ᠲᠦᠷᠭᠡᠨ ᠬᠦᠷᠭᠡᠯᠲᠡᠴᠢᠨᠢ ᠱᠢᠨᠡ ᠲᠢᠲᠢᠮᠯᠢᠭ ᠸᠢᠷᠦ᠋ᠰ ᠤ᠋ᠨ ᠪᠠᠢᠴᠠᠭᠠᠯᠳᠠ ᠳ᠋ᠤ ᠠᠷᠭᠠ ᠴᠢᠨᠠᠷ ᠢᠯᠡᠷᠡᠵᠦ᠂ ᠰᠢᠳᠠᠭᠠᠬᠤ ᠴᠢᠬᠤᠯᠠᠳᠠᠢ ᠲᠤᠯᠠ ᠲᠥᠯᠥᠪᠦᠷᠢ ᠦᠭᠭᠦᠨᠠ ᠭᠡᠳᠡᠭ ᠢ᠋ ᠲᠠ ᠢᠲᠡᠭᠡᠨᠡ ᠦᠦ? ᠡᠢᠮᠦ᠍ 《ᠰᠠᠢᠨ ᠶᠠᠪᠤᠳᠠᠯ》 ᠲᠣᠬᠢᠶᠠᠯᠳᠤᠪᠠᠯ ᠵᠠᠪᠠᠯ ᠰᠣᠨᠣᠷ ᠰᠡᠷᠡᠮᠵᠢᠲᠠᠢ ᠪᠠᠢᠭᠠᠷᠠᠢ!
ᠤᠢᠷᠠ ᠳ᠋ᠸ᠋᠂ ᠸᠠᠩ ᠠᠪᠠᠬᠠᠶ ᠲᠦᠷᠭᠡᠨ ᠬᠦᠷᠭᠡᠯᠲᠡᠶ᠋ᠢᠨ ᠺᠣᠮᠫᠠᠨᠢ ᠵᠢᠨ ᠤᠲᠠᠰᠤ ᠵᠢ ᠲᠤᠰᠴᠤ᠌ ᠂ ᠨᠥᠭᠥᠭᠡ ᠡᠳᠡᠭᠡᠳ ᠨᠢ ᠸᠠᠩ ᠠᠪᠠᠬᠠᠶᠶ᠋ᠢᠨ ᠲᠦᠷᠭᠡᠨ ᠬᠦᠷᠭᠡᠯᠲᠡ ᠨᠢ ᠱᠢᠨᠡ ᠲᠢᠲᠢᠮᠯᠢᠭ ᠸᠢᠷᠦ᠋ᠰᠦᠨ ᠪᠠᠢᠴᠠᠭᠠᠯᠲᠠ ᠳ᠋ᠤ ᠠᠷᠭᠠ ᠴᠢᠨᠠᠷ ᠢᠯᠠᠷᠠᠵᠤ᠂ ᠲᠦᠷᠭᠡᠨ ᠬᠦᠷᠭᠡᠯᠳᠡ ᠵᠢ ᠨᠢ ᠭᠠᠯᠳᠠᠬᠤ ᠪᠤᠯᠤᠬᠰᠠᠨ ᠡᠴᠨ ᠲᠡᠬᠦᠨᠳᠤ ᠲᠥᠯᠥᠪᠦᠷᠢ ᠥᠭ᠌ᠭᠦᠨᠠ ᠭᠡᠵᠦ ᠮᠡᠳᠡᠭ᠌ᠳᠡᠪᠡ᠃ ᠸᠠᠩ ᠠᠪᠠᠬᠠᠢ ᠡᠭᠦᠨᠢ ᠰᠣᠨᠣᠰᠤᠮᠠᠬᠴᠠ᠂ ᠬᠢᠵᠢᠭᠦᠨ ᠪᠠᠢᠳᠠᠯᠢ ᠰᠡᠷᠭᠡᠢᠯᠡᠨ ᠡᠵᠡᠮᠳᠡᠬᠦ᠌ᠲᠡᠶ ᠬᠣᠯᠪᠣᠭ᠍ᠳᠠᠬᠰᠠᠨ ᠪᠤᠯᠬᠤᠷ ᠥᠴᠦᠬᠡᠨ ᠴᠦ᠍ ᠲᠠᠲᠠᠭᠠᠯᠵᠠᠯ ᠦᠬᠡᠢᠪᠡᠷ ᠵᠣᠭᠣᠰ ᠵᠢᠡᠨ ᠪᠤᠴᠠᠭᠠᠵᠤ ᠠᠪᠬᠤ ᠪᠡᠷ ᠪᠤᠯᠪᠠ᠃
ᠸᠠᠩ ᠠᠪᠠᠬᠠᠶ ᠨᠦᠭᠦᠭᠡ ᠡᠲᠡᠭᠡᠳᠦᠨ ᠬᠡᠯᠡᠭᠰᠡᠨ ᠶᠤᠰᠤᠭᠠᠷ᠂ ᠲᠡᠳᠡ ᠨᠡᠷ ᠤ᠋ᠨ ᠶᠠᠪᠤᠭᠤᠯᠤᠭ᠍ᠰᠠᠨ ᠬᠣᠶᠠᠷ ᠬᠡᠮᠵᠢᠯᠳᠦ ᠺᠣᠳ᠋ᠢ ᠱᠢᠷᠪᠢᠵᠦ᠍ ᠨᠢᠭᠡᠨ ᠵᠥᠭᠡᠯᠡᠨ ᠲᠣᠨᠣᠭ ᠪᠠᠭᠤᠯᠭᠠᠭ᠍ᠰᠠᠨ ᠤ᠋ ᠲᠠᠷᠠᠭᠠ ᠥᠪᠡᠷᠦᠨ ᠪᠠᠩᠬᠢᠶ᠋ᠢᠨ ᠺᠠᠷᠲᠤᠨ ᠨᠣᠮᠧᠷ᠂ ᠱᠢᠯᠭᠠᠨ ᠪᠠᠲᠤᠯᠠᠬᠤ ᠨᠣᠮᠧᠷ ᠵᠢᠴᠢ ᠲᠣᠭᠠᠴᠠᠭᠠ ᠬᠢᠬᠦ᠌ ᠨᠢᠭᠤᠴᠠ ᠨᠣᠮᠧᠷ ᠢᠶᠡᠨ ᠲᠠᠭ᠍ᠯᠠᠪᠠ᠃ ᠳᠡᠮᠡᠢ ᠤᠳᠠᠯ ᠦᠭᠡᠢ ᠸᠠᠩ ᠠᠪᠠᠬᠠᠶ ᠪᠠᠩᠬᠢ ᠶ᠋ᠢᠨ ᠣᠬᠣᠷ ᠮᠡᠳᠡᠭᠡ ᠵᠢ ᠲᠤᠰᠴᠤ᠂ ᠪᠠᠩᠬᠢ ᠶ᠋ᠢᠨ ᠺᠠᠷᠲ ᠤ᠋ᠨ 49000 ᠲᠥᠭᠥᠷᠢᠭ ᠨᠢ ᠠᠯᠠᠭᠠ ᠪᠤᠯᠤᠬᠰᠠᠨ ᠢ᠋ ᠦᠵᠡᠭᠡᠳ᠂ ᠲᠡᠷᠡ ᠰᠠᠶᠢ ᠮᠡᠬᠡᠯᠡᠭ᠌ᠳᠡᠭ᠌ᠰᠡᠨ ᠢᠶᠡᠨ ᠮᠡᠳᠡᠪᠡ᠃
ᠠᠷᠠᠳ ᠤ᠋ᠨ ᠴᠠᠭ᠍ᠳᠠᠭᠠ ᠡᠴᠨ᠂ ᠡᠨᠡ ᠪᠣᠯ ᠬᠢᠵᠢᠭ ᠦᠨ ᠪᠠᠢᠳᠠᠯ ᠢ ᠰᠡᠷᠭᠡᠢᠯᠡᠨ ᠡᠵᠡᠮᠳᠡᠬᠦ᠌ᠪᠡᠷ ᠱᠢᠯᠲᠠᠭ ᠪᠣᠯᠭᠠᠬᠰᠠᠨ ᠴᠠᠬᠢᠯᠭᠠᠨ ᠬᠣᠯᠪᠣᠭᠠᠨ ᠤ ᠮᠡᠬᠡᠯᠡᠯ ᠪᠤᠯᠤᠨᠠ᠃ ᠡᠯᠠ ᠵᠤᠢᠯ ᠤ᠋ᠨ ᠬᠤᠳᠠᠯᠳᠤᠭ᠍ᠰᠠᠨ ᠤ ᠳᠠᠷᠠᠭᠠᠬᠢ ᠲᠤᠬᠠᠢᠯᠠᠭ᠍ᠰᠠᠨ ᠠᠵᠢᠯ ᠢ ᠭᠦᠶ᠋ᠴᠡᠳᠭᠡᠬᠦ᠌ ᠴᠢᠬᠤᠯᠠᠲᠠᠶ ᠪᠣᠯ ᠠᠯᠪᠠᠨ ᠤ᠋ ᠡᠯᠧᠺᠲ᠋ᠷᠣᠨ ᠬᠤᠳᠠᠯᠳᠤᠭᠠᠨᠤ ᠲᠠᠪᠴᠠᠩ ᠵᠢᠡᠷ ᠬᠦᠢᠴᠡᠳᠭᠡᠵᠦ ᠂ ᠲᠠᠨᠢᠯ ᠪᠤᠰᠤ ᠤᠲᠠᠰᠤ ᠶ᠋ᠢ ᠠᠮᠠᠷᠬᠠᠨ ᠢᠲᠡᠭᠡᠵᠦ᠍ ᠪᠣᠯᠬᠤ ᠥᠬᠡᠶ᠂ 《ᠦᠶ᠋ᠯᠡᠴᠢᠯᠡᠭᠴᠢ》 ᠵᠢᠨ ᠢᠷᠡᠭᠦᠯᠦᠭ᠌ᠰᠡᠨ ᠬᠣᠶᠠᠷ ᠬᠡᠮᠵᠢᠯᠳᠦ ᠺᠣᠳ᠋ ᠢ ᠱᠢᠷᠪᠢᠵᠦ᠍ ᠪᠣᠯᠬᠤ ᠥᠬᠡᠶ ᠂ ᠱᠢᠯᠭᠠᠨ ᠪᠠᠲᠤᠯᠠᠬᠤ ᠺᠣᠳ᠋ ᠢ ᠵᠠᠳᠠᠷᠠᠭᠤᠯᠵᠤ ᠪᠣᠯᠬᠤ ᠥᠬᠡᠶ᠃ ᠬᠡᠷᠪᠡ ᠠᠵᠠ ᠪᠤᠰᠤᠪᠠᠷ ᠮᠡᠬᠡᠯᠡᠭ᠌ᠳᠡᠭ᠌ᠰᠡᠨ ᠪᠠᠢᠪᠠᠯ᠂ ᠭᠡᠷᠡᠴᠢ ᠪᠠᠷᠢᠮᠲᠠ ᠴᠤᠭ᠍ᠯᠠᠭᠤᠯᠬᠤ ᠶ᠋ᠢᠨ ᠬᠠᠮᠲᠤ ᠪᠦᠬᠦ᠌ ᠤᠯᠤᠰᠤᠨ ᠮᠡᠬᠡᠯᠡᠯ ᠢ ᠡᠰᠡᠷᠭᠦᠴᠡᠬᠦ᠌ ᠬᠠᠯᠠᠮᠰᠢᠯ ᠤᠲᠠᠰᠤ 《96110》 ᠳ᠋ᠸ᠋ ᠤᠲᠠᠰᠤᠳᠠᠵᠤ ᠪᠤᠯᠤᠨᠠ ᠭᠡᠵᠦ ᠰᠠᠨᠠᠭᠤᠯᠵᠤ ᠪᠤᠢ᠃