ᠲᠠᠢᠸᠠᠨ᠎ᠤ ᠵᠠᠯᠠᠭᠤᠴᠤᠳ 《ᠠᠷᠤ ᠭᠠᠵᠠᠷ᠎ᠤᠨ ᠵᠢᠶᠠᠨᠭᠨᠠᠨ》᠎ᠳ᠋ᠤ᠌ ᠬᠠᠳᠤᠨ ᠭᠣᠣᠯ᠎ᠤᠨ ᠰᠣᠶᠣᠯ᠎ᠢ ᠪᠡᠶᠡᠴᠢᠯᠡᠨ ᠣᠢᠯᠠᠭᠠᠪᠠ
2022-07-15 11:19:36
ᠵᠣᠬᠢᠶᠠᠭ᠍ᠴᠢ᠄
ᠠᠢ ᠹᠦ᠋ ᠮᠧᠢ
ᠣᠩᠱᠢᠭ᠍ᠰᠠᠨ ᠣᠳᠠᠭ᠎ᠠ᠄
★★★☆☆

ᠱᠢᠨᠬᠤᠸᠠ ᠬᠣᠷᠢᠶᠠᠨ᠎ᠤ ᠢᠷᠭᠠᠢ᠎ᠶ᠋ᠢᠨ 7 ᠰᠠᠷ᠎ᠠ᠎ᠶ᠋ᠢᠨ 13 ᠤ᠋ ᠴᠠᠬᠢᠯᠭᠠᠨ ᠮᠡᠳᠡᠭᠡ  ᠬᠡᠳᠦᠢᠪᠡᠷ ᠠᠩᠬ᠎ᠠ ᠤᠳᠠᠭ᠎ᠠ ᠨᠢᠩᠱᠢᠶᠠ᠎ᠳᠤ ᠢᠷᠡᠵᠦ᠍ ᠪᠠᠢᠭ᠎ᠠ ᠪᠣᠯᠪᠠᠴᠤ᠌᠂ ᠲᠠᠢᠸᠠᠨ ᠵᠠᠯᠠᠭᠤ ᠬᠤᠸᠠᠩ ᠺᠠᠢ ᠵᠢᠶᠠ 《ᠬᠠᠳᠤᠨ ᠭᠣᠣᠯ ᠨᠢᠩᠱᠢᠶᠠ᠎ᠶ᠋ᠢ ᠤᠮᠳᠠᠯᠠᠨ ᠪᠠᠶᠠᠵᠢᠭᠤᠯᠤᠬᠰᠠᠨ》 ᠲᠤᠬᠠᠢ ᠭᠦᠨ ᠣᠢᠯᠠᠭᠠᠯᠲᠠ᠎ᠲᠠᠶ ᠪᠣᠯᠵᠠᠢ᠃

《ᠥᠨᠥᠳᠦᠷ ᠪᠢᠳᠡ ᠨᠢᠩᠱᠢᠶᠠ᠎ᠶ᠋ᠢᠨ ᠾᠧ ᠯᠠᠨ ᠱᠠᠨ ᠠᠭᠤᠯᠠᠨ᠎ᠤ ᠬᠣᠷᠮᠣᠶ᠎ᠳᠠᠬᠢ ᠦᠵᠦᠮ᠎ᠦᠨ ᠠᠷᠢᠬᠢᠨ᠎ᠤ ᠡᠳ᠋ᠯᠡᠩ᠎ᠳᠦ ᠬᠦᠷᠪᠡ᠂ 〈ᠡᠴᠢᠭᠡ ᠠᠭᠤᠯᠠ〉 ᠪᠤᠯᠬᠤ ᠎ᠾᠧ ᠯᠠᠨ ᠱᠠᠨ ᠠᠭᠤᠯᠠ ᠰᠠᠯᠬᠢ ᠡᠯᠡᠰᠦᠨ᠎ᠦ ᠲᠠᠭᠠᠷᠢᠯᠲᠠ᠎ᠶ᠋ᠢ ᠬᠠᠯᠬᠠᠯᠠᠵᠤ᠂ 〈ᠡᠬᠡ ᠭᠤᠤᠯ〉 ᠪᠤᠯᠬᠤ ᠬᠠᠲᠤᠨ ᠭᠤᠤᠯ ᠡᠨᠡ ᠬᠡᠰᠡᠭ ᠪᠣᠷᠣᠭᠠᠨ ᠬᠤᠷ᠎ᠠ ᠴᠦᠬᠡᠨ ᠭᠠᠵᠠᠷ ᠣᠷᠣᠨ᠎ᠳᠤ ᠤᠰᠤᠨ᠎ᠤ ᠡᠬᠢ ᠰᠤᠷᠪᠤᠯᠵᠢ᠎ᠶ᠋ᠢᠨ ᠱᠢᠮ᠎ᠡ ᠲᠡᠵᠢᠭᠡᠯ ᠬᠠᠨᠭᠭᠠᠭᠰᠠᠨ ᠡᠴᠡ ᠰᠠᠶᠢ ᠡᠢᠮᠦ᠍ ᠰᠠᠢᠨ ᠦᠵᠦᠮ᠎ᠦᠨ ᠠᠷᠢᠬᠢ ᠭᠠᠷᠤᠭᠰᠠᠨ ᠪᠠᠢᠨ᠎ᠠ᠂ ᠡᠨᠡ ᠪᠣᠯ ᠦᠨᠡᠬᠡᠷ ᠲᠡᠭᠷᠢ᠎ᠵᠢᠨ ᠬᠡᠰᠢᠭ᠎ᠢ ᠭᠠᠭᠴᠠᠭᠠᠷ ᠬᠦᠷᠲᠡᠭᠰᠡᠨ ᠭᠠᠵᠠᠷ ᠤᠷᠤᠨ ᠪᠣᠯᠤᠨ᠎ᠠ》 ᠭᠡᠵᠦ᠍ ᠲᠡᠷᠡ ᠬᠡᠯᠡᠪᠡ᠃

ᠨᠢᠩᠱᠢᠶᠠ᠎ᠶ᠋ᠢᠨ᠎ᠢᠷᠭᠠᠢ ᠬᠣᠲᠠ᠎ᠶ᠋ᠢᠨ ᠮᠢᠨᠨᠢᠩ ᠪᠠᠯᠭᠠᠰᠤᠨ᠎ᠳᠤ᠂ ᠬᠤᠸᠠᠩ ᠺᠠᠶ ᠵᠢᠶᠠ 《ᠠᠭᠤᠯᠠ ᠳᠠᠯᠠᠢ᠎ᠵᠢᠨ ᠬᠠᠢᠷ᠎ᠠ ᠰᠡᠳᠭᠢᠯᠭᠡ》 ᠎ᠵᠢᠨ ᠤᠭ ᠳᠦᠷᠢ ᠪᠣᠯᠬᠤ ᠱᠢᠶᠧ ᠱᠢᠩ ᠴᠠᠩ᠎ᠤᠨ ᠶᠠᠷᠢᠭ᠍ᠰᠠᠨ ᠨᠡᠭᠦᠳᠡᠯ ᠠᠷᠠᠳ᠎ᠤᠨ ᠨᠡᠭᠦᠳᠡᠯᠯᠡᠭᠰᠡᠨ ᠪᠣᠯᠤᠨ ᠹᠦᠵᠢᠶᠠᠨ ᠨᠢᠩᠰᠢᠶᠠ᠎ᠵᠢᠨ ᠬᠠᠮᠵᠢᠯᠴᠠᠭᠠᠨ᠎ᠤ ᠦᠯᠢᠭᠡᠷ᠎ᠢ ᠰᠣᠨᠣᠰᠪᠠ᠃ 《ᠱᠢᠶᠧ ᠱᠢᠩ ᠴᠠᠩ᠎ᠤᠨ ᠬᠡᠯᠡᠬᠦ᠌᠎ᠪᠡᠷ ᠰᠢ ᠬᠠᠶ ᠬᠥ᠋ ᠡᠴᠡ ᠡᠨᠳᠡ ᠰᠠᠶᠢ ᠨᠡᠭᠦᠵᠦ᠍ ᠢᠷᠡᠬᠦ᠌ ᠳ᠋ᠸ᠋᠂ ᠮᠢᠨᠨᠢᠩ ᠪᠠᠯᠭᠠᠰᠤ ᠨᠢ ᠡᠯᠡᠰᠦ ᠰᠢᠷᠤᠢ ᠪᠤᠲᠠᠷᠠᠭᠰᠠᠨ ᠭᠠᠵᠠᠷ ᠪᠠᠢᠵᠤ᠂ ᠲᠡᠷᠡ ᠮᠠᠰᠢ ᠰᠠᠨᠠᠭ᠎ᠠ ᠵᠣᠪᠠᠵᠤ᠂ ᠠᠶᠤᠵᠤ ᠰᠤᠴᠢᠵᠤ ᠪᠠᠢᠪᠠ᠂ ᠭᠡᠪᠡᠴᠦ᠍ 20 ᠭᠠᠷᠤᠶ ᠺᠢᠯᠣᠮᠧᠲ᠋ᠷ᠎ᠦᠨ ᠴᠠᠭᠠᠨ᠎ᠠ ᠳᠠᠷᠤᠶ ᠬᠠᠲᠤᠨ ᠭᠤᠤᠯ ᠪᠠᠢᠵᠤ᠂ ᠲᠤᠬᠠᠶ᠎ᠶ᠋ᠢᠨ ᠭᠠᠵᠠᠷ᠎ᠤᠨ ᠱᠢᠰᠢ᠂ ᠡᠷᠳᠡᠨᠢ ᠱᠢᠰᠢ᠎ᠶ᠋ᠢᠨ ᠤᠷᠭᠤᠯᠲᠠ ᠮᠠᠰᠢ ᠰᠠᠢᠨ ᠪᠠᠢᠭᠰᠠᠨ ᠨᠢ ᠲᠡᠭᠦᠨ᠎ᠳᠦ ᠦᠷᠭᠦᠯᠵᠢᠯᠡᠨ ᠪᠠᠷᠢᠮᠲᠠᠯᠠᠬᠤ ᠢᠲᠡᠭᠡᠯ ᠵᠣᠷᠢᠭ ᠣᠯᠭᠣᠵᠠᠶ》᠃ ᠬᠤᠸᠠᠩ ᠺᠠᠢ ᠵᠢᠶᠠ᠂ ᠪᠢ ᠲᠤᠰ ᠭᠠᠵᠠᠷ᠎ᠤᠨ ᠬᠥᠮᠦᠨ ᠪᠢᠰᠢ ᠪᠤᠯᠪᠠᠴᠤ ᠱᠢᠶ᠍ᠸ ᠱᠢᠩ ᠴᠠᠩ᠎ᠤᠨ ᠶᠠᠷᠢᠶ᠎ᠠ ᠨᠢ ᠨᠡᠳᠡ ᠳ᠋ᠸ᠋ ᠡᠨᠡ ᠪᠦᠬᠦᠨ᠎ᠢ ᠪᠡᠶ᠎ᠡ᠎ᠪᠡᠷ᠎ᠢᠶᠡᠨ ᠥᠩᠭᠡᠷᠡᠭᠦᠯᠦᠭᠰᠡᠨ ᠰᠢᠭ ᠰᠠᠨᠠᠭᠳᠠᠭᠤᠯᠵᠤ᠂ ᠨᠢᠩᠱᠢᠶᠠ᠎ᠶ᠋ᠢᠨ ᠠᠷᠠᠳ ᠲᠦᠮᠡᠨ᠎ᠦ ᠤᠰᠤᠨ᠎ᠤ ᠲᠤᠬᠠᠢ ᠬᠦᠰᠡᠯ ᠡᠷᠡᠮᠡᠯᠵᠡᠯ᠂ ᠬᠠᠳᠤᠨ ᠭᠣᠣᠯ ᠳ᠋ᠠᠭᠠᠨ ᠬᠤᠷᠭᠤᠳᠠᠬᠤ ᠰᠡᠳᠭᠢᠯᠭᠡ᠎ᠶ᠋ᠢ ᠣᠢᠯᠠᠭᠠᠪᠠ ᠭᠡᠵᠦ ᠬᠡᠯᠡᠵᠦ ᠪᠠᠢᠯ᠎ᠠ᠃

ᠡᠨᠡ ᠤᠳᠠᠭ᠎ᠠ᠂ ᠬᠤᠸᠠᠩ ᠺᠠᠢ ᠵᠢᠶᠠ ᠲᠠᠢᠸᠠᠨ᠎ᠤ ᠠᠷᠪᠠ ᠭᠠᠷᠤᠢ ᠵᠠᠯᠠᠭᠤᠴᠤᠳ ᠵᠢᠴᠢ ᠬᠠᠳᠤᠨ ᠭᠣᠣᠯ᠎ᠤᠨ ᠰᠣᠶᠣᠯ᠎ᠤᠨ ᠰᠤᠳᠤᠯᠭᠠᠨ᠎ᠤ ᠲᠤᠰᠭᠠᠢ ᠮᠡᠷᠭᠡᠵᠢᠯᠲᠡᠨ᠎ᠲᠡᠶ ᠬᠠᠮᠲᠤ《ᠲᠠᠢᠸᠠᠨ᠎ᠤ ᠵᠠᠯᠠᠭᠤᠴᠤᠳ᠎ᠤᠨ ᠬᠠᠳᠤᠨ ᠭᠣᠣᠯ᠎ᠤᠨ ᠵᠢᠭᠤᠯᠴᠢᠯᠠᠯ᠎ᠤᠨ ᠲᠡᠮᠳᠡᠭ᠌ᠯᠡᠯ》 ᠎ᠤ᠋ᠨ ᠠᠵᠢᠯᠯᠠᠭ᠎ᠠ᠎ᠳᠤ ᠣᠷᠣᠯᠴᠠᠪᠠ᠃ ᠲᠣᠰ ᠠᠵᠢᠯᠯᠠᠭ᠎ᠠ ᠪᠣᠯ ᠪᠡᠭᠡᠵᠢᠩ᠎ᠦᠨ ᠬᠣᠯᠪᠣᠭᠠᠲᠤ ᠶᠡᠬᠡ ᠰᠤᠷᠭᠠᠭᠤᠯᠢ᠎ᠶ᠋ᠢᠨ ᠵᠢᠭᠤᠯᠴᠢᠯᠠᠯ᠎ᠤᠨ ᠳᠡᠭᠡᠳᠦ ᠰᠤᠷᠭᠠᠭᠤᠯᠢ᠎ᠡᠴᠡ ᠲᠦᠷᠦᠭᠦᠯᠡᠨ ᠡᠷᠭᠢᠯᠡᠭ᠌ᠰᠡᠨ ᠲᠠᠢᠸᠠᠨ ᠬᠣᠭᠣᠯᠠᠶ᠎ᠶ᠋ᠢᠨ ᠬᠣᠶᠠᠷ ᠬᠦᠪᠡᠭᠡ᠎ᠶ᠋ᠢᠨ ᠠᠷᠠᠳ᠎ᠤᠨ ᠰᠣᠯᠢᠯᠴᠠᠭᠠᠨ᠎ᠤ ᠠᠵᠢᠯᠯᠠᠭ᠎ᠠ ᠪᠣᠯᠤᠨ᠎ᠠ᠂ ᠣᠷᠣᠯᠴᠠᠭ᠍ᠰᠠᠳ ᠬᠠᠲᠤᠨ ᠭᠤᠤᠯ᠎ᠤᠨ ᠲᠡᠯᠡᠶ᠎ᠳᠦ ᠴᠢᠳᠭᠤᠬᠤ ᠠᠮᠠᠰᠠᠷ᠎ᠡᠴᠡ ᠬᠥᠬᠡᠨᠠᠭᠤᠷ᠎ᠤᠨ ᠬᠠᠲᠤᠨ ᠭᠤᠤᠯ᠎ᠤᠨ ᠡᠬᠢ ᠬᠦᠷᠲᠡᠯ᠎ᠡ ᠶᠠᠪᠤᠵᠤ᠂ ᠬᠠᠲᠤᠨ ᠭᠤᠤᠯ᠎ᠤᠨ ᠰᠠᠪᠠ ᠭᠠᠵᠠᠷ᠎ᠤᠨ ᠰᠦᠷᠯᠢᠭ ᠦᠵᠡᠮᠵᠢ᠂ ᠱᠢᠯᠢᠳᠡᠭ ᠤᠯᠠᠮᠵᠢᠯᠠᠯᠲᠤ ᠰᠣᠶᠣᠯ᠂ ᠠᠷᠠᠳ᠎ᠤᠨ ᠵᠠᠩ ᠦᠶ᠋ᠯᠡ ᠰᠣᠶᠣᠯ ᠪᠠ ᠠᠮᠢ ᠠᠬᠤᠶ᠎ᠶ᠋ᠢᠨ ᠬᠠᠮᠠᠭᠠᠯᠠᠯᠲᠠ᠎ᠶ᠋ᠢ ᠲᠤᠬᠠᠶ᠎ᠶ᠋ᠢᠨ ᠭᠠᠵᠠᠷ᠎ᠲᠤᠨᠢ ᠪᠡᠶᠡᠴᠢᠯᠡᠨ ᠣᠢᠯᠠᠭᠠᠵᠤ᠂ ᠬᠠᠲᠤᠨ ᠭᠤᠤᠯ᠎ᠤᠨ ᠰᠠᠪᠠ ᠭᠠᠵᠠᠷ᠎ᠤᠨ ᠬᠡᠳᠦᠨ ᠠᠷᠪᠠᠨ ᠵᠢᠯ᠎ᠦᠨ ᠲᠤᠷᠱᠢᠬᠢ ᠬᠥᠭ᠌ᠵᠢᠯᠲᠡ ᠳᠠᠪᠱᠢᠯᠲᠠ ᠪᠠ ᠯᠤᠲᠤ ᠶᠡᠬᠡ ᠬᠤᠪᠢᠷᠠᠯᠲᠠ᠎ᠶ᠋ᠢ ᠭᠡᠷᠡᠴᠢᠯᠡᠬᠦ ᠪᠤᠯᠤᠨ᠎ᠠ᠃

ᠨᠢᠩᠱᠢᠶᠠ᠎ᠶ᠋ᠢᠨ ᠬᠡᠰᠡᠭ᠎ᠲᠡᠬᠢ ᠠᠵᠢᠯᠯᠠᠭ᠎ᠠ 9 ᠡᠳᠦᠷ ᠶᠠᠪᠤᠭ᠍ᠳᠠᠵᠤ᠂ 16 ᠎ᠤ᠋ ᠡᠳᠦᠷ ᠪᠣᠯᠲᠠᠯ᠎ᠠ ᠦᠷᠭᠦᠯᠵᠢᠯᠡᠨ᠎ᠡ᠃ ᠡᠨᠡ ᠬᠤᠭᠤᠴᠠᠭᠠᠨ᠎ᠳᠤ᠂ ᠲᠠᠢᠸᠠᠨ᠎ᠤ ᠵᠠᠯᠠᠭᠤᠴᠤᠳ ᠪᠣᠯᠤᠨ ᠬᠠᠳᠤᠨ ᠭᠣᠣᠯ᠎ᠤᠨ ᠰᠣᠶᠣᠯ᠎ᠤᠨ ᠲᠤᠰᠭᠠᠢ ᠮᠡᠷᠭᠡᠵᠢᠯᠲᠡᠨ ᠱ᠌ᠢ ᠽᠦᠢ ᠱᠠᠨ᠂ ᠢᠷᠭᠠᠢ᠂ ᠦ᠋ ᠵᠦᠩ᠂ ᠵᠦᠩ ᠸᠧᠢ ᠵᠡᠷᠭᠡ ᠬᠠᠳᠤᠨ ᠭᠣᠣᠯ ᠳᠠᠭᠠᠤ᠎ᠵᠢᠨ 4 ᠲᠤᠰᠭᠠᠢ ᠣᠷᠣᠨ᠎ᠤ ᠳᠡᠰ᠎ᠤᠨ ᠬᠤᠳᠠ᠎ᠳᠤ ᠬᠦᠷᠴᠦ᠍᠂ ᠱᠠ ᠬ᠍ᠸ᠋᠂ ᠮᠢᠨᠨᠢᠩ ᠪᠠᠯᠭᠠᠰᠤ᠂ ᠳ᠋ᠠ ᠪᠠ ᠵᠸᠨ ᠪᠠᠯᠭᠠᠰᠤᠨ᠎ᠤ ᠸᠧᠢ ᠴᠢᠶᠣᠤ ᠲᠣᠰᠭᠣᠨ᠂ ᠱᠠ ᠫᠦᠸᠸ ᠳᠧᠦ ᠵᠡᠷᠭᠡ 20 ᠴᠡᠭ᠎ᠲᠦ ᠬᠦᠷᠴᠦ᠍᠂ ᠨᠢᠩᠱᠢᠶᠠ᠎ᠶ᠋ᠢᠨ ᠬᠠᠳᠤᠨ ᠭᠣᠣᠯ᠎ᠤᠨ ᠤᠰᠤ᠎ᠶ᠋ᠢ ᠲᠠᠲᠠᠵᠤ ᠤᠰᠤᠯᠠᠯᠲᠠ ᠬᠢᠭᠰᠡᠨ ᠲᠡᠦᠬᠡ ᠪᠣᠯᠤᠨ ᠣᠳᠣᠬᠢ ᠪᠠᠢᠳᠠᠯ᠂ ᠦᠵᠦᠮ᠎ᠦᠨ ᠠᠷᠢᠬᠢ ᠪᠣᠯᠤᠨ ᠴᠢᠨᠣ᠎ᠠ᠎ᠶ᠋ᠢᠨ ᠬᠠᠷᠮᠠᠭ᠎ᠤᠨ ᠠᠵᠤ ᠦᠢᠯᠡᠰ᠎ᠦᠨ ᠬᠥᠭ᠌ᠵᠢᠯᠲᠡ᠂ ᠨᠢᠩᠱᠢᠶᠠ᠎ᠶ᠋ᠢᠨ ᠬᠠᠳᠤᠨ ᠭᠣᠣᠯ᠎ᠤᠨ ᠠᠮᠢ ᠠᠬᠤᠢ᠎ᠶ᠋ᠢᠨ ᠬᠠᠮᠠᠭᠠᠯᠠᠯᠲᠠ ᠵᠢᠴᠢ ᠵᠢᠭᠤᠯᠴᠢᠯᠠᠯ᠎ᠤᠨ ᠨᠡᠭᠡᠭᠡᠨ ᠬᠥᠭ᠌ᠵᠢᠭᠦᠯᠦᠯᠲᠡ ᠵᠡᠷᠭᠡ ᠪᠠᠢᠳᠠᠯ᠎ᠢ ᠤᠢ᠍ᠢᠷ᠎ᠠ ᠵᠠᠢ᠎ᠡᠴᠡ ᠣᠢᠯᠠᠭᠠᠬᠤ ᠪᠣᠯᠤᠨ᠎ᠠ᠃

《ᠵᠠᠮ ᠲᠤᠵᠢ ᠶᠠᠪᠤᠭᠠᠳ ᠢᠷᠡᠬᠦ ᠳ᠋ᠸ᠋ ᠡᠬᠡ ᠤᠯᠤᠰ᠎ᠤᠨ ᠬᠤᠪᠢᠷᠠᠯᠲᠠ ᠮᠠᠰᠢ ᠲᠦᠷᠭᠡᠨ ᠭᠡᠳᠡᠭ᠎ᠢ ᠪᠢ ᠮᠡᠳᠡᠪᠡ᠃ ᠱᠢᠨ᠎ᠡ ᠵᠠᠭᠤᠴᠢᠯᠠᠭᠤᠷ᠎ᠤᠨ ᠠᠵᠢᠯᠯᠠᠭ᠍ᠴᠢ ᠪᠣᠯᠤᠭ᠍ᠰᠠᠨ᠎ᠤ ᠬᠤᠪᠢ᠎ᠳᠤ᠂ ᠪᠢ ᠥᠪᠡᠷ᠎ᠦᠨ ᠦᠵᠡᠵᠦ᠍ ᠰᠣᠨᠣᠰᠤᠭ᠍ᠰᠠᠨ᠎ᠢᠶᠠᠨ〈ᠬᠠᠳᠤᠨ ᠭᠣᠣᠯ᠎ᠤᠨ ᠠᠢᠯ᠎ᠵᠢᠡᠷ ᠠᠢᠯᠴᠢᠯᠠᠭᠰᠠᠨ ᠨᠢ〉ᠬᠡᠬᠦ ᠱᠢᠷᠢᠰ ᠣᠬᠣᠷ ᠸᠢᠳᠢᠣ᠋ ᠪᠣᠯᠭᠠᠨ ᠰᠡᠭᠦᠳᠡᠷᠯᠡᠵᠦ᠍᠂ ᠨᠡᠩ ᠤᠯᠠᠨ ᠲᠠᠢᠸᠠᠨ᠎ᠤ ᠵᠠᠯᠠᠭᠤᠴᠤᠳ᠎ᠲᠤ ᠵᠢᠩᠬᠢᠨᠢ ᠡᠬᠡ ᠬᠠᠭᠤᠷᠠᠢ᠎ᠶ᠋ᠢ ᠲᠠᠨᠢᠭᠤᠯᠵᠤ᠂ ᠥᠨᠢ ᠤᠳᠠᠭᠠᠨ ᠬᠠᠳᠤᠨ ᠭᠣᠣᠯ᠎ᠤᠨ ᠰᠣᠶᠣᠯ᠎ᠢ ᠤᠢ᠍ᠢᠯᠠᠭᠠᠭᠤᠯᠬᠤ᠎ᠶ᠋ᠢ ᠬᠦᠰᠡᠵᠦ᠍ ᠪᠠᠢᠨ᠎ᠠ》 ᠭᠡᠵᠦ᠍ ᠬᠤᠸᠠᠩ ᠺᠠᠶ ᠵᠢᠶᠠ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠱᠢᠡᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号