᠤᠤᠯᠯᠠᠵᠦ᠍ ᠪᠠᠢᠳᠠᠭ ᠴᠤ᠌ ᠵᠤᠬᠢᠶᠠᠭ᠍ᠴᠢ᠎ᠶ᠋ᠢᠨ ᠳᠦᠷᠢ ᠪᠥᠲᠦᠭᠡᠭ᠌ᠰᠡᠨ ᠠᠷᠭ᠎ᠠ ᠤᠨᠴᠠᠯᠢᠭ᠎ᠠᠴᠠ᠎ᠨᠢ ᠦᠨᠳᠦᠰᠦᠲᠡᠨ᠎ᠤ ᠱᠢᠨᠵᠢ᠂ ᠪᠠᠭᠠᠲᠤᠷᠯᠢᠭ ᠲᠤᠤᠯᠢ᠎ᠶ᠋ᠢᠨ ᠳᠦᠷᠢ᠎ᠶ᠋ᠢᠨ ᠤᠤᠷ ᠬᠡᠪ᠎ᠢ ᠣᠯᠵᠤ ᠬᠠᠷᠠᠨ᠎ᠠ᠃ ᠮᠣᠩᠭᠤᠯᠦᠨᠳᠦᠰᠦᠳᠡᠨᠤ ᠳᠤᠮᠤᠭ ᠦᠯᠢᠭᠡᠷ ᠪᠠᠭᠠᠲᠤᠷᠯᠢᠭ ᠲᠤᠤᠯᠢ᠎ᠨᠢ ᠬᠤᠵᠢᠭᠤ ᠦᠶ᠎ᠡ᠎ᠶ᠋ᠢᠨ ᠤᠷᠠᠨ ᠵᠤᠬᠢᠶᠠᠯ᠎ᠳᠤ ᠳᠦᠷᠢ ᠪᠠ ᠪᠥᠲᠦᠴᠡ᠎ᠶ᠋ᠢᠨ ᠲᠠᠯ᠎ᠠ᠎ᠶ᠋ᠢᠨ ᠤᠤᠷ ᠬᠡᠪ᠎ᠢ ᠬᠠᠩᠭᠠᠵᠤ ᠦᠭ᠌ᠭᠦᠭ᠌ᠰᠡᠨ ᠪᠠ ᠲᠡᠭᠦᠨ᠎ᠤ ᠤᠷᠠᠨ ᠵᠤᠬᠢᠶᠠᠯ᠎ᠳᠠᠬᠢ ᠨᠥᠯᠦᠭᠡ᠎ᠨᠢ ᠭᠤᠤᠯᠳᠠᠭᠤ ᠳᠦᠷᠢ ᠬᠢᠭᠡᠳ ᠪᠥᠲᠦᠴᠡ᠎ᠶ᠋ᠢᠨ ᠲᠠᠯ᠎ᠠ᠎ᠪᠠᠷ ᠢᠯᠡᠷᠡᠳᠡᠭ᠃ ᠰᠠᠬᠢᠭᠤᠯᠰᠤᠯᠢᠭ ᠴᠠᠭ ᠦᠶ᠎ᠡ᠂ ᠪᠠᠭᠠᠲᠤᠷᠯᠢᠭ ᠴᠠᠭ ᠦᠶ᠎ᠡ ᠪᠣᠯᠵᠤ ᠬᠦᠭ᠌ᠵᠢᠬᠦ᠌᠎ᠶ᠋ᠢ ᠳᠠᠭᠠᠯᠳᠤᠨ ᠰᠠᠬᠢᠭᠤᠯᠰᠤᠨ᠎ᠤ ᠲᠤᠬᠠᠢ ᠦᠯᠢᠭᠡᠷ ᠳᠤᠮᠤᠭ᠎ᠨᠢ ᠬᠥᠮᠦᠨ ᠲᠥᠷᠦᠯᠬᠢᠲᠡᠨᠤ ᠬᠠᠮᠠᠭᠠᠯᠠᠭ᠍ᠴᠢ᠎ᠶ᠋ᠢᠨ ᠲᠤᠬᠠᠢ ᠳᠤᠮᠤᠭ ᠪᠣᠯᠤᠨ ᠤᠯᠠᠷᠢᠵᠤ᠂ ᠬᠠᠷᠢᠨ ᠪᠠᠭᠠᠲᠤᠷᠯᠢᠭ ᠴᠠᠭ ᠦᠶ᠎ᠡ᠎ᠨᠢ ᠠᠷᠠᠳ ᠲᠥᠮᠡᠨ᠎ᠤ ᠴᠠᠭ ᠦᠶ᠎ᠡ ᠪᠣᠯᠵᠤ ᠬᠤᠪᠢᠷᠠᠬᠤ ᠦᠶᠡᠰ᠎ᠲᠤ ᠲᠤᠮᠤᠭ ᠦᠯᠢᠭᠡᠷ᠎ᠨᠢ ᠨᠡᠩ ᠢᠯᠡᠭᠦᠦ ᠢᠲᠡᠭᠡᠭᠦᠯᠬᠦ᠌ ᠬᠦᠴᠦᠨ᠎ᠲᠠᠢ ᠪᠣᠯᠵᠤ ᠬᠤᠪᠢᠷᠠᠵᠠᠢ᠃ ᠭᠡᠪᠡᠴᠦ᠍ ᠪᠥᠬᠦᠢᠯᠡ ᠶᠠᠪᠤᠴᠠ᠎ᠶ᠋ᠢ ᠬᠡᠯᠬᠢᠵᠦ᠍ ᠪᠠᠢᠭ᠎ᠠ᠎ᠨᠢ ᠮᠦᠨ ᠯᠠ ᠲᠡᠳᠡᠭᠡᠷ ᠠᠳᠠᠯᠢ ᠲᠥᠰᠦᠭᠡᠲᠡᠢ ᠳᠤᠮᠤᠭ᠎ᠤᠨ ᠪᠥᠲᠦᠴᠠ᠂ ᠲᠡᠳᠡᠭᠡᠷ ᠦᠯᠢᠭᠡᠷ᠎ᠤᠨ ᠡᠬᠢᠯᠡᠯᠲᠡ ᠥᠷᠨᠢᠯᠲᠡ ᠵᠢᠴᠢ ᠲᠡᠭᠦᠰᠭᠡᠯᠢ ᠬᠡᠷᠬᠢᠨ ᠵᠤᠬᠢᠶᠠᠨ ᠪᠠᠢᠭᠤᠯᠬᠤ ᠲᠤᠬᠠᠢ ᠠᠷᠭ᠎ᠠ ᠮᠡᠷᠭᠡᠱᠢᠯ ᠪᠤᠯᠤᠨ᠎ᠠ᠃ ᠷᠤᠮᠠᠨᠤ ᠳᠦᠷᠢ᠎ᠶ᠋ᠢ ᠱᠢᠨᠵᠢᠯᠡᠵᠦ᠍ ᠦᠵᠡᠪᠡᠯ ᠵᠤᠬᠢᠶᠠᠭ᠍ᠴᠢ᠎ᠶ᠋ᠢᠨ ᠳᠦᠷᠢ᠎ᠶ᠋ᠢᠨ ᠱᠢᠰᠲ᠋ᠧᠮ ᠪᠠᠢᠷᠢᠱᠢᠭᠤᠯᠤᠯᠲᠠ᠂ ᠳᠦᠷᠢ ᠪᠥᠲᠦᠭᠡᠬᠦ᠌ ᠠᠷᠭ᠎ᠠ ᠵᠢᠴᠢ ᠳᠦᠷᠢ᠎ᠶ᠋ᠢᠨ ᠭᠤᠸ᠎ᠠ ᠲᠠᠭᠠᠱᠢᠶᠠᠬᠤᠢᠶ᠋ᠢᠨ ᠤᠨᠴᠠᠯᠢᠭ᠎ᠤᠨ ᠲᠠᠯ᠎ᠠ᠎ᠳᠤ᠂ ᠤᠯᠠᠮᠵᠢᠯᠠᠯ᠎ᠠᠴᠠ ᠱᠢᠨᠡᠴᠢᠯᠡᠯᠳᠤ ᠬᠦᠷᠬᠦ᠌ ᠱᠢᠯᠵᠢᠯᠲᠡ᠎ᠶ᠋ᠢᠨ ᠶᠠᠪᠤᠴᠠ᠎ᠶ᠋ᠢ ᠰᠤᠨᠳᠠᠯᠠᠭ᠍ᠰᠠᠨ ᠪᠠᠢᠨ᠎ᠠ᠃
ᠨᠢᠭᠡ᠂ ᠳᠦᠷᠢ᠎ᠶ᠋ᠢᠨ ᠱᠢᠰᠲ᠋ᠧᠮ᠎ᠤᠨ ᠬᠡᠪᠱᠢᠯ
ᠷᠤᠮᠠᠨ《ᠮᠤᠷᠢᠲᠤ ᠴᠡᠷᠢᠭ᠎ᠤᠨ ᠳᠠᠭᠤᠯᠠᠯ》᠎ᠤ᠋ᠨ ᠳᠦᠷᠢ᠎ᠨᠢ ᠪᠠᠭᠠᠲᠤᠷᠯᠢᠭ ᠲᠤᠤᠯᠢ᠎ᠶ᠋ᠢᠨ ᠳᠦᠷᠢ᠎ᠶ᠋ᠢᠨ ᠬᠡᠪᠱᠢᠯᠲᠠᠢ ᠢᠵᠢᠯᠢᠳᠦᠬᠦ᠌ ᠲᠠᠯ᠎ᠠ ᠪᠣᠢ᠃ ᠤᠢᠷ᠎ᠠ ᠣᠳᠤ ᠦᠶ᠎ᠡ᠎ᠶ᠋ᠢᠨ ᠲᠤᠭᠤᠵᠢᠰᠲᠠᠬᠢ ᠪᠠᠭᠠᠲᠤᠷ᠎ᠤᠨ ᠳᠦᠷᠢ᠎ᠶ᠋ᠢ ᠱᠢᠭᠦᠮᠵᠢᠯᠡᠭ᠌ᠴᠢᠳᠠᠴᠠ ᠡᠷ᠎ᠡ ᠴᠤᠤᠲᠠᠨ᠂ ᠪᠠᠭᠠᠲᠤᠷ ᠡᠷ᠎ᠡ᠂ ᠰᠠᠢᠨ ᠡᠷ᠎ᠡ᠂ ᠬᠠᠲᠠᠭᠤ ᠡᠷ᠎ᠡ᠂ ᠱᠢᠯᠢ᠎ᠶ᠋ᠢᠨ ᠰᠠᠢᠨ ᠡᠷ᠎ᠡ ᠭᠡᠬᠦ᠌ ᠮᠡᠲᠦ᠍᠎ᠪᠠᠷ ᠨᠡᠷᠡᠢᠳᠦᠭ᠌ᠰᠡᠭᠡᠷ ᠢᠷᠡᠵᠦ᠍᠂ ᠡᠳᠡᠭᠡᠷ ᠨᠡᠷᠡᠢᠳᠦᠯ᠎ᠳᠤ ᠲᠤᠬᠢᠶᠠᠭ᠍ᠰᠠᠨ ᠳᠦᠷᠢᠨᠦᠭᠦᠳᠨᠢ ᠥᠭᠦᠯᠡᠯᠲᠡ᠎ᠶ᠋ᠢᠨ ᠲᠠᠯ᠎ᠠ᠎ᠪᠠᠷ ᠤᠨᠴᠠᠭᠠᠢᠷᠠᠭ᠍ᠰᠠᠨ ᠪᠣᠯᠪᠠᠴᠤ᠌ ᠲᠡᠭᠦᠨ᠎ᠤ ᠰᠣᠶᠣᠯ᠎ᠤᠨ ᠰᠤᠷᠪᠤᠯᠵᠢ᠎ᠨᠢ ᠨᠢᠭᠡ ᠪᠠᠢᠳᠠᠭ᠂ ᠳᠠᠷᠤᠢ ᠮᠤᠩᠭᠤᠯᠴᠤᠳ᠎ᠤᠨ ᠪᠠᠭᠠᠲᠤᠷ᠎ᠤᠨ ᠱᠢᠲᠦᠯᠭᠡ ᠪᠤᠶᠤ ᠪᠠᠭᠠᠲᠤᠷᠯᠢᠭ ᠦᠵᠡᠯ᠎ᠤᠨ ᠵᠣᠷᠢᠭ ᠰᠠᠨᠠᠭ᠎ᠠ ᠪᠤᠯᠤᠨ᠎ᠠ᠃ ᠡᠨᠡ ᠬᠦ᠌ ᠦᠵᠡᠯ ᠰᠠᠨᠠᠭᠠᠨ᠎ᠤ ᠨᠥᠯᠦᠭᠡᠯᠡᠯ ᠳᠤᠤᠷ᠎ᠠ ᠠ᠊·ᠤᠳᠽᠠᠷ᠎ᠠᠴᠠ ᠭᠤᠤᠯ ᠪᠠᠭᠠᠲᠤᠷ ᠬᠠᠳᠠᠨᠪᠠᠲᠤ ᠶ᠋ᠢᠨ ᠲᠤᠭᠤᠷᠢᠨ᠎ᠳᠠᠬᠢ ᠢᠳᠡᠲᠡᠨ ᠪᠠᠭᠠᠲᠤᠷ ᠰᠡᠪᠡᠭ᠂ ᠪᠢᠯᠢᠭ᠌ᠲᠡᠨ ᠪᠠᠭᠠᠲᠤᠷ ᠪᠤᠯᠠᠭ᠂ ᠴᠢᠳᠠᠪᠤᠷᠢᠲᠠᠨ ᠪᠠᠭᠠᠲᠤᠷ ᠢᠳᠡᠷ᠂ ᠡᠮᠡᠭ᠌ᠲᠡᠢ ᠪᠠᠭᠠᠲᠤᠷ ᠤᠷᠠᠨᠲᠤᠳᠢ ᠵᠡᠷᠭᠡ ᠤᠳᠤᠬᠢᠴᠢ ᠮᠠᠶᠢᠭ᠎ᠤᠨ ᠲᠤᠤᠯᠢᠰ᠎ᠤᠨ ᠪᠠᠭᠠᠲᠤᠷ᠎ᠤᠨ ᠳᠦᠷᠢ᠎ᠶ᠋ᠢ ᠵᠤᠬᠢᠶᠠᠨ ᠪᠥᠲᠦᠭᠡᠭ᠌ᠰᠡᠨ ᠪᠠᠢᠳᠠᠭ᠃
ᠪ᠊·ᠪᠥᠷᠢᠨᠪᠠᠬᠢ ᠪᠠᠭ᠍ᠰᠢ᠎ᠠᠴᠠ 《ᠮᠤᠩᠭᠤᠯ ᠪᠠᠭᠠᠲᠤᠷᠯᠢᠭ ᠲᠤᠤᠯᠢᠰ᠎ᠤᠨ ᠱᠢᠯᠦᠭ ᠵᠦᠢ》 ᠳ᠋ᠡᠭᠡᠨ ᠪᠠᠭᠠᠲᠤᠷᠯᠢᠭ ᠲᠤᠤᠯᠢᠰ᠎ᠤᠨ ᠳᠦᠷᠢ᠎ᠶ᠋ᠢᠨ ᠪᠥᠲᠦᠴᠡ᠎ᠶ᠋ᠢ ᠶᠡᠭᠡ ᠲᠥᠯᠦᠪ ᠰᠠᠢᠨ ᠵᠦᠭ᠎ᠤᠨ ᠪᠠᠭᠠᠲᠤᠷ᠂ ᠮᠠᠭᠤ ᠵᠦᠭ᠎ᠤᠨ ᠪᠠᠭᠠᠲᠤᠷ ᠵᠢᠴᠢ ᠬᠦᠯᠦᠭ ᠮᠤᠷᠢᠨ᠎ᠤ ᠳᠦᠷᠢ ᠬᠡᠮᠡᠬᠦ᠌ ᠭᠤᠷᠪᠠᠨ ᠲᠠᠯ᠎ᠠ᠎ᠳᠤ ᠬᠤᠷᠢᠶᠠᠩᠭᠤᠢᠯᠠᠵᠠᠢ᠃ ᠲᠤᠰ ᠷᠤᠮᠠᠨᠤ ᠳᠦᠷᠢ᠎ᠨᠢ ᠮᠦᠨ ᠰᠠᠢᠨ ᠵᠦᠭ᠎ᠤᠨ ᠪᠠᠭᠠᠲᠤᠷ — ᠡᠪ ᠬᠠᠮᠲᠦ ᠨᠠᠮ᠂ ᠮᠠᠭᠤ ᠵᠦᠭ᠎ᠤᠨ ᠪᠠᠭᠠᠲᠤᠷ — ᠭᠤᠮᠢᠨᠳᠠᠩ᠂ ᠨᠡᠮᠡᠬᠦ᠌ ᠪᠠᠭᠠᠲᠤᠷ᠎ᠤᠨ ᠤᠨᠤᠭ᠎ᠠ — ᠬᠥᠯᠦᠭ ᠮᠤᠷᠢ ᠬᠡᠮᠡᠬᠦ᠌ ᠦᠨᠳᠦᠰᠦᠨ ᠬᠡᠪᠱᠢᠯᠤᠨ ᠳᠤᠤᠷ᠎ᠠ ᠳᠦᠷᠢ ᠪᠥᠲᠦᠭᠡᠵᠠᠢ᠃《ᠶᠠᠭ ᠯᠠ ᠠᠭᠠᠷ ᠲᠡᠭ᠌ᠷᠢ᠎ᠶ᠋ᠢ ᠵᠦᠰᠦᠭ᠌ᠰᠡᠨ ᠭᠢᠯᠪᠠᠭ᠎ᠠ ᠱᠢᠭ᠋᠎ᠢᠶᠠᠷ ᠠᠲᠠᠭᠠᠲᠠᠨ ᠳᠠᠢᠰᠤᠨ᠎ᠤ ᠳᠤᠮᠳᠠ ᠤᠷᠤᠵᠤ᠂ ᠲᠤᠷᠭᠠᠨ ᠢᠷᠲᠦ ᠬᠤᠷᠴᠠ ᠰᠡᠯᠡᠮ᠎ᠡ᠎ᠪᠠᠷ ᠴᠠᠪᠴᠢᠬᠤ᠎ᠳᠤ ᠨᠢᠳᠦ ᠭᠢᠯᠠᠰᠤᠮ᠎ᠠ ᠬᠥᠬᠡ ᠭᠡᠷᠡᠯ ᠲᠠᠲᠠᠵᠤ ᠪᠠᠢᠭ᠍ᠰᠠᠨ》 ᠬᠠᠳᠠᠨᠪᠠᠲᠦ᠍ᠪᠠᠷ ᠤᠳᠤᠷᠢᠳᠤᠭᠤᠯᠤᠭ᠍ᠰᠠᠨ ᠨᠠᠢ᠍ᠮᠠᠨ ᠵᠠᠮ᠎ᠤᠨ ᠴᠡᠷᠢᠭ ᠬᠢᠭᠡᠳ 《ᠴᠤᠯᠴᠢᠭᠠᠷ ᠲᠠᠷᠭᠤᠨ ᠴᠢᠷᠠᠢ᠎ᠲᠠᠢ᠂ ᠠᠨᠢᠭᠠᠷ ᠨᠠᠷᠢᠨ ᠨᠢᠳᠦ᠍᠎ᠲᠠᠢ᠂ ᠠᠭ᠍ᠰᠢᠭᠤᠨ ᠬᠠᠷ᠎ᠠ ᠰᠠᠬᠠᠯ᠎ᠲᠠᠢ᠂ ᠬᠤᠲᠠ ᠭᠠᠵᠠᠷ᠎ᠤᠨ ᠬᠡᠷᠡᠮ ᠬᠠᠱᠢᠶᠠᠨ ᠳᠡᠭᠡᠷ᠎ᠡ ᠨᠠᠭᠠᠵᠤ ᠪᠠᠢᠳᠠᠭ ᠵᠠᠷᠯᠠᠯ᠎ᠤᠨ ᠵᠢᠷᠤᠭ ᠱᠢᠭ᠋》 ᠵᠠᠯᠢᠬᠠᠢ ᠳᠠᠷᠤᠭ᠎ᠠ ᠵᠠᠯᠰᠠᠨ᠎ᠢᠶᠠᠷ ᠲᠦᠷᠦᠭᠦᠯᠡᠭᠦᠯᠦᠭ᠌ᠰᠡᠨ ᠭᠤᠮᠢᠨᠳᠠᠩ᠎ᠤᠨ ᠲᠡᠷᠰᠯᠡᠬᠦᠴᠤᠳ᠎ᠤᠨ ᠬᠤᠭᠤᠷᠤᠨᠳᠤᠬᠢ ᠲᠡᠮᠡᠴᠡᠯ᠎ᠤᠨ ᠲᠠᠢᠨ᠎ᠢ ᠷᠤᠮᠠᠨ᠎ᠳᠤ ᠵᠢᠷᠤᠭ᠍ᠯᠠᠵᠠᠢ᠃
ᠡᠭᠦᠨ᠎ᠳᠤ ᠵᠡᠷᠭᠡᠳᠡ ᠮᠤᠷᠢᠨ᠎ᠤ ᠳᠦᠷᠢ᠎ᠨᠢ ᠪᠠᠰᠠ ᠷᠤᠮᠠᠨᠤ ᠳᠠᠯᠳᠠ ᠤᠷᠤᠨ ᠵᠠᠢ᠎ᠳᠤ ᠠᠮᠢᠯᠠᠯ᠎ᠢᠶᠠᠨ ᠣᠯᠵᠤ᠂ ᠪᠥᠬᠦᠢᠯᠡ ᠦᠢᠯᠡ ᠶᠠᠪᠤᠳᠠᠯ᠎ᠤᠨ ᠥᠷᠨᠢᠯ ᠳᠤᠮᠳᠠ ᠤᠨᠴᠠ ᠵᠠᠷᠢᠮ ᠦᠯᠢᠭᠡᠷ᠎ᠨᠢ ᠮᠤᠷᠢᠨ᠎ᠤ ᠪᠤᠯᠢᠶᠠᠯᠳᠤᠭᠠᠨ᠎ᠳᠤ ᠲᠥᠪᠯᠡᠷᠡᠳᠡᠭ᠃ 《ᠬᠠᠮᠤᠭ ᠬᠠᠢᠷᠠᠲᠠᠢ ᠪᠥᠳᠦᠭᠦᠨ ᠬᠠᠷ᠎ᠠ ᠮᠤᠷᠢ᠎ᠪᠠᠨ ᠠᠯᠳᠠᠭᠠᠳ ᠳᠡᠭᠡᠷ᠎ᠡ᠎ᠨᠢ ᠪᠠᠰᠠ ᠱᠢᠭᠦᠮᠵᠢᠯᠡᠭ᠌ᠳᠡᠭ᠌ᠰᠡᠨ》 ᠪᠤᠦ ᠱᠠᠨ ᠬᠤ᠌᠄ 《ᠪᠢ ᠶᠠᠮᠠᠷ ᠪᠤᠷᠤᠭᠤ᠎ᠲᠠᠢ ᠶᠤᠮ᠂ ᠪᠢ ᠨᠢᠭᠡ ᠰᠠᠢᠨ ᠮᠣᠷᠢ ᠰᠤᠯᠢᠭ᠍ᠰᠠᠨᠨᠢ ᠶᠠᠭᠤᠨ᠎ᠤ ᠲᠥᠯᠦᠭᠡ ᠶᠤᠮ》 ᠭᠡᠵᠦ᠍ ᠭᠤᠮᠤᠷᠬᠠᠵᠦ᠍ ᠪᠠᠢᠭ᠍ᠰᠠᠨ᠎ᠢᠶᠠᠨ ᠭᠤᠮᠢᠨᠳᠠᠩ᠎ᠤᠨ ᠲᠠᠩᠨᠠᠭᠤᠯ ᠪᠠᠳᠠᠢ᠎ᠶ᠋ᠢᠨ ᠥᠳᠥᠭᠡᠯᠭᠡ᠎ᠶ᠋ᠢ ᠰᠤᠨᠤᠰᠴᠤ᠌ ᠬᠠᠳᠠᠨᠪᠠᠲᠤᠶ᠋ᠢ ᠴᠤᠬᠢᠵᠣ ᠱᠢᠷᠬᠠᠲᠤᠭᠤᠯᠵᠠᠢ᠃ ᠡᠭᠦᠨ᠎ᠠᠴᠠ ᠭᠠᠳᠠᠨ᠎ᠠ᠂ ᠷᠤᠮᠠᠨ᠎ᠳᠤ ᠠᠭ᠍ᠲᠠ ᠬᠥᠯᠦᠭ᠎ᠤᠨ ᠢᠯᠡᠷᠡᠬᠦ᠌ ᠬᠡᠯᠪᠡᠷᠢ᠎ᠨᠢ ᠬᠦᠷᠲᠡᠯ᠎ᠡ ᠵᠤᠬᠢᠶᠠᠯ᠎ᠤᠨ ᠪᠠᠭᠠᠲᠤᠷ᠎ᠲᠠᠢ ᠡᠩ ᠵᠡᠷᠭᠡᠴᠡᠨ᠂ ᠤᠨᠤᠭ᠍ᠰᠠᠨ ᠮᠣᠷᠢ᠎ᠨᠢ ᠪᠠᠭᠠᠲᠤᠷ᠎ᠤᠨ ᠴᠢᠮᠡᠭ ᠰᠦᠷ᠎ᠢ ᠨᠡᠮᠡᠷᠢᠯᠡᠨ ᠤᠷᠠᠨ ᠵᠤᠬᠢᠶᠠᠯ᠎ᠤᠨ ᠥᠨᠦᠷ ᠠᠮᠲᠠ᠎ᠶ᠋ᠢ ᠥᠳᠭᠡᠷᠡᠭᠦᠯᠳᠡᠭ᠃ ᠵᠢᠱ᠌ᠢᠶᠡᠯᠡᠪᠡᠯ ᠷᠤᠮᠠᠨ᠎ᠳᠤ᠄ 《ᠪᠤᠭᠤᠨ ᠴᠤᠬᠤᠷ ᠮᠤᠷᠢ᠎ᠲᠠᠢ ᠨᠢᠭᠡ ᠪᠠᠢᠯᠳᠤᠭ᠍ᠴᠢ ᠭᠠᠪᠱᠢᠭᠠᠢᠯᠠᠨ ᠳᠠᠭᠠᠷᠢᠭ᠍ᠰᠠᠨ ᠴᠡᠷᠢᠭ ᠠᠩᠬᠢ᠎ᠶ᠋ᠢᠨ ᠡᠮᠦᠨ᠎ᠡ ᠭᠢᠯᠪᠠᠭ᠎ᠠ ᠴᠠᠬᠢᠯᠭᠠᠨ ᠮᠡᠲᠦ ᠭᠡᠨᠡᠳᠲᠡ ᠢᠯᠡᠷᠡᠨ ᠭᠠᠷᠤᠯ᠎ᠠ᠃ ᠠᠮᠢᠳᠤ ᠯᠤᠤ ᠱᠢᠭ᠋ ᠥᠨᠳᠦᠷ ᠴᠡᠭᠡᠵᠢᠲᠡᠢ ᠪᠤᠭᠤᠨ ᠴᠤᠬᠤᠷ ᠮᠤᠷᠢ ᠬᠦᠪᠴᠢᠨ ᠡᠴᠡ ᠰᠠᠯᠤᠭᠰᠠᠨ ᠰᠤᠮᠤ ᠮᠡᠲᠦ ᠳᠡᠭᠦᠯᠢᠬᠦ᠌᠎ᠳᠤ ᠬᠥᠩᠭᠡᠨ ᠳᠥᠷᠪᠡᠨ ᠲᠤᠭᠤᠷᠠᠢᠪᠠᠷᠨᠢ ᠥᠰᠦᠷᠦᠭ᠌ᠰᠡᠨ ᠦᠶᠡᠷ᠎ᠤᠨ ᠤᠰᠤ ᠮᠥᠩᠭᠦᠨ ᠴᠠᠭᠠᠨ ᠵᠢᠭᠦᠷ ᠳᠡᠯᠭᠡᠭ᠌ᠰᠡᠨ ᠶᠤᠮ ᠱᠢᠭ ᠴᠠᠢᠯᠵᠠᠨ ᠬᠠᠷᠠᠭ᠍ᠳᠠᠯ᠎ᠠ》 ᠬᠡᠮᠡᠨ ᠳᠦᠷᠰᠦᠯᠡᠭ᠌ᠰᠡᠨᠨᠢ ᠬᠠᠳᠠᠨᠪᠠᠲᠤᠶ᠋ᠢᠨ ᠰᠦᠷ ᠵᠢᠪᠬᠤᠭ᠎ᠠ᠎ᠶ᠋ᠢ ᠤᠯᠠᠮ ᠨᠢᠭᠡ ᠳᠡᠭ᠌ᠲᠡᠷ ᠠᠬᠢᠭᠤᠯᠵᠠᠢ᠃ ᠨᠡᠩ ᠴᠤ᠌ ᠮᠤᠷᠢᠨ᠎ᠤ ᠰᠠᠢᠬᠠᠨ᠂ ᠳᠠᠢᠨ᠎ᠤ ᠵᠠᠩᠭᠢᠯᠠᠭ᠎ᠠ᠎ᠶ᠋ᠢᠨ ᠴᠠᠭ᠎ᠲᠠᠬᠢ ᠬᠥᠯᠦᠭ ᠮᠤᠷᠢᠨ᠎ᠤ ᠠᠴᠢ ᠭᠠᠪᠢᠶ᠎ᠠ᠂ ᠮᠤᠷᠢᠨ᠎ᠳᠤ ᠬᠠᠨᠳᠤᠭ᠍ᠰᠠᠨ ᠡᠭᠡᠨᠢᠭ᠌ᠰᠢᠯ ᠵᠡᠷᠭᠡ᠎ᠨᠢ ᠷᠤᠮᠠᠨ᠎ᠳᠤ ᠳᠠᠬᠢᠨ ᠳᠠᠪᠲᠠᠨ ᠢᠯᠡᠷᠡᠳᠡᠭ᠃ ᠡᠨᠡ᠎ᠨᠢ ᠬᠥᠯᠦᠭ ᠮᠣᠷᠢ ᠪᠣᠯ ᠲᠤᠤᠯᠢ᠎ᠶ᠋ᠢᠨ ᠪᠠᠭᠠᠲᠤᠷ᠎ᠤᠨ ᠦᠬᠦᠵᠦ᠍ ᠰᠡᠭᠡᠬᠦ᠌ ᠬᠤᠪᠢ ᠵᠠᠶᠠᠭ᠎ᠠ᠎ᠲᠠᠢ ᠰᠠᠯᠵᠤ ᠪᠣᠯᠤᠰᠢ ᠦᠭᠡᠢ ᠪᠠᠷᠢᠯᠳᠤᠵᠤ ᠪᠠᠢᠬᠤ ᠲᠤᠯᠠ ᠲᠤᠤᠯᠢ᠎ᠳᠤ ᠪᠠᠭᠠᠲᠤᠷ᠎ᠢ ᠲᠠᠨᠢᠯᠴᠠᠭᠤᠯᠬᠤ᠎ᠳᠤ ᠲᠡᠭᠦᠨ᠎ᠤ ᠡᠴᠢᠭᠡ ᠡᠬᠡ᠂ ᠭᠡᠷ ᠨᠤᠲᠤᠭ᠂ ᠠᠵᠤ ᠠᠮᠢᠳᠤᠷᠠᠯ᠂ ᠠᠵᠢᠯ ᠦᠢᠯᠡᠰ᠂ ᠰᠦᠰᠥ᠍ ᠵᠣᠷᠢᠭ᠂ ᠬᠦᠴᠦᠨ ᠴᠢᠳᠠᠯ᠂ ᠵᠡᠷ ᠵᠡᠪᠰᠡᠭ᠎ᠢ ᠬᠥᠯᠦᠭ ᠮᠤᠷᠢ᠎ᠲᠠᠢ ᠨᠢ ᠬᠠᠮᠲᠤ ᠬᠦᠦᠷᠨᠢᠨ ᠢᠯᠡᠳᠭᠡᠳᠡᠭ ᠤᠯᠠᠮᠵᠢᠯᠠᠯ᠎ᠲᠠᠢ ᠠᠮᠠ ᠰᠡᠭᠡᠷ ᠵᠣᠯᠭᠠᠵᠤ ᠪᠣᠢ᠃ ᠨᠡᠩ ᠢᠯᠠᠩᠭᠤᠶ᠎ᠠ ᠪᠠᠭᠠᠲᠤᠷᠴᠤᠳ᠎ᠤᠨ ᠦᠯᠢᠭᠡᠷ᠎ᠲᠤ ᠭᠠᠭ᠍ᠴᠠᠬᠠᠨ ᠮᠣᠷᠢ ᠪᠣᠯ ᠠᠳᠤᠭᠤᠰᠤᠯᠢᠭ ᠱᠢᠨᠵᠢ᠂ ᠬᠥᠮᠦᠯᠢᠭ ᠱᠢᠨᠵᠢ᠂ ᠰᠠᠬᠢᠭᠤᠯᠰᠤᠯᠢᠭ ᠱᠢᠨᠵᠢ᠎ᠶ᠋ᠢ ᠭᠤᠷᠮᠤᠰᠤᠯᠠᠨ ᠪᠥᠷᠢᠯᠳᠦᠭᠦᠯᠦᠭ᠌ᠰᠡᠨ ᠷᠢᠳᠢ ᠱᠢᠳᠢ᠎ᠲᠠᠢ ᠳᠦᠷᠢ ᠪᠤᠯᠤᠨ᠎ᠠ᠃

ᠲᠡᠢᠮᠦ᠍᠎ᠠᠴᠠ ᠷᠤᠮᠠᠨ 《ᠮᠤᠷᠢᠲᠤ ᠴᠡᠷᠢᠭ᠎ᠤᠨ ᠳᠠᠭᠤᠯᠠᠯ》 ᠤ᠋ᠨ ᠳᠦᠷᠢ᠎ᠶ᠋ᠢᠨ ᠪᠦᠲᠦᠴᠡ᠎ᠨᠢ ᠮᠣᠩᠭᠤᠯ ᠦᠨᠳᠦᠰᠦᠳᠡᠨ᠎ᠤ ᠡᠷᠲᠡᠨ᠎ᠤ ᠲᠤᠤᠯᠢ᠎ᠶ᠋ᠢᠨ ᠳᠦᠷᠢ᠎ᠶ᠋ᠢᠨ ᠪᠥᠲᠦᠴᠡ᠎ᠲᠠᠢ ᠢᠵᠢᠯᠢᠰᠢᠨ᠂ ᠰᠠᠢᠨ ᠵᠦᠭ᠎ᠤᠨ ᠪᠠᠭᠠᠲᠤᠷ᠂ ᠮᠠᠭᠤ ᠵᠦᠭ᠎ᠤᠨ ᠪᠠᠭᠠᠲᠤᠷ᠂ ᠬᠥᠯᠦᠭ ᠮᠤᠷᠢ ᠬᠡᠮᠡᠬᠦ᠌ ᠭᠤᠷᠪᠠᠯᠠᠭ᠍ᠰᠠᠨ ᠱᠢᠰᠲ᠋ᠧᠮ᠎ᠢ ᠪᠦᠷᠢᠯᠳᠦᠭᠦᠯᠵᠠᠢ᠃
ᠫᠷᠤᠤᠫ(Propp) ᠡᠴᠠ ᠲᠤᠭᠤᠵᠢᠰ᠎ᠤᠨ ᠳᠦᠷᠢ᠎ᠶ᠋ᠢᠨ ᠱᠢᠰᠲ᠋ᠧᠮ᠎ᠢ 《ᠮᠠᠭᠤ ᠬᠥᠮᠦᠨ᠂ ᠠᠱᠢᠭ ᠬᠦᠷᠲᠡᠭᠡᠭ᠌ᠴᠢ᠂ ᠬᠠᠪᠰᠤᠷᠤᠭ᠍ᠴᠢ᠂ ᠡᠷᠢᠬᠦ᠌ ᠭᠡᠵᠦ᠍ ᠪᠣᠢ ᠬᠥᠮᠦᠨ ᠪᠤᠶᠤ ᠪᠣᠳᠠᠰ᠂ ᠲᠤᠮᠢᠯᠠᠭ᠍ᠴᠢ᠂ ᠪᠠᠭᠠᠲᠤᠷ᠂ ᠬᠠᠭᠤᠷᠮᠠᠭ ᠪᠠᠭᠠᠲᠤᠷ》 ᠬᠡᠵᠤ ᠳᠤᠯᠤᠭᠠᠨ ᠲᠥᠷᠦᠯ᠎ᠳᠤ ᠠᠩᠬᠢᠯᠠᠵᠠᠢ᠂ ᠡᠨᠡ᠎ᠨᠢ ᠬᠡᠷᠡᠭ ᠳᠡᠭᠡᠷ᠎ᠡ᠎ᠪᠠᠨ ᠵᠤᠬᠢᠶᠠᠯ᠎ᠤᠨ ᠳᠦᠷᠢ᠎ᠶ᠋ᠢ ᠰᠠᠢᠨ ᠮᠠᠭᠤ ᠬᠤᠶᠠᠷ ᠯᠡᠭᠧᠷ᠎ᠲᠤ ᠬᠤᠪᠢᠶᠠᠭ᠍ᠰᠠᠨ ᠶᠠᠪᠤᠳᠠᠯ ᠮᠦᠨ᠃
ᠤᠷᠠᠨ ᠵᠤᠬᠢᠶᠠᠯ᠎ᠳᠠᠬᠢ ᠪᠠᠭᠠᠲᠤᠷ᠎ᠤᠨ ᠳᠦᠷᠢ ᠪᠤᠯ ᠠᠩᠬᠢᠳᠠ ᠴᠠᠭ ᠦᠶ᠎ᠡ᠎ᠶ᠋ᠢᠨ ᠱᠢᠲᠦᠭᠡᠨ ᠪᠣᠶᠤ ᠦᠨᠳᠦᠰᠦᠲᠡᠨ᠎ᠤ ᠵᠣᠷᠢᠭ ᠰᠠᠨᠠᠭᠠᠨ᠎ᠤ ᠪᠡᠯᠭᠡᠳᠡᠯ ᠳᠦᠷᠢ ᠪᠠᠢᠳᠠᠭ᠃ ᠲᠤᠤᠯᠢ᠎ᠶ᠋ᠢᠨ ᠵᠤᠬᠢᠶᠠᠯ᠎ᠤᠨ ᠲᠥᠭᠡᠮᠡᠯ ᠵᠢᠷᠦᠮ ᠭᠤᠷᠢᠮ᠎ᠢ ᠦᠨᠳᠦᠰᠦᠯᠡᠪᠡᠯ ᠦᠯᠢᠭᠡᠷ᠎ᠤᠨ ᠦᠢᠯᠡ ᠶᠠᠪᠤᠳᠠᠯ᠎ᠨᠢ ᠳᠠᠩᠳᠠ ᠰᠠᠢᠨ ᠵᠦᠭ᠎ᠤᠨ ᠪᠠᠭᠠᠲᠤᠷᠴᠤᠳ᠎ᠤᠨ ᠢᠯᠠᠯᠲᠠ᠎ᠪᠠᠷ ᠥᠨᠳᠦᠷᠯᠡᠳᠡᠭ᠃《ᠮᠣᠷᠢᠲᠤ ᠴᠡᠷᠢᠭ᠎ᠤᠨ ᠳᠠᠭᠤᠯᠠᠯ》 ᠳ᠋ᠠᠬᠢ ᠰᠠᠢᠨ ᠵᠦᠭ᠎ᠤᠨ ᠪᠠᠭᠠᠲᠤᠷ ᠡᠪ ᠬᠠᠮᠲᠤ ᠨᠠᠮ᠎ᠤᠨ᠎ᠬᠢᠨ᠂ 《ᠨᠠᠢ᠍ᠮᠠᠨ ᠵᠠᠮ᠎ᠤᠨ ᠴᠡᠷᠢᠭ᠎ᠤᠨ ᠬᠥᠬᠡ ᠬᠤᠪᠴᠠᠰᠤ᠎ᠲᠠᠢ ᠨᠢᠭᠡᠨ ᠪᠥᠯᠦᠭ ᠮᠤᠷᠢᠲᠤ ᠴᠡᠷᠢᠭ ᠬᠤᠷᠮᠤᠰᠲᠠ᠎ᠠᠴᠠ ᠪᠠᠭᠤᠵᠤ ᠢᠷᠡᠭ᠌ᠰᠡᠨ ᠰᠠᠬᠢᠭᠤᠯᠰᠤᠨ ᠴᠡᠷᠢᠭ ᠱᠢᠭ ᠲᠡᠭ᠌ᠷᠢ ᠳᠤᠷᠭᠢᠵᠤ ᠭᠠᠵᠠᠷ ᠳᠠᠢᠪᠢᠮᠠ ᠬᠠᠰᠭᠢᠷᠤᠨ᠂ ᠰᠦᠷᠦᠭ ᠳᠡᠭᠡᠷᠡᠮ᠎ᠢ ᠠᠯᠠᠨ ᠳᠠᠭᠠᠷᠢᠨ ᠤᠷᠤᠯ᠎ᠠ》᠂ ᠡᠨᠡ ᠦᠶᠡᠰ᠎ᠲᠤ ᠲᠡᠷᠰᠯᠡᠬᠦ᠌ ᠡᠲᠡᠭᠡᠳ ᠭᠤᠮᠢᠨᠳᠠᠩᠤᠨᠬᠢᠨᠤ 《᠁ ᠪᠤᠷᠤᠭᠤᠯᠠᠨ ᠳᠤᠲᠠᠭᠠᠭ᠍ᠰᠠᠨ ᠳᠡᠭᠡᠷᠡᠮ᠎ᠢ ᠪᠣᠯᠲᠠᠬᠤᠶ᠋ᠢᠨ ᠵᠠᠪ ᠦᠭᠡᠢ ᠱᠢᠭᠤᠳ ᠳᠠᠷᠤᠨ ᠤᠷᠤᠪᠠ᠃ ᠬᠤᠷᠴᠠ ᠰᠡᠯᠡᠮ᠎ᠡ ᠭᠢᠯᠪᠠᠰᠭᠢᠬᠦ᠌ᠶ᠋ᠢᠨ ᠬᠤᠭᠤᠷᠤᠨᠳᠤ ᠨᠢᠭᠡ ᠭᠠᠢᠬᠠᠯ ᠡᠮᠡᠭᠡᠯᠠᠴᠠᠪᠠᠨ ᠬᠤᠪᠬᠤᠷᠠᠵᠤ ᠪᠠᠢᠲᠠᠯ᠎ᠠ ᠲᠤᠯᠤᠭᠠᠢ᠎ᠨᠢ ᠬᠠᠷᠢᠨ ᠠᠯᠳᠠ ᠳᠠᠯᠢᠮ ᠳᠡᠭᠡᠷ᠎ᠡ ᠦᠰᠦᠷᠴᠢᠬᠡᠭ᠌ᠰᠡᠨ》 ᠪᠠᠢᠳᠠᠭ᠃ ᠷᠤᠮᠠᠨ᠎ᠳᠤ ᠡᠢᠮᠦᠷᠬᠦᠤ ᠤᠳᠤᠬᠢᠴᠢ ᠤᠨᠴᠠᠯᠢᠭ ᠪᠥᠬᠦᠢ ᠦᠨᠳᠦᠰᠦᠲᠡᠨ᠎ᠤ ᠱᠢᠲᠦᠭᠡᠨ ᠪᠣᠯᠵᠤ ᠤᠯᠠᠷᠢᠭ᠍ᠰᠠᠨ ᠨᠢᠭᠡ ᠪᠥᠯᠦᠭ ᠪᠠᠭᠠᠲᠤᠷ᠎ᠤᠨ ᠳᠦᠷᠢ᠎ᠶ᠋ᠢ ᠪᠥᠲᠦᠭᠡᠨ᠂ ᠷᠤᠮᠠᠨᠤ ᠦᠢᠯᠡ ᠬᠡᠷᠡᠭ᠎ᠤᠨ ᠳ᠋ᠦᠩ᠎ᠳᠤ ᠬᠠᠳᠠᠨᠪᠠᠲᠦ᠍ᠪᠠᠷ ᠲᠥᠯᠦᠭᠡᠯᠡᠭᠦᠯᠦᠭ᠌ᠰᠡᠨ《ᠰᠠᠢᠨ ᠵᠦᠭ᠎ᠤᠨ ᠪᠠᠭᠠᠳᠤᠷᠴᠤᠳ》ᠤ᠋ᠨᠬᠢᠨᠤ ᠲᠠᠰᠤᠷᠬᠠᠢ ᠢᠯᠠᠯᠲᠠ᠎ᠪᠠᠷ ᠲᠡᠭᠦᠰᠭᠡᠭ᠌ᠰᠡᠨᠨᠢ ᠪᠠᠭᠠᠲᠤᠷᠯᠢᠭ ᠲᠤᠤᠯᠢ᠎ᠶ᠋ᠢᠨ ᠪᠠᠶᠠᠷᠲᠤ ᠲᠡᠭᠦᠰᠭᠡᠯ᠎ᠤᠨ ᠪᠢᠴᠢᠯᠭᠡ᠎ᠶ᠋ᠢᠨ ᠵᠤᠷᠱᠢᠯ᠎ᠲᠠᠢ ᠬᠠᠪᠤᠯᠢᠭ᠎ᠢᠶᠠᠷ ᠬᠠᠷᠠᠭᠠᠯᠵᠠᠭᠤᠯᠵᠠᠢ᠃
ᠬᠤᠶᠠᠷ᠂ ᠳᠦᠷᠢ ᠪᠥᠲᠦᠭᠡᠬᠦ᠌ ᠠᠷᠭ᠎ᠠ᠎ᠶ᠋ᠢᠨ ᠬᠡᠪᠱᠢᠯ
ᠬᠤᠷᠢᠳᠤᠭᠠᠷ ᠵᠠᠭᠤᠨ᠎ᠤ ᠳᠦᠴᠢᠭᠡᠳ ᠤᠨ᠎ᠤ ᠰᠡᠭᠦᠯᠴᠢ ᠲᠠᠪᠢᠭᠠᠳ ᠤᠨ᠎ᠤ ᠡᠬᠢᠨ᠎ᠢᠶᠠᠷ ᠨᠢᠭᠡᠨ ᠠᠭᠤᠤ ᠶᠡᠭᠡ ᠨᠡᠢᠭᠡᠮ᠎ᠤᠨ ᠬᠤᠪᠢᠰᠭᠠᠯ ᠳᠤᠮᠳᠠᠳᠤ ᠤᠯᠤᠰ᠎ᠲᠤ ᠨᠥᠷᠢᠨ ᠢᠷᠡᠬᠦ᠌ ᠦᠶ᠎ᠡ᠎ᠳᠤ ᠱᠢᠨ᠎ᠡ ᠪᠠᠭᠠᠲᠤᠷ᠎ᠤᠨ ᠳᠦᠷᠢ ᠬᠢᠭᠡᠳ ᠱᠢᠨ᠎ᠡ ᠪᠠᠭᠠᠲᠤᠷᠯᠢᠭ ᠭᠤᠸ᠎ᠠ ᠤᠬᠠᠮᠰᠠᠷ᠎ᠢ ᠤᠷᠠᠢᠯᠠᠬᠤ᠎ᠨᠢ ᠨᠢᠭᠡ ᠤᠳᠠᠭᠠᠨ᠎ᠤ ᠪᠠᠭᠠᠲᠤᠷ᠎ᠤᠨ ᠳᠦᠷᠢ᠎ᠶ᠋ᠢᠨ ᠭᠤᠸ᠎ᠠ ᠲᠠᠭᠠᠱᠢᠶᠠᠯ᠎ᠤᠨ ᠲᠠᠨᠢᠯᠲᠠ᠎ᠶ᠋ᠢᠨ ᠬᠤᠪᠢᠰᠭᠠᠯ᠎ᠢ ᠪᠣᠢ ᠪᠣᠯᠭᠠᠵᠠᠢ ᠬᠡᠮᠡᠵᠤ ᠬᠢᠲᠠᠳ ᠡᠷᠳᠡᠮᠲᠡᠳ᠎ᠠᠴᠠ ᠬᠤᠷᠢᠶᠠᠩᠭᠤᠢᠯᠠᠵᠠᠢ᠃ ᠤᠷᠠᠨ ᠵᠤᠬᠢᠶᠠᠯ᠎ᠤᠨ ᠬᠦᠷᠢᠶᠠᠨ᠎ᠳᠤ ᠠᠯᠢᠪᠠ ᠳᠦᠷᠢ᠎ᠶ᠋ᠢᠨ ᠳᠤᠲᠤᠷ᠎ᠠ᠎ᠠᠴᠠ ᠵᠦᠪ ᠲᠠᠯ᠎ᠠ᠎ᠶ᠋ᠢᠨ ᠳᠦᠷᠢ᠎ᠶ᠋ᠢ ᠳᠤᠪᠤᠢᠯᠭᠠᠬᠤ᠂ ᠵᠦᠪ ᠲᠠᠯ᠎ᠠ᠎ᠶ᠋ᠢᠨ ᠳᠦᠷᠢ᠎ᠶ᠋ᠢᠨ ᠳᠤᠲᠤᠷ᠎ᠠ ᠪᠠᠭᠠᠲᠤᠷ᠎ᠤᠨ ᠳᠦᠷᠢ᠎ᠶ᠋ᠢ ᠳᠤᠪᠤᠢᠯᠭᠠᠬᠤ᠂ ᠪᠠᠭᠠᠲᠤᠷ᠎ᠤᠨ ᠳᠦᠷᠢ᠎ᠶ᠋ᠢᠨ ᠲᠤᠳᠤᠷ᠎ᠠ᠎ᠠᠴᠠ ᠭᠤᠤᠯ ᠪᠣᠯᠬᠤ ᠪᠠᠭᠠᠲᠤᠷ᠎ᠤᠨ ᠳᠦᠷᠢ᠎ᠶ᠋ᠢ ᠳᠤᠪᠤᠢᠯᠭᠠᠬᠤ ᠪᠠ ᠲᠡᠷᠰᠯᠡᠬᠦᠴᠤᠳ᠎ᠤᠨ ᠳᠦᠷᠢ᠎ᠶ᠋ᠢ ᠤᠷᠠᠨ ᠵᠤᠬᠢᠶᠠᠯ᠎ᠠᠴᠠ ᠬᠠᠰᠤᠵᠦ᠍ ᠬᠠᠶᠠᠬᠤ᠂ ᠬᠠᠰᠤᠵᠤ ᠪᠣᠯᠬᠤ ᠦᠭᠡᠢ ᠪᠣᠯ ᠮᠠᠭᠤᠬᠠᠢᠴᠢᠯᠠᠬᠤ ᠵᠤᠬᠢᠶᠠᠨ ᠪᠥᠲᠦᠭᠡᠬᠦ᠌ ᠬᠡᠪ ᠵᠠᠭ᠍ᠪᠤᠷ ᠪᠣᠢ ᠪᠤᠯᠵᠠᠢ᠃ ᠡᠨᠡ᠎ᠨᠢ ᠳᠠᠷᠤᠢ ᠠ᠊·ᠤᠳᠽᠠᠷ᠎ᠤᠨ ᠲᠤᠰ ᠷᠤᠮᠠᠨ᠎ᠳᠤ ᠵᠠᠷᠤᠭ᠍ᠰᠠᠨ ᠠᠬᠤᠢᠴᠢ ᠦᠵᠡᠯ᠎ᠤᠨ ᠵᠤᠬᠢᠶᠠᠨ ᠪᠥᠲᠦᠭᠡᠯᠭᠡ᠎ᠶ᠋ᠢᠨ ᠠᠷᠭ᠎ᠠ ᠪᠣᠯᠤᠨ᠎ᠠ᠃
ᠡᠢᠨ ᠬᠦ᠌ ᠤᠯᠤᠰ ᠲᠥᠷᠦ᠍ᠳᠤ ᠦᠢᠯᠡᠴᠢᠯᠡᠬᠦ᠌ ᠡᠭᠦᠷᠭᠡᠯᠡᠯ ᠬᠦᠯᠢᠶᠡᠭ᠌ᠰᠡᠨ ᠵᠤᠬᠢᠶᠠᠨ ᠪᠥᠲᠦᠭᠡᠬᠦ᠌ ᠭᠤᠤᠯ ᠤᠷᠤᠰᠭᠠᠯ — ᠠᠬᠤᠢᠴᠢ ᠦᠵᠡᠯ᠎ᠤᠨ ᠵᠤᠬᠢᠶᠠᠨ ᠪᠥᠲᠦᠭᠡᠬᠦ᠌ ᠠᠷᠭ᠎ᠠ᠎ᠳᠤ ᠬᠡᠪ ᠱᠢᠨᠵᠢ᠎ᠲᠦ ᠤᠷᠴᠢᠨ ᠲᠤᠭᠤᠷᠢᠨ᠎ᠳᠤ ᠬᠡᠪ ᠱᠢᠨᠵᠢ᠎ᠲᠦ ᠳᠦᠷᠢ᠎ᠶ᠋ᠢ ᠪᠥᠲᠦᠭᠡᠬᠦ᠌ ᠬᠠᠯᠠᠭᠤᠷᠠᠯ᠎ᠤᠨ ᠳᠠᠯᠪᠠᠭᠠᠨ ᠳᠤᠤᠷ᠎ᠠ᠂ ᠷᠤᠮᠠᠨ᠎ᠳᠤ ᠬᠠᠳᠠᠨᠪᠠᠲᠦ ᠮᠡᠲᠦ᠍᠎ᠶ᠋ᠢᠨ ᠥᠭᠡᠷᠡᠴᠢᠯᠡᠯᠲᠡ᠎ᠶ᠋ᠢᠨ ᠤᠷᠠᠨ ᠵᠤᠬᠢᠶᠠᠯ᠎ᠳᠠᠬᠢ ᠱᠢᠨ᠎ᠡ ᠬᠥᠮᠦᠨ᠎ᠤ ᠳᠦᠷᠢ᠎ᠶ᠋ᠢ ᠪᠥᠲᠦᠭᠡᠬᠦ᠌ᠶ᠋ᠢ ᠵᠤᠷᠢᠭ᠍ᠰᠠᠨ ᠪᠠᠢᠨ᠎ᠠ᠃ ᠲᠡᠳᠡᠭᠡᠷ ᠳᠦᠷᠢᠨᠦᠭᠦᠳᠨᠢ ᠨᠡᠢᠭᠡᠮ ᠵᠢᠷᠦᠮ᠎ᠢ ᠬᠦᠷᠢᠶᠡᠯᠡᠭ᠌ᠰᠡᠨ ᠱᠢᠨᠵᠢ᠎ᠪᠠᠷ ᠴᠢᠩᠭ᠎ᠠ ᠪᠠᠢᠳᠠᠭ ᠤᠨᠴᠠᠯᠢᠭ᠎ᠲᠠᠢ᠃
ᠷᠣᠮᠠᠨ᠎ᠳᠠᠬᠢ ᠨᠡᠢᠭᠡᠮ ᠵᠢᠷᠦᠮᠲᠦ ᠴᠠᠭ ᠦᠶ᠎ᠡ᠎ᠶ᠋ᠢᠨ ᠬᠡᠪ ᠱᠢᠨᠵᠢ᠎ᠲᠦ ᠳᠦᠷᠢ ᠭᠡᠪᠡᠯ ᠶᠠᠷᠢᠶᠠᠨ ᠦᠭᠡᠢ ᠭᠤᠤᠯ ᠳᠦᠷᠢ ᠬᠠᠳᠠᠨᠪᠠᠲᠤ ᠮᠦᠨ᠃ ᠶᠠᠳᠠᠭᠤ ᠪᠣᠭᠤᠯ᠎ᠤᠨ ᠤᠳᠤᠮ ᠭᠠᠷᠤᠯ᠎ᠲᠠᠢ ᠲᠡᠷᠡᠪᠡᠷ ᠳᠠᠷᠤᠩᠭᠤᠢᠯᠠᠬᠤ ᠬᠦᠴᠦᠨ᠎ᠳᠤ ᠶᠡᠬᠡ ᠪᠡᠷ ᠬᠤᠷᠤᠰᠤᠨ᠂ ᠠᠷᠠᠳ ᠲᠥᠮᠡᠨ᠎ᠢ ᠭᠠᠱᠢᠭᠤᠨ ᠵᠤᠪᠠᠯ᠎ᠠᠴᠠ ᠴᠢᠯᠦᠭᠡᠯᠡᠵᠦ᠍ ᠪᠣᠢ ᠬᠤᠪᠢᠰᠭᠠᠯ᠎ᠢ ᠦᠨᠡᠨ ᠰᠡᠳᠭᠢᠯ᠎ᠠᠴᠠ ᠬᠠᠢᠷᠠᠯᠠᠨ᠂ ᠨᠠᠮ᠎ᠤᠨ ᠵᠢᠯᠤᠭᠤᠳᠤᠯᠭ᠎ᠠ᠎ᠶ᠋ᠢ ᠡᠷᠡᠰ᠎ᠲᠠᠭᠠᠨ᠂ ᠬᠤᠪᠢᠰᠭᠠᠯ᠎ᠤᠨ ᠲᠥᠯᠦᠭᠡ ᠶᠠᠭᠤ ᠴᠤ᠌ ᠬᠢᠬᠦ᠌᠎ᠠᠴᠠ ᠪᠤᠴᠠᠳᠠᠭ ᠦᠭᠡᠢ᠂ ᠡᠰ ᠪᠥᠬᠦᠨ᠎ᠳᠤᠨᠢ ᠬᠤᠪᠢᠰᠭᠠᠯ᠎ᠢ ᠬᠠᠢᠷᠠᠯᠠᠬᠤ ᠰᠡᠳᠭᠢᠯᠭᠡᠨ ᠪᠢᠯᠬᠠᠵᠤ᠂ ᠨᠤᠲᠤᠭ᠎ᠤᠨ᠎ᠢᠶᠠᠨ ᠬᠥᠮᠦᠰ᠎ᠢ ᠴᠤ᠌ ᠨᠡᠢᠭᠡᠮ ᠲᠡᠦᠬᠡ᠎ᠶ᠋ᠢᠨ ᠵᠦᠪ ᠵᠠᠮ ᠤᠷᠤᠭᠤ ᠢᠳᠡᠪᠬᠢᠯᠡᠨ ᠳᠠᠢᠴᠢᠯᠠᠭ᠍ᠰᠠᠨ ᠱᠢᠯᠢᠳᠡᠭ ᠬᠤᠪᠢᠰᠭᠠᠯᠲᠦ ᠪᠠᠭᠠᠲᠤᠷ᠎ᠤᠨ ᠳᠦᠷᠢ ᠪᠣᠯᠪᠠ᠃
ᠥᠭᠡᠷᠡᠴᠢᠯᠡᠯᠲᠡ᠎ᠶ᠋ᠢᠨ ᠤᠷᠠᠨ ᠵᠤᠬᠢᠶᠠᠯ᠎ᠳᠠᠬᠢ ᠱᠢᠨ᠎ᠡ ᠬᠦᠮᠦᠨ᠎ᠤ ᠳᠦᠷᠢ᠎ᠨᠢ ᠤᠯᠤᠰ ᠲᠥᠷᠦ᠍᠎ᠶ᠋ᠢᠨ ᠱᠠᠭᠠᠷᠳᠠᠯᠭ᠎ᠠ᠎ᠠᠴᠠ ᠪᠣᠯᠵᠤ ᠳᠡᠭᠡᠳᠦ ᠬᠡᠮᠵᠢᠶᠡᠨ᠎ᠤ ᠬᠠᠪᠲᠠᠭᠠᠢᠵᠢᠭ᠍ᠰᠠᠨ ᠱᠢᠨᠵᠢ᠎ᠲᠠᠢ ᠪᠠᠢᠳᠠᠭ᠃ ᠷᠤᠮᠠᠨ᠎ᠳᠤ᠂ ᠦᠨᠳᠦᠰᠦᠲᠡᠨ᠎ᠤ ᠵᠠᠯᠢᠬᠠᠢ ᠵᠠᠯᠰᠠᠨ ᠮᠡᠲᠦ᠍᠎ᠶ᠋ᠢᠨ ᠬᠥᠮᠦᠰ᠎ᠤᠨ ᠳᠦᠷᠢ᠎ᠨᠢ ᠤᠷᠪᠠᠭᠠᠨ ᠬᠦᠷᠪᠡᠭᠡᠨ᠎ᠲᠠᠢ ᠪᠠᠢᠬᠤ ᠬᠤᠪᠢ ᠲᠠᠪᠢᠯᠠᠩ᠎ᠠᠴᠠ ᠵᠠᠢᠳᠠᠵᠤ ᠴᠢᠳᠠᠭ᠍ᠰᠠᠨ ᠦᠭᠡᠢ ᠪᠠᠢᠬᠤ᠎ᠳᠤ ᠪᠤᠰᠤᠳ ᠵᠦᠪ ᠲᠠᠯ᠎ᠠ᠎ᠶ᠋ᠢᠨ ᠳᠦᠷᠢᠨᠦᠭᠦᠳᠲᠤ ᠤᠢᠯᠠᠭᠠᠭ᠍ᠳᠠᠰᠢ ᠦᠭᠡᠢ ᠨᠠᠷᠢᠨ ᠪᠤᠳᠤᠯᠢᠶᠠᠨᠲᠠᠢ ᠵᠠᠩ ᠠᠭᠠᠰᠢᠲᠠᠢ ᠬᠦᠮᠦᠨ ᠪᠠᠢᠳᠠᠭ ᠦᠭᠡᠢ᠂ ᠴᠦᠮ ᠭᠠᠭ᠍ᠴᠠ ᠱᠢᠯᠢᠳᠡᠭ ᠲᠠᠯ᠎ᠠ᠎ᠨᠢ ᠤᠯᠠᠢᠮ᠎ᠠ ᠴᠠᠢᠮ᠎ᠠ ᠮᠡᠳᠡᠭ᠌ᠳᠡᠳᠡᠭ ᠬᠠᠪᠲᠠᠭᠠᠢ ᠮᠠᠶᠢᠭ᠎ᠤᠨ ᠳᠦᠷᠢᠨᠦᠭᠦᠳ ᠶᠤᠮ᠃
ᠤᠷᠠᠨ ᠵᠤᠬᠢᠶᠠᠯ᠎ᠤᠨ ᠳᠦᠷᠢ᠎ᠶ᠋ᠢᠨ ᠬᠠᠪᠲᠠᠭᠠᠢ ᠱᠢᠨᠵᠢ᠎ᠶ᠋ᠢᠨ ᠲᠤᠬᠠᠢ᠂《ᠳᠠᠯᠠᠭᠠᠳ ᠤᠨ᠎ᠤ ᠦᠯᠢᠭᠡᠷ ᠳᠠᠭᠤᠷᠢᠶᠠᠯᠲᠤ ᠵᠥᠴᠦᠭᠡ᠎ᠪᠠᠷ ᠭᠤᠤᠯ ᠤᠷᠤᠰᠭᠠᠯ ᠪᠣᠯᠭᠠᠵᠤ ᠪᠠᠢᠭ᠍ᠰᠠᠨ ᠤᠳᠭ᠎ᠠ ᠵᠤᠬᠢᠶᠠᠯ᠎ᠤᠨ ᠪᠥᠲᠦᠭᠡᠯ᠎ᠳᠤ᠂ ᠪᠠᠭᠠᠲᠤᠷ᠎ᠤᠨ ᠳᠦᠷᠢ᠎ᠨᠢ ᠠᠯᠢᠪᠠ ᠬᠦᠴᠢᠷ ᠪᠡᠷᠬᠡᠱᠢᠶᠡᠯ ᠠᠶᠤᠯ ᠲᠦᠭ᠌ᠰᠢᠭᠦᠷᠢ᠎ᠶ᠋ᠢ ᠢᠯᠠᠨ ᠳᠠᠪᠠᠳᠠᠭ ᠳᠦᠷᠢ ᠪᠣᠯᠵᠤ᠂ ᠶᠠᠪᠤᠬᠤ ᠳᠤᠰᠤᠮ ᠴᠣᠯᠭᠤᠢᠵᠢᠵᠤ ᠬᠢᠯᠪᠠᠷᠴᠢᠯᠠᠭ᠍ᠳᠠᠨ᠂ ᠪᠣᠳᠠᠲᠤ ᠠᠮᠢᠳᠤᠷᠠᠯ᠎ᠳᠠᠬᠢ ᠬᠦᠮᠦᠨ᠎ᠲᠠᠢ ᠤᠯᠠᠮ᠎ᠠᠴᠠ ᠤᠯᠠᠮ ᠵᠥᠷᠢᠶ᠎ᠡ᠎ᠲᠠᠢ ᠪᠣᠯᠤᠨ ᠳᠡᠭᠡᠳᠦ ᠬᠡᠮᠵᠢᠶᠠᠨ᠎ᠤ〈ᠬᠠᠪᠲᠠᠭᠠᠢᠵᠢᠭ᠍ᠰᠠᠨ〉 ᠱᠢᠨᠵᠢ ᠪᠥᠬᠦᠢ 〈ᠦᠨᠳᠦᠷ᠂ ᠲᠤᠮᠤ᠂ ᠲᠡᠭᠦᠰ〉 ᠬᠦᠮᠦᠨ ᠪᠣᠯᠵᠠᠢ》 ᠭᠡᠵᠦ᠍ ᠡᠷᠳᠡᠮᠲᠡᠳ᠎ᠠᠴᠠ ᠵᠢᠭᠠᠵᠤ ᠭᠠᠷᠭᠠᠵᠠᠢ᠃ ᠲᠡᠳᠡᠭᠡᠷ ᠳᠦᠷᠢᠨᠦᠭᠦᠳ ᠶᠠᠪᠤᠬᠤ ᠳᠤᠰᠤᠮ ᠬᠤᠪᠢᠨᠴᠢᠷ ᠪᠣᠰᠤ᠂ ᠲᠡᠪᠴᠢᠶᠡᠷᠢ᠎ᠲᠠᠢ᠂ ᠬᠦᠴᠢᠷ ᠪᠡᠷᠬᠡᠱᠢᠶᠡᠯ᠎ᠤᠨ ᠡᠮᠦᠨ᠎ᠡ ᠨᠡᠩ ᠭᠠᠪᠱᠢᠭᠠᠢ ᠪᠣᠯᠵᠤ ᠬᠤᠪᠢᠷᠠᠭᠠᠳ 《ᠰᠠᠬᠢᠭᠤᠯᠰᠤᠯᠢᠭ ᠴᠢᠨᠠᠷ》 ᠨᠢ ᠬᠠᠷᠢᠴᠠᠯᠠᠱᠢᠭᠦᠢ ᠥᠷᠭᠡᠵᠢᠨ ᠪᠣᠳᠠᠲᠠᠢ᠎ᠠᠴᠠ ᠰᠠᠯᠤᠩᠬᠢᠷᠠᠭ᠍ᠰᠠᠨ ᠱᠢᠨᠵᠢ᠎ᠲᠠᠢ ᠪᠣᠯᠵᠠᠢ᠃ ᠷᠤᠮᠠᠨ᠎ᠳᠠᠬᠢ ᠬᠠᠮᠤᠭ ᠨᠡᠢᠲᠡᠯᠢᠭ ᠳᠦᠷᠢ ᠪᠣᠯ ᠳᠠᠷᠤᠢ ᠭᠤᠤᠯ ᠪᠠᠭᠠᠲᠤᠷ ᠬᠠᠳᠠᠨᠪᠠᠲᠤ᠌᠃ ᠲᠡᠷᠡ ᠪᠣᠯ ᠡᠪ ᠬᠠᠮᠲᠤ ᠵᠢᠨ ᠬᠤᠪᠢᠰᠭᠠᠯᠴᠢ᠎ᠶ᠋ᠢᠨ ᠪᠠᠢᠪᠠᠰᠤ ᠵᠤᠬᠢᠬᠤ ᠠᠯᠢᠪᠠ ᠬᠡᠪ ᠰᠤᠷᠲᠠᠯ᠎ᠢ ᠪᠥᠷᠢᠨ ᠪᠦᠷᠢᠳᠦᠭᠦᠯᠦᠭ᠌ᠰᠡᠨ ᠬᠦᠰᠡᠯᠡᠩ᠎ᠤᠨ ᠳᠦᠷᠢ ᠪᠠᠢᠵᠤ᠂ ᠡᠷᠡᠯᠬᠡᠭ ᠪᠠᠭᠠᠲᠤᠷᠯᠢᠭ᠂ ᠤᠬᠠᠭᠠᠨ ᠰᠠᠮᠪᠠᠭ᠎ᠠ᠎ᠲᠠᠢ᠂ ᠳᠠᠷᠤᠤ ᠬᠥᠩᠭᠡᠮᠰᠦᠭ᠂ ᠬᠦᠳᠡᠷ ᠲᠤᠮᠤ᠂ ᠠᠪᠢᠶᠠᠰ ᠴᠢᠳᠠᠪᠤᠷᠢ᠎ᠲᠠᠢ ᠵᠡᠷᠭᠡ ᠠᠯᠢᠪᠠ ᠰᠠᠢᠨ ᠰᠠᠢᠬᠠᠨ᠎ᠤ ᠲᠡᠮᠳᠡᠭ᠎ᠢ ᠪᠡᠶ᠎ᠡ᠎ᠳᠡᠭᠡᠨ ᠪᠠᠭ᠍ᠲᠠᠭᠠᠭ᠍ᠰᠠᠨ᠂ ᠳᠤᠲᠠᠭ᠍ᠳᠠᠯ᠎ᠲᠠᠢ ᠲᠠᠯ᠎ᠠ ᠦᠨᠳᠦᠰᠦᠨ᠎ᠳᠡᠭᠡᠨ ᠤᠷᠤᠰᠢᠬᠤ ᠦᠬᠡᠢ᠂ ᠲᠡᠭᠦᠯᠳᠡᠷ ᠬᠦᠮᠦᠨ ᠶᠤᠮ᠃
ᠵᠤᠬᠢᠶᠠᠬᠴᠢ ᠠ᠊·ᠤᠳᠽᠠᠷ᠎ᠠᠴᠠ ᠳᠦᠷᠢ᠎ᠶ᠋ᠢᠨ ᠵᠠᠩ ᠴᠢᠨᠠᠷ᠎ᠢ ᠭᠤᠸᠠᠯᠢᠭ᠍ᠵᠢᠭᠤᠯᠤᠨ ᠤᠷᠠᠯᠠᠵᠤ᠂ ᠬᠠᠢᠷ᠎ᠠ ᠰᠡᠳᠭᠢᠯᠭᠡᠨ᠎ᠲᠠᠢ ᠬᠤᠯᠪᠤᠭ᠍ᠳᠠᠬᠤ ᠵᠦᠢᠯ᠎ᠢ ᠭᠦᠨᠵᠡᠭᠡᠢᠷᠡᠭᠦᠯᠵᠦ᠍ ᠪᠢᠴᠢᠨ᠂ ᠳᠠᠯᠳᠠ ᠡᠴᠢᠨ᠎ᠡ ᠵᠦᠢᠯᠡᠰ᠎ᠢ ᠠᠭᠤᠳᠠᠯᠤᠨ ᠵᠠᠳᠠᠯᠬᠤ᠎ᠪᠠᠷ ᠳᠠᠮᠵᠢᠭᠤᠯᠤᠨ ᠳᠦᠷᠢ᠎ᠶ᠋ᠢ ᠴᠢᠳᠠᠮᠠᠭᠠᠢ ᠤᠷᠠᠯᠢᠭ᠍ᠵᠢᠭᠤᠯᠵᠤ ᠴᠢᠳᠠᠭ᠍ᠰᠠᠨ᠎ᠠᠴᠠ᠂ ᠬᠠᠳᠠᠨᠪᠠᠲᠤᠶ᠋ᠢᠨ ᠳᠦᠷᠢ᠎ᠨᠢ 《ᠰᠠᠬᠢᠭᠤᠯᠰᠤᠨ》 ᠪᠢᠰᠢ ᠬᠠᠷᠢᠨ ᠴᠢᠰᠤ ᠮᠢᠬ᠎ᠠ᠎ᠪᠠᠷ ᠪᠥᠲᠦᠭ᠌ᠰᠡᠨ ᠡᠭᠡᠯ ᠵᠢᠷ᠎ᠤᠨ ᠪᠠᠭᠠᠳᠤᠷ ᠬᠦᠮᠦᠨ᠎ᠤ ᠳᠦᠷᠢ ᠪᠣᠯᠵᠤ ᠴᠢᠳᠠᠵᠠᠢ᠃
ᠭᠤᠷᠪᠠ᠂ ᠳᠦᠷᠢ᠎ᠶ᠋ᠢᠨ ᠭᠤᠸ᠎ᠠ ᠲᠠᠭᠠᠱᠢᠶᠠᠬᠤᠢᠶ᠋ᠢᠨ ᠬᠡᠪᠱᠢᠯ
《ᠡᠩᠤᠨᠬᠢᠠᠴᠠ ᠤᠨᠴᠠᠭᠠᠢ ᠵᠢᠮ᠎ᠡ ᠶᠤᠰᠤ᠎ᠶ᠋ᠢ ᠬᠠᠢᠬᠤ᠎ᠨᠢ ᠤᠢᠯᠠᠭᠠᠭ᠍ᠳᠠᠬᠤᠨᠤ ᠵᠠᠭ᠍ᠪᠤᠷ᠎ᠢ ᠬᠥᠭᠡᠭᠡᠴᠡᠯᠳᠦᠭ᠌ᠴᠢ ᠡᠷᠲᠡᠨ᠎ᠤ ᠤᠷᠠᠯᠢᠭ᠎ᠤᠨ ᠤᠨᠴᠠᠯᠢᠭ ᠪᠠᠢᠵᠤ᠂ ᠣᠨᠴᠠᠭᠠᠢ᠎ᠪᠠᠷ ᠡᠩ᠎ᠤᠨ ᠵᠦᠢᠯ᠎ᠢ ᠲᠤᠳᠤᠷᠠᠭᠤᠯᠬᠤ ᠪᠥᠭᠡᠳ ᠡᠩ᠎ᠤᠨ ᠪᠤᠰᠤ ᠪᠠᠢᠬᠤ᠎ᠶ᠋ᠢ ᠵᠤᠷᠢᠬᠤ᠎ᠨᠢ ᠤᠢᠷ᠎ᠠ ᠦᠶ᠎ᠡ᠎ᠶ᠋ᠢᠨ ᠤᠷᠠᠯᠢᠭ ᠶᠤᠮ》 ᠭᠡᠵᠦ᠍ ᠮᠠᠨ᠎ᠤ ᠤᠯᠤᠰ᠎ᠤᠨ ᠠᠯᠳᠠᠷᠲᠤ ᠭᠤᠸ᠎ᠠ ᠵᠦᠢᠴᠢ ᠵᠸᠤ ᠯᠠᠢ ᠱᠢᠶᠠᠩ《ᠤᠳᠭ᠎ᠠ ᠤᠷᠠᠯᠢᠭ᠎ᠤᠨ ᠭᠤᠸ᠎ᠠ ᠵᠦᠢ》 ᠬᠡᠮᠡᠬᠦ᠌ ᠨᠣᠮ᠎ᠳᠠᠭᠠᠨ ᠪᠢᠴᠢᠭ᠌ᠰᠡᠨ ᠪᠠᠢᠳᠠᠭ᠃ ᠲᠤᠰ ᠷᠤᠮᠠᠨᠤ ᠳᠦᠷᠢ᠎ᠶ᠋ᠢᠨ ᠭᠤᠸ᠎ᠠ ᠲᠠᠭᠠᠱᠢᠶᠠᠬᠤᠢ ᠤᠨᠴᠠᠯᠢᠭ᠎ᠨᠢ ᠲᠤᠤᠯᠢ᠎ᠶ᠋ᠢᠨ ᠴᠠᠭ ᠦᠶ᠎ᠡ᠎ᠶ᠋ᠢᠨ ᠪᠠᠯᠠᠷᠯᠢᠭ ᠵᠤᠷᠱᠢᠯ ᠬᠢᠭᠡᠳ ᠤᠢᠷ᠎ᠠ ᠦᠶ᠎ᠡ᠎ᠶ᠋ᠢᠨ ᠲᠤᠭᠤᠵᠢᠰ᠎ᠤᠨ ᠵᠤᠬᠢᠶᠠᠯ᠎ᠤᠨ ᠱᠢᠨ᠎ᠡ ᠬᠥᠭᠡᠭᠡᠴᠡᠯᠳᠦᠯ ᠬᠤᠶᠠᠷ᠎ᠢ ᠠᠮᠵᠢᠯᠲᠠ᠎ᠲᠠᠢ ᠵᠣᠯᠭᠠᠭᠤᠯᠤᠭ᠍ᠰᠠᠨ ᠤᠯᠠᠮᠵᠢᠯᠠᠯ ᠱᠢᠨᠡᠴᠢᠯᠡᠯᠤᠨ ᠲᠡᠦᠬᠡᠨ ᠠᠴᠢ ᠬᠤᠯᠪᠤᠭ᠍ᠳᠠᠯ᠎ᠲᠠᠢ᠃
ᠲᠤᠤᠯᠢ᠎ᠶ᠋ᠢᠨ ᠪᠠᠭᠠᠲᠤᠷ᠎ᠤᠨ ᠳᠦᠷᠢ᠎ᠶ᠋ᠢᠨ ᠵᠠᠩ ᠴᠢᠨᠠᠷ᠎ᠤᠨ ᠬᠡᠪᠱᠢᠯ ᠡᠴᠡ ᠦᠵᠡᠪᠡᠯ᠂ ᠪᠠᠭᠠᠲᠤᠷᠯᠢᠭ ᠲᠤᠤᠯᠢᠰ᠎ᠤᠨ ᠳᠦᠷᠢ᠎ᠶ᠋ᠢᠨ ᠭᠤᠸ᠎ᠠ ᠲᠠᠭᠠᠱᠢᠶᠠᠯ᠎ᠤᠨ ᠬᠡᠪᠱᠢᠯᠠᠴᠠ ᠱᠢᠨ᠎ᠡ ᠦᠶ᠎ᠡ᠎ᠶ᠋ᠢᠨ ᠤᠷᠠᠨ ᠵᠤᠬᠢᠶᠠᠯ᠎ᠤᠨ ᠵᠤᠬᠢᠶᠠᠯ᠎ᠤᠨ ᠪᠠᠭᠠᠲᠤᠷ ᠬᠦᠷᠲᠡᠯ᠎ᠡ᠂ ᠬᠠᠳᠠᠨᠪᠠᠲᠤ᠌᠂ ᠢᠳᠡᠷ ᠮᠡᠲᠦ᠍᠎ᠶ᠋ᠢᠨ ᠪᠠᠭᠠᠲᠤᠷᠴᠤᠳ᠎ᠤᠨ ᠳᠦᠷᠢ᠎ᠨᠢ ᠲᠤᠤᠯᠢ᠎ᠶ᠋ᠢᠨ ᠪᠠᠭᠠᠲᠤᠷ᠂ ᠴᠢᠨᠠᠭ᠍ᠰᠢᠯᠠᠭᠠᠳ ᠬᠤᠵᠢᠭᠤ ᠦᠶ᠎ᠡ᠎ᠶ᠋ᠢᠨ ᠦᠨᠳᠦᠰᠦᠲᠡᠨ᠎ᠤ ᠪᠠᠭᠠᠲᠤᠷ ᠭᠠᠳᠠ ᠮᠡᠢᠷᠡᠨ ᠵᠡᠷᠭᠡ ᠬᠦᠮᠦᠰ᠎ᠤᠨ ᠪᠤᠴᠠᠰᠢ ᠦᠭᠡᠢ ᠲᠡᠮᠡᠴᠡᠬᠦ᠌ ᠦᠵᠡᠯ ᠰᠠᠨᠠᠭ᠎ᠠ ᠡᠷᠬᠡ ᠰᠦᠷ᠎ᠢ ᠴᠤ᠌ ᠪᠥᠷᠢᠯᠳᠦᠭᠦᠯᠦᠭ᠌ᠰᠡᠨ ᠤᠷᠢᠳᠠᠯ ᠳᠤᠤᠷ᠎ᠠ᠂ ᠬᠤᠪᠢᠰᠭᠠᠯᠲᠤ ᠳᠠᠪᠱᠢᠩᠭᠤᠢ ᠦᠵᠡᠯ᠎ᠢ ᠠᠪᠴᠤ᠌ ᠠᠮᠢᠯᠠᠭ᠍ᠰᠠᠨ ᠶᠤᠮ᠃
ᠷᠤᠮᠠᠨ᠎ᠳᠤ ᠥᠭᠦᠯᠡᠭ᠌ᠰᠡᠨ᠎ᠢᠶᠠᠷ᠄《ᠬᠠᠳᠠᠨᠪᠠᠲᠤ ᠶᠡᠭᠡ ᠬᠢᠩᠭᠠᠨ ᠳᠠᠪᠠᠭᠠᠨ᠎ᠳᠤ ᠵᠠᠮ ᠵᠠᠰᠠᠵᠤ᠂ ᠨᠥᠬᠡ ᠮᠠᠯᠲᠠᠭᠠᠳ᠂ ᠰᠡᠭᠦᠯᠡᠷ᠎ᠨᠢ ᠹᠦᠱᠢᠨ᠎ᠤ ᠨᠡᠭᠦᠷᠡᠰᠦᠨ ᠠᠭᠤᠷᠬᠠᠢ᠎ᠳᠤ ᠨᠢᠭᠡᠨ ᠦᠶ᠎ᠡ 〈ᠬᠠᠷ᠎ᠠ ᠠᠵᠢᠯ〉 ᠬᠢᠵᠠᠢ᠃ ᠲᠡᠷᠡ ᠨᠠᠮ᠎ᠤᠨ ᠨᠢᠭᠤᠴᠠ ᠤᠳᠤᠷᠢᠳᠤᠯᠭ᠎ᠠ᠎ᠶ᠋ᠢᠨ ᠳᠤᠤᠷ᠎ᠠ ᠠᠭᠤᠷᠬᠠᠢ᠎ᠶ᠋ᠢᠨ ᠠᠵᠢᠯᠴᠢᠨ᠎ᠢ ᠳᠠᠭᠠᠭᠤᠯᠵᠤ ᠠᠵᠢᠯ ᠬᠠᠶᠠᠬᠤ ᠲᠡᠮᠡᠴᠡᠯ ᠶᠠᠪᠤᠭᠤᠯᠤᠭ᠍ᠰᠠᠨ᠎ᠠᠴᠠ ᠪᠣᠯᠤᠭᠠᠳ 〈ᠶᠠᠫᠤᠨ ᠮᠠᠨᠵᠤ᠎ᠶ᠋ᠢ ᠡᠰᠡᠷᠭᠦᠴᠡᠭ᠌ᠰᠡᠨ〉 〈ᠶᠠᠯᠠᠲᠠᠨ〉 ᠪᠣᠯᠤᠨ 〈ᠲᠤᠰᠠᠭᠠᠷᠯᠠᠬᠤ ᠭᠠᠵᠠᠷ〉 ᠭᠡᠰᠡᠨ ᠨᠡᠷ᠎ᠡ᠎ᠲᠠᠢ ᠭᠢᠨᠳᠠᠨ᠎ᠳᠤ ᠳᠠᠷᠤᠭ᠍ᠳᠠᠪᠠ᠃ ᠁ ᠬᠡᠴᠢᠨᠡᠨ ᠤᠳᠠᠭ᠍ᠰᠠᠨᠢ ᠪᠤᠦ ᠮᠡᠳᠡ᠂ ᠡᠨᠡ ᠬᠦ᠌ ᠪᠣᠯᠤᠳ ᠲᠡᠮᠦᠷ᠎ᠢᠶᠠᠷ ᠴᠢᠳᠭᠤᠭ᠍ᠰᠠᠨ ᠰᠠᠢᠨ ᠡᠷ᠎ᠡ ᠭᠡᠨᠡᠳᠲᠡ ᠰᠡᠬᠡᠬᠡ ᠤᠷᠤᠮᠠᠭ᠍ᠴᠠ ᠦᠬᠦᠯ᠎ᠤᠨ ᠳᠠᠪᠠᠭᠠᠨ ᠳᠡᠭᠡᠷ᠎ᠡ ᠲᠡᠯᠴᠢᠯᠡᠨ ᠪᠠᠢᠵᠤ 〈ᠲᠥᠮᠡᠨ ᠦᠬᠦᠭᠡᠷ᠎ᠤᠨ ᠨᠥᠬᠡ〉 ᠡᠴᠠ ᠳᠦᠩᠭᠡᠵᠢ ᠮᠥᠯᠬᠦᠨ ᠭᠠᠷᠤᠭᠠᠳ ᠁ ᠨᠠᠢ᠍ᠮᠠᠨ ᠵᠠᠮ᠎ᠤᠨ ᠴᠡᠷᠢᠭ᠎ᠲᠤ ᠤᠷᠤᠪᠠ᠃ ᠡᠯᠳᠡᠪ᠎ᠤᠨ ᠬᠠᠯᠠ ᠦᠵᠡᠵᠦ᠍ ᠡᠷᠯᠢᠭ᠎ᠤᠨ ᠲᠠᠮᠤ᠎ᠶ᠋ᠢ ᠠᠮᠰᠠᠭ᠍ᠰᠠᠨ ᠨᠤᠭᠤᠷᠠᠰᠢ ᠦᠭᠡᠢ ᠬᠠᠳᠠᠨ ᠵᠤᠷᠢᠭ᠍ᠲᠤ ᠮᠤᠩᠭᠤᠯ ᠵᠠᠯᠠᠭᠤ᠂ ᠳᠡᠮᠡᠢ ᠤᠳᠠᠭ᠍ᠰᠠᠨ ᠦᠭᠡᠢ᠎ᠪᠠᠷ ᠨᠢᠭᠡᠨ ᠡᠷᠡᠯᠬᠡᠭ ᠪᠠᠭᠠᠲᠤᠷ ᠪᠠᠢᠯᠳᠤᠭ᠍ᠴᠢ ᠪᠣᠯᠵᠤ ᠪᠣᠢᠵᠢᠵᠠᠢ》 ᠭᠡᠬᠦᠴᠢᠯᠡᠨ ᠬᠠᠳᠠᠨᠪᠠᠲᠤᠶ᠋ᠢᠨ ᠭᠠᠷᠤᠯ ᠲᠡᠦᠬᠡ᠎ᠶ᠋ᠢ ᠵᠢᠷᠤᠭ᠍ᠯᠠᠵᠠᠢ᠃ ᠳᠠᠬᠢᠪᠠᠯ᠂《ᠪᠢᠳᠡ ᠪᠣᠯ ᠦᠨᠳᠦᠰᠦᠲᠡᠨ᠎ᠤ᠎ᠪᠠᠨ ᠰᠡᠷᠭᠦᠯ ᠮᠠᠨᠳᠤᠯ᠂ ᠡᠷᠬᠡ ᠴᠢᠯᠦᠭᠡ᠎ᠶ᠋ᠢ ᠪᠣᠳᠤᠵᠤ ᠯᠠ ᠶᠠᠪᠤᠭ᠎ᠠ ᠶᠤᠮ᠂ ᠡᠨᠡ ᠪᠣᠯ ᠲᠥᠪ ᠴᠢᠭᠡᠴᠢ ᠶᠠᠪᠤᠳᠠᠯ᠂ ᠨᠢᠭᠤᠵᠤ ᠳᠠᠯᠳᠠᠯᠠᠬᠤ ᠬᠡᠷᠡᠭ ᠤᠭ᠍ᠲᠤ ᠠᠯᠠᠭ᠎ᠠ᠃ ᠨᠠᠢ᠍ᠮᠠᠨ ᠵᠠᠮ᠎ᠤᠨ ᠴᠡᠷᠢᠭ ᠪᠢᠳᠡᠨ᠎ᠳᠤ ᠰᠠᠢᠨ ᠪᠣᠯ ᠪᠢᠳᠡ ᠲᠡᠳᠡᠨ᠎ᠲᠠᠢ ᠦᠨᠡᠨ ᠰᠡᠳᠭᠢᠯ᠎ᠢᠶᠠᠷ ᠬᠤᠷᠱᠢᠵᠤ᠂ ᠡᠭᠦᠷᠢᠳᠡ ᠬᠠᠮᠲᠤᠷᠠᠨ ᠠᠵᠢᠯᠯᠠᠬᠤ᠎ᠨᠢ ᠵᠦᠢᠲᠡᠢ》 ᠭᠡᠵᠦ᠍ ᠦᠨᠳᠦᠰᠦᠲᠡᠨ᠎ᠤ᠎ᠪᠠᠨ ᠯᠠ ᠲᠥᠯᠦᠭᠡ ᠪᠣᠳᠤᠵᠤ ᠶᠠᠪᠤᠭ᠍ᠰᠠᠨ ᠢᠳᠡᠷ ᠬᠠᠷᠢᠨ ᠵᠠᠯᠰᠠᠨ᠎ᠳᠤ ᠬᠠᠭᠤᠷᠲᠠᠵᠠᠢ᠃
ᠨᠡᠩ ᠵᠠᠯᠰᠠᠨ ᠮᠡᠲᠦ᠍᠎ᠶ᠋ᠢᠨ ᠦᠨᠳᠦᠰᠦᠲᠡᠨ᠎ᠢᠶᠠᠨ ᠬᠤᠳᠠᠯᠳᠤᠭ᠍ᠰᠠᠨ ᠵᠠᠯᠢᠬᠠᠢᠴᠤᠳᠤᠨ ᠳᠦᠷᠢ᠎ᠨᠢ ᠨᠡᠷ᠎ᠡ ᠦᠭᠡᠢ 《ᠤᠳᠤᠬᠢ ᠴᠠᠭ ᠦᠶ᠎ᠡ᠎ᠶ᠋ᠢᠨ ᠮᠠᠩᠭᠤᠰ᠎ᠤᠨ ᠳᠦᠷᠢ》 ᠪᠣᠯᠤᠨ ᠬᠤᠪᠢᠷᠠᠵᠠᠢ᠃ ᠲᠡᠳᠡᠭᠡᠷ ᠮᠠᠩᠭᠤᠰ᠄ 《ᠲᠡᠭᠡᠪᠡᠯ ᠴᠢᠮᠢ᠋ᠢ ᠠᠮᠢᠳᠤ ᠪᠠᠷ ᠴᠢᠨᠢ ᠮᠤᠷᠢᠨ᠎ᠳᠤ ᠴᠢᠷᠴᠤ᠌ ᠠᠯᠠᠨ᠎ᠠ᠃ ᠡᠪ ᠬᠠᠮᠲᠤ᠎ᠶ᠋ᠢ ᠦᠬᠦᠨ ᠳᠠᠭᠠᠭ᠍ᠰᠠᠨ ᠬᠥᠮᠦᠨ᠎ᠤ ᠦᠷ᠎ᠡ ᠳ᠋ᠦᠩ᠎ᠢ ᠪᠤᠷᠭᠠᠰᠤᠲᠠᠢ᠎ᠶ᠋ᠢᠨ ᠬᠥᠮᠦᠨ ᠪᠥᠬᠦᠨ᠎ᠳᠤ ᠦᠵᠡᠭᠦᠯᠦᠨ᠎ᠡ᠃ ᠦᠬᠦᠳᠡᠯ ᠬᠡᠭᠦᠷ᠎ᠢ ᠴᠢᠨᠢ ᠦᠵᠡᠭ᠌ᠰᠡᠨ ᠪᠥᠬᠦᠨ᠎ᠢ ᠴᠡᠴᠡᠷᠡᠭᠦᠯᠦᠨ᠎ᠡ》 ᠬᠡᠮᠡᠨ ᠪᠤᠯᠠᠭ᠎ᠢ ᠴᠢᠷᠴᠤ᠌ ᠠᠯᠠᠪᠠ᠃
ᠡᠭᠦᠨ᠎ᠤ ᠳᠤᠲᠤᠷ᠎ᠠ᠂ ᠪᠠᠭᠠᠲᠤᠷ᠎ᠤᠨ ᠳᠦᠷᠢ᠎ᠳᠤ ᠬᠤᠪᠢᠰᠭᠠᠯ᠎ᠤᠨ ᠦᠵᠡᠯ ᠰᠠᠨᠠᠭ᠎ᠠ᠎ᠶ᠋ᠢ ᠬᠦᠯᠢᠶᠡᠭ᠌ᠰᠡᠨ ᠬᠡᠮᠵᠢᠶ᠎ᠡ ᠪᠤᠶᠤ ᠴᠠᠭ᠎ᠤᠨ ᠬᠤᠢᠨ᠎ᠠ ᠤᠷᠢᠳ᠎ᠤᠨ ᠵᠦᠷᠢᠶ᠎ᠡ᠎ᠠᠴᠠ ᠡᠭᠦᠰᠴᠤ᠌᠂ ᠲᠤᠭᠤᠵᠢᠰ᠎ᠲᠤ ᠬᠤᠪᠢᠰᠭᠠᠯᠳᠤ ᠪᠠᠭᠠᠲᠤᠷ — ᠬᠠᠳᠠᠨᠪᠠᠲᠤ᠌᠂ ᠪᠦᠳᠦᠭᠦᠯᠢᠭ ᠡᠷ᠎ᠡ — ᠢᠳᠡᠷ᠂ ᠦᠨᠳᠦᠰᠦᠲᠡᠨ᠎ᠤ ᠪᠠᠭᠠᠲᠤᠷ — ᠰᠡᠪᠡᠭ ᠮᠡᠲᠦ᠍᠎ᠶ᠋ᠢᠨ ᠵᠠᠩ ᠴᠢᠨᠠᠷ᠎ᠤᠨ ᠨᠠᠷᠢᠨ ᠢᠯᠭᠠᠭ᠎ᠠ ᠪᠥᠬᠦᠢ ᠳᠦᠷᠢᠨᠦᠭᠦᠳ ᠰᠠᠯᠪᠤᠷᠢᠯᠠᠨ ᠭᠠᠷᠴᠤ᠌ ᠢᠷᠡᠭ᠌ᠰᠡᠨ ᠪᠣᠯᠪᠠᠴᠤ᠌ ᠶᠡᠭᠡ ᠬᠠᠨᠳᠤᠰᠢ᠎ᠶ᠋ᠢ ᠬᠠᠷᠱᠢᠯᠠᠭ᠍ᠰᠠᠨ ᠲᠠᠯ᠎ᠠ ᠪᠠᠢᠬᠤ ᠦᠭᠡᠢ᠃
ᠲᠤᠤᠯᠢ᠎ᠶ᠋ᠢᠨ ᠪᠠᠭᠠᠲᠤᠷ᠎ᠤᠨ ᠳᠦᠷᠢ᠎ᠶ᠋ᠢᠨ ᠤᠳᠤᠬᠢᠴᠢ ᠬᠤᠪᠢᠰᠤᠯ ᠡᠴᠡ ᠦᠵᠡᠪᠡᠯ᠂ ᠵᠤᠬᠢᠶᠠᠭ᠍ᠴᠢ᠎ᠶ᠋ᠢᠨ ᠤᠬᠠᠮᠰᠠᠷᠲᠠᠬᠢ ᠤᠵᠤᠭᠤᠷ ᠡᠷᠲᠡᠨ᠎ᠤ ᠳᠦᠷᠢ᠎ᠶ᠋ᠢᠨ ᠭᠤᠸ᠎ᠠ ᠰᠠᠢᠬᠠᠨ᠎ᠤ ᠱᠢᠨᠵᠢ᠎ᠳᠤ ᠵᠤᠬᠢᠬᠤ ᠬᠤᠪᠢᠰᠤᠯᠲᠠ ᠡᠭᠦᠰᠴᠠᠢ᠃ ᠳᠡᠭᠡᠷ᠎ᠡ ᠳᠤᠷᠠᠳᠤᠭ᠍ᠰᠠᠨ ᠤᠳᠤᠬᠢᠴᠢ ᠱᠢᠨᠵᠢ ᠪᠥᠬᠦᠢ 《ᠰᠠᠢᠨ ᠮᠠᠭᠤ ᠵᠦᠭ᠎ᠤᠨ ᠪᠠᠭᠠᠲᠤᠷ》 ᠤ᠋ᠨ ᠳᠦᠷᠢ᠎ᠠᠴᠠ ᠭᠠᠳᠠᠨ᠎ᠠ᠂ ᠵᠤᠬᠢᠶᠠᠭ᠍ᠴᠢ᠎ᠶ᠋ᠢᠨ ᠪᠢᠷ ᠳᠤᠤᠷᠠᠬᠢ ᠡᠮᠡᠭ᠌ᠲᠡᠢᠴᠦᠳ᠎ᠤᠨ ᠳᠦᠷᠢ ᠴᠤ᠌ ᠥᠭᠡᠷᠡᠴᠢᠯᠡᠭ᠌ᠳᠡᠵᠡᠢ᠃
ᠳᠠᠢᠰᠤᠨ᠎ᠤ ᠰᠣᠮᠣᠨ᠎ᠳᠤ ᠣᠨᠣᠭ᠍ᠳᠠᠴᠢᠬᠠᠭᠠᠳ《ᠵᠠᠯᠭᠠᠭᠠᠳ ᠶᠠᠪᠤᠶ᠎ᠠ! ᠠᠮᠢᠰᠭᠤᠭ᠎ᠠ᠎ᠲᠠᠢ ᠪᠠᠢᠭ᠍ᠰᠠᠨ ᠴᠠᠭ᠎ᠲᠤ ᠯᠠᠪ ᠵᠠᠮ᠎ᠤᠨ ᠲᠡᠭᠡᠭᠡᠷ᠎ᠡ ᠪᠣᠯᠬᠤ ᠦᠭᠡᠢ!》 ᠬᠡᠵᠤ ᠲᠡᠮᠡᠴᠡᠭ᠌ᠰᠡᠨ ᠤᠷᠠᠨᠲᠤᠳᠢ᠂ ᠵᠠᠩᠭᠢᠯᠠᠭ᠎ᠠ᠎ᠶ᠋ᠢᠨ ᠴᠠᠭ᠎ᠲᠤ《ᠴᠦᠨ ᠮᠸᠢ᠎ᠪᠠᠨ ᠠᠪᠤᠷᠠᠶ᠎ᠠ! ᠨᠥᠬᠦᠳ᠎ᠢᠶᠠᠨ ᠠᠪᠤᠷᠠᠶ᠎ᠠ!》 ᠬᠡᠳ《ᠤᠬᠤᠰᠭᠢᠨ ᠪᠣᠰᠴᠤ᠌ ᠴᠤᠩᠬᠤᠨ ᠳᠡᠷᠭᠡᠳᠡ ᠬᠦᠷᠦᠭᠡᠳ ᠭᠠᠯ ᠬᠠᠷᠪᠤᠵᠤ ᠪᠠᠢᠭ᠎ᠠ ᠴᠤᠩᠬᠤ᠎ᠶ᠋ᠢ ᠣᠭ᠍ᠲᠣᠬᠠᠨ ᠴᠤ᠌ ᠲᠠᠲᠠᠭᠠᠯᠵᠠᠯ ᠦᠭᠡᠢ ᠪᠡᠶ᠎ᠡ᠎ᠪᠠᠷ᠎ᠢᠶᠠᠨ ᠤᠴᠢᠵᠦ᠍ ᠪᠥᠭ᠌ᠯᠡᠭ᠌ᠰᠡᠨ》 ᠤᠷᠠᠨᠲᠤᠳᠢᠶ᠋ᠢᠨ ᠡᠵᠢ ᠳᠠᠷᠢᠮ᠎ᠠ᠂ 《᠁ ᠬᠡᠷᠡᠮ᠎ᠤᠨ ᠳᠡᠭᠡᠷᠡᠬᠢ ᠨᠢᠭᠤᠴᠠ ᠦᠭᠡ᠎ᠪᠠᠷ ᠨᠠᠮ᠎ᠤᠨ ᠮᠡᠳᠡᠭᠡ ᠬᠠᠷᠢᠯᠴᠠᠨ ᠤᠯᠠᠮᠵᠢᠯᠠᠨ ᠳᠠᠮᠵᠢᠭᠤᠯᠬᠤ》 ᠨᠠᠮ᠎ᠤᠨ ᠬᠤᠯᠪᠣᠭ᠎ᠠ ᠠᠪᠬᠤ ᠴᠢᠬᠤᠯᠠ ᠡᠭᠦᠷᠭᠡ᠎ᠶ᠋ᠢ ᠳᠠᠭᠠᠭᠠᠵᠤ ᠠᠪᠤᠭ᠍ᠰᠠᠨ ᠴᠦᠨ ᠮᠸᠢ ᠡᠵᠢ ᠦᠬᠢᠨ ᠬᠤᠶᠠᠭᠤᠯᠠ᠂ ᠡᠳᠡᠭᠡᠷ ᠳᠦᠷᠢᠨᠦᠭᠦᠳᠨᠢ ᠡᠢᠰᠢ ᠲᠡᠢᠰᠢ ᠪᠤᠯᠢᠶᠠᠭ᠍ᠳᠠᠭᠠᠳ ᠪᠠᠢᠳᠠᠭ ᠪᠠᠭᠠᠲᠤᠷ᠎ᠤᠨ ᠬᠥᠴᠦᠨ᠎ᠤ ᠳᠤᠷᠠᠢᠯᠭᠠᠯᠤᠨ ᠪᠤᠳᠠᠰ ᠪᠢᠰᠢ᠂ ᠤᠶᠠᠨ ᠨᠠᠯᠠᠷᠬᠠᠢ ᠨᠢᠥᠯᠲᠤ ᠨᠣᠮᠣᠢ ᠨᠡᠢᠭᠡᠮ᠎ᠤᠨ ᠪᠠᠭᠤᠷᠠᠢ ᠡᠲᠡᠭᠡᠳ ᠪᠢᠰᠢ᠂ ᠨᠠᠡᠭ ᠴᠦ᠍ ᠹᠸᠤᠳᠠᠯ᠎ᠤᠨ ᠨᠡᠢᠭᠡᠮ᠎ᠤᠨ ᠳᠠᠷᠤᠯᠠᠯ ᠳᠤᠤᠷᠠᠬᠢ ᠬᠡᠯᠡ᠎ᠪᠠᠨ ᠠᠯᠳᠠᠭ᠍ᠰᠠᠳ ᠪᠢᠰᠢ᠂ ᠬᠠᠷᠢᠨ ᠦᠪᠡᠷ᠎ᠤᠨ ᠪᠡᠶ᠎ᠡ᠎ᠳᠡᠭᠡᠨ ᠡᠵᠡᠨ ᠪᠣᠯᠳᠠᠭ᠂ ᠦᠵᠡᠯ ᠰᠠᠨᠠᠭ᠎ᠠ ᠤᠬᠠᠭᠠᠨ ᠰᠠᠮᠪᠠᠭ᠎ᠠ᠎ᠲᠠᠢ ᠡᠷᠬᠡ ᠴᠢᠯᠦᠭᠡ ᠬᠠᠢᠷ᠎ᠠ ᠬᠤᠷᠤᠰᠤᠯ᠎ᠲᠠᠢ᠂ ᠬᠠᠶᠠ ᠵᠠᠷᠢᠮ᠎ᠳᠠᠭᠠᠨ ᠡᠷᠡᠴᠦᠦᠯ᠎ᠲᠠᠢ ᠮᠥᠷᠦ᠍ ᠵᠡᠷᠭᠡᠴᠡᠨ ᠴᠢᠰᠤ ᠠᠰᠭᠠᠯᠴᠠᠵᠤ ᠬᠤᠪᠢᠰᠭᠠᠯ ᠬᠢᠳᠡᠭ ᠲᠡᠮᠦᠷ ᠬᠡᠦᠬᠡᠨᠴᠤᠳ᠎ᠤᠨ ᠳᠦᠷᠢ ᠪᠣᠯᠵᠦ᠍ ᠬᠤᠪᠢᠰᠴᠠᠢ᠃ ᠲᠡᠢᠮᠦ᠍᠎ᠠᠴᠠ ᠷᠤᠮᠠᠨᠤ ᠭᠤᠸ᠎ᠠ ᠲᠠᠭᠠᠱᠢᠶᠠᠬᠤᠢᠶ᠋ᠢᠨ ᠬᠠᠨᠳᠤᠰᠢ᠎ᠨᠢ ᠲᠤᠤᠯᠢ ᠶ᠋ᠢᠨ ᠰᠦᠷᠯᠢᠭ ᠳᠡᠭᠡᠳᠦ ᠬᠡᠪ ᠨᠠᠮᠪᠠ᠎ᠶ᠋ᠢ ᠬᠠᠳᠠᠭᠠᠯᠠᠭ᠍ᠰᠠᠨᠤ ᠰᠠᠭᠤᠷᠢᠨ ᠳᠡᠭᠡᠷ᠎ᠡ ᠱᠢᠨ᠎ᠡ ᠲᠡᠯᠡᠯᠲᠡ᠎ᠲᠠᠢ ᠪᠠᠢᠵᠤ᠂ ᠰᠣᠩᠭᠤᠳᠠᠭ ᠱᠢᠨᠵᠢ ᠪᠠ ᠤᠳᠤᠬᠢᠴᠢ ᠱᠢᠨᠵᠢ᠎ᠶ᠋ᠢᠨ ᠳᠠᠪᠬᠤᠷᠳᠠᠯᠢ ᠪᠡᠶᠡᠯᠡᠭᠦᠯᠵᠠᠢ᠃
ᠪᠠᠭ᠍ᠴᠠᠯᠠᠪᠠᠯ᠂ ᠠ᠊·ᠤᠳᠽᠠᠷ᠎ᠤᠨ《ᠮᠣᠷᠢᠲᠤ ᠴᠡᠷᠢᠭ᠎ᠤᠨ ᠳᠠᠭᠤᠯᠠᠯ》ᠬᠡᠬᠦ ᠷᠤᠮᠠᠨ ᠳ᠋ᠠᠭᠠᠨ᠂ ᠪᠠᠭᠠᠲᠤᠷ᠎ᠤᠨ ᠲᠤᠤᠯᠢ᠎ᠶ᠋ᠢᠨ ᠳᠦᠷᠢ᠎ᠶ᠋ᠢᠨ ᠮᠣᠲ᠋ᠢᠹᠲᠤ ᠰᠠᠭᠤᠷᠢᠯᠠᠨ ᠰᠠᠢᠨ ᠮᠠᠭᠤ ᠬᠤᠶᠠᠷ ᠵᠦᠭ᠎ᠤᠨ ᠪᠠᠭᠠᠲᠤᠷ ᠬᠢᠭᠡᠳ ᠬᠥᠯᠦᠭ ᠮᠤᠷᠢᠨ᠎ᠤ ᠳᠦᠷᠢ᠎ᠶ᠋ᠢ ᠵᠦᠢᠲᠡᠢ ᠪᠠᠢᠷᠢᠱᠢᠭᠤᠯᠤᠨ᠂ ᠠᠬᠤᠢᠴᠢ ᠦᠵᠡᠯ᠎ᠤᠨ ᠵᠤᠬᠢᠶᠠᠨ ᠪᠥᠲᠦᠭᠡᠬᠦ᠌ ᠠᠷᠭ᠎ᠠ᠎ᠪᠠᠷ ᠳᠦᠷᠢ ᠪᠥᠲᠦᠭᠡᠭ᠌ᠰᠡᠨ ᠶᠤᠮ᠃