《ᠲᠦᠮᠡᠨ ᠠᠭ᠍ᠲᠠ ᠵᠢᠨ ᠲᠦᠪᠡᠷᠭᠡᠨ》 ᠨᠠᠭᠠᠳᠤᠮ ᠲᠦᠮᠡᠨ ᠤᠯᠠᠨ ᠵᠢᠠᠨ ᠪᠠᠶᠠᠰᠭᠠᠯ᠎ᠠ
2022-07-27 10:23:10
ᠵᠣᠬᠢᠶᠠᠭ᠍ᠴᠢ᠄
​ᠬᠣᠱᠣᠳ·ᠨᠣᠮᠢᠨ ᠠᠭᠢᠮ᠎ᠠ ᠨᠠᠷᠠᠰᠤ ᠰᠦ᠍ ᠴᠢᠩ ᠬ᠍ᠤ
ᠣᠩᠱᠢᠭ᠍ᠰᠠᠨ ᠣᠳᠠᠭ᠎ᠠ᠄
★★★☆☆

ᠭᠠᠵᠠᠷ ᠳᠡᠯᠡᠬᠡᠢ ᠨᠣᠮᠢᠨ ᠨᠣᠭᠣᠭᠠᠨ ᠵᠢᠡᠷ ᠨᠠᠯᠠᠢᠵᠤ᠂ ᠲᠠᠯ᠎ᠠ ᠵᠢᠨ ᠭᠦᠨ᠎ᠳᠤ ᠠᠳᠤᠭᠤᠳ ᠳᠠᠪᠬᠢᠯᠳᠤᠨ᠎ᠠ᠃ ᠤᠭᠠᠯᠵᠠᠯᠠᠨ ᠤᠷᠤᠰᠭᠤ ᠮᠡᠷᠭᠡᠯ ᠭᠣᠣᠯ ᠲᠠᠯ᠎ᠠ ᠵᠢᠨ ᠳᠤᠮᠳᠠᠭᠤᠷ ᠰᠤᠨᠤᠯᠵᠠᠵᠤ ᠮᠠᠯᠴᠢᠨ ᠠᠷᠠᠳ᠎ᠤᠨ ᠴᠢᠷᠠᠢ᠎ᠳᠤ ᠪᠠᠶᠠᠷ᠎ᠤᠨ ᠮᠦᠱᠢᠶᠡᠳᠦ ᠲᠣᠳᠣᠷᠠᠨ᠎ᠠ᠃

7 ᠰᠠᠷ᠎ᠠ ᠵᠢᠨ 12— 13᠎ᠤ ᠡᠳᠦᠷ ᠪᠤᠯᠳᠠᠯ᠎ᠠ᠂ 《ᠲᠦᠮᠡᠨ ᠠᠳᠤᠭᠤᠨ᠎ᠤ ᠥᠯᠥᠭᠡᠢ》 ᠬᠡᠮᠡᠭ᠌ᠳᠡᠭ᠌ᠰᠡᠨ ᠬᠥᠯᠥᠨ ᠪᠤᠢ᠍ᠢᠷ ᠬᠤᠳᠠ ᠵᠢᠨ ᠬᠠᠭᠤᠴᠢᠨ ᠪᠠᠷᠭᠤ ᠬᠣᠱᠢᠭᠤᠨ᠎ᠤ ᠮᠡᠷᠭᠡᠯ᠎ᠤᠨ ᠵᠤᠰᠠᠯᠠᠩ᠎ᠳᠤ ᠨᠠᠢ᠍ᠮᠠᠳᠤᠭᠠᠷ ᠬᠤᠭᠤᠴᠠᠭᠠᠨ᠎ᠤ 《ᠲᠦᠮᠡᠨ ᠠᠭ᠍ᠲᠠ ᠵᠢᠨ ᠳᠥᠪᠡᠷᠬᠡᠨ》 ᠨᠠᠭᠠᠳᠤᠮ ᠬᠦᠷ ᠨᠠᠷᠭᠢᠶᠠᠨ ᠲᠠᠢ ᠲᠠᠩᠰᠤᠭ ᠰᠠᠢᠬᠠᠨ ᠨᠠᠭᠠᠳᠤᠮ ᠪᠣᠯᠵᠤ ᠥᠩᠭᠡᠷᠡᠯ᠎ᠡ᠃

ᠬᠠᠭᠤᠴᠢᠨ ᠪᠠᠷᠭᠤ ᠨᠤᠲᠤᠭ ᠠᠳᠤᠭᠤ ᠪᠡᠷ ᠵᠢᠠᠨ ᠠᠯᠳᠠᠷ ᠲᠠᠢ᠃ ᠶᠡᠷᠦ᠍ ᠨᠢ ᠳᠡᠭᠡᠷ᠎ᠡ ᠵᠠᠭᠤᠨ᠎ᠤ ᠳᠥᠴᠢ ᠲᠠᠪᠢᠭᠠᠳ ᠣᠨ ᠳ᠋ᠦ ᠬᠠᠭᠤᠴᠢᠨ ᠪᠠᠷᠭᠤ ᠨᠤᠲᠤᠭ ᠲᠤ᠌ ᠲᠦᠮᠡᠨ ᠠᠳᠤᠭᠤ ᠲᠠᠢ ᠠᠢᠯ᠎ᠪᠠᠢᠭ᠍ᠰᠠᠨ ᠪᠠᠬᠠᠷᠤᠮ᠎ᠠ ᠲᠡᠦᠬᠡ ᠲᠠᠢ ᠪᠢᠯᠡ᠃ 2011 ᠣᠨ᠎ᠳᠤ ᠳᠡᠯᠡᠬᠡᠢ ᠵᠢᠨ ᠭᠢᠨᠢᠰ᠎ᠤᠨ ᠲᠡᠮᠳᠡᠭ᠌ᠯᠡᠯ᠎ᠢ ᠡᠭᠦᠳᠦᠭ᠌ᠰᠡᠨ ᠡᠴᠡ ᠨᠠᠭᠠᠱᠢᠬᠢ ᠠᠷᠪᠠ ᠭᠠᠷᠤᠢ ᠵᠢᠯ᠎ᠤᠨ ᠲᠤᠷᠰᠢ ᠬᠠᠭᠤᠴᠢᠨ ᠪᠠᠷᠭᠤ ᠬᠣᠱᠢᠭᠤᠨ᠎ᠤ 《ᠲᠦᠮᠡᠨ ᠠᠭ᠍ᠲᠠ ᠵᠢᠨ ᠳᠥᠪᠡᠷᠬᠡᠨ》 ᠨᠠᠭᠠᠳᠤᠮ ᠨᠢ ᠬᠥᠯᠥᠨ ᠪᠤᠢ᠍ᠢᠷ᠎ᠤᠨ ᠲᠠᠯ᠎ᠠ ᠨᠤᠲᠤᠭ᠎ᠤᠨ ᠳᠠᠶᠠᠩ ᠳᠡᠯᠡᠬᠡᠢ᠎ᠳᠤ ᠠᠯᠳᠠᠷᠱᠢᠭ᠍ᠰᠠᠨ ᠴᠢᠬᠤᠯᠠ ᠨᠢᠭᠡᠨ ᠰᠣᠶᠣᠯ ᠵᠢᠭᠤᠯᠴᠢᠯᠠᠯ᠎ᠤᠨ ᠨᠡᠷᠠᠳᠤ ᠲᠡᠮᠳᠡᠭ ᠪᠣᠯᠵᠠᠢ᠃ 《ᠠᠳᠤᠭᠤᠨ ᠳ᠋ᠦ ᠬᠠᠢᠷᠠᠲᠠᠢ ᠭᠤᠴᠢᠭᠠᠳ ᠬᠥᠮᠥᠰ ᠬᠣᠶᠠᠷ ᠭᠤᠷᠪᠠᠨ ᠵᠢᠯ᠎ᠤᠨ ᠪᠡᠯᠡᠳᠭᠡᠯ ᠵᠢᠡᠷ ᠲᠠᠮᠵᠢᠨ 2011 ᠣᠨ᠎ᠤ ᠵᠤᠨ᠂ ᠠᠩᠬᠠᠨ᠎ᠤ ᠨᠠᠭᠠᠳᠤᠮ ᠵᠢᠠᠨ ᠮᠠᠰᠢ ᠨᠢᠵᠢᠭᠢᠷ ᠰᠠᠢᠬᠠᠨ ᠬᠢᠭ᠌ᠰᠡᠨ᠃ ᠠᠷᠪᠠ ᠭᠠᠷᠤᠢ ᠵᠢᠯ᠎ᠤᠨ ᠬᠤᠭᠤᠴᠠᠭᠠᠨ ᠳ᠋ᠦ ᠨᠠᠮ ᠵᠠᠰᠠᠭ᠂ ᠮᠠᠯᠴᠢᠨ ᠲᠦᠮᠡᠨ᠂ ᠠᠵᠤ ᠠᠬᠤᠢᠯᠠᠯ ᠺᠤᠮᠫᠠᠨᠢ ᠵᠢᠨ ᠬᠠᠯᠠᠭᠤᠨ ᠳᠡᠮᠵᠢᠯᠭᠡ ᠵᠢ ᠣᠯᠣᠭ᠍ᠰᠠᠭᠠᠷ ᠢᠷᠡᠵᠤ᠂ ᠡᠨᠡ ᠵᠢᠯ ᠴᠤ᠌ ᠨᠠᠭᠠᠳᠤᠮ ᠮᠠᠨᠢ ᠲᠡᠭᠦᠰ ᠳᠦᠭᠦᠷᠡᠩ ᠶᠠᠪᠤᠭ᠍ᠳᠠᠭ᠍ᠰᠠᠨ᠎ᠳᠤ ᠶᠡᠬᠡ ᠪᠠᠶᠠᠷᠯᠠᠵᠤ ᠪᠠᠢᠨ᠎ᠠ》ᠭᠡᠵᠦ᠍ ᠬᠠᠭᠤᠴᠢᠨ ᠪᠠᠷᠭᠤ ᠬᠣᠱᠢᠭᠤᠨ᠎ᠤ ᠠᠳᠤᠭᠤᠨ ᠰᠣᠶᠣᠯ᠎ᠤᠨ ᠨᠡᠢᠭᠡᠮᠯᠢᠭ᠎ᠤᠨ ᠨᠡᠷ᠎ᠡ ᠬᠦᠨᠳᠦᠲᠦ ᠲᠡᠷᠢᠭᠦᠯᠡᠭ᠌ᠴᠢ᠂ ᠬᠠᠭᠤᠴᠢᠨ ᠪᠠᠷᠭᠤ ᠬᠣᠱᠢᠭᠤᠨ᠎ᠤ ᠤᠶᠠᠭᠠᠴᠢ ᠵᠢᠨ ᠬᠣᠯᠪᠣᠭᠠᠨ᠎ᠤ ᠠᠬᠠᠯᠠᠭ᠍ᠴᠢ ᠴᠣᠯᠮᠣᠨ ᠪᠠᠬᠠᠷᠬᠠᠯᠳᠠᠢᠬᠠᠨ ᠬᠤᠪᠢᠶᠠᠯᠴᠠᠯ᠎ᠠ᠃

ᠲᠡᠦᠬᠡᠨ ᠡᠴᠨ ᠪᠡᠨ ᠠᠪᠤᠭᠠᠳ ᠬᠠᠭᠤᠴᠢᠨ ᠪᠠᠷᠭᠤ ᠵᠢᠨ ᠠᠯᠢ ᠴᠤ᠌ ᠤᠳᠠᠭᠠᠨ᠎ᠤ ᠨᠠᠢᠷ ᠲᠤ᠌ ᠮᠣᠷᠢᠨ᠎ᠤ ᠤᠷᠤᠯᠳᠤᠭᠠᠨ ᠪᠣᠯ ᠴᠢᠬᠤᠯᠠ ᠨᠢᠭᠡᠨ ᠠᠭᠤᠯᠭ᠎ᠠ ᠪᠤᠯᠳᠠᠭ ᠶᠤᠮ᠃ 2 ᠡᠳᠦᠷ ᠶᠠᠪᠤᠭ᠍ᠳᠠᠭ᠍ᠰᠠᠨ ᠨᠠᠢ᠍ᠮᠠᠳᠤᠭᠠᠷ ᠬᠤᠭᠤᠴᠠᠭᠠᠨ᠎ᠤ《ᠲᠦᠮᠡᠨ ᠠᠭ᠍ᠲᠠ ᠵᠢᠨ ᠳᠥᠪᠡᠷᠬᠡᠨ》 ᠨᠠᠭᠠᠳᠤᠮ ᠳ᠋ᠤ 30 ᠭᠠᠵᠠᠷ᠎ᠤᠨ ᠪᠦᠳᠦᠭᠦᠨ ᠮᠣᠷᠢᠨ᠎ᠤ ᠤᠷᠤᠯᠳᠤᠭᠠᠨ᠂ 27 ᠭᠠᠵᠠᠷ᠎ᠤᠨ ᠰᠣᠶᠣᠭᠠᠯᠠᠩ ᠮᠣᠷᠢᠨ᠎ᠤ ᠤᠷᠤᠯᠳᠤᠭᠠᠨ᠂ 25 ᠭᠠᠵᠠᠷ᠎ᠤᠨ ᠬᠢᠵᠠᠭᠠᠯᠠᠩ ᠮᠣᠷᠢᠨ᠎ᠤ ᠤᠷᠤᠯᠳᠤᠭᠠᠨ᠂ 20 ᠭᠠᠵᠠᠷ᠎ᠤᠨ ᠰᠢᠳᠤᠯᠠᠩ ᠮᠣᠷᠢᠨ᠎ᠤ ᠤᠷᠤᠯᠳᠤᠭᠠᠨ᠂ 16 ᠭᠠᠵᠠᠷ᠎ᠤᠨ ᠲᠠᠭ᠎ᠠ ᠵᠢᠨ ᠤᠷᠤᠯᠳᠤᠭᠠᠨ᠂ ᠲᠠᠪᠤᠨ ᠮᠢᠩᠭᠠᠨ ᠮᠧᠲᠷ᠎ᠤᠨ ᠬᠠᠲᠠᠷᠢᠶ᠎ᠠ ᠮᠣᠷᠢᠨ᠎ᠤ ᠤᠷᠤᠯᠳᠤᠭᠠᠨ ᠶᠠᠪᠤᠭᠳᠠᠵᠤ᠂ ᠣᠨᠣᠭ᠍ᠰᠠᠨ ᠬᠡᠦᠬᠡᠳ᠂ ᠤᠶᠠᠭᠠᠴᠢ ᠡᠵᠡᠳ ᠵᠢᠠᠨ ᠪᠠᠶᠠᠰᠭᠠᠯ᠎ᠠ᠃ ᠡᠬᠦᠨ ᠡᠴᠨ ᠭᠠᠳᠠᠨ᠎ᠠ᠂ 128 ᠬᠦᠴᠦᠲᠦ ᠪᠦᠬᠡ ᠵᠢᠨ ᠪᠠᠷᠢᠯᠳᠤᠭᠠᠨ᠂ ᠡᠷᠡᠭ᠌ᠲᠡᠢ ᠡᠮᠡᠭ᠌ᠲᠡᠢ ᠵᠢᠨ ᠳᠦᠩᠬᠦ᠌ ᠬᠠᠷᠪᠤᠯᠭ᠎ᠠ ᠵᠢᠨ ᠤᠷᠤᠯᠳᠤᠭᠠᠨ ᠠᠮᠵᠢᠯᠲᠠᠲᠠᠢ ᠶᠠᠪᠤᠭᠳᠠᠭᠰᠠᠠ ᠪᠢᠯᠠ᠃

ᠳᠤᠰ ᠨᠠᠢᠷ ᠎ᠲᠤ ᠬᠥᠯᠥᠨ ᠪᠤᠢ᠍ᠢᠷ ᠬᠤᠳᠠ ᠵᠢᠨ ᠡᠯ᠎ᠠ ᠬᠤᠰᠢᠭᠤᠨ᠎ᠤ ᠵᠤᠨ ᠲᠦᠮᠡᠨ ᠤᠷᠤᠯᠴᠠᠭ᠍ᠰᠠᠨ ᠡᠴᠨ ᠭᠠᠳᠠᠨ᠎ᠠ᠂ ᠰᠢᠯᠢ ᠵᠢᠨ ᠭᠣᠣᠯ ᠠᠢᠮᠠᠭ᠂ ᠲᠦᠩᠯᠢᠶᠣᠣ ᠬᠤᠳᠠ᠂ ᠪᠠᠶᠠᠨᠨᠠᠭᠤᠷ ᠬᠤᠳᠠ᠂ ᠬᠢᠩᠭᠠᠨ ᠠᠢᠮᠠᠭ ᠡᠴᠨ ᠬᠠᠱᠢᠷ ᠰᠠᠢᠨ ᠤᠶᠠᠭᠠᠴᠢᠳ᠂ ᠬᠦᠴᠦᠲᠦ ᠰᠠᠢᠨ ᠪᠥᠬᠡᠴᠦᠦᠯ ᠬᠦᠷᠦᠯᠴᠡᠨ ᠢᠷᠡᠵᠤ᠂ ᠤ᠌ᠭ ᠨᠠᠭᠠᠳᠤᠮ᠎ᠢ ᠤᠯᠠᠮ ᠳᠡᠯᠭᠡᠷ ᠬᠥᠭ᠌ᠵᠢᠭᠦᠨ ᠪᠣᠯᠭᠠᠯ᠎ᠠ᠃


QQ截图20220727102406.png


ᠤᠷᠭ᠎ᠠ ᠪᠠᠨ ᠪᠠᠷᠢᠭᠰᠠᠨ ᠠᠳᠤᠭᠤᠴᠢᠨ


QQ截图20220727102418.png


ᠨᠠᠭᠠᠳᠤᠮ ᠡᠬᠢᠯᠡᠯ᠎ᠡ


QQ截图20220727102430.png


ᠮᠢᠷᠠᠯᠵᠠᠨ  ᠤᠷᠤᠰᠬᠤ  ᠮᠡᠷᠭᠡᠯ  ᠭᠤᠤᠯ


QQ截图20220727102444.png 

ᠬᠤᠷᠳᠤ ᠰᠤᠷᠢᠭᠰᠠᠨ ᠮᠤᠷᠢᠨ ᠤᠷᠤᠯᠳᠤᠭᠠᠨ


QQ截图20220727102503.png

QQ截图20220727102454.png


ᠤᠨᠤᠭᠠᠴᠢᠳ ᠵᠢᠡᠨ ᠲᠤᠰᠬᠤ ᠪᠡᠷ ᠪᠡᠯᠡᠬᠡᠨ


QQ截图20220727102515.png


ᠨᠠᠢᠷ ᠰᠤᠨᠢᠷᠬᠠᠨ᠎ᠠ


QQ截图20220727102523.png


ᠪᠦᠬᠡ ᠵᠢᠨ ᠪᠠᠷᠢᠯᠳᠤᠭᠠᠨ


QQ截图20220727102543.png


ᠲᠦᠨᠭᠬᠦ ᠬᠠᠷᠪᠤᠯᠭ᠎ᠠ ᠵᠢᠨ ᠤᠷᠤᠯᠳᠤᠭᠠᠨ


QQ截图20220727102554.png


ᠠᠪᠤ ᠲᠠᠢ ᠪᠠᠨ ᠬᠠᠮᠲᠤ ᠨᠠᠭᠠᠳᠤᠮ ᠦᠵᠡᠬᠦ ᠰᠠᠢᠬᠠᠨ ᠡ!


QQ截图20220727102629.png


ᠠᠭᠲᠠ ᠵᠢᠨ ᠵᠢᠪᠬᠤᠭ᠎ᠠ


QQ截图20220727102641.png


ᠮᠢᠰᠢᠶᠡᠨ ᠳᠡᠯᠭᠡᠷᠡᠬᠦ ᠰᠢᠷ᠎ᠡ ᠬᠤᠸᠠᠷ


QQ截图20220727102656.png


ᠬᠤᠨᠭᠭᠤᠷᠵᠤᠯᠠ ᠴᠡᠴᠡᠭ


QQ截图20220727102612.png


ᠨᠠᠭᠠᠳᠤᠮ ᠎ᠤᠨ ᠠᠬᠤᠢ ᠲᠠᠯᠠᠪᠠᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号