



ᠨᠡᠢᠭᠡᠮ
✦7 ᠰᠠᠷ᠎ᠠ᠎ᠵᠢᠨ 28᠎ᠤ ᠡᠳᠦᠷ᠂
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠵᠢᠨ ᠠᠯᠪᠠᠨ ᠲᠢᠩᠬᠢᠮ᠂ ᠲᠥᠷᠥ᠎ᠶᠢᠨ ᠶᠠᠪᠤᠳᠠᠯ᠎ᠤᠨ
ᠬᠣᠷᠢᠶ᠎ᠠ᠎ᠵᠢᠨ ᠠᠯᠪᠠᠨ ᠲᠢᠩᠬᠢᠮ《ᠬᠡᠦᠬᠡᠳ ᠪᠣᠢᠵᠢᠭᠤᠯᠬᠤ ᠨᠥᠬᠥᠪᠦᠷᠢ᠎ᠶᠢᠨ
ᠳᠦᠷᠢᠮ ᠦᠨ ᠬᠡᠷᠡᠭᠵᠢᠭᠦᠯᠬᠦ ᠲᠥᠰᠥᠯ》᠎ᠢ ᠨᠡᠢᠲᠡᠯᠡᠵᠦ᠂ 2025 ᠣᠨ᠎ᠤ 1 ᠰᠠᠷ᠎ᠠ᠎ᠶᠢᠨ 1᠎ᠦ ᠡᠳᠦᠷ᠎ᠡᠴᠡ ᠡᠬᠢᠯᠡᠨ᠂ 3 ᠪᠦᠬᠦᠯᠢ
ᠨᠠᠰᠤᠨ᠎ᠠᠴᠠ ᠳᠣᠷᠣᠭ᠍ᠰᠢᠬᠢ ᠨᠢᠯᠬ᠎ᠠ ᠬᠡᠦᠬᠡᠳ᠎ᠲᠦ ᠨᠥᠬᠥᠪᠦᠷᠢ ᠣᠯᠭᠣᠵᠤ᠂ ᠬᠡᠦᠬᠡᠳ ᠪᠦᠷᠢᠳᠦ ᠵᠢᠯ ᠪᠤᠯᠭᠠᠨ
3600 ᠲᠥᠭᠥᠷᠢᠭ ᠣᠯᠭᠣᠵᠤ᠂ ᠪᠦᠬᠦᠯᠢ
3 ᠨᠠᠰᠤ ᠬᠦᠷᠲᠡᠯ᠎ᠡ ᠨᠥᠬᠥᠪᠥᠷᠢ ᠤᠯᠭᠤᠬᠤ᠎ᠪᠡᠷ ᠪᠤᠯᠪᠠ᠃
✦ᠣᠢᠷ᠎ᠠ᠎ᠳᠤ ᠠᠷᠠᠳ᠎ᠤᠨ ᠶᠠᠪᠤᠳᠠᠯ᠎ᠤᠨ ᠶᠠᠮᠤᠨ᠂ ᠪᠠᠢᠭᠠᠯᠢ᠎ᠶᠢᠨ
ᠡᠬᠢ ᠪᠠᠶᠠᠯᠢᠭ᠋᠎ᠤᠨ ᠶᠠᠮᠤᠨ ᠬᠠᠮᠲᠤᠷᠠᠨ ᠮᠡᠳᠡᠭᠳᠡᠯ ᠳᠠᠷᠤᠮᠠᠯᠯᠠᠨ ᠲᠠᠷᠬᠠᠭᠠᠵᠤ᠂ ᠡᠯ᠎ᠡ ᠭᠠᠵᠠᠷ᠎ᠤᠨ ᠬᠢᠨ
ᠢᠷᠡᠭᠡᠳᠦᠢ ᠶᠢᠨ 5 - 15 ᠵᠢᠯ᠎ᠦᠨ ᠬᠥᠮᠥᠨ ᠠᠮᠠ᠎ᠶᠢᠨ ᠨᠠᠰᠤᠵᠢᠯᠲᠠ ᠶᠢᠨ ᠬᠠᠨᠳᠤᠰᠢ ᠲᠠᠢ
ᠤᠶᠠᠯᠳᠤᠭᠤᠯᠤᠨ᠂ ᠨᠠᠰᠤᠵᠢᠯ᠎ᠤᠨ ᠠᠰᠠᠷᠠᠮᠵᠢ ᠶᠢᠨ ᠦᠢᠯᠡᠴᠢᠯᠡᠭᠡᠨ ᠦ ᠲᠥᠬᠦᠭᠡᠷᠦᠮᠵᠢ᠎ᠶᠢᠨ ᠪᠠᠢᠷᠢᠰᠢᠭᠤᠯᠤᠯᠲᠠ
ᠵᠢᠨ ᠲᠥᠯᠦᠪᠵᠢᠭᠦᠯᠭᠡ᠎ᠶᠢ ᠨᠠᠢᠷᠠᠭᠤᠯᠤᠨ ᠵᠣᠬᠢᠶᠠᠵᠤ᠂ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠲᠥᠬᠦᠭᠡᠷᠦᠮᠵᠢ᠎ᠶᠢ
ᠬᠥᠲᠥᠯᠥᠨ ᠵᠢᠯᠤᠭᠣᠳᠴᠤ ᠪᠠᠢᠭᠠᠳ ᠬᠡᠷᠡᠭᠴᠡᠭᠡ ᠲᠥᠪᠯᠡᠷᠡᠭᠰᠡᠨ ᠣᠷᠣᠨ ᠪᠦᠰᠡ ᠳᠠᠢᠰᠢ ᠲᠣᠬᠢᠷᠠᠭᠤᠯᠬᠤ᠎ᠶᠢᠨ ᠬᠠᠮᠲᠤ
ᠬᠥᠭᠵᠢᠯᠲᠡ᠎ᠶᠢᠨ ᠣᠷᠣᠨ ᠵᠠᠢ ᠤᠷᠢᠳᠴᠢᠯᠠᠨ ᠦᠯᠡᠳᠡᠭᠡᠬᠦ ᠬᠡᠷᠡᠭᠲᠡᠢ ᠭᠡᠵᠦ ᠱᠠᠭᠠᠷᠳᠠᠪᠠ᠃

✦ᠠᠮᠢ ᠠᠬᠤᠢ ᠪᠠ ᠣᠷᠴᠢᠨ ᠲᠤᠭᠤᠷᠢᠨ᠎ᠤ ᠶᠠᠮᠤᠨ᠎ᠤ
ᠮᠡᠳᠡᠭᠡ᠎ᠶᠢ ᠦᠨᠳᠦᠰᠦᠯᠡᠪᠡᠯ᠂ ᠲᠡᠭᠡᠷ᠎ᠡ ᠬᠠᠭᠠᠰ ᠵᠢᠯ᠎ᠳᠦ ᠮᠠᠨ᠎ᠤ ᠤᠯᠤᠰ᠎ᠤᠨ ᠣᠷᠴᠢᠨ ᠠᠬᠤᠢ ᠠᠭᠠᠷ᠎ᠤᠨ ᠶᠠᠰᠤ
ᠴᠢᠨᠠᠷ ᠪᠠ ᠭᠠᠵᠠᠷ ᠳᠡᠭᠡᠷᠡᠬᠢ ᠤᠰᠤᠨ᠎ᠤ ᠣᠷᠴᠢᠨ ᠲᠤᠭᠤᠷᠢᠨ᠎ᠤ ᠶᠠᠰᠤ ᠴᠢᠨᠠᠷ ᠶᠡᠷᠦᠩᠬᠡᠢ᠎ᠳᠡᠭᠡᠨ ᠰᠠᠢᠵᠢᠷᠠᠪᠠ᠃
✦ᠲᠦᠷᠦᠭᠦᠬᠡᠨ ᠤᠯᠤᠰ ᠤᠨ ᠲᠡᠦᠬᠡ᠎ᠶᠢᠨ ᠳᠤᠷᠠᠰᠬᠠᠯᠲᠤ
ᠵᠦᠢᠯᠡᠰ ᠦᠨ ᠲᠣᠪᠴᠢᠶ᠎ᠠ ᠵᠢᠨ ᠬᠢᠨ ᠬᠥᠬᠡᠬᠣᠲᠠ ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠭᠤᠴᠢ ᠰᠤᠳᠤᠯᠤᠯ᠎ᠤᠨ
ᠰᠤᠳᠤᠯᠭᠠᠨ᠎ᠤ ᠭᠠᠵᠠᠷ᠎ᠲᠤ《ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠬᠠᠭᠤᠴᠢ ᠰᠤᠳᠤᠯᠤᠯ᠎ᠤᠨ ᠨᠡᠭᠡᠭᠡᠨ
ᠮᠠᠯᠲᠠᠬᠤ ᠬᠢᠷᠢ ᠬᠡᠮ》ᠣᠯᠭᠣᠪᠠ᠃ ᠡᠨᠡ ᠪᠣᠯ ᠥᠪᠥᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶᠢᠨ
ᠳᠤᠷᠠᠰᠬᠠᠯᠲᠤ ᠵᠦᠢᠯᠡᠰ᠎ᠦᠨ ᠬᠠᠭᠤᠴᠢ ᠰᠤᠳᠤᠯᠤᠯ᠎ᠤᠨ ᠰᠤᠳᠤᠯᠭᠠᠨ᠎ᠤ ᠬᠦᠷᠢᠶᠡᠯᠡᠩ᠎ᠦᠨ ᠳᠠᠷᠠᠭ᠎ᠠ᠂ ᠮᠠᠨ᠎ᠤ
ᠤᠷᠤᠨ᠎ᠤ ᠬᠠᠭᠤᠴᠢ ᠰᠤᠳᠤᠯᠤᠯ᠎ᠤᠨ ᠨᠡᠭᠡᠭᠡᠨ ᠮᠠᠯᠲᠠᠬᠤ ᠬᠢᠷᠢ ᠬᠡᠮᠤᠯᠤᠭᠰᠠᠨ ᠬᠣᠶᠠᠳᠠᠭᠢ ᠨᠢᠭᠡᠴᠢ ᠪᠣᠯᠣᠨ᠎ᠠ᠃
✦ᠤᠢᠷ᠎ᠠ᠎ᠳᠦ ᠥᠪᠡᠷᠲᠡᠭᠡᠨ ᠵᠠᠰᠠᠬᠤ
ᠤᠷᠤᠨ᠎ᠤ ᠲᠠᠷᠢᠶᠠᠯᠠᠩ᠎ᠤᠨ ᠰᠢᠨᠵᠢᠯᠡᠬᠦ ᠤᠬᠠᠭᠠᠨ᠎ᠲᠸᠭᠨᠢᠭ ᠮᠡᠷᠭᠡᠵᠢᠯ᠎ᠤᠨ ᠬᠦᠷᠢᠶᠡᠯᠡᠩ᠎ᠡᠴᠡ
ᠪᠠᠶᠠᠨᠨᠠᠭᠤᠷ ᠬᠤᠲᠠ᠎ᠵᠢᠨ ᠦᠶᠤᠸᠠᠨ ᠰᠢᠶᠠᠨ᠎ᠤ ᠰᠢᠨ ᠭᠦᠩ ᠵᠦᠩ ᠪᠠᠯᠭᠠᠰᠤᠨ᠎ᠤ ᠶᠦᠩ ᠯᠢᠶᠠᠨ ᠲᠤᠰᠬᠤᠨ᠎ᠳᠦ 1000 ᠮᠦ᠍ ᠲᠠᠷᠢᠶᠠᠨ ᠭᠠᠵᠠᠷ᠎ᠲᠦ ᠬᠠᠩᠭᠠᠵᠤ ᠳᠡᠢᠯᠬᠦ
ᠪᠤᠷᠳᠤᠭᠤᠷ᠂ ᠲᠠᠷᠢᠶᠠᠨ ᠡᠮ ᠵᠢᠴᠢ ᠰᠢᠮ᠎ᠡ ᠲᠡᠵᠢᠭᠡᠯ᠎ᠤᠨ ᠰᠢᠩᠭᠡᠨ ᠢ ᠬᠠᠨᠳᠢᠪᠯᠠᠵᠤ᠂ ᠭᠠᠮᠰᠢᠭ᠎ᠤᠨ
ᠳᠠᠷᠠᠭᠠᠬᠢ ᠲᠠᠷᠢᠶᠠᠯᠠᠩ ᠤᠨ ᠰᠡᠷᠭᠦᠯᠲᠡ᠎ᠳᠦ ᠬᠦᠴᠦᠨ ᠨᠡᠮᠡᠷᠢᠯᠡᠪᠡ᠃

ᠠᠵᠤ ᠠᠬᠤᠢ
✦ ᠣᠷᠳᠣᠰ᠎ᠤᠨ ᠬᠣᠷᠢᠨ ᠲᠠᠪᠤᠳᠤᠭᠠᠷ ᠬᠤᠭᠤᠴᠠᠭᠠᠨ᠎ᠤ
ᠬᠡᠷᠡᠭᠯᠡᠭᠡ᠎ᠶᠢ ᠠᠬᠢᠭᠤᠯᠵᠤ ᠠᠷᠠᠳ᠎ᠲᠤ ᠠᠰᠢᠭ᠋ ᠬᠦᠷᠲᠡᠭᠡᠬᠦ ᠲᠡᠷᠭᠡᠨ ᠦ ᠦᠵᠡᠰᠬᠦᠯᠡᠩ 7 ᠰᠠᠷ᠎ᠠ᠎ᠶᠢᠨ 25 ᠠᠴᠠ 27᠎ᠤ ᠡᠳᠦᠷ ᠪᠣᠯᠲᠠᠯ᠎ᠠ ᠣᠷᠳᠣᠰ ᠬᠣᠲᠠ᠎ᠶᠢᠨ ᠳ᠋ᠦᠩᠱᠧᠩ ᠲᠣᠭᠣᠷᠢᠭ᠋᠎ᠤᠨ
ᠪᠥᠬᠥ ᠠᠷᠠᠳ᠎ᠤᠨ ᠪᠡᠶ᠎ᠡ ᠴᠢᠭᠢᠷᠠᠭᠵᠢᠭᠤᠯᠬᠤ ᠠᠵᠢᠯᠯᠠᠭ᠎ᠠ᠎ᠶᠢᠨ ᠲᠥᠪ᠎ᠲᠦ ᠶᠠᠪᠤᠭᠳᠠᠪᠠ᠃ ᠳ᠋ᠦᠩᠱᠧᠩ ᠲᠣᠭᠣᠷᠢᠭ᠋
ᠲᠣᠰ ᠤᠳᠠᠭᠠᠨ᠎ᠤ ᠦᠵᠡᠰᠬᠦᠯᠡᠩᠳᠦ 300 ᠲᠦᠮᠡᠨ ᠲᠥᠭᠥᠷᠢᠭ᠎ᠦᠨ ᠬᠡᠷᠡᠭᠯᠡᠭᠡ᠎ᠶᠢ ᠠᠬᠢᠭᠤᠯᠬᠤ ᠨᠥᠬᠥᠪᠦᠷᠢ
ᠬᠠᠩᠭᠠᠵᠤ᠂ ᠠᠵᠢᠯᠯᠠᠭ᠎ᠠ᠎ᠶᠢᠨ ᠬᠤᠭᠤᠴᠠᠭᠠᠨ᠎ᠳᠤ ᠨᠡᠶ᠋ᠢᠲᠡ 1016 ᠮᠠᠰᠢᠨ ᠲᠡᠷᠭᠡ ᠪᠣᠷᠣᠯᠠᠭᠤᠯᠵᠤ᠂ ᠪᠥᠬᠥ ᠵᠣᠭᠣᠰ᠎ᠤᠨ ᠲᠣᠭ᠎ᠠ
ᠨᠢ 1.634 ᠳ᠋ᠦᠩᠰᠢᠭᠤᠷ ᠲᠥᠭᠥᠷᠢᠭ᠎ᠲᠦ ᠬᠦᠷᠴᠡᠢ᠃

✦ᠤᠢᠷ᠎ᠠ᠎ᠳᠦ ᠵᠢᠷᠭᠤᠳᠤᠭᠠᠷ
ᠬᠤᠭᠤᠴᠠᠭᠠᠨ᠎ᠤ ᠪᠦᠬᠦ ᠤᠯᠤᠰ᠎ᠤᠨ ᠡᠭᠦᠯᠳᠡᠷ᠎ᠤᠨ ᠪᠤᠬ᠎ᠠ᠎ᠶᠢᠨ ᠦᠨ᠎ᠡ ᠬᠠᠶᠠᠯᠴᠠᠨ ᠬᠤᠳᠠᠯᠳᠤᠬᠤ ᠬᠤᠷᠠᠯ
ᠤᠯᠠᠭᠠᠢ᠎ᠵᠢᠨ ᠬᠠᠮᠢᠶᠠᠷᠤᠯᠲᠠ᠎ᠵᠢᠨ ᠤᠷᠤᠨ ᠤ ᠬᠠᠯᠠᠭᠠᠢᠲᠤ ᠲᠠᠷᠢᠶᠠᠯᠠᠩ ᠮᠠᠯᠵᠢᠯ᠎ᠤᠨ ᠲᠠᠯᠠᠪᠠᠢ᠎ᠳᠦ
ᠶᠠᠪᠤᠭᠳᠠᠵᠤ᠂ ᠥᠪᠥᠷ ᠮᠤᠩᠭᠤᠯ ᠤᠨ ᠪᠦᠯᠢᠶᠡᠨ ᠬᠤᠸᠠᠰᠢ ᠦᠬᠡᠷ᠎ᠤᠨ ᠦᠷ᠎ᠠ᠎ᠵᠢᠨ ᠦᠢᠯᠡᠰ᠎ᠤᠨ ᠬᠢᠵᠠᠭᠠᠷᠲᠤ
ᠺᠤᠮᠫᠠᠨᠢ᠎ᠵᠢᠨ ᠬᠤᠸᠠᠰᠢ ᠪᠤᠬ᠎ᠠ 48 ᠲᠥᠮᠡᠨ ᠲᠥᠭᠥᠷᠢᠭ᠎ᠤᠨ ᠥᠨᠳᠥᠷ ᠦᠨᠡᠳᠦ ᠬᠦᠷᠴᠡᠢ᠃

ᠰᠤᠶᠤᠯ
✦2025 ᠤᠨ ᠤ ᠪᠦᠬᠦ ᠤᠯᠤᠰ᠎ᠤᠨ ᠵᠠᠯᠠᠭᠤᠴᠤᠳ ᠪᠠᠭᠠᠴᠤᠳ ᠤᠨ ᠪᠦᠵᠢᠭ᠎ᠤᠨ ᠲᠤᠭᠯᠠᠯᠲᠠ 8 ᠰᠠᠷ᠎ᠠ᠎ᠵᠢᠨ 4 ᠤ ᠡᠳᠦᠷ᠎ᠡᠴᠡ 9 ᠤ ᠡᠳᠦᠷ ᠪᠤᠯᠲᠠᠯ᠎ᠠ
ᠬᠦᠬᠡᠬᠤᠲᠠ᠎ᠳᠦ ᠶᠠᠪᠤᠭᠳᠠᠬᠤ᠎ᠪᠡᠷ ᠪᠤᠢ᠃

ᠲᠠᠮᠢᠷ
✦7 ᠰᠠᠷ᠎ᠠ᠎ᠵᠢᠨ 28᠎ᠤ ᠡᠳᠦᠷ᠂ ᠰᠢᠩᠭᠠᠫᠤᠷ᠎ᠲᠤ ᠶᠠᠪᠤᠭᠳᠠᠭᠰᠠᠨ 2025 ᠣᠨ᠎ᠤ ᠤᠮᠪᠠᠯᠲᠠ᠎ᠶᠢᠨ ᠳᠡᠯᠡᠬᠡᠢ᠎ᠶᠢᠨ
ᠮᠠᠩᠯᠠᠢ ᠰᠢᠯᠭᠠᠷᠠᠭᠤᠯᠬᠤ ᠤᠷᠤᠯᠳᠤᠭᠠᠨ᠎ᠤ ᠡᠷᠡᠭᠲᠡᠢ᠎ᠶᠢᠨ 100 ᠮᠧᠲᠷ᠎ᠦᠨ ᠮᠡᠯᠡᠬᠡᠢ ᠤᠮᠪᠠᠯᠲᠠ᠎ᠶᠢᠨ
ᠰᠢᠢᠳᠪᠦᠷᠢᠲᠦ ᠤᠷᠤᠯᠳᠤᠭᠠᠨ᠎ᠳᠤ ᠳᠤᠮᠳᠠᠳᠤ ᠤᠯᠤᠰ᠎ᠤᠨ ᠲᠠᠮᠢᠷᠴᠢᠨ ᠴᠢᠨ ᠬᠠᠢ ᠶᠠᠩ 58 ᠰᠧᠺᠦ᠋ᠨ᠋ᠳ᠋ 23ᠵᠢᠨ ᠬᠢᠷᠢ ᠪᠥᠲᠥᠮᠵᠢ᠎ᠪᠡᠷ ᠮᠠᠩᠯᠠᠢᠯᠠᠪᠠ᠃
✦2025 ᠣᠨ ᠤ ᠳᠡᠯᠡᠬᠡᠢ᠎ᠶᠢᠨ ᠤᠮᠪᠠᠯᠲᠠ᠎ᠶᠢᠨ
ᠮᠠᠩᠯᠠᠢ ᠰᠢᠯᠭᠠᠷᠠᠭᠤᠯᠬᠤ ᠤᠷᠤᠯᠳᠤᠭᠠᠨ᠎ᠤ ᠤᠰᠤᠨ᠎ᠳᠤ ᠬᠠᠷᠠᠢᠬᠤ ᠡᠮᠡᠭᠲᠡᠢ᠎ᠶᠢᠨ ᠬᠣᠤᠰ ᠬᠥᠮᠥᠨ᠎ᠦ 10 ᠮᠧᠲᠷ᠎ᠦᠨ ᠲᠠᠪᠴᠠᠩ᠎ᠤᠨ
ᠬᠠᠷᠠᠢᠯᠲᠠ᠎ᠵᠢᠨ ᠰᠢᠢᠳᠪᠦᠷᠢᠲᠦ ᠤᠷᠤᠯᠳᠤᠭᠠᠨ᠎ᠳᠤ᠂ ᠳᠤᠮᠳᠠᠳᠤ ᠤᠯᠤᠰ᠎ᠤᠨ ᠲᠠᠮᠢᠷᠴᠢᠨ ᠴᠧᠨ ᠢᠦᠢ ᠰᠢ ᠪᠠ ᠵᠠᠩ ᠮᠢᠨ ᠵᠢᠶᠧ ᠮᠠᠩᠯᠠᠢᠯᠠᠪᠠ᠃

✦7 ᠰᠠᠷ᠎ᠠ᠎ᠵᠢᠨ 28᠎ᠤ ᠣᠷᠣᠢ᠂ ᠣᠷᠳᠣᠰ᠎ᠤᠨ ᠲᠠᠯ᠎ᠠ ᠨᠤᠲᠤᠭ ᠤᠨ
ᠠᠯᠠᠭᠠᠳᠠᠬᠤ ᠪᠥᠮᠪᠥᠭᠡ᠎ᠶᠢᠨ ᠪᠦᠬᠦ ᠬᠣᠲᠠ ᠶᠢᠨ ᠮᠠᠯᠴᠢᠨ ᠲᠠᠷᠢᠶᠠᠴᠢᠨ ᠤ ᠠᠯᠠᠭᠠᠳᠠᠬᠤ ᠪᠥᠮᠪᠥᠭᠡ᠎ᠶᠢᠨ ᠤᠷᠢᠯᠭ᠎ᠠ᠎ᠶᠢᠨ
ᠤᠷᠤᠯᠳᠤᠭᠠᠨ ᠣᠲᠣᠭ᠎ᠤᠨ ᠡᠮᠦᠨᠡᠲᠦ ᠬᠣᠰᠢᠭᠤᠨ᠎ᠤ ᠨᠠᠩᠰᠤ ᠪᠠᠯᠭᠠᠰᠤᠨ᠎ᠤ ᠮᠣᠭᠠᠢᠲᠤ ᠨᠡᠢᠭᠡᠮ ᠲᠣᠭᠣᠷᠢᠭ᠋᠎ᠤᠨ
ᠭᠡᠷ᠎ᠦᠨ ᠭᠠᠳᠠᠨᠠᠬᠢ ᠠᠯᠠᠭᠠᠳᠠᠬᠤ ᠪᠥᠮᠪᠥᠭᠡ᠎ᠶᠢᠨ ᠲᠠᠯᠠᠪᠠᠢ᠎ᠳᠤ ᠡᠬᠢᠯᠡᠵᠦ᠂ 31᠎ᠤ ᠡᠳᠦᠷ ᠪᠤᠯᠲᠠᠯ᠎ᠠ
ᠶᠠᠪᠤᠭᠳᠠᠨ᠎ᠠ᠃
✦2025 ᠤᠨ᠎ᠤ ᠳᠤᠮᠳᠠᠳᠤ ᠤᠯᠤᠰ᠎ᠤᠨ
ᠤᠶᠤᠳᠠᠳ᠎ᠤᠨ ᠨᠢᠳᠤᠷᠭᠠᠨ ᠲᠡᠮᠡᠴᠡᠭᠡᠨ᠎ᠤ ᠮᠠᠩᠯᠠᠢ ᠰᠢᠯᠭᠠᠷᠠᠭᠤᠯᠬᠤ ᠤᠷᠤᠯᠳᠤᠭᠠᠨ ᠲᠦᠷᠦᠭᠦᠬᠡᠨ ᠰᠢ ᠠᠨ
ᠬᠤᠲᠠ᠎ᠳᠦ ᠥᠨᠳᠥᠷᠯᠡᠪᠡ᠃ ᠡᠭᠦᠨ᠎ᠳᠦ ᠮᠠᠨ᠎ᠤ ᠤᠷᠤᠨ᠎ᠤ ᠥᠪᠥᠷ ᠮᠤᠩᠭᠤᠯ᠎ᠤᠨ ᠡᠳ᠋᠎ᠤᠨ ᠵᠠᠰᠠᠭ ᠠᠵᠤ
ᠠᠬᠤᠢ᠎ᠵᠢᠨ ᠶᠡᠬᠡ ᠰᠤᠷᠭᠠᠭᠤᠯᠢ᠂ ᠥᠪᠥᠷ ᠮᠤᠩᠭᠤᠯ᠎ᠤᠨ ᠴᠠᠭᠳᠠᠭᠠᠨ᠎ᠤ ᠳᠡᠭᠡᠳᠦ ᠰᠤᠷᠭᠠᠭᠤᠯᠢ᠎ᠵᠢᠨ
ᠲᠥᠯᠥᠭᠡᠯᠡᠭᠴᠢᠳ᠎ᠤᠨ ᠠᠩᠭᠢ᠎ᠵᠢᠨ ᠬᠢᠨ 5 ᠠᠯᠲᠠᠨ ᠮᠸᠳᠡᠯ᠂ 3 ᠬᠦᠷᠡᠯ ᠮᠸᠳᠡᠯ᠎ᠤᠨ ᠬᠢᠷᠢ ᠪᠥᠲᠥᠮᠵᠢ᠎ᠪᠡᠷ ᠲᠠᠪᠤᠳᠤᠭᠠᠷ᠎ᠲᠦ ᠤᠷᠤᠵᠤ᠂ ᠮᠠᠨ᠎ᠤ
ᠤᠷᠤᠨ᠎ᠤ ᠶᠡᠬᠡ ᠳᠡᠭᠡᠳᠦ ᠰᠤᠷᠭᠠᠭᠤᠯᠢ᠎ᠵᠢᠨ ᠲᠤᠰ ᠤᠷᠤᠯᠳᠤᠭᠠᠨ᠎ᠳᠡᠬᠢ ᠲᠡᠦᠬᠡ᠎ᠵᠢᠨ ᠬᠠᠮᠤᠭ᠎ᠤᠨ ᠰᠠᠢᠨ
ᠬᠢᠷᠢ ᠪᠥᠲᠥᠮᠵᠢ᠎ᠶᠢ ᠡᠭᠦᠳᠪᠡ᠃

✦7 ᠰᠠᠷ᠎ᠠ᠎ᠵᠢᠨ 28᠎ᠤ ᠡᠳᠦᠷ᠎ᠡᠴᠡ 29᠎ᠤ ᠡᠳᠦᠷ ᠪᠤᠯᠲᠠᠯ᠎ᠠ
ᠤᠯᠠᠭᠠᠨᠬᠠᠳᠠ᠎ᠳᠦ ᠶᠠᠪᠤᠭᠳᠠᠭᠰᠠᠨ ᠥᠪᠡᠷᠲᠡᠭᠡᠨ ᠵᠠᠰᠠᠬᠤ ᠤᠷᠤᠨ᠎ᠤ ᠠᠷᠪᠠᠨ ᠨᠢᠭᠡᠳᠦᠭᠡᠷ ᠬᠤᠭᠤᠴᠠᠭᠠᠨ᠎ᠤ
ᠴᠥᠬᠡᠨ ᠲᠤᠭᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ᠎ᠵᠢᠨ ᠲᠠᠮᠢᠷ᠎ᠤᠨ ᠴᠤᠭᠯᠠᠭᠠᠨ᠎ᠤ ᠬᠦᠴᠦᠲᠦ 128 ᠪᠥᠬᠡᠵᠢᠨ ᠪᠠᠷᠢᠯᠳᠤᠭᠠᠨ᠎ᠳᠦ
ᠬᠥᠯᠥᠨ ᠪᠤᠢᠷ ᠨᠤᠲᠤᠭ᠎ᠲᠠᠢ ᠲᠥᠷᠥᠰᠠᠴᠤᠷᠠᠯ ᠲᠦᠷᠦᠭᠦᠯᠡᠪᠡ᠃
ᠲᠡᠯᠡᠬᠡᠢ
✦ᠲᠥᠪ
ᠲᠸᠯᠸᠢᠰ ᠤᠨ ᠮᠡᠳᠡᠭᠡ᠎ᠶᠢ ᠦᠨᠳᠦᠰᠦᠯᠡᠪᠡᠯ᠂ ᠲᠤᠬᠠᠢ᠎ᠶᠢᠨ ᠭᠠᠵᠠᠷ ᠤᠨ ᠴᠠᠭ᠎ᠢᠶᠠᠷ 28᠎ᠤ ᠡᠳᠦᠷ᠂
ᠳᠤᠮᠳᠠᠳᠤ ᠠᠮᠧᠷᠢᠺᠠ ᠬᠣᠶᠠᠷ ᠤᠯᠤᠰ᠎ᠤᠨ ᠠᠵᠤ ᠠᠬᠤᠢ ᠠᠷᠠᠯᠵᠢᠶᠠᠨ᠎ᠤ ᠪᠦᠯᠬᠦᠮ ᠰᠸᠧᠳᠧᠨ ᠳᠦ ᠳᠤᠮᠳᠠᠳᠤ ᠠᠮᠧᠷᠢᠺᠠ᠎ᠶᠢᠨ
ᠠᠵᠤ ᠠᠬᠤᠢ ᠠᠷᠠᠯᠵᠢᠶᠠᠨ ᠤ ᠬᠡᠯᠡᠯᠴᠡᠭᠡ ᠬᠢᠪᠡ᠃

✦ᠲᠥᠪ
ᠲᠸᠯᠸᠢᠰ ᠤᠨ ᠮᠡᠳᠡᠭᠡ᠎ᠶᠢ ᠦᠨᠳᠦᠰᠦᠯᠡᠪᠡᠯ᠂ ᠲᠤᠬᠠᠢ᠎ᠶᠢᠨ ᠭᠠᠵᠠ ᠷᠤᠨ ᠴᠠᠭ᠎ᠢᠶᠠᠷ 27᠎ᠤ ᠡᠳᠦᠷ
ᠠᠮᠧᠷᠢᠺᠠ ᠪᠣᠯᠣᠨ ᠡᠸᠦ᠋ᠷᠦᠫᠡ᠎ᠶᠢᠨ ᠬᠣᠯᠪᠣᠭ᠎ᠠ ᠠᠷᠠᠯᠵᠢᠶᠠᠨ᠎ᠤ ᠬᠡᠯᠡᠯᠴᠡᠭᠡᠷ ᠲᠣᠭᠲᠠᠵᠤ᠂ ᠡᠸᠦ᠋ᠷᠦᠫᠡ᠎ᠶᠢᠨ
ᠬᠣᠯᠪᠣᠭᠠᠨ ᠤ ᠠᠮᠧᠷᠢᠺᠠ ᠳᠤ ᠭᠠᠷᠭᠠᠬᠤ ᠲᠠᠸᠠᠷ᠎ᠠᠴᠠ 15%᠎ᠶᠢᠨ
ᠪᠣᠭᠣᠮᠲᠠ᠎ᠶᠢᠨ ᠭᠠᠢᠯᠢ ᠲᠠᠲᠠᠪᠤᠷᠢᠯᠠᠬᠤ᠎ᠪᠠᠷ ᠪᠣᠯᠪᠠ᠃
✦ᠰᠢᠨᠬᠤᠸᠠ
ᠬᠤᠷᠢᠶ᠎ᠠ ᠵᠢᠨ ᠮᠡᠳᠡᠭᠡ᠎ᠶᠢ ᠦᠨᠳᠦᠰᠦᠯᠡᠪᠡᠯ᠂ ᠲᠦᠷᠦᠭᠦᠬᠡᠨ ᠣᠷᠣᠰ ᠤᠨ ᠬᠢᠨ ᠮᠣᠰᠺᠸᠠ᠎ᠠᠴᠠ ᠫᠢᠩᠷᠠᠩ ᠬᠦᠷᠬᠦ
ᠠᠶᠠᠨᠴᠢᠳ᠎ᠤᠨ ᠠᠭᠠᠷ᠎ᠤᠨ ᠠᠶᠠᠯᠠᠯ᠎ᠤᠨ ᠱᠤᠭᠤᠮ᠎ᠢᠶᠠᠨ ᠳᠠᠬᠢᠨ ᠰᠡᠷᠭᠦᠭᠡᠵᠡᠢ᠃

ᠦᠢᠯᠡᠴᠢᠯᠡᠭᠡ
✦ᠥᠪᠥᠷ
ᠮᠣᠩᠭᠣᠯ᠎ᠤᠨ ᠦᠨᠳᠦᠰᠦᠲᠡᠨ᠎ᠦ ᠶᠡᠬᠡ ᠰᠤᠷᠭᠠᠭᠤᠯᠢ ᠬᠠᠮᠢᠶᠠᠷᠤᠯᠲᠠ᠎ᠶᠢᠨ ᠲᠤᠰᠠᠯᠠᠭ᠍ᠴᠢ᠂ ᠵᠢᠭᠠᠨ ᠰᠤᠷᠭᠠᠯᠲᠠ᠎ᠶᠢᠨ
ᠲᠤᠰᠠᠯᠠᠭ᠍ᠴᠢ ᠡᠯᠰᠡᠵᠦ ᠪᠤᠢ᠃
ᠲᠠᠨ ᠤ ᠲᠤᠰᠡ ᠳ᠋ᠤ
✦ᠰᠢᠷᠦᠭᠦᠨ ᠪᠣᠷᠣᠭᠠᠨ ᠤᠷᠤᠬᠤ
ᠦᠶ᠎ᠡ᠎ᠳᠦ ᠳᠤᠤᠷᠠᠬᠢ ᠵᠦᠢᠯ ᠢ ᠠᠩᠬᠠᠷᠪᠠᠯ ᠵᠤᠬᠢᠨ᠎ᠠ᠄ 1.
ᠭᠣᠣᠯ᠎ᠤᠨ ᠬᠠᠰᠢᠯᠭ᠎ᠠ᠎ᠠᠴᠠ ᠵᠠᠢᠳᠠᠭᠤ ᠪᠠᠢᠪᠠᠯ ᠵᠤᠬᠢᠨ᠎ᠠ᠃ 2. ᠠᠭᠤᠯᠠᠨ
ᠬᠥᠲᠥᠯ᠂ ᠠᠭᠤᠯᠠᠨ ᠭᠤᠤ᠎ᠠᠴᠠ ᠬᠣᠯᠠ ᠪᠠᠢᠪᠠᠯ ᠵᠤᠬᠢᠨ᠎ᠠ᠃ 3. ᠮᠣᠳᠣᠨ᠎ᠤ
ᠳᠣᠣᠷ᠎ᠠ᠂ ᠵᠠᠷ᠎ᠤᠨ ᠫᠠᠢᠰᠠᠠ ᠳᠣᠣᠷ᠎ᠠ ᠵᠣᠭᠰᠣᠬᠤ ᠦᠭᠡᠢ᠃ 4. ᠬᠠᠭᠤᠴᠢᠨ
ᠪᠠᠷᠢᠯᠭ᠎ᠠ᠎ᠠᠴᠠ ᠬᠤᠯᠠ ᠪᠠᠢᠪᠠᠯ ᠵᠤᠬᠢᠨ᠎ᠠ᠃ 5. ᠤᠷᠲᠤ
ᠬᠤᠭᠤᠴᠠᠭ᠎ᠠ᠎ᠪᠠᠷ ᠤᠷᠤᠭᠤ ᠵᠠᠮ ᠪᠠ ᠮᠠᠰᠢᠨ ᠲᠡᠷᠭᠡᠨ᠎ᠦ ᠠᠷᠤ᠎ᠳᠤ ᠵᠣᠭᠰᠣᠬᠤ ᠦᠭᠡᠢ᠃ 6. ᠴᠢᠷᠦᠭᠦᠯ ᠱᠠᠬᠠᠢ ᠲᠠᠢ ᠪᠤᠶᠤ ᠬᠥᠯ ᠨᠢᠴᠦᠭᠦᠨ ᠤᠰᠤ ᠭᠡᠲᠦᠯᠵᠦ ᠪᠣᠯᠬᠤ ᠦᠭᠡᠢ᠃
ᠡᠭᠦᠨ᠎ᠡᠴᠡ ᠭᠠᠳᠠᠨ᠎ᠠ ᠰᠢᠷᠦᠭᠦᠨ
ᠪᠣᠷᠣᠭᠠᠨ ᠣᠷᠣᠬᠤ ᠦᠶ᠎ᠡ ᠳᠦ ᠠᠯᠢ ᠴᠢᠳᠠᠬᠤ ᠪᠠᠷ ᠭᠠᠳᠠᠭ᠍ᠰᠢ ᠭᠠᠷᠬᠤ᠎ᠪᠡᠨ ᠪᠠᠭᠠᠰᠬᠠᠵᠤ᠂ ᠭᠡᠷ ᠤᠨ ᠭᠠᠳᠠᠨ᠎ᠠ
ᠪᠠᠢᠬᠤ᠎ᠳᠠᠭᠠᠨ ᠥᠨᠳᠥᠷ ᠭᠠᠵᠠᠷ᠎ᠲᠤ ᠳᠠᠯᠳᠠᠯᠠᠬᠤ᠎ᠶᠢᠨ ᠬᠠᠮᠲᠤ ᠴᠠᠬᠢᠯᠭᠠᠨ ᠬᠦᠴᠦᠨ᠎ᠦ ᠲᠥᠬᠦᠭᠡᠷᠦᠮᠵᠢ᠎ᠡᠴᠡ
ᠬᠣᠯᠠ ᠪᠠᠢᠬᠤ ᠬᠡᠷᠡᠭᠲᠡᠢ᠃
ᠵᠠᠯᠭᠠᠭᠠᠳ《ᠨᠠᠷᠠᠨ ᠲᠤᠨᠤᠯᠵᠢᠨ ᠪᠡᠶᠡᠯᠡᠭᠡ》ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ᠎ᠳᠦ ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ
ᠪᠢᠳᠡᠨ᠎ᠳᠤ ᠤᠷᠮ᠎ᠠ ᠬᠠᠢᠷᠠᠯᠠᠭᠠᠷᠠᠢ!ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)