



ᠨᠡᠢᠭᠡᠮ
·ᠲᠦᠷᠦᠬᠦᠬᠡᠨ ᠦᠪᠡᠷᠲᠡᠭᠡᠨ ᠵᠠᠰᠠᠬᠤ ᠤᠷᠤᠨ ᠡᠴᠡ ᠮᠡᠳᠡᠭᠳᠡᠯ ᠨᠡᠢᠲᠡᠯᠡᠵᠤ᠂ ᠬᠠᠳᠤᠨ ᠭᠤᠤᠯ ᠤᠨ ᠦᠪᠤᠷ
ᠮᠤᠩᠭᠤᠯ᠎ᠤᠨ ᠭᠡᠰᠡᠭ᠎ᠤᠨ ᠪᠠᠷᠢᠮᠵᠢᠶ᠎ᠡ᠎ᠳᠤ ᠬᠦᠷᠦᠭᠰᠡᠨ ᠬᠠᠰᠢᠯᠭ᠎ᠠ ᠳᠠᠯᠠᠩ᠎ᠤᠨ ᠭᠡᠰᠡᠭ ᠪᠠ ᠬᠠᠳᠤᠨ
ᠭᠤᠤᠯ᠎ᠢ ᠴᠡᠭᠴᠡᠯᠡᠨ ᠵᠠᠰᠠᠬᠤ ᠢᠨᠵᠸᠨ᠋ᠸᠷᠢᠩ᠎ᠤᠨ ᠪᠦᠲᠦᠭᠡᠨ ᠪᠠᠢᠭᠤᠯᠤᠯᠳᠠ ᠵᠢᠨ ᠬᠡᠪᠴᠢᠶᠡᠨ᠎ᠳᠤ ᠰᠢᠨ᠎ᠡ
ᠪᠡᠷ ᠪᠠᠢᠭᠤᠯᠬᠤ ᠵᠤᠢᠯᠡᠰ᠎ᠢ ᠨᠡᠮᠡᠭᠳᠡᠬᠦᠯᠬᠦ ᠪᠠ ᠬᠦᠮᠦᠨ ᠠᠮᠠ ᠨᠡᠬᠦᠵᠤ ᠤᠷᠤᠬᠤ ᠵᠢ ᠴᠢᠩᠭ᠎ᠠ
ᠬᠢᠵᠠᠭᠠᠷᠯᠠᠨ᠎ᠠ ᠭᠡᠰᠡᠨ ᠪᠠᠢᠨ᠎ᠠ᠃
·ᠠᠭᠤᠷᠬᠠᠢ ᠵᠢᠨ ᠦᠨᠳᠦᠰᠦᠨ ᠪᠠᠢᠳᠠᠯ᠎ᠢ ᠪᠦᠬᠦ ᠳᠠᠯ᠎ᠠ ᠪᠡᠷ ᠡᠵᠡᠮᠰᠢᠵᠤ᠂ 《ᠠᠷᠪᠠᠨ ᠳᠦᠷᠪᠡᠳᠦᠭᠡᠷ ᠳᠠᠪᠤᠨ ᠵᠢᠯ》᠎ᠤᠨ ᠲᠦᠯᠦᠪᠵᠢᠬᠦᠯᠬᠡ ᠵᠢᠨ ᠬᠤᠭᠤᠴᠠᠭᠠᠨ᠎ᠳᠡᠬᠢ ᠠᠭᠤᠷᠬᠠᠢ ᠵᠢᠨ ᠠᠮᠢ ᠠᠬᠤᠢ ᠵᠢ ᠰᠡᠷᠭᠦᠭᠡᠨ ᠵᠠᠰᠠᠬᠤ
ᠠᠵᠢᠯ᠎ᠢ ᠰᠢᠨᠵᠢᠯᠡᠬᠦ ᠤᠬᠠᠭᠠᠠᠴᠢ ᠪᠡᠷ ᠲᠦᠯᠦᠪᠯᠡᠨ ᠬᠡᠷᠡᠭᠵᠢᠬᠦᠯᠬᠦ ᠵᠢᠨ ᠳᠤᠰᠠᠳᠠ᠂ ᠦᠪᠡᠷᠲᠡᠭᠡᠨ
ᠵᠠᠰᠠᠬᠤ ᠤᠷᠤᠨ᠎ᠤ ᠪᠠᠢᠭᠠᠯᠢ ᠵᠢᠨ ᠡᠬᠢ ᠪᠠᠶᠠᠯᠢᠭ᠎ᠤᠨ ᠰᠠᠯᠠᠭ᠎ᠠ ᠮᠦᠴᠢᠷ ᠡᠴᠡ ᠠᠭᠤᠷᠬᠠᠢ ᠵᠢᠨ ᠵᠢᠷᠤᠭ᠎ᠢ
ᠬᠠᠷᠭᠤᠭᠤᠯᠤᠨ ᠪᠠᠢᠴᠠᠭᠠᠬᠤ ᠠᠵᠢᠯ᠎ᠢ 9 ᠰᠠᠷ᠎ᠠ ᠵᠢᠨ
ᠬᠤᠭᠤᠴᠠᠭ᠎ᠠ ᠲᠠᠢ ᠦᠷᠨᠢᠬᠦᠯᠵᠤ᠂ ᠤᠢᠷ᠎ᠠ᠎ᠳᠤ ᠳᠤᠰ ᠠᠵᠢᠯ᠎ᠢ ᠠᠮᠵᠢᠯᠳᠠ ᠲᠠᠢ ᠪᠡᠶᠡᠯᠡᠬᠦᠯᠦᠭᠰᠡᠨ ᠪᠠᠢᠨ᠎ᠠ᠃

·ᠪᠠᠶᠠᠠᠨᠠᠭᠤᠷ ᠬᠤᠳᠠ ᠵᠢᠨ 2022 ᠤᠨ᠎ᠤ 《8·1》᠎ᠢ ᠪᠡᠯᠭᠡᠯᠡᠬᠦ ᠵᠢᠴᠢ 《ᠴᠡᠷᠢᠭ᠎ᠤᠨ ᠰᠠᠢᠨ ᠭᠡᠷᠬᠡᠢ》 ᠂ 《ᠬᠠᠮᠤᠭ᠎ᠤᠨ ᠭᠤᠶᠤ ᠴᠡᠷᠢᠭ᠎ᠤᠨ ᠡᠵᠢ》 ᠂ 《ᠴᠡᠷᠢᠭ ᠵᠢᠡᠨ
ᠬᠦᠷᠢᠶᠡᠯᠡᠭᠰᠡᠨ ᠡᠮᠡᠭᠳᠡᠢ ᠵᠢᠱ᠌ᠢᠶᠡᠴᠢ》 ᠵᠢ ᠨᠡᠢᠲᠡᠯᠡᠬᠦ ᠶᠤᠰᠤᠯᠠᠯ
ᠤᠷᠴᠢᠮᠬᠠᠨ ᠪᠠᠶᠠᠠᠨᠠᠭᠤᠷ ᠬᠤᠳᠠ ᠵᠢᠨ ᠴᠡᠷᠢᠭ᠎ᠤᠨ ᠬᠤᠪᠢᠶᠠᠷᠢ ᠲᠤᠭᠤᠷᠢᠭ᠎ᠲᠦ ᠶᠠᠪᠤᠬᠳᠠᠪᠠ᠃
·ᠤᠢᠷ᠎ᠠ᠎ᠳᠤ ᠠᠷᠤ ᠬᠤᠷᠴᠢᠨ ᠬᠤᠰᠢᠭᠤ ᠰᠢᠯᠢᠳᠡᠭ ᠦᠨᠳᠤᠷ ᠤᠨᠠᠯᠳᠠᠳᠤ ᠠᠮᠤ ᠪᠤᠳᠠᠭᠠᠨ᠎ᠤ ᠤᠨᠠᠯᠳᠠ ᠵᠢ
ᠨᠡᠮᠡᠭᠳᠡᠬᠦᠯᠬᠦ ᠵᠢᠱ᠌ᠢᠶ᠎ᠡ ᠦᠵᠡᠬᠦᠯᠬᠦ ᠠᠵᠢᠯᠯᠠᠭ᠎ᠠ ᠵᠢᠴᠢ 《ᠲᠠᠷᠢᠶᠠᠨ ᠦᠷ᠎ᠡ ᠰᠤᠩᠭᠤᠬᠤ》 ᠳᠠᠪᠴᠠᠩ᠎ᠤᠨ ᠮᠡᠳᠡᠭᠡ
ᠵᠠᠩᠬᠢ ᠵᠢᠨ ᠳᠤᠬᠠᠢ ᠵᠢᠨ ᠳᠠᠯᠠᠪᠠᠢ ᠵᠢᠨ ᠦᠵᠡᠬᠦᠯᠭᠡ ᠵᠢᠨ ᠬᠤᠷᠠᠯ ᠡᠷᠬᠢᠯᠡᠪᠡ᠃

·ᠡᠵᠡᠨ᠎ᠡ ᠬᠤᠰᠢᠭᠤᠨ᠎ᠤ ᠵᠠᠰᠠᠭ᠎ᠤᠨ ᠶᠠᠪᠤᠳᠠᠯ᠎ᠤᠨ ᠤᠢᠯᠡᠴᠢᠯᠡᠭᠡᠨ᠎ᠤ ᠲᠦᠪ ᠤᠢᠷ᠎ᠠ ᠵᠢᠨ ᠡᠳᠤᠷ ᠡᠴᠡ
ᠡᠬᠢᠯᠡᠨ 《ᠠᠵᠢᠯ᠎ᠤᠨ ᠡᠳᠤᠷ᠎ᠤᠨ ᠠᠵᠢᠯᠯᠠᠬᠤ ᠴᠠᠭ ᠵᠢᠡᠨ
ᠤᠷᠳᠤᠳᠬᠠᠨ ᠤᠢᠯᠡᠴᠢᠯᠡᠭᠡ ᠬᠢᠬᠦ》 ᠂ 《ᠭᠠᠷᠠᠭ᠎ᠤᠨ ᠡᠳᠤᠷ ᠤᠷᠢᠳᠴᠢᠯᠡᠨ ᠪᠤᠯᠵᠤᠵᠤ ᠤᠢᠯᠡᠴᠢᠯᠡᠭᠡ ᠬᠢᠬᠦ》 ᠪᠡᠷ ᠳᠠᠮᠵᠢᠨ ᠠᠵᠤ ᠠᠬᠤᠢᠯᠠᠯ ᠪᠠ ᠠᠷᠠᠳ ᠤᠯᠠᠨ᠎ᠳᠤ ᠮᠠᠰᠢ ᠶᠡᠬᠡ ᠳᠦᠬᠦᠮ
ᠦᠵᠡᠬᠦᠯᠵᠤ ᠪᠠᠢᠨ᠎ᠠ᠃
·ᠪᠠᠷᠠᠭᠤᠨ ᠦᠵᠦᠮᠦᠴᠢᠨ ᠬᠤᠰᠢᠭᠤᠨ᠎ᠤ ᠭᠤᠷᠤᠬᠠᠨ ᠪᠠᠯᠭᠠᠰᠤᠨ᠎ᠤ ᠪᠠᠶᠠᠠᠳᠠᠯ᠎ᠠ ᠭᠠᠴᠠᠭᠠᠨ᠎ᠤ ᠮᠠᠯᠴᠢᠨ ᠵᠠᠯᠠᠭᠤ ᠠᠯᠲᠠᠠᠰᠦ᠋ᠬᠡ ᠨᠤᠲᠤᠭ᠎ᠤᠨ ᠵᠢᠡᠨ 6 ᠮᠠᠯᠴᠢᠨ ᠲᠠᠢ ᠬᠠᠮᠳᠤᠷᠠᠨ 2018 ᠤᠨ᠎ᠳᠤ ᠮᠠᠯ᠎ᠤᠨ ᠰᠤᠯᠢᠯᠴᠠᠭᠠᠨ᠎ᠤ ᠵᠠᠬ᠎ᠠ ᠡᠷᠬᠢᠯᠡᠭᠡᠳ ᠠᠩᠬᠠᠨ᠎ᠤ ᠵᠢᠯ᠎ᠳᠡᠭᠡᠨ 4000 ᠭᠠᠷᠤᠢ ᠮᠠᠯ ᠠᠷᠠᠯᠵᠢᠶᠠᠯᠠᠵᠤ ᠪᠠᠢᠬᠰᠠᠨ ᠵᠢᠡᠨ ᠨᠢᠳᠤᠨᠤᠨ ᠪᠤᠯᠬᠤ᠎ᠳᠤ 1.2 ᠲᠦᠮᠡ ᠭᠠᠷᠤᠢ ᠮᠠᠯ
ᠠᠷᠠᠯᠵᠢᠶᠠᠯᠠᠵᠤ᠂ ᠳ᠋ᠦᠩᠰᠢᠭᠤᠷ ᠲᠦᠭᠦᠷᠢᠭ᠎ᠤᠨ ᠠᠷᠠᠯᠵᠢᠶᠡᠨ᠎ᠤ ᠦᠷᠳᠡᠭ ᠡᠭᠦᠳᠴᠠᠢ᠃

·ᠤᠢᠷ᠎ᠠ᠎ᠳᠤ ᠤᠷᠠᠳ᠎ᠤᠨ ᠬᠤᠢᠳᠤ ᠬᠤᠰᠢᠭᠤᠨ᠎ᠤ ᠳᠤᠳᠤᠭᠠᠳᠤ ᠵᠢ ᠬᠠᠮᠠᠭᠠᠯᠠᠬᠤ ᠳᠤᠪᠴᠢᠶ᠎ᠠ ᠵᠢᠨ
ᠴᠠᠬᠳᠠᠭ᠎ᠠ ᠨᠠᠷ ᠰᠦᠯᠵᠢᠶᠡᠨ ᠮᠡᠬᠡᠯᠡᠯ᠎ᠤᠨ ᠬᠡᠷᠡᠭ᠎ᠢ ᠳᠠᠩᠨᠠᠨ ᠰᠢᠢᠳᠪᠤᠷᠢᠯᠡᠬᠦ ᠳᠤᠮᠳᠠ ᠮᠡᠬᠡᠯᠡᠭᠳᠡᠭᠴᠢ
ᠵᠢᠨ 14 ᠲᠦᠮᠡ ᠭᠠᠷᠤᠢ ᠲᠦᠭᠦᠷᠢᠭ᠎ᠤᠨ ᠠᠵᠤ ᠠᠬᠤᠢ ᠵᠢᠨ
ᠬᠤᠬᠢᠷᠠᠯ᠎ᠢ ᠠᠮᠵᠢᠯᠳᠠ ᠲᠠᠢ ᠪᠡᠷ ᠡᠭᠡᠬᠦᠯᠦᠨ ᠪᠤᠴᠠᠭᠠᠪᠠ᠃
·ᠤᠯᠤᠰ᠎ᠤᠨ ᠲᠡᠮᠤᠷ ᠵᠠᠮ᠎ᠤᠨ ᠪᠦᠯᠦᠭᠯᠡᠯ᠎ᠤᠨ ᠮᠡᠳᠡᠭᠡ ᠵᠢ ᠦᠨᠳᠦᠰᠦᠯᠡᠪᠡᠯ᠂ ᠵᠤᠨ᠎ᠤ ᠠᠮᠠᠷᠠᠯᠳᠠ ᠵᠢᠨ
ᠵᠦᠭᠡᠭᠡᠪᠤᠷᠢ ᠡᠴᠡ ᠨᠠᠭᠠᠰᠢ 7 ᠰᠠᠷ᠎ᠠ ᠵᠢᠨ 28᠎ᠤ ᠡᠳᠤᠷ ᠪᠤᠯᠳᠠᠯ᠎ᠠ ᠪᠦᠬᠦ ᠤᠯᠤᠰ᠎ᠤᠨ ᠳᠡᠮᠤᠷ ᠵᠠᠮ ᠨᠡᠢᠳᠡ 2.01ᠳ᠋ᠦᠩᠰᠢᠭᠤᠷ ᠬᠦᠮᠦᠨ
ᠤᠳᠠᠭ᠎ᠠ ᠠᠶᠠᠨᠴᠢᠳ᠎ᠢ ᠬᠦᠷᠭᠡᠵᠤ᠂ 3.69ᠳ᠋ᠦᠩᠰᠢᠭᠤᠷ ᠲᠤᠨ ᠪᠠᠷᠠᠭ᠎ᠠ ᠬᠦᠷᠭᠡᠪᠡ᠃
·ᠳᠤᠮᠳᠠᠳᠤ ᠤᠯᠤᠰ᠎ᠤᠨ ᠤᠯᠤᠰ᠎ᠤᠨ ᠬᠡᠪᠯᠡᠯ᠎ᠤᠨ ᠤᠷᠳᠤᠨ᠎ᠤ ᠨᠡᠭᠡᠭᠡᠯᠳᠡ ᠵᠢᠴᠢ
ᠦᠵᠡᠰᠬᠦᠯᠡᠩ᠎ᠤᠨ ᠡᠬᠢᠯᠡᠯᠳᠡ ᠵᠢᠨ ᠶᠤᠰᠤᠯᠠᠯ 7 ᠰᠠᠷ᠎ᠠ ᠵᠢᠨ 30᠎ᠤ ᠦᠳᠡ ᠵᠢᠨ ᠡᠮᠦᠨ᠎ᠡ
ᠳᠤᠮᠳᠠᠳᠤ ᠤᠯᠤᠰ᠎ᠤᠨ ᠤᠯᠤᠰ᠎ᠤᠨ ᠬᠡᠪᠯᠡᠯ᠎ᠤᠨ ᠤᠷᠳᠤᠨ᠎ᠤ ᠲᠦᠪ᠎ᠤᠨ ᠶᠡᠷᠤᠩᠬᠡᠢ ᠤᠷᠳᠤᠨ᠎ᠳᠤ ᠶᠠᠪᠤᠬᠳᠠᠪᠠ᠃
ᠰᠤᠶᠤᠯ
·8 ᠰᠠᠷ᠎ᠠ ᠵᠢᠨ 1᠎ᠤ ᠡᠳᠤᠷ᠂ ᠪᠡᠭᠡᠵᠢᠩ᠎ᠤᠨ
ᠳᠠᠭᠤᠤ ᠬᠦᠭᠵᠢᠮ᠎ᠤᠨ ᠨᠡᠢᠭᠡᠮᠯᠢᠭ᠎ᠤᠨ ᠨᠠᠢᠷᠠᠯ ᠳᠠᠭᠤᠤ ᠵᠢᠨ ᠪᠦᠯᠬᠦᠮ᠂ ᠦᠪᠤᠷ ᠮᠤᠩᠭᠤᠯ᠎ᠤᠨ ᠤᠷᠠᠯᠢᠭ
ᠵᠦᠴᠦᠭᠡ ᠵᠢᠨ ᠬᠦᠷᠢᠶᠡᠯᠡᠩ᠎ᠤᠨ ᠨᠠᠢᠷᠠᠯ ᠬᠦᠭᠵᠢᠮ᠎ᠤᠨ ᠪᠦᠯᠬᠦᠮ ᠡᠴᠡ ᠳᠤᠮᠤ ᠬᠡᠯᠪᠡᠷᠢ ᠵᠢᠨ ᠨᠠᠢᠷᠠᠯ
ᠳᠠᠭᠤᠤ ᠵᠢᠨ ᠳᠤᠤᠯᠢ《ᠵᠠᠮᠴᠢᠯᠠᠬᠴᠢ·ᠵᠠᠭᠤᠨ ᠵᠢᠯ᠎ᠤᠨ ᠭᠡᠷᠡᠯ
ᠰᠠᠴᠤᠷᠠᠩᠭᠤᠢ ᠠᠮᠵᠢᠯᠳᠠ》 ᠵᠢ ᠦᠪᠤᠷ
ᠮᠤᠩᠭᠤᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠳᠠᠭᠤᠤ ᠬᠦᠭᠵᠢᠮ᠎ᠤᠨ ᠳᠢᠩᠬᠢᠮ᠎ᠳᠤ ᠳᠤᠬᠯᠠᠨᠠ᠃

·ᠦᠪᠤᠷ ᠮᠤᠩᠭᠤᠯ᠎ᠤᠨ ᠪᠦᠵᠢᠭᠴᠢᠳ᠎ᠤᠨ ᠨᠡᠢᠭᠡᠮᠯᠢᠭ ᠡᠴᠡ ᠰᠤᠩᠭᠤᠨ ᠳᠡᠪᠰᠢᠬᠦᠯᠵᠤ᠂ ᠬᠦᠬᠡᠬᠤᠳᠠ ᠵᠢᠨ
ᠳᠠᠭᠤᠤ ᠵᠦᠴᠦᠭᠡ ᠪᠦᠵᠢᠭ᠎ᠤᠨ ᠬᠦᠷᠢᠶᠡᠯᠡᠩ᠎ᠤᠨ ᠵᠤᠬᠢᠶᠠᠨ ᠪᠦᠲᠦᠭᠡᠭᠰᠡᠨ《ᠤᠯᠠᠭᠠᠠᠬᠠᠳᠠ ᠵᠢᠨ ᠬᠠᠰ ᠯᠤᠤ ᠵᠢᠨ ᠳᠠᠭᠤᠯᠠᠯ》 ᠨᠢ ᠤᠢᠷ᠎ᠠ᠎ᠳᠤ ᠠᠷᠪᠠᠨ ᠭᠤᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ
ᠪᠦᠵᠢᠭ᠎ᠤᠨ 《ᠯᠢᠩᠬᠤ᠎ᠠ ᠱᠠᠩᠨᠠᠯ》᠎ᠤᠨ ᠰᠤᠩᠭᠤᠳᠠᠭ ᠪᠦᠵᠢᠭ᠎ᠤᠨ ᠡᠴᠤᠰ᠎ᠤᠨ ᠰᠢᠯᠭᠠᠷᠠᠭᠤᠯᠤᠯᠳᠠ᠎ᠳᠤ ᠤᠷᠤᠪᠠ᠃
ᠡᠨᠡ ᠨᠢ ᠮᠠᠨ᠎ᠤ ᠤᠷᠤᠨ᠎ᠤ ᠪᠦᠵᠢᠭ᠎ᠤᠨ ᠪᠦᠲᠦᠭᠡᠯ ᠠᠩᠬ᠎ᠠ ᠤᠳᠠᠭ᠎ᠠ ᠳᠤᠰ ᠱᠠᠩᠨᠠᠯ ᠤᠨ ᠰᠤᠩᠭᠤᠳᠠᠭ
ᠪᠦᠵᠢᠭ ᠤᠨ ᠡᠴᠤᠰ᠎ᠤᠨ ᠰᠢᠯᠭᠠᠷᠠᠭᠤᠯᠤᠯᠳᠠ᠎ᠳᠤ ᠤᠷᠤᠯᠴᠠᠵᠤ ᠪᠠᠢᠭ᠎ᠠ ᠶᠠᠪᠤᠳᠠᠯ ᠪᠤᠯᠤᠨ᠎ᠠ᠃

·ᠤᠷᠴᠢᠮᠬᠠᠨ《ᠡᠮᠡᠭᠳᠠᠢᠴᠤᠳ ᠨᠠᠮ ᠵᠢᠡᠨ ᠬᠦᠷᠢᠶᠡᠯᠡᠵᠤ᠂ ᠬᠤᠷᠢᠳᠤᠭᠠᠷ ᠶᠡᠬᠡ ᠬᠤᠷᠠᠯ᠎ᠢ ᠪᠠᠶᠠᠷᠯᠠᠨ ᠤᠬᠲᠤᠶᠠ》 ᠦᠪᠤᠷ ᠮᠤᠩᠭᠤᠯ᠎ᠤᠨ ᠦᠪᠡᠷᠲᠡᠬᠡᠨ ᠵᠠᠰᠠᠬᠤ ᠤᠷᠤᠨ᠎ᠤ ᠠᠩᠬᠠᠳᠤᠭᠠᠷ ᠬᠤᠭᠤᠴᠠᠭᠠᠨ᠎ᠤ《ᠲᠡᠮᠤᠷ ᠬᠡᠤᠬᠡᠨ》ᠤᠷᠠᠨ ᠰᠠᠢᠬᠠᠨ᠎ᠤ ᠦᠳᠡᠰᠢᠯᠡᠭᠡ ᠰᠢᠯᠤᠭᠤᠨ ᠬᠦᠬᠡ ᠬᠤᠰᠢᠭᠤᠨ᠎ᠳᠤ ᠶᠠᠪᠤᠬᠳᠠᠵᠤ᠂14 ᠬᠤᠰᠢᠭᠤ ᠰᠢᠶᠠᠨ᠎ᠤ ᠳᠡᠮᠤᠷ ᠬᠡᠤᠬᠡᠨᠴᠤᠳ᠎ᠤᠨ ᠤᠷᠠᠨ ᠰᠠᠢᠬᠠᠨ᠎ᠤ
ᠪᠦᠯᠬᠦᠮ᠎ᠤᠨ 200 ᠭᠠᠷᠤᠢ ᠬᠦᠮᠦᠨ ᠤᠷᠤᠯᠴᠠᠪᠠ᠃

·《ᠬᠤᠷᠢᠳᠤᠭᠠᠷ ᠶᠡᠬᠡ ᠬᠤᠷᠠᠯ᠎ᠢ ᠪᠠᠶᠠᠷᠯᠠᠨ ᠤᠬᠳᠤᠵᠤ ᠡᠭᠦᠷᠢᠳᠡ ᠨᠠᠮ ᠵᠢᠡᠨ
ᠳᠠᠭᠠᠨ ᠰᠢᠨ᠎ᠡ ᠠᠶᠠᠨ᠎ᠳᠤ ᠡᠷᠡᠮᠡᠬᠡᠢᠯᠡᠨ ᠤᠷᠤᠬᠰᠢᠯᠠᠶ᠎ᠠ》 ᠭᠡᠬᠦ ᠪᠠᠷᠠᠭᠤᠨ ᠦᠵᠦᠮᠦᠴᠢᠨ ᠬᠤᠰᠢᠭᠤᠨ᠎ᠤ ᠤᠶᠤᠲᠠᠳ᠎ᠤᠨ ᠳᠦᠷᠪᠡᠳᠦᠭᠡᠷ ᠤᠳᠠᠭᠠᠨ᠎ᠤ ᠤᠷᠠᠨ ᠰᠠᠢᠬᠠᠨ᠎ᠤ
ᠦᠳᠡᠰᠢᠯᠡᠭᠡ ᠤᠷᠴᠢᠮᠠᠬᠨ ᠶᠠᠪᠤᠬᠳᠠᠬᠰᠠᠨ ᠪᠠᠢᠨ᠎ᠠ᠃
ᠤᠢᠯᠡᠴᠢᠯᠡᠭᠡ
·ᠲᠦᠮᠡᠳ ᠵᠡᠬᠦᠨ ᠬᠤᠰᠢᠭᠤᠨ᠎ᠤ ᠰᠤᠷᠭᠠᠨ ᠬᠦᠮᠦᠵᠢᠯ᠎ᠤᠨ ᠰᠢᠰᠲᠸᠮ ᠴᠡᠴᠡᠷᠯᠢᠭ ᠤᠨ ᠪᠠᠬᠰᠢ ᠡᠯᠰᠡᠬᠦ ᠪᠡᠷ ᠪᠤᠢ᠃
·ᠨᠢᠭᠡ ᠭᠠᠷᠠᠭ ᠲᠠᠭᠠᠨ 4 — 5 ᠳᠠᠬᠢᠶᠠᠨ ᠦᠨᠳᠡᠭᠡ ᠢᠳᠡᠪᠡᠯ ᠬᠠᠮᠤᠭ ᠡᠴᠡ ᠳᠤᠬᠢᠷᠠᠮᠵᠢᠳᠠᠢ᠂ ᠬᠡᠳᠤᠷᠬᠡᠢ
ᠤᠯᠠᠨ ᠢᠳᠡᠬᠦ ᠨᠢ ᠬᠦᠮᠦᠨ᠎ᠤ ᠪᠡᠶ᠎ᠡ ᠵᠢᠨ ᠡᠷᠡᠬᠦᠯ ᠮᠡᠨᠳᠤ᠎ᠳᠤ ᠠᠰᠢᠭ ᠦᠭᠡᠢ᠃
ᠵᠠᠯᠭᠠᠭᠠᠳ《ᠤᠶᠠᠩᠭ᠎ᠠ ᠳᠠᠭᠤᠨ᠎ᠤ ᠱᠠᠬᠯᠠᠭᠠ》 ᠳᠠᠭᠤᠤ ᠪᠡᠷ ᠠᠶ᠎ᠠ ᠪᠠᠷᠢᠵᠤ ᠨᠡᠪᠲᠡᠷᠡᠬᠦᠯᠭᠡ ᠪᠡᠨ ᠵᠢᠷᠭᠠᠭᠠᠶ᠎ᠠ᠃ ᠲᠠ ᠪᠦᠬᠦᠨ ᠤ
ᠬᠦᠯᠢᠶᠡᠨ ᠠᠪᠴᠤ ᠰᠤᠨᠤᠰᠤᠬᠰᠠᠨ᠎ᠳᠤ ᠪᠠᠶᠠᠷᠯᠠᠯ᠎ᠠ᠂ ᠪᠠᠶᠠᠷᠲᠠᠢ!
