7 ᠰᠠᠷ᠎ᠠ ᠵᠢᠨ 29 ᠎ᠤ ᠡᠳᠤᠷ
ᠡᠬᠢᠯᠡᠬᠦ᠌ ᠴᠠᠭ᠄
2025-07-29 10:49:50
ᠨᠠᠶ᠋ᠢᠷᠠᠭᠤᠯᠤᠭᠴᠢ ᠄
ᠤᠷᠠᠨᠲᠠᠨ᠎ᠡ
ᠨᠡᠪᠲᠡᠷᠡᠬᠦᠯᠦᠭᠴᠢ ᠄
ᠤᠷᠠᠨᠲᠠᠨ᠎ᠠ
ᠮᠡᠷᠭᠡᠵᠢᠯ ᠄

ᠤᠩᠰᠢᠭᠰᠠᠨ ᠤᠳᠠᠭ᠎ᠠ᠄


ᠨᠡᠢᠭᠡᠮ                                   

✦ᠬᠦᠳᠡᠭᠡ ᠠᠵᠤ ᠠᠬᠤᠢ ᠬᠥᠳᠡᠭᠡ ᠲᠣᠰᠬᠣᠨ᠎ᠤ ᠶᠠᠮᠤᠨ ᠵᠡᠷᠭᠡ 10 ᠰᠠᠯᠠᠭ᠎ᠠ ᠮᠥᠴᠢᠷ ᠲᠠᠷᠢᠶᠠᠯᠠᠩ᠎ᠤᠨ ᠪᠦᠲᠦᠭᠡᠭᠳᠡᠬᠦᠨ ᠎ᠦ ᠬᠡᠷᠡᠭᠯᠡᠭᠡ ᠎ᠶᠢ ᠠᠬᠢᠭᠤᠯᠬᠤ ᠲᠤᠬᠠᠢ ᠬᠡᠷᠡᠭᠵᠢᠭᠦᠯᠬᠦ ᠲᠥᠰᠥᠯ᠎ᠢ ᠨᠡᠢᠲᠡᠯᠡᠪᠡ᠃

✦ᠪᠠᠢᠭᠠᠯᠢ᠎ᠶᠢᠨ ᠡᠬᠢ ᠪᠠᠶᠠᠯᠢᠭ᠋᠎ᠤᠨ ᠶᠠᠮᠤᠨ᠎ᠤ ᠬᠠᠮᠤᠭ ᠎ᠤᠨ ᠰᠢᠨ᠎ᠡ ᠲᠣᠭ᠎ᠠ ᠪᠠᠷᠢᠮᠲᠠ᠎ᠳᠤ ᠢᠯᠡᠷᠡᠭᠦᠯᠦᠭᠰᠡᠨ᠎ᠢᠶᠡᠷ᠂ 6 ᠰᠠᠷ᠎ᠠ᠎ᠶᠢᠨ ᠰᠡᠭᠦᠯᠴᠢ ᠪᠣᠯᠲᠠᠯ᠎ᠠ ᠪᠥᠬᠥ ᠤᠯᠤᠰ ᠎ᠲᠤ 9200 ᠾᠧᠺᠲ᠋ᠠᠷ ᠤᠯᠠᠭᠠᠨ ᠮᠣᠳᠣᠨ ᠣᠶ᠎ᠶᠢ ᠰᠢᠨ᠎ᠡ ᠎ᠪᠡᠷ ᠪᠠᠢᠭᠤᠯᠵᠤ᠂《ᠠᠷᠪᠠᠨ ᠳᠥᠷᠪᠡᠳᠦᠭᠡᠷ ᠲᠠᠪᠤᠨ ᠵᠢᠯ》᠎ᠤᠨ ᠤᠯᠠᠭᠠᠨ ᠮᠣᠳᠣᠨ ᠣᠶ᠎ᠶᠢ ᠣᠢᠵᠢᠭᠤᠯᠬᠤ ᠬᠠᠷᠠᠯᠲᠠ ᠡᠭᠦᠷᠭᠡ᠎ᠪᠡᠨ ᠤᠷᠢᠳᠴᠢᠯᠠᠨ ᠪᠡᠶᠡᠯᠡᠭᠦᠯᠪᠡ᠃

✦ᠤᠢᠷ᠎ᠠ ᠎ᠳᠤ ᠥᠪᠡᠷᠲᠡᠭᠡᠨ ᠵᠠᠰᠠᠬᠤ ᠣᠷᠣᠨ᠎ᠤ ᠠᠷᠠᠳ ᠎ᠤᠨ ᠵᠠᠰᠠᠭ ᠎ᠤᠨ ᠣᠷᠳᠣᠨ《ᠬᠣᠲᠠ  ᠵᠢᠨ  ᠣᠯᠠᠨ ᠨᠡᠢᠲᠡ ᠎ᠶᠢᠨ ᠵᠠᠮ ᠬᠠᠷᠢᠯᠴᠠᠭᠠᠨ ᠎ᠤ ᠴᠢᠨᠠᠷ ᠰᠠᠢᠲᠠᠢ ᠬᠥᠭᠵᠢᠯᠲᠡ᠎ᠶᠢ ᠲᠦᠷᠭᠡᠳᠬᠡᠨ ᠠᠬᠢᠭᠤᠯᠬᠤ ᠳᠤᠬᠠᠢ ᠰᠠᠨᠠᠯ》᠎ᠢ ᠳᠠᠷᠤᠮᠠᠯᠯᠠᠨ ᠳᠠᠷᠬᠠᠭᠠᠵᠤ᠂ 13 ᠳᠠᠯ᠎ᠠ ᠵᠢᠨ ᠠᠷᠭ᠎ᠠ ᠬᠡᠮᠵᠢᠶ᠎ᠡ ᠵᠢ ᠨᠡᠢᠲᠡᠯᠡᠪᠡ᠃


QQ20250729-110419.png


✦7 ᠰᠠᠷ᠎ᠠ ᠎ᠶᠢᠨ 27᠎ᠤ ᠡᠳᠦᠷ᠂ ᠮᠠᠨ᠎ᠤ ᠣᠷᠣᠨ᠎ᠤ ᠣᠯᠠᠨ ᠭᠠᠵᠠᠷ᠎ᠲᠤ ᠦᠶᠡᠷ ᠤᠰᠤᠲᠤᠯ᠎ᠤᠨ ᠭᠠᠮᠰᠢᠭ᠋ ᠪᠣᠯᠤᠭᠰᠠᠨ ᠪᠠᠢᠳᠠᠯ᠎ᠳᠤ ᠴᠢᠭᠯᠡᠭᠦᠯᠦᠨ᠂ ᠥᠪᠡᠷᠲᠡᠭᠡᠨ ᠵᠠᠰᠠᠬᠤ ᠣᠷᠣᠨ᠎ᠤ ᠭᠠᠮᠰᠢᠭ᠋᠎ᠢ ᠰᠡᠷᠭᠡᠢᠯᠡᠵᠤ ᠭᠠᠮᠰᠢᠭ᠋᠎ᠢ ᠪᠠᠭᠠᠰᠬᠠᠨ ᠭᠠᠮᠰᠢᠭ᠋᠎ᠠᠴᠠ ᠠᠪᠤᠷᠠᠬᠤ ᠵᠥᠪᠯᠡᠯ᠎ᠦᠨ ᠠᠯᠪᠠᠨ ᠭᠡᠷ᠂ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶᠢᠨ ᠲᠢᠩᠬᠢᠮ᠎ᠡᠴᠡ ᠥᠪᠡᠷᠲᠡᠭᠡᠨ ᠵᠠᠰᠠᠬᠤ ᠣᠷᠣᠨ᠎ᠤ ᠠᠮᠤ ᠪᠤᠳᠠᠭ᠎ᠠ ᠪᠠ ᠡᠳ᠋ ᠪᠣᠳᠠᠰ ᠨᠥᠭᠡᠴᠡᠯᠡᠬᠦ ᠲᠣᠪᠴᠢᠶ᠎ᠠ᠎ᠲᠠᠢ ᠬᠠᠮᠲᠤᠷᠠᠨ ᠭᠠᠮᠰᠢᠭ᠋᠎ᠠᠴᠠ ᠠᠪᠤᠷᠠᠬᠤ 3.4 ᠲᠦᠮᠡᠨ ᠬᠤᠪᠢ ᠡᠳ᠋ ᠪᠣᠳᠠᠰ᠎ᠢ ᠰᠢᠯᠵᠢᠭᠦᠯᠦᠨ ᠪᠠᠭᠤᠯᠭᠠᠵᠤ ᠭᠣᠣᠯᠳᠠᠯᠭ᠎ᠠ᠎ᠲᠠᠢ ᠭᠠᠮᠰᠢᠭ᠍ᠳᠠᠭᠰᠠᠨ ᠭᠠᠵᠠᠷ ᠣᠷᠣᠨ᠎ᠤ ᠭᠠᠮᠰᠢᠭ᠍ᠳᠠᠭᠰᠠᠨ ᠣᠯᠠᠨ ᠲᠦᠮᠡᠨ ᠎ᠢ ᠰᠢᠯᠵᠢᠭᠦᠯᠦᠨ  ᠲᠥᠪᠬᠢᠨᠡᠭᠦᠯᠬᠦ  ᠪᠠ  ᠭᠠᠮᠰᠢᠭ᠋ ᠎ᠠᠴᠠ  ᠠᠪᠤᠷᠠᠨ  ᠲᠤᠰᠠᠯᠠᠬᠤ ᠠᠵᠢᠯ᠎ᠢ ᠰᠠᠢᠲᠤᠷ ᠬᠢᠬᠦ᠎ᠶᠢ ᠳᠡᠮᠵᠢᠪᠡ᠃


下载.jpg


✦ᠤᠢᠷ᠎ᠠ ᠎ᠳᠤ ᠬᠥᠯᠥᠨ ᠪᠣᠶ᠋ᠢᠷ ᠬᠣᠲᠠ᠎ᠶᠢᠨ ᠣᠷᠣᠨ ᠨᠤᠲᠤᠭ ᠎ᠤᠨ ᠬᠣᠶᠠᠳᠠᠭᠢ CCER ᠣᠢᠵᠢᠭᠤᠯᠤᠯᠲᠠ ᠎ᠶᠢᠨ ᠨᠡᠭᠦᠷᠡᠰᠦᠲᠥ᠋ᠷᠥᠭᠴᠢ ᠬᠤᠷᠠᠮᠳᠤᠭᠤᠯᠬᠤ ᠲᠥᠷᠥᠯ ᠵᠦᠢᠯ ᠪᠦᠬᠦ ᠤᠯᠤᠰ ᠎ᠤᠨ ᠬᠦᠯᠡᠮᠵᠢ᠎ᠶᠢᠨ ᠬᠡᠢ ᠪᠡᠶᠡᠲᠦ᠎ᠶᠢᠨ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ᠎ᠶᠢ ᠳᠠᠩᠰᠠᠯᠠᠨ ᠲᠡᠮᠳᠡᠭᠯᠡᠬᠦ ᠰᠢᠰᠲᠧᠮ ᠵᠢᠴᠢ ᠮᠡᠳᠡᠭᠡ ᠵᠠᠩᠭᠢ ᠎ᠶᠢᠨ ᠲᠠᠪᠴᠠᠩ ᠎ᠳᠤ ᠨᠡᠢᠲᠡᠯᠡᠭᠳᠡᠪᠡ᠃ ᠣᠳᠣᠬᠠᠨ᠎ᠳᠤ ᠬᠥᠯᠥᠨ ᠪᠣᠢᠷ ᠬᠣᠲᠠ᠎ᠶᠢᠨ CCER ᠣᠢᠵᠢᠭᠤᠯᠤᠯᠲᠠ᠎ᠶᠢᠨ ᠨᠡᠭᠦᠷᠡᠰᠦᠲᠥ᠋ᠷᠥᠭᠴᠢ ᠬᠤᠷᠠᠮᠳᠤᠭᠤᠯᠬᠤ ᠬᠤᠶᠠᠷ ᠲᠥᠷᠥᠯ ᠵᠦᠢᠯ ᠲᠤᠰ ᠲᠠᠪᠴᠠᠩ᠎ᠳᠤ ᠨᠡᠢᠲᠡᠯᠡᠭᠳᠡᠵᠦ᠂ ᠲᠠᠯᠠᠪᠠᠢ ᠨᠢ 7 ᠲᠦᠮᠡᠨ ᠮ‍ᠦ᠎ᠳᠤ ᠬᠦᠷᠴᠦ᠂ ᠵᠢᠱ᠌ᠢᠯᠲᠡ᠎ᠪᠡᠷ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠷᠤᠭ 56 ᠲᠦᠮᠡᠨ ᠲᠣᠨ ᠪᠠᠭᠠᠰᠬᠠᠨ᠎ᠠ᠃

✦ᠣᠢᠯᠠᠭᠠᠭᠰᠠᠨ᠎ᠢᠶᠠᠷ᠂ ᠰᠢᠯᠢ ᠎ᠶᠢᠨ ᠭᠣᠣᠯ ᠎ᠤᠨ ᠤᠢᠷ᠎ᠠ ᠤᠬᠳᠠᠷᠭᠤᠢ ᠵᠢᠨ ᠠᠵᠤ ᠠᠬᠤᠢ ᠵᠢᠨ ᠠᠵᠤ ᠦᠢᠯᠡᠰ ᠎ᠦᠨ ᠣᠶᠤᠨᠴᠢ ᠠᠮᠤᠷ ᠲᠦᠪᠰᠢᠨ᠎ᠦ ᠰᠡᠷᠭᠡᠢᠯᠡᠯᠲᠡ᠎ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠬᠦᠷᠢᠶᠡᠯᠡᠩ ᠲᠣᠭᠣᠷᠢᠭ᠋᠎ᠢ ᠰᠢᠯᠢᠩᠬᠤᠲᠠ ᠵᠢᠨ ᠠᠮᠤᠷ ᠲᠦᠪᠰᠢᠨ ᠎ᠦ ᠰᠡᠷᠭᠡᠢᠯᠡᠯᠲᠡ᠎ᠶᠢᠨ ᠲᠥᠪ ᠡᠴᠡ ᠪᠡᠯᠡ ᠣᠷᠣᠭᠤᠯᠤᠨ ᠪᠠᠢᠭᠤᠯᠵᠤ᠂ ᠵᠢᠱ᠌ᠢᠯᠲᠡ᠎ᠪᠡᠷ 2025 ᠣᠨ᠎ᠤ ᠰᠡᠭᠦᠯᠴᠢ᠎ᠪᠡᠷ ᠠᠰᠢᠭ᠍ᠯᠠᠯᠲᠠ᠎ᠳᠦ ᠤᠷᠤᠭᠤᠯᠬᠤ ᠪᠡᠷ ᠪᠤᠢ᠃


005Ap7KAly1i3ic645t8mj318g0p07b8.jpg


✦ᠤᠢᠷ᠎ᠠ ᠎ᠳᠤ ᠪᠠᠷᠠᠭᠤᠨ ᠦᠵᠦᠮᠦᠴᠢᠨ ᠬᠣᠰᠢᠭᠤᠨ ᠎ᠤ ᠪᠠᠶᠠᠨᠬᠤᠸᠠ ᠬᠥᠩᠭᠡᠨᠴᠠᠭᠠᠨ᠎ᠤ ᠰᠢᠨ᠎ᠡ ᠰᠠᠭᠤᠷᠢ ᠮᠠᠲᠧᠷᠢᠶᠠᠯ ᠎ᠦᠨ ᠦᠢᠯᠡᠰ ᠴᠣᠭᠴᠠᠯᠠᠬᠤ ᠬᠦᠷᠢᠶᠡᠯᠡᠩ᠎ᠦᠨ ᠪᠠᠷᠢᠮᠵᠢᠶᠠᠵᠢᠭ᠍ᠰᠠᠨ ᠦᠢᠯᠡᠳᠪᠦᠷᠢ᠎ᠶᠢᠨ ᠲᠥᠷᠥᠯ ᠵᠦᠢᠯ᠎ᠦᠨ ᠪᠠᠷᠢᠯᠭ᠎ᠠ ᠳᠠᠭᠤᠰᠴᠠᠢ᠃ ᠲᠤᠰ ᠲᠥᠷᠥᠯ ᠵᠦᠢᠯ᠎ᠢ ᠬᠣᠶᠠᠷ ᠬᠤᠭᠤᠴᠠᠭ᠎ᠠ ᠬᠤᠪᠢᠶᠠᠨ ᠪᠦᠲᠦᠭᠡᠨ ᠪᠠᠢᠭᠤᠯᠵᠤ᠂ ᠶᠡᠷᠦᠩᠬᠡᠢ ᠲᠠᠯᠠᠪᠠᠢ ᠨᠢ 33.35 ᠲᠦᠮᠡᠨ ᠬᠠᠪᠲᠠᠭᠠᠢ ᠳᠥᠷᠪᠡᠯᠵᠢᠨ ᠮᠧᠲᠷ᠂ ᠲᠥᠷᠥᠯ ᠵᠦᠢᠯ᠎ᠦᠨ ᠶᠡᠷᠦᠩᠬᠡᠢ ᠪᠡᠯᠡ ᠣᠷᠣᠭᠤᠯᠤᠯᠲᠠ ᠨᠢ 3.56 ᠳ᠋ᠦᠩᠰᠢᠭᠤᠷ ᠲᠥᠭᠥᠷᠢᠭ ᠪᠣᠯᠣᠨ᠎ᠠ᠃

✦ᠤᠷᠠᠳ ᠎ᠤᠨ ᠡᠮᠦᠨᠡᠲᠦ ᠬᠣᠰᠢᠭᠤ ᠭᠠᠮᠰᠢᠭ᠍ᠳᠠᠭᠰᠠᠨ ᠤᠯᠠᠨ ᠲᠦᠮᠡᠨ᠎ᠳᠦ ᠵᠤᠷᠢᠭᠤᠯᠤᠨ ᠰᠦᠯᠵᠢᠶᠡᠨ ᠳᠡᠭᠡᠷᠡᠬᠢ ᠪᠠ ᠪᠤᠳᠠᠳᠤ ᠴᠤᠬᠴᠠ ᠵᠢᠨ ᠲᠤᠰᠬᠠᠢ ᠠᠵᠢᠯᠲᠠᠨ ᠡᠯᠰᠡᠬᠦ ᠴᠤᠭᠯᠠᠭᠠᠨ ᠥᠷᠨᠢᠭᠦᠯᠵᠦ᠂ ᠲᠡᠳᠡᠨ᠎ᠢ ᠪᠥᠬᠥ ᠬᠦᠴᠦᠨ᠎ᠢᠶᠠᠷ᠎ᠢᠶᠠᠨ ᠬᠠᠪᠰᠤᠷᠣᠨ ᠠᠮᠢᠳᠤᠷᠠᠯ᠎ᠤᠨ ᠣᠷᠤᠯᠭ᠎ᠠ᠎ᠶᠢ ᠨᠢ ᠲᠣᠭᠲᠠᠪᠤᠷᠢᠵᠢᠭᠤᠯᠵᠤ ᠪᠠᠢᠨ᠎ᠠ᠃ 


640 (1).jpg


✦ᠰᠥᠨᠢᠳ ᠵᠡᠭᠦᠨ ᠬᠣᠰᠢᠭᠤᠨ᠎ᠦ ᠮᠠᠨᠳᠠᠯᠲᠤ ᠤᠯᠠᠭᠠᠨ ᠢᠳᠡᠭᠡᠨ ᠎ᠦ ᠬᠢᠵᠠᠭᠠᠷᠲᠤ ᠺᠣᠮᠫᠠᠨᠢ ᠨᠢ ᠲᠤᠰ ᠬᠣᠰᠢᠭᠤᠨ᠎ᠤ ᠨᠡᠢᠭᠡᠮ᠎ᠤᠨ ᠳᠠᠭᠠᠳᠬᠠᠯ᠎ᠦᠨ ᠰᠠᠭᠤᠷᠢ ᠮᠥᠩᠭᠥ᠎ᠳᠦ 3.43 ᠲᠦᠮᠡᠨ ᠲᠥᠭᠥᠷᠢᠭ᠎ᠦᠨ ᠪᠡᠯᠡ ᠮᠥᠩᠭᠥ ᠬᠠᠩᠭᠠᠵᠤ᠂ ᠬᠢᠯᠢ  ᠬᠢᠵᠠᠭᠠᠷ ᠎ᠦᠨ 5  ᠭᠠᠴᠠᠭᠠᠨ᠎ᠤ  343 ᠮᠠᠯᠵᠢᠬᠤ ᠡᠷᠦᠬᠡ᠎ᠳᠤ ᠨᠡᠢᠭᠡᠮ᠎ᠦᠨ ᠲᠤᠰᠠᠯᠠᠮᠵᠢ ᠦᠵᠡᠭᠦᠯᠵᠡᠢ᠃


ᠠᠵᠤ ᠠᠬᠤᠢ 

✦ᠨᠠᠢ᠍ᠮᠠᠳᠤᠭᠠᠷ ᠬᠤᠭᠤᠴᠠᠭᠠᠨ ᠎ᠤ ᠭᠠᠳᠠᠭᠠᠳᠤ ᠎ᠡᠴᠡ ᠣᠷᠣᠭᠤᠯᠤᠭᠰᠠᠨ ᠪᠠᠷᠠᠭᠠᠨ ᠎ᠤ ᠦᠵᠡᠰᠬᠦᠯᠡᠩ ᠡᠨᠡ ᠵᠢᠯ᠎ᠦᠨ 11 ᠰᠠᠷ᠎ᠠ᠎ᠶᠢᠨ 5᠎ᠤ ᠡᠳᠦᠷ᠎ᠡᠴᠡ 10᠎ᠤ ᠡᠳᠦᠷ ᠪᠣᠯᠲᠠᠯ᠎ᠠ ᠱᠠᠩᠬᠠᠢ᠎ᠳᠤ ᠶᠠᠪᠤᠭᠳᠠᠨ᠎ᠠ᠂ ᠣᠳᠣᠬᠠᠨ᠎ᠳᠤ ᠨᠢᠭᠡᠨᠲᠡ 50 ᠭᠠᠷᠤᠢ ᠤᠯᠤᠰ ᠪᠠ ᠣᠯᠠᠨ ᠤᠯᠤᠰ᠎ᠤᠨ ᠵᠣᠬᠢᠶᠠᠨ ᠪᠠᠢᠭᠤᠯᠤᠯᠲᠠ ᠲᠤᠰ ᠦᠵᠡᠰᠬᠦᠯᠡᠩ᠎ᠳᠤ ᠤᠷᠤᠯᠴᠠᠬᠤ ᠪᠡᠷ ᠳᠤᠬᠳᠠᠪᠠ᠃


45560035ly1i1yefpqwggj21hc0u0zx9.jpg


✦7 ᠰᠠᠷ᠎ᠠ᠎ᠶᠢᠨ 28᠎ᠤ ᠡᠳᠦᠷ᠂ ᠬᠥᠬᠡᠬᠣᠲᠠ ᠎ᠶᠢᠨ 2025 ᠣᠨ᠎ᠤ ᠬᠣᠶᠠᠳᠤᠭᠠᠷ ᠡᠭᠡᠯᠵᠢ᠎ᠶᠢᠨ ᠰᠢᠨ᠎ᠡ ᠮᠠᠰᠢᠨ ᠲᠡᠷᠭᠡ ᠬᠤᠳᠠᠯᠳᠤᠨ ᠠᠪᠬᠤ᠎ᠳᠤ ᠨᠥᠬᠥᠪᠦᠷᠢ ᠣᠯᠭᠣᠬᠤ ᠠᠵᠢᠯᠯᠠᠭ᠎ᠠ ᠡᠬᠢᠯᠡᠪᠡ᠃

 

ᠰᠤᠶᠤᠯ  


✦ᠦᠦᠰᠢᠨ ᠬᠣᠰᠢᠭᠤᠨ ᠎ᠤ ᠳᠥᠷᠪᠡᠳᠦᠭᠡᠷ ᠬᠤᠭᠤᠴᠠᠭᠠᠨ ᠎ᠤ ᠵᠢᠭᠤᠯᠴᠢᠯᠠᠯ᠎ᠤᠨ ᠨᠠᠭᠠᠳᠤᠮ 8 ᠰᠠᠷ᠎ᠠ᠎ᠶᠢᠨ 2 — 4 ᠎ᠦ ᠡᠳᠦᠷ ᠪᠣᠯᠲᠠᠯ᠎ᠠ ᠦᠦᠰᠢᠨ ᠠᠳᠤᠭᠤᠨ᠎ᠤ ᠰᠣᠶᠣᠯ ᠵᠢᠭᠤᠯᠴᠢᠯᠠᠯ᠎ᠤᠨ ᠠᠮᠠᠷᠠᠯᠲᠠ ᠎ᠶᠢᠨ ᠣᠷᠣᠨ᠎ᠳᠤ ᠶᠠᠪᠤᠭᠳᠠᠬᠤ᠎ᠪᠠᠷ ᠪᠠᠢᠨ᠎ᠠ᠃


640 (4).jpg


✦2025 ᠣᠨ ᠎ᠤ ᠣᠷᠳᠣᠰ ᠬᠣᠲᠠ᠎ᠶᠢᠨ ᠮᠠᠯᠴᠢᠨ ᠲᠠᠷᠢᠶᠠᠴᠢᠨ ᠵᠢᠴᠢ ᠨᠡᠢᠭᠡᠮ ᠲᠣᠭᠣᠷᠢᠭ᠋᠎ᠤᠨ ᠣᠯᠠᠨ ᠲᠦᠮᠡᠨ᠎ᠤ ᠨᠠᠢ᠍ᠮᠠᠳᠤᠭᠠᠷ ᠬᠤᠭᠤᠴᠠᠭᠠᠨ ᠎ᠤ ᠤᠷᠠᠨ ᠰᠠᠢᠬᠠᠨ᠎ᠤ ᠲᠣᠭᠯᠠᠯᠲᠠ᠎ᠶᠢᠨ ᠡᠵᠡᠨ ᠬᠣᠷᠣᠭ᠎ᠠ ᠬᠣᠰᠢᠭᠤᠨ ᠎ᠳᠠᠬᠢ  ᠲᠤᠰᠬᠠᠢ  ᠲᠠᠯᠠᠪᠠᠢ  ᠲᠣᠭᠯᠠᠯᠲᠠ  ᠡᠨᠡ ᠤᠷᠤᠢ ᠵᠢᠨ 20᠄ 00 ᠴᠠᠭ᠎ᠲᠤ ᠡᠵᠡᠨ ᠬᠣᠷᠣᠭ᠎ᠠ ᠬᠣᠰᠢᠭᠤᠨ᠎ᠤ ᠵᠦᠴᠦᠭᠡ᠎ᠶᠢᠨ ᠬᠦᠷᠢᠶᠡᠯᠡᠩ᠎ᠳᠦ ᠡᠬᠢᠯᠡᠬᠦ ᠪᠡᠷ ᠪᠤᠢ᠃


ᠲᠠᠮᠢᠷ 

✦7 ᠰᠠᠷ᠎ᠠ᠎ᠶᠢᠨ 27᠎ᠤ ᠡᠳᠦᠷ᠎ᠦᠨ ᠦᠳᠡ᠎ᠶᠢᠨ ᠡᠮᠦᠨ᠎ᠡ᠂ ᠥᠪᠥᠷ ᠮᠣᠩᠭᠣᠯ ᠎ᠤᠨ ᠥᠪᠡᠷᠲᠡᠭᠡᠨ ᠵᠠᠰᠠᠬᠤ ᠣᠷᠣᠨ ᠎ᠤ ᠠᠷᠪᠠᠨ ᠨᠢᠭᠡᠳᠦᠭᠡᠷ ᠬᠤᠭᠤᠴᠠᠭᠠᠨ᠎ᠤ ᠴᠥᠭᠡᠨ ᠲᠣᠭᠠᠲᠤ ᠦᠨᠳᠦᠰᠦᠲᠡᠨ ᠎ᠦ ᠤᠯᠠᠮᠵᠢᠯᠠᠯᠲᠤ ᠪᠡᠶ᠎ᠡ᠎ᠶᠢᠨ ᠲᠠᠮᠢᠷ ᠎ᠤᠨ ᠴᠤᠭᠯᠠᠭᠠᠨ ᠎ᠤ ᠦᠨᠳᠦᠰᠦᠲᠡᠨ᠎ᠤ ᠪᠡᠶ᠎ᠡ ᠴᠢᠭᠢᠷᠠᠭᠵᠢᠭᠤᠯᠬᠤ ᠲᠠᠮᠢᠷ᠎ᠤᠨ ᠤᠷᠤᠯᠳᠤᠭᠠᠨ ᠤᠯᠠᠭᠠᠨᠬᠠᠳᠠ ᠬᠤᠲᠠ᠎ᠶᠢᠨ ᠪᠡᠶ᠎ᠡ᠎ᠶᠢᠨ ᠲᠠᠮᠢᠷ ᠎ᠤᠨ ᠲᠥᠪ ᠎ᠲᠦ ᠡᠬᠢᠯᠡᠵᠦ ᠪᠦᠬᠦ ᠣᠷᠣᠨ ᠎ᠤ 9 ᠠᠢᠮᠠᠭ ᠬᠣᠲᠠ᠎ᠶᠢᠨ ᠲᠥᠯᠥᠭᠡᠯᠡᠭᠴᠢ ᠵᠢᠨ ᠪᠦᠯᠬᠦᠮ ᠤᠷᠤᠯᠳᠤᠭᠠᠨ᠎ᠳᠤ ᠣᠷᠣᠯᠴᠠᠪᠠ᠃ ᠬᠤᠷᠴᠠ ᠰᠢᠷᠦᠭᠦᠨ ᠥᠷᠢᠰᠦᠯᠳᠦᠭᠡᠨ᠎ᠢᠶᠡᠷ ᠳᠠᠮᠵᠢᠵᠤ᠂ ᠤᠯᠠᠭᠠᠠᠬᠠᠳᠠ ᠬᠤᠲᠠ᠎ᠶᠢᠨ ᠲᠥᠯᠥᠭᠡᠯᠡᠭᠴᠢ ᠵᠢᠨ ᠪᠦᠯᠬᠦᠮ ᠦᠨᠳᠦᠰᠦᠲᠡᠨ᠎ᠦ ᠪᠡᠶ᠎ᠡ ᠴᠢᠭᠢᠷᠠᠭᠵᠢᠭᠤᠯᠬᠤ ᠲᠠᠮᠢᠷ ᠎ᠤᠨ ᠤᠷᠤᠯᠳᠤᠭᠠᠨ᠎ᠳᠤ ᠭᠤᠷᠪᠠᠨ ᠨᠢᠭᠡᠳᠦᠭᠡᠷ ᠳᠡᠰ᠎ᠤᠨ ᠱᠠᠩᠨᠠᠯ ᠬᠦᠷᠲᠡᠵᠦ᠂ ᠰᠢᠯᠢᠳᠡᠭ ᠬᠢᠷᠢ ᠪᠦᠲᠦᠮᠵᠢ ᠣᠯᠣᠭᠰᠠᠨ ᠪᠠᠢᠨ᠎ᠠ᠃

 

ᠲᠡᠯᠡᠬᠡᠢ 

✦ᠰᠢᠨᠬᠤᠸᠠ ᠬᠣᠷᠢᠶ᠎ᠠ ᠎ᠶᠢᠨ ᠮᠡᠳᠡᠭᠡ᠎ᠶᠢ ᠦᠨᠳᠦᠰᠦᠯᠡᠪᠡᠯ᠂ ᠢᠰᠷᠧᠯ᠎ᠦᠨ ᠴᠡᠷᠢᠭ ᠡᠳᠦᠷ ᠪᠣᠯᠭᠠᠨ᠎ᠤ 10 ᠴᠠᠭ᠎ᠠᠴᠠ 20 ᠴᠠᠭ ᠪᠣᠯᠲᠠᠯ᠎ᠠ ᠭᠠᠽᠠ᠎ᠶᠢᠨ ᠲᠣᠭᠲᠠᠭᠰᠠᠨ ᠣᠷᠣᠨ᠎ᠳᠤ ᠴᠡᠷᠢᠭ᠎ᠦᠨ ᠶᠠᠪᠤᠳᠠᠯ᠎ᠤᠨ ᠠᠵᠢᠯᠯᠠᠭ᠎ᠠ ᠪᠡᠨ ᠲᠦᠷ ᠵᠣᠭᠰᠣᠭᠠᠨ᠎ᠠ ᠭᠡᠪᠡ᠃

 

ᠦᠢᠯᠡᠴᠢᠯᠡᠭᠡ 

✦ᠳᠦᠷᠪᠡᠳ ᠬᠤᠰᠢᠭᠤ ᠨᠡᠢᠭᠡᠮ ᠲᠤᠭᠤᠷᠢᠭ᠎ᠤᠨ ᠠᠵᠢᠯᠳᠠᠨ ᠡᠯᠰᠡᠵᠤ ᠪᠤᠢ᠃ 

 

ᠲᠠ ᠎ᠤ ᠲᠤᠰᠡ ᠳ᠋ᠤ 

✦ᠣᠷᠣᠢ ᠤᠨᠲᠠᠬᠤ ᠎ᠠᠴᠠ ᠎ᠪᠠᠨ ᠡᠮᠦᠨ᠎ᠡ ᠬᠡᠲᠦᠷᠡᠲᠡᠯ᠎ᠡ ᠢᠳᠡᠵᠦ ᠪᠣᠯᠬᠤ ᠦᠭᠡᠢ ᠭᠡᠳᠡᠭ ᠨᠢ ᠦᠨᠡᠨ᠎ᠤᠤ?


ᠣᠷᠣᠢ ᠤᠨᠲᠠᠬᠤ᠎ᠠᠴᠠ᠎ᠪᠠᠨ ᠡᠮᠦᠨ᠎ᠡ ᠬᠡᠳᠦ ᠴᠠᠳᠲᠠᠯ᠎ᠠ ᠢᠳᠡᠵᠦ ᠪᠣᠯᠬᠤ ᠦᠭᠡᠢ᠃ ᠬᠠᠮᠢᠶ᠎ᠠ ᠪᠦᠬᠦᠢ ᠰᠤᠳᠤᠯᠭᠠᠨ᠎ᠠᠴᠠ ᠦᠵᠡᠪᠡᠯ᠂ ᠣᠷᠣᠢ ᠤᠨᠲᠠᠬᠤ ᠦᠶ᠎ᠡ᠎ᠳᠦ ᠬᠣᠳᠣᠭᠣᠳᠤ ᠭᠡᠳᠡᠰᠦᠨ ᠎ᠤ ᠭᠦᠷᠪᠡᠯᠵᠡᠬᠦ ᠨᠢ ᠤᠳᠠᠭᠠᠨ ᠪᠣᠯᠵᠤ᠂ ᠰᠢᠩᠭᠡᠭᠡᠬᠦ ᠴᠢᠳᠠᠪᠤᠷᠢ ᠶᠡᠬᠡᠪᠡᠷ ᠳᠣᠷᠣᠭᠰᠢᠯᠠᠳᠠᠭ᠂ ᠤᠨᠲᠠᠬᠤ᠎ᠠᠴᠠ᠎ᠪᠠᠨ ᠡᠮᠦᠨ᠎ᠡ ᠬᠡᠲᠦᠷᠡᠲᠡᠯ᠎ᠡ ᠢᠳᠡᠪᠡᠯ ᠢᠳᠡᠭᠡᠨ ᠎ᠢ ᠭᠦᠢᠴᠡᠳ ᠰᠢᠩᠭᠡᠭᠡᠵᠦ ᠳᠡᠢᠯᠬᠦ ᠦᠭᠡᠢ ᠪᠠᠢᠵᠤ᠂ ᠠᠮᠠᠷᠬᠠᠨ ᠭᠡᠳᠡᠰᠦ ᠬᠥᠭᠡᠭᠡᠬᠦ᠂ ᠰᠢᠩᠭᠡᠭᠡᠯᠲᠡ ᠮᠠᠭᠤᠳᠠᠬᠤ᠂ ᠴᠢᠨᠠᠭᠰᠢᠯᠠᠪᠠᠯ ᠤᠨᠲᠠᠯᠭ᠎ᠠ᠎ᠶᠢᠨ ᠴᠢᠨᠠᠷ᠎ᠢ ᠴᠤ᠌ ᠨᠥᠯᠥᠭᠡᠯᠡᠵᠦ᠂ ᠵᠡᠭᠦᠳᠦ ᠣᠯᠠᠨ ᠪᠣᠯᠵᠤ ᠠᠮᠠᠷᠬᠠᠨ ᠰᠡᠷᠡᠨ᠎ᠠ᠃

ᠡᠭᠦᠨ᠎ᠡᠴᠡ ᠭᠠᠳᠠᠨ᠎ᠠ᠂ ᠣᠷᠣᠢ ᠤᠨᠲᠠᠬᠤ ᠦᠶ᠎ᠡ᠎ᠳᠦ ᠪᠡᠶ᠎ᠡ᠎ᠶᠢᠨ ᠰᠣᠯᠢᠯᠴᠠᠭ᠎ᠠ ᠤᠳᠠᠭᠠᠰᠢᠷᠠᠵᠤ᠂ ᠬᠡᠲᠦᠷᠡᠲᠡᠯ᠎ᠡ ᠢᠳᠡᠪᠡᠯ ᠪᠠᠰᠠ ᠥᠭᠡᠬᠦ ᠬᠠᠳᠠᠭᠠᠯᠠᠭᠳᠠᠵᠤ ᠠᠮᠠᠷᠬᠠᠨ ᠮᠠᠷᠢᠶᠠᠯᠠᠳᠠᠭ᠃ ᠡᠢᠮᠦ᠎ᠡᠴᠡ ᠣᠷᠣᠢ᠎ᠶᠢᠨ ᠬᠣᠭᠣᠯᠠ᠎ᠳᠠᠭᠠᠨ ᠰᠢᠩᠭᠡᠨ ᠪᠤᠳᠠᠭ᠎ᠠ᠂ ᠵᠢᠩᠨᠡᠭᠰᠡᠨ ᠵᠢᠭᠠᠰᠤ ᠵᠡᠷᠭᠡ ᠰᠢᠩᠭᠡᠭᠡᠬᠦ᠎ᠳᠦ ᠬᠢᠯᠪᠠᠷ ᠢᠳᠡᠭᠡᠨ᠎ᠢ ᠢᠳᠡᠪᠡᠯ ᠵᠣᠬᠢᠨ᠎ᠠ᠃

ᠵᠠᠯᠭᠠᠭᠠᠳ《ᠬᠠᠨᠢ᠎ᠳᠠᠭᠠᠨ ᠳᠠᠭᠤᠯᠠᠬᠤ ᠳᠠᠭᠤᠤ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ᠎ᠳᠦ ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ ᠪᠢᠳᠡᠨ᠎ᠳᠤ ᠤᠷᠮ᠎ᠠ ᠬᠠᠢᠷᠠᠯᠠᠭᠠᠷᠠᠢ! ᠲᠠ ᠪᠦᠬᠦᠨ ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ  ᠪᠠᠶᠠᠷᠯᠠᠯ᠎ᠠ᠂  ᠪᠠᠶᠠᠷᠳᠠᠢ!

ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ


ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号