ᠪᠢ
ᠨᠢᠭᠡᠨ ᠪᠠᠳᠠᠭ ᠰᠤᠩᠭᠤᠳᠠᠭ
ᠱᠢᠯᠦᠭ ᠪᠢᠴᠢᠶ᠎ᠡ ᠭᠡᠵᠦ᠍ ᠰᠠᠨᠠᠨᠠᠮ
ᠨᠡᠷᠡᠲᠣ ᠶᠢᠷᠳᠢᠨᠴᠦ᠍᠎ᠶ᠋ᠢᠨ
ᠪᠤᠳᠢ ᠴᠠᠭᠠᠨ ᠮᠦᠷ ᠬᠢᠰᠭᠢᠵᠦ᠍
ᠨᠡᠷ᠎ᠡ᠎ᠪᠠᠨ ᠪᠤᠰᠤᠭ᠎ᠠ
ᠠᠪᠴᠤ᠌ ᠲᠦᠷᠦᠭ᠌ᠰᠡᠨ ᠠᠪᠤ ᠮᠢᠨᠢ
ᠨᠠᠮᠠᠶ᠋ᠢ ᠲᠡᠵᠢᠭᠡᠵᠦ᠍
ᠥᠰᠭᠡᠭ᠌ᠰᠡᠨ ᠬᠦᠳᠡᠯᠮᠦᠷᠢᠴᠢᠨ ᠪᠠᠢᠭ᠍ᠰᠠᠨ ᠶᠤᠮ
ᠨᠠᠷᠠᠨ᠎ᠤ ᠨᠤᠮᠤᠬᠠᠨ
ᠪᠣᠷᠣ ᠮᠠᠯᠴᠢᠨ ᠬᠦᠮᠦᠨ ᠪᠠᠢᠭ᠍ᠰᠠᠨ ᠶᠤᠮ
ᠬᠡᠭᠡᠷ ᠮᠣᠷᠢ᠎ᠲᠠᠢ᠎ᠪᠠᠨ
ᠬᠤᠶᠠᠭᠤᠯᠠ
ᠬᠡᠭᠡᠷ᠎ᠡ᠎ᠶ᠋ᠢᠨ ᠰᠠᠯᠬᠢ
ᠱᠢᠭ᠋ ᠱᠤᠤᠭᠢᠭᠤᠯᠣᠨ ᠢᠰᠭᠡᠷᠦᠭ᠌ᠰᠡᠭᠡᠷ
ᠬᠡᠩᠬᠦᠯᠵᠡᠭ᠌ᠰᠡᠨ
ᠤᠯᠠᠨ ᠠᠳᠤᠭᠤᠳᠲᠠᠢᠪᠠᠨ ᠴᠤᠭ᠍ᠭᠠᠷ
ᠬᠡᠲᠡ᠎ᠶ᠋ᠢᠨ ᠭᠠᠯ
ᠱᠢᠭ᠋ ᠴᠠᠬᠢᠯᠠᠨ ᠱᠤᠩᠭᠤᠯᠤᠭᠰᠠᠭᠠᠷ
ᠠᠭᠤᠯᠠ ᠲᠠᠯ᠎ᠠ᠎ᠶ᠋ᠢᠨ᠎ᠢᠶᠠᠨ
ᠠᠭᠤᠵᠢᠮ᠎ᠢᠶᠠᠷ
ᠠᠶᠠᠯᠭᠤ᠎ᠨᠢ ᠣᠷᠲᠣ
ᠳᠠᠭᠤᠤ᠎ᠪᠠᠨ ᠳᠠᠭᠤᠯᠠᠵᠤ ᠶᠠᠪᠤᠭ᠍ᠰᠠᠨ ᠶᠤᠮ
ᠠᠲᠠᠷ᠎ᠤᠨ ᠭᠦᠨᠳᠤ
ᠢᠰᠡᠭᠡᠢ ᠭᠡᠷ᠎ᠢᠶᠠᠨ ᠪᠤᠰᠭᠠᠵᠤ
ᠠᠭᠠᠭ᠎ᠲᠠᠢ ᠴᠠᠢ᠎ᠪᠠᠨ
ᠠᠮᠲᠠᠷᠬᠠᠨ ᠤᠤᠭᠤᠵᠤ ᠰᠠᠭᠤᠭ᠍ᠰᠠᠨ ᠶᠤᠮ
ᠡᠪᠡᠰᠦᠨ᠎ᠤ ᠬᠡᠦᠬᠡᠨ
ᠲᠤᠷᠭᠠᠨ ᠱᠢᠭᠦᠳᠡᠷᠢ᠎ᠶ᠋ᠢ
ᠡᠯᠢᠭᠡ ᠵᠢᠷᠦᠬᠡ᠎ᠪᠠᠷ᠎ᠢᠶᠠᠨ
ᠠᠷᠭᠠᠳᠠᠨ ᠬᠠᠢᠷᠠᠯᠠᠭ᠍ᠰᠠᠭᠠᠷ
ᠡᠭᠦᠯᠡᠰ᠎ᠤᠨ ᠲᠤᠷᠮᠣᠭᠤᠨ
ᠴᠡᠩᠭᠡᠷ ᠨᠡᠭᠦᠳᠡᠯ᠎ᠳᠤ
ᠡᠶ᠎ᠡ ᠵᠠᠶᠠᠭᠠᠪᠠᠷ᠎ᠢᠶᠠᠨ
ᠠᠮᠠᠷᠠᠭ᠍ᠯᠠᠨ ᠬᠠᠨᠢᠰᠠᠭ᠍ᠰᠠᠭᠠᠷ
ᠰᠦᠷᠦᠭ᠎ᠲᠠᠢ ᠮᠠᠯ᠎ᠤᠨ᠎ᠢᠶᠠᠨ
ᠬᠡᠱᠢᠭ᠎ᠢᠶᠠᠷ
ᠰᠦᠯᠳᠡ᠎ᠲᠠᠢ ᠨᠤᠲᠤᠭ᠎ᠲᠠᠭᠠᠨ
ᠡᠵᠡᠨ ᠪᠣᠯᠵᠤ ᠵᠤᠰᠠᠭ᠍ᠰᠠᠨ ᠶᠤᠮ
ᠰᠣᠣ ᠪᠢᠯᠢᠭᠲᠡᠭᠡᠨ
ᠬᠡᠢᠮᠦᠷᠢ ᠳᠠᠯᠠᠯᠤᠨ ᠵᠢᠷᠭᠠᠵᠤ
ᠰᠡᠷᠭᠦᠯᠡᠩ ᠭᠤᠪᠢ᠎ᠪᠠᠨ
ᠠᠮᠤᠭᠤᠯᠠᠩ ᠰᠠᠬᠢᠵᠤ ᠵᠢᠷᠭᠠᠭ᠍ᠰᠠᠨ ᠶᠤᠮ
ᠡᠮᠡᠭᠡᠯ ᠲᠡᠭᠡᠷ᠎ᠡ᠎ᠪᠠᠨ
ᠠᠪᠤ ᠮᠢᠨᠢ
ᠡᠩ ᠪᠣᠷᠣᠭ᠍ᠵᠢᠭᠤᠨ᠎ᠠᠴᠠ
ᠬᠠᠮᠤᠭ᠎ᠤᠨ ᠤᠢᠷ᠎ᠠ
ᠤᠷᠭᠠᠶ᠋ᠢᠨᠢᠶᠠᠨ
ᠣᠷᠲᠣ᠎ᠪᠠᠷ ᠠᠪᠤ ᠮᠢᠨᠢ
ᠠᠱᠢᠭ ᠣᠯᠵᠠ᠎ᠠᠴᠠ
ᠬᠠᠮᠤᠭ᠎ᠠᠴᠠ ᠬᠤᠯᠠ
ᠠᠱᠢᠲᠠ ᠪᠢᠴᠢᠭᠡᠳ
ᠪᠠᠷᠠᠰᠢ ᠦᠭᠡᠢ ᠨᠢᠭᠡᠨ ᠪᠠᠳᠠᠭ ᠱᠢᠯᠦᠭ
ᠠᠭᠤᠤ ᠶᠡᠭᠡ ᠬᠦᠳᠡᠯᠮᠦᠷᠢᠴᠢᠨᠤ
ᠨᠢᠭᠡ ᠪᠠᠢᠭ᠍ᠰᠠᠨ ᠶᠤᠮ