7 ᠰᠠᠷ᠎ᠠ᠎ᠶ᠋ᠢᠨ 27᠎ᠦ ᠡᠳᠦᠷ
ᠡᠬᠢᠯᠡᠬᠦ᠌ ᠴᠠᠭ᠄
2025-07-27 11:28:16
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄
  
ᠤᠩᠰᠢᠭᠰᠠᠨ ᠤᠳᠠᠭ᠎ᠠ᠄


01 封面.jpg


语言播报 日期_01.jpg


最新 天气预报模板_01.jpg


天气模板 各盟市_01.jpg


ᠨᠡᠢᠭᠡᠮ

✦ 7 ᠰᠠᠷ᠎ᠠ᠎ᠵᠢᠨ 25᠎ᠤ ᠡᠳᠦᠷ᠂ ᠲᠥᠷᠥ᠎ᠶᠢᠨ ᠶᠠᠪᠤᠳᠠᠯ᠎ᠤᠨ ᠬᠣᠷᠢᠶ᠎ᠠ ᠪᠠᠢᠩᠭᠤ᠎ᠶᠢᠨ ᠬᠤᠷᠠᠯ ᠬᠤᠷᠠᠯᠳᠤᠭᠤᠯᠵᠤ᠂ ᠰᠦᠢᠳᠬᠡᠯ ᠥᠯᠥ ᠬᠤᠷᠢᠶᠠᠬᠤ ᠰᠤᠷᠭᠠᠭᠤᠯᠢ᠎ᠵᠢᠨ ᠨᠠᠰᠤᠨ᠎ᠡᠴᠡ ᠡᠮᠦᠨᠡᠬᠢ ᠰᠤᠷᠭᠠᠨ ᠬᠥᠮᠦᠵᠢᠯ᠎ᠦᠨ ᠬᠣᠯᠪᠣᠭᠳᠠᠯ ᠪᠦᠬᠦᠢ ᠠᠷᠭ᠎ᠠ ᠬᠡᠮᠵᠢᠶ᠎ᠡ᠎ᠶᠢ ᠠᠯᠬᠤᠮ ᠠᠯᠬᠤᠮ᠎ᠢᠶᠠᠷ ᠬᠡᠷᠡᠭᠵᠢᠭᠦᠯᠬᠦ ᠲᠤᠬᠠᠢ ᠪᠠᠢᠷᠢᠯᠠᠭᠤᠯᠪᠠ᠃ ᠬᠤᠷᠠᠯ ᠳᠡᠭᠡᠷ᠎ᠡ ᠰᠦᠢᠳᠬᠡᠯ ᠥᠯᠥ ᠬᠤᠷᠢᠶᠠᠬᠤ ᠰᠤᠷᠭᠠᠭᠤᠯᠢ᠎ᠵᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠢ ᠠᠯᠬᠤᠮ ᠠᠯᠬᠤᠮ᠎ᠢᠶᠠᠷ ᠬᠡᠷᠡᠭᠵᠢᠭᠦᠯᠬᠦ ᠪᠣᠯ ᠲᠦᠭ ᠲᠦᠮᠡᠨ ᠠᠢᠯ ᠡᠷᠦᠬᠡ᠎ᠳᠦ ᠬᠣᠯᠪᠣᠭᠳᠠᠬᠤ᠂ ᠠᠯᠤᠰ ᠬᠡᠳᠦ᠎ᠶᠢᠨ ᠬᠥᠭᠵᠢᠯᠲᠡ᠎ᠳᠦ ᠬᠣᠯᠪᠣᠭᠳᠠᠬᠤ ᠠᠷᠠᠳ᠎ᠲᠤ ᠠᠰᠢᠭ᠋ ᠬᠦᠷᠲᠡᠭᠡᠬᠦ ᠴᠢᠬᠤᠯᠠ ᠠᠷᠭ᠎ᠠ ᠬᠡᠮᠵᠢᠶ᠎ᠡ ᠮᠥᠨ ᠭᠡᠪᠡ᠃

✦ ᠣᠢᠷ᠎ᠠ᠎ᠳᠤ ᠤᠯᠤᠰ᠎ᠤᠨ ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ ᠵᠥᠪᠯᠡᠯ ᠡᠳ᠋᠎ᠦᠨ ᠵᠠᠰᠠᠭ᠎ᠤᠨ ᠶᠠᠮᠤᠨ᠎ᠲᠠᠢ ᠬᠠᠮᠲᠤᠷᠠᠨ᠂ ᠣᠷᠣᠨ ᠨᠤᠲᠤᠭ᠎ᠲᠤ ᠡᠨᠡ ᠵᠢᠯ᠎ᠦᠨ ᠭᠤᠷᠪᠠᠳᠤᠭᠠᠷ ᠪᠦᠯᠦᠭ᠎ᠦᠨ 690 ᠳ᠋ᠦᠩᠰᠢᠭᠤᠷ ᠲᠥᠭᠥᠷᠢᠭ᠎ᠦᠨ ᠣᠷᠳᠣ᠌ ᠬᠤᠭᠤᠴᠠᠭᠠᠨ᠎ᠤ ᠤᠯᠤᠰ᠎ᠤᠨ ᠣᠨᠴᠠᠭᠠᠶ ᠵᠢᠭᠡᠯᠡᠯᠭᠡ᠎ᠪᠡᠷ ᠬᠡᠷᠡᠭᠯᠡᠭᠡᠨ᠎ᠦ ᠵᠦᠢᠯᠡᠰ᠎ᠦᠨ ᠬᠠᠭᠤᠴᠢᠨ᠎ᠢᠶᠠᠷ ᠰᠢᠨ᠎ᠡ᠎ᠶᠢ ᠰᠣᠯᠢᠬᠤ᠎ᠶᠢ ᠳᠡᠮᠵᠢᠬᠦ ᠪᠡᠯᠡ ᠮᠥᠩᠭᠥ ᠪᠠᠭᠤᠯᠭᠠᠪᠠ᠃

✦ 7 ᠰᠠᠷ᠎ᠠ᠎ᠵᠢᠨ 24᠎ᠦ ᠡᠳᠦᠷ᠂ ᠮᠠᠨ᠎ᠤ ᠤᠯᠤᠰ᠎ᠤᠨ ᠪᠡᠶ᠎ᠡ᠎ᠪᠡᠨ ᠳᠠᠭᠠᠭᠠᠵᠤ ᠰᠤᠳᠤᠯᠤᠨ ᠦᠢᠯᠡᠳᠦᠭᠰᠡᠨ ᠰᠢᠨ ᠵᠸᠦ 60 ᠨᠡᠷᠡᠮᠵᠢᠲᠦ ᠠᠷᠠᠳ᠎ᠤᠨ ᠬᠡᠷᠡᠭᠯᠡᠭᠡᠨ᠎ᠦ ᠠᠪᠤᠷᠠᠨ ᠲᠤᠰᠠᠯᠠᠬᠤ ᠨᠢᠰᠬᠡᠯ ᠠᠩᠬᠠᠨ᠎ᠤ ᠨᠢᠰᠦᠯᠲᠡ᠎ᠪᠡᠨ ᠤᠷᠤᠭᠰᠢᠲᠠᠢ ᠪᠡᠶᠡᠯᠡᠭᠦᠯᠪᠡ᠃ ᠡᠨᠡ ᠨᠢ ᠡᠨᠡ ᠬᠦ᠌ ᠬᠡᠯᠪᠡᠷᠢ᠎ᠶᠢᠨ ᠨᠢᠰᠬᠡᠯ ᠭᠠᠵᠠᠷ ᠳᠡᠭᠡᠷᠡᠬᠢ ᠲᠤᠷᠰᠢᠯᠲᠠ ᠪᠠ ᠲᠤᠷᠰᠢᠨ ᠨᠢᠰᠬᠦ ᠪᠡᠯᠡᠳᠬᠡᠯ᠎ᠦᠨ ᠱᠠᠲᠤᠨ᠎ᠠᠴᠠ ᠲᠤᠷᠰᠢᠨ ᠨᠢᠰᠬᠦ ᠲᠤᠷᠰᠢᠯᠲᠠ᠎ᠶᠢᠨ ᠱᠠᠲᠤᠨ᠎ᠤ ᠬᠣᠯᠪᠣᠭᠳᠠᠯ ᠪᠦᠬᠦᠢ ᠠᠵᠢᠯ᠎ᠳᠤ ᠵᠢᠩᠬᠢᠨᠢ᠎ᠪᠡᠷ ᠰᠢᠯᠵᠢᠭᠰᠡᠨ ᠪᠥᠭᠡᠳ ᠪᠥᠬᠥ ᠲᠠᠯ᠎ᠠ᠎ᠪᠠᠷ ᠡᠬᠢᠯᠡᠭᠰᠡᠨ᠎ᠢ ᠬᠠᠷᠠᠭᠤᠯᠵᠤ ᠪᠠᠢᠨ᠎ᠠ᠃


1.jpg


✦ 2024 ᠣᠨ᠎ᠤ ᠡᠴᠦᠰ ᠪᠣᠯᠲᠠᠯ᠎ᠠ ᠪᠥᠬᠥ ᠤᠯᠤᠰ᠎ᠲᠤ 107282 ᠲᠦᠮᠡᠨ ᠬᠥᠮᠥᠨ ᠦᠨᠳᠦᠰᠦᠨ ᠨᠠᠰᠤᠵᠢᠯ᠎ᠤᠨ ᠠᠰᠠᠷᠠᠮᠵᠢ᠎ᠶᠢᠨ ᠳᠠᠭᠠᠳᠬᠠᠯ᠎ᠳᠤ ᠣᠷᠣᠯᠴᠠᠵᠤ᠂ ᠲᠦᠷᠦᠭᠦᠦ ᠵᠢᠯ᠎ᠦᠨ ᠡᠴᠦᠰ᠎ᠡᠴᠡ 639 ᠲᠦᠮᠡᠨ ᠬᠥᠮᠥᠨ ᠨᠡᠮᠡᠭᠳᠡᠵᠡᠢ᠃


3.jpg


✦ ᠲᠦᠷᠦᠭᠦᠬᠡᠨ ᠣᠷᠳᠣᠰ ᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠵᠠᠮ ᠬᠠᠷᠢᠯᠴᠠᠭᠠᠨ᠎ᠤ ᠬᠠᠮᠢᠶᠠᠷᠤᠯᠲᠠ᠎ᠶᠢᠨ ᠰᠠᠯᠪᠤᠷᠢ ᠠᠩᠭᠢ 《AI ᠣᠶᠤᠨᠴᠢ ᠬᠢᠨᠠᠨ ᠰᠢᠯᠭᠠᠬᠤ ᠰᠢᠰᠲᠧᠮ》᠎ᠢ ᠡᠬᠢᠯᠡᠨ ᠠᠰᠢᠭᠯᠠᠵᠤ᠂ ᠤᠯᠤᠰ᠎ᠤᠨ ᠳᠣᠲᠣᠭᠠᠳᠤ᠎ᠶᠢᠨ ᠠᠩᠬᠠᠳᠠᠭ᠍ᠴᠢ ᠵᠠᠮ ᠬᠠᠷᠢᠯᠴᠠᠭᠠᠨ᠎ᠤ ᠠᠮᠤᠷ ᠲᠦᠪᠰᠢᠨ᠎ᠦ AI ᠣᠶᠤᠨᠴᠢ ᠰᠤᠷᠭᠠᠨ ᠬᠥᠮᠦᠵᠢᠯ᠎ᠦᠨ ᠰᠠᠭᠤᠷᠢᠨ᠎ᠢ ᠪᠠᠢᠭᠤᠯᠪᠠ᠃


2.jpg


✦ ᠲᠦᠩᠯᠢᠶᠤᠤ ᠬᠤᠲᠠ᠎ᠵᠢᠨ ᠤᠷᠤᠨ ᠰᠠᠭᠤᠴᠠ ᠪᠠ ᠬᠤᠲᠠ ᠬᠥᠳᠡᠭᠡ᠎ᠵᠢᠨ ᠪᠥᠲᠥᠭᠡᠨ ᠪᠠᠢᠭᠤᠯᠤᠯᠲᠠ᠎ᠵᠢᠨ ᠲᠤᠪᠴᠢᠶ᠎ᠠ᠎ᠵᠢᠨ ᠬᠢᠨ 2025 ᠤᠨ᠎ᠳᠦ ᠪᠠᠲᠤᠯᠠᠭ᠎ᠠ᠎ᠵᠢᠨ ᠴᠢᠨᠠᠷᠲᠠᠢ ᠲᠦᠷᠢᠶᠡᠰᠦᠨ ᠤᠷᠤᠨ ᠰᠠᠭᠤᠴᠠ᠎ᠶᠢ 3534 ᠢᠵᠢ ᠪᠥᠲᠥᠭᠡᠨ ᠪᠠᠢᠭᠤᠯᠬᠤ᠎ᠪᠡᠷ ᠲᠥᠯᠥᠪᠯᠡᠵᠦ᠂ 2965 ᠢᠵᠢ᠎ᠶᠢ ᠨᠢ ᠨᠢᠭᠡᠨᠲᠡ ᠠᠵᠢᠯ ᠡᠬᠢᠯᠡᠭᠦᠯᠵᠦ᠂ ᠠᠵᠢᠯ ᠡᠬᠢᠯᠡᠭᠦᠯᠦᠭᠰᠡᠨ ᠨᠤᠷᠮ᠎ᠠ 84%᠎ᠳᠦ ᠬᠦᠷᠴᠡᠢ᠃

✦ ᠤᠢᠷ᠎ᠠ᠎ᠳᠦ ᠪᠠᠷᠠᠭᠤᠨ ᠦᠵᠦᠮᠦᠴᠢᠨ ᠬᠣᠰᠢᠭᠤ᠎ᠠᠴᠠ ᠬᠥᠬᠡᠬᠣᠲᠠ ᠬᠦᠷᠬᠦ WUA2733 ᠣᠢᠷ᠎ᠠ ᠵᠠᠢ᠎ᠵᠢᠨ ᠠᠶᠠᠨᠴᠢᠳ᠎ᠤᠨ ᠨᠢᠰᠬᠡᠯ ᠪᠠᠯᠭᠠᠷ ᠨᠢᠰᠬᠡᠯ᠎ᠦᠨ ᠪᠠᠭᠤᠳᠠᠯ᠎ᠠᠴᠠ ᠨᠢᠰᠪᠡ᠃ ᠡᠨᠡ ᠨᠢ ᠪᠠᠷᠠᠭᠤᠨ ᠦᠵᠦᠮᠦᠴᠢᠨ ᠬᠣᠰᠢᠭᠤᠨ᠎ᠤ ᠨᠢᠰᠬᠡᠯ᠎ᠦᠨ ᠪᠠᠭᠤᠳᠠᠯ ᠵᠢᠩᠬᠢᠨᠢ᠎ᠪᠡᠷ ᠠᠶᠠᠯᠠᠯ ᠨᠡᠪᠲᠡᠷᠡᠭᠰᠡᠨ᠎ᠢ ᠬᠠᠷᠠᠭᠤᠯᠵᠤ᠂ ᠪᠠᠷᠠᠭᠤᠨ ᠦᠵᠦᠮᠦᠴᠢᠨ ᠬᠣᠰᠢᠭᠤ᠎ᠠᠴᠠ ᠬᠥᠬᠡᠬᠣᠲᠠ ᠬᠦᠷᠬᠦ᠎ᠳᠦ 1 ᠴᠠᠭ 50 ᠮᠢᠨᠦ᠋ᠲ ᠵᠠᠷᠤᠴᠠᠭᠤᠯᠤᠨ᠎ᠠ᠃


4.jpg


ᠠᠵᠤ ᠠᠬᠤᠢ

✦ ᠡᠳ᠋᠎ᠦᠨ ᠵᠠᠰᠠᠭ᠎ᠤᠨ ᠶᠠᠮᠤᠨ 25᠎ᠤ ᠡᠳᠦᠷ ᠬᠠᠮᠤᠭ᠎ᠤᠨ ᠰᠢᠨ᠎ᠡ ᠲᠣᠭ᠎ᠠ ᠪᠠᠷᠢᠮᠲᠠ ᠨᠡᠢᠲᠡᠯᠡᠵᠦ᠂ ᠡᠨᠡ ᠵᠢᠯ᠎ᠦᠨ ᠳᠡᠭᠡᠷ᠎ᠡ ᠬᠠᠭᠠᠰ ᠵᠢᠯ᠎ᠳᠦ ᠪᠥᠬᠥ ᠤᠯᠤᠰ᠎ᠤᠨ ᠡᠳ᠋᠎ᠦᠨ ᠵᠠᠰᠠᠭ᠎ᠤᠨ ᠣᠷᠣᠯᠭ᠎ᠠ 11.56 ᠲᠦᠮᠡᠨ ᠳ᠋ᠦᠩᠰᠢᠭᠤᠷ ᠲᠥᠭᠥᠷᠢᠭ᠎ᠲᠦ ᠬᠦᠷᠴᠦ᠂ ᠪᠥᠬᠥ ᠤᠯᠤᠰ᠎ᠤᠨ ᠡᠳ᠋᠎ᠦᠨ ᠵᠠᠰᠠᠭ᠎ᠤᠨ ᠵᠠᠷᠤᠯᠭ᠎ᠠ 14.13 ᠲᠦᠮᠡᠨ ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 3.4% ᠪᠠᠷ ᠨᠡᠮᠡᠭᠳᠡᠪᠡ᠃ ᠨᠡᠢᠭᠡᠮ᠎ᠦᠨ ᠪᠠᠲᠤᠯᠠᠭ᠎ᠠ ᠪᠠ ᠠᠵᠢᠯ ᠣᠯᠭᠣᠯᠲᠠ᠂ ᠰᠤᠷᠭᠠᠨ ᠬᠥᠮᠦᠵᠢᠯ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠵᠡᠷᠭᠡ᠎ᠶᠢᠨ ᠵᠠᠷᠤᠯᠭ᠎ᠠ ᠠᠳᠠᠯᠢ ᠬᠤᠭᠤᠴᠠᠭᠠᠨ᠎ᠤ ᠬᠢ᠎ᠡᠴᠡ ᠴᠥᠮ 5% ᠶ᠋ᠢ ᠳᠠᠪᠠᠪᠠ᠃

✦ ᠥᠪᠥᠷ ᠮᠤᠩᠭᠤᠯ᠎ᠤᠨ ᠭᠤᠴᠢᠨ ᠲᠠᠪᠤᠳᠤᠭᠠᠷ ᠬᠤᠭᠤᠴᠠᠭᠠᠨ᠎ᠤ ᠲᠠᠯ᠎ᠠ ᠨᠤᠲᠤᠭ᠎ᠤᠨ ᠨᠠᠭᠠᠳᠤᠮ ᠡᠬᠢᠯᠡᠭᠰᠡᠨ ᠡᠮᠦᠨᠡᠬᠢ 5 ᠡᠳᠦᠷ᠎ᠲᠦ ᠰᠢᠯᠢ᠎ᠵᠢᠨ ᠭᠤᠤᠯ ᠠᠢᠮᠠᠭ᠎ᠤᠨ ᠵᠢᠭᠤᠯᠴᠢᠯᠠᠯ᠎ᠤᠨ ᠶᠡᠷᠦᠩᠬᠡᠢᠯᠡᠭᠰᠡᠨ ᠤᠷᠤᠯᠭ᠎ᠠ 10 ᠳ᠋ᠦᠩᠰᠢᠭᠤᠷ 8000 ᠲᠥᠮᠡᠨ ᠲᠥᠭᠥᠷᠢᠭ᠎ᠲᠦ ᠬᠦᠷᠴᠡᠢ᠃


ᠰᠣᠶᠣᠯ

✦7 ᠰᠠᠷ᠎ᠠ᠎ᠵᠢᠨ 25᠎ᠤ ᠡᠳᠦᠷ᠂ ᠭᠤᠴᠢᠨ ᠭᠤᠷᠪᠠᠳᠤᠭᠠᠷ ᠬᠤᠭᠤᠴᠠᠭᠠᠨ᠎ᠤ ᠪᠥᠬᠥ ᠤᠯᠤᠰ᠎ᠤᠨ ᠨᠣᠮ ᠪᠢᠴᠢᠭ᠎ᠦᠨ ᠠᠷᠠᠯᠵᠢᠶᠠᠨ᠎ᠤ ᠦᠵᠡᠰᠬᠦᠯᠡᠩ ᠴᠦᠩᠴᠢᠩ᠎ᠳᠦ ᠡᠬᠢᠯᠡᠵᠤ᠂ 7 ᠰᠠᠷ᠎ᠠ᠎ᠵᠢᠨ  28᠎ᠤ ᠡᠳᠦᠷ ᠪᠤᠯᠲᠠᠯ᠎ᠠ ᠶᠠᠪᠤᠭᠳᠠᠨ᠎ᠠ᠃


5.jpg


✦ ᠠᠷᠪᠠᠳᠤᠭᠠᠷ ᠬᠤᠭᠤᠴᠠᠭᠠᠨ᠎ᠤ ᠡᠷᠢᠶᠡᠨ ᠬᠤᠲᠠ᠎ᠵᠢᠨ 《ᠲᠥᠮᠡᠨ ᠭᠠᠵᠠᠷ᠎ᠤᠨ ᠴᠠᠢ᠎ᠵᠢᠨ ᠵᠠᠮ》 ᠰᠤᠶᠤᠯ ᠵᠢᠭᠤᠯᠴᠢᠯᠠᠯ᠎ᠤᠨ ᠨᠠᠢᠷ ᠬᠥᠰᠢᠭᠡ᠎ᠪᠡᠨ ᠰᠡᠬᠦᠵᠤ᠂ 8 ᠰᠠᠷ᠎ᠠ᠎ᠵᠢᠨ 27᠎ᠤ ᠡᠳᠦᠷ ᠪᠤᠯᠲᠠᠯ᠎ᠠ ᠶᠠᠪᠤᠭᠳᠠᠵᠤ᠂ ᠨᠡᠢᠲᠡ 20 ᠲᠠᠯᠠᠪᠠᠢ ᠲᠤᠭᠯᠠᠯᠲᠠ᠎ᠵᠢᠨ ᠠᠵᠢᠯᠯᠠᠭ᠎ᠠ ᠲᠤᠬᠢᠷᠠᠭᠤᠯᠬᠤ᠎ᠪᠡᠷ ᠪᠤᠢ᠃

 

ᠲᠠᠮᠢᠷ

✦ᠠᠷᠪᠠᠨ ᠲᠠᠪᠤᠳᠤᠭᠠᠷ ᠬᠤᠭᠤᠴᠠᠭᠠᠨ᠎ᠤ ᠪᠥᠬᠥ ᠤᠯᠤᠰ᠎ᠤᠨ ᠲᠠᠮᠢᠷ᠎ᠤᠨ ᠴᠤᠭᠯᠠᠭᠠᠨ 11 ᠰᠠᠷ᠎ᠠ᠎ᠶᠢᠨ 9᠎ᠦ ᠡᠳᠦᠷ ᠭᠤᠸᠠᠩᠵᠧᠦ᠎ᠳᠦ ᠡᠬᠢᠯᠡᠵᠦ᠂ 11 ᠰᠠᠷ᠎ᠠ᠎ᠶᠢᠨ 21᠎ᠦ ᠡᠳᠦᠷ ᠱᠧᠨᠵᠧᠨ᠎ᠳᠦ ᠲᠡᠭᠦᠰᠬᠦ ᠪᠤᠯᠤᠨ᠎ᠠ᠃


ᠳᠡᠯᠡᠬᠡᠢ

✦ ᠲᠥᠪ ᠲᠸᠯᠸᠢᠰ᠎ᠤᠨ ᠮᠡᠳᠡᠭᠡ᠎ᠶᠢ ᠦᠨᠳᠦᠰᠦᠯᠡᠪᠡᠯ᠂ ᠲᠤᠬᠠᠢ᠎ᠶᠢᠨ ᠭᠠᠵᠠᠷ᠎ᠤᠨ ᠴᠠᠭ᠎ᠢᠶᠠᠷ 24᠎ᠦ ᠡᠳᠦᠷ᠂ ᠹᠷᠠᠨᠼᠢ᠎ᠶᠢᠨ ᠶᠡᠷᠦᠩᠬᠡᠢᠯᠡᠭᠴᠢ ᠮᠠᠢᠺᠷᠤᠨ ᠢᠯᠡᠷᠬᠡᠢᠯᠡᠬᠦ᠎ᠳᠡᠭᠡᠨ ᠫᠠᠯᠧᠰᠲ᠋ᠠᠢᠨ ᠤᠯᠤᠰ᠎ᠢ ᠹᠷᠠᠨᠼᠢ ᠵᠢᠩᠬᠢᠨᠢ᠎ᠪᠡᠷ ᠮᠡᠳᠡᠷᠡᠵᠤ᠂ ᠡᠨᠡ ᠵᠢᠯ᠎ᠦᠨ 9 ᠰᠠᠷ᠎ᠠ᠎ᠳᠤ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠬᠤᠷᠠᠯ᠎ᠤᠨ ᠬᠤᠭᠤᠴᠠᠭᠠᠨ᠎ᠳᠤ ᠡᠨᠡ ᠬᠦ᠌ ᠲᠣᠭᠲᠠᠭᠠᠯ᠎ᠢ ᠵᠢᠩᠬᠢᠨᠢ᠎ᠪᠡᠷ ᠨᠡᠢᠲᠡᠯᠡᠬᠦ᠎ᠪᠡᠷ ᠲᠥᠯᠥᠪᠯᠡᠵᠦ ᠪᠠᠢᠨ᠎ᠠ ᠭᠡᠪᠡ᠃

✦ ᠰᠢᠨᠬᠤᠸᠠ ᠬᠤᠷᠢᠶ᠎ᠠ᠎ᠵᠢᠨ ᠮᠡᠳᠡᠭᠡ᠎ᠶᠢ ᠦᠨᠳᠦᠰᠦᠯᠡᠪᠡᠯ᠂ ᠫᠦᠲ᠋ᠢᠨ 24᠎ᠦ ᠡᠳᠦᠷ ᠢᠯᠡᠷᠬᠡᠢᠯᠡᠬᠦ᠎ᠳᠡᠭᠡᠨ᠂ ᠣᠷᠣᠰ ᠣᠳᠣᠬᠢᠴᠢᠯᠠᠭᠰᠠᠨ ᠲᠡᠯᠡᠶ᠎ᠶᠢᠨ ᠴᠡᠷᠢᠭ ᠪᠠᠶ᠋ᠢᠭᠤᠯᠬᠤ ᠲᠥᠯᠥᠪᠯᠡᠭᠡ᠎ᠶᠢ ᠪᠥᠬᠥ ᠲᠠᠯ᠎ᠠ᠎ᠪᠠᠷ ᠬᠡᠷᠡᠭᠵᠢᠭᠦᠯᠵᠦ᠂ ᠣᠷᠣᠰ᠎ᠤᠨ ᠪᠥᠬᠥ ᠳᠡᠯᠡᠬᠡᠢ᠎ᠵᠢᠨ ᠲᠡᠯᠡᠶ᠎ᠶᠢᠨ ᠣᠷᠣᠨ᠎ᠳᠠᠬᠢ ᠤᠯᠤᠰ᠎ᠤᠨ ᠠᠰᠢᠭ᠋ ᠲᠤᠰᠠ᠎ᠪᠡᠨ ᠦᠨᠡᠨ ᠬᠦ᠌ ᠪᠠᠲᠤᠯᠠᠨ᠎ᠠ ᠭᠡᠵᠡᠢ᠃


6.jpg


ᠦᠢᠯᠡᠴᠢᠯᠡᠭᠡ

✦ ᠳᠥᠷᠪᠡᠳ ᠬᠣᠰᠢᠭᠤ ᠨᠡᠢᠭᠡᠮ ᠲᠣᠭᠣᠷᠢᠭ᠋᠎ᠤᠨ ᠠᠵᠢᠯᠲᠠᠨ᠎ᠢ ᠢᠯᠡ᠎ᠪᠡᠷ ᠡᠯᠰᠡᠬᠦ᠎ᠪᠡᠷ ᠪᠠᠢᠨ᠎ᠠ᠃

 

ᠲᠠᠨ᠎ᠤ ᠲᠤᠰᠠ᠎ᠳᠤ

✦ ᠨᠣᠢᠷ ᠲᠤᠲᠠᠭᠤ ᠪᠣᠯ ᠴᠢᠰᠤᠨ ᠳᠠᠷᠤᠯᠲᠠ ᠪᠠ ᠵᠢᠷᠦᠬᠡᠨ ᠴᠣᠬᠢᠯᠲᠠ᠎ᠶᠢᠨ ᠳᠤᠮᠳᠠᠴᠢ ᠲᠦᠪᠰᠢᠨ᠎ᠢ ᠳᠡᠭᠡᠭᠰᠢᠯᠡᠭᠦᠯᠵᠦ᠂ ᠵᠢᠷᠦᠬᠡ ᠴᠢᠰᠤᠨ ᠰᠤᠳᠠᠯ᠎ᠤᠨ ᠰᠢᠰᠲᠧᠮ᠎ᠦᠨ ᠳᠠᠷᠤᠯᠲᠠ᠎ᠶᠢ ᠨᠡᠮᠡᠭᠳᠡᠭᠦᠯᠦᠨ᠎ᠡ᠃ ᠵᠣᠨ᠎ᠤ ᠴᠠᠭ ᠠᠯᠢ ᠴᠢᠳᠠᠬᠤ᠎ᠪᠠᠷ ᠣᠷᠣᠢ᠎ᠶᠢᠨ 11 ᠴᠠᠭ᠎ᠠᠴᠠ ᠡᠮᠦᠨ᠎ᠡ ᠤᠨᠲᠠᠵᠤ᠂ ᠰᠥᠨᠢ ᠪᠦᠷᠢ 7 - 8 ᠴᠠᠭ ᠤᠨᠲᠠᠬᠤ᠎ᠶᠢ ᠪᠠᠲᠤᠯᠠᠪᠠᠯ ᠵᠤᠬᠢᠨ᠎ᠠ᠃

ᠵᠠᠯᠭᠠᠭᠠᠳ 《ᠵᠢᠷᠭᠠᠯ ᠴᠠᠯᠭᠢᠭᠰᠠᠨ ᠪᠠᠶᠠᠷ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ  ᠪᠠᠶᠠᠷᠯᠠᠯ᠎ᠠ᠂ ᠪᠠᠶᠠᠷᠳᠠᠢ!

(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号