

ᠴᠠᠭ ᠲᠦᠷᠦ
• ᠨᠠᠮ᠎ᠤᠨ ᠲᠥᠪ ᠬᠣᠷᠢᠶᠠᠨ᠎ᠤ ᠤᠯᠤᠰ ᠲᠦᠷᠦ᠍᠎ᠶ᠋ᠢᠨ ᠲᠣᠪᠴᠢᠶ᠎ᠠ 7 ᠰᠠᠷ᠎ᠠ᠎ᠶ᠋ᠢᠨ 28 ᠤ᠋ ᠡᠳᠦᠷ ᠬᠤᠷᠠᠯ ᠬᠤᠷᠠᠯᠳᠤᠭᠤᠯᠵᠤ᠂ ᠣᠳᠣᠬᠠᠨ᠎ᠤ ᠠᠵᠤ ᠠᠬᠤᠢ᠎ᠶ᠋ᠢᠨ ᠪᠠᠢᠳᠠᠯ᠎ᠢ ᠵᠠᠳᠠᠯᠤᠨ ᠰᠤᠳᠤᠯᠵᠤ᠂ ᠳᠣᠣᠷ᠎ᠠ ᠬᠠᠭᠠᠰ ᠵᠢᠯ᠎ᠦᠨ ᠠᠵᠤ ᠠᠬᠤᠢ᠎ᠶ᠋ᠢᠨ ᠠᠵᠢᠯ᠎ᠢ ᠪᠠᠢᠷᠢᠯᠠᠭᠤᠯᠵᠤ᠂ 《ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠣᠷᠢᠶᠠᠨ᠎ᠤ ᠶᠢᠰᠦᠳᠦᠭᠡᠷ ᠡᠭᠡᠯᠵᠢ᠎ᠶ᠋ᠢᠨ ᠲᠣᠭᠣᠷᠢᠨ ᠪᠠᠢᠴᠠᠭᠠᠯᠲᠠ ᠶ᠋ᠢᠨ ᠪᠠᠢᠳᠠᠯ᠎ᠤᠨ ᠲᠤᠬᠠᠢ ᠶᠡᠷᠦᠩᠬᠡᠢᠯᠡᠭ᠌ᠰᠡᠨ ᠮᠡᠳᠡᠭᠦᠯᠦᠯᠲᠡ》 ᠵᠢ ᠬᠢᠨᠠᠨ ᠵᠥᠪᠯᠡᠪᠡ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ ᠰᠢ ᠵᠢᠨ ᠫᠢᠩ ᠬᠤᠷᠠᠯ ᠢ ᠡᠷᠬᠢᠯᠡᠵᠡᠢ᠃
ᠨᠡᠢᠭᠡᠮ
• ᠡᠨᠡ ᠵᠢᠯ᠎ᠡᠴᠡ ᠨᠠᠭᠠᠰᠢ ᠪᠥᠬᠥ᠌ ᠣᠷᠣᠨ᠎ᠤ ᠬᠣᠲᠠ ᠬᠥᠳᠡᠭᠡ᠎ᠶ᠋ᠢᠨ ᠨᠡᠢᠭᠡᠮ ᠲᠣᠭᠣᠷᠢᠭ᠎ᠤᠨ ᠬᠢᠨ ᠨᠡᠢᠭᠡᠮ ᠲᠣᠭᠣᠷᠢᠭ᠎ᠤᠨ ᠠᠵᠢᠯᠲᠠᠨ᠎ᠤ ᠠᠵᠢᠯ᠎ᠤᠨ ᠪᠠᠢᠷᠢ᠎ᠶ᠋ᠢ ᠨᠡᠢᠲᠡ 3073 ᠬᠠᠩᠭᠠᠵᠦ᠂ 2115 ᠬᠥᠮᠦᠨ᠎ᠢ ᠡᠯᠰᠡᠨ ᠬᠡᠷᠡᠭ᠌ᠯᠡᠵᠡᠢ᠃

•7 ᠰᠠᠷ᠎ᠠ᠎ᠶᠢᠨ 28᠎ᠤ ᠡᠳᠦᠷ᠂ ᠲᠤᠮᠳᠠᠳᠤ ᠤᠯᠤᠰ ᠤᠨ ᠷᠠᠳᠢᠤ᠋ ᠲᠧᠯᠸᠢᠰ᠎ᠤᠨ 5G ᠰᠦᠯᠵᠢᠶᠡᠨ᠎ᠤ ᠦᠢᠯᠡᠴᠢᠯᠡᠬᠡᠨ᠎ᠤ ᠦᠪᠦᠷ ᠮᠤᠩᠭᠤᠯ᠎ᠳᠡᠬᠢ ᠡᠬᠢᠯᠡᠯᠳᠡ᠎ᠶᠢᠨ ᠶᠤᠰᠤᠯᠠᠯ ᠬᠦᠬᠡᠬᠤᠳᠠ᠎ᠳᠦ ᠶᠠᠪᠤᠭᠳᠠᠪᠠ᠃

• 8 ᠰᠠᠷ᠎ᠠ᠎ᠶ᠋ᠢᠨ 1᠎ᠦ ᠡᠳᠦᠷ᠎ᠡᠴᠡ ᠡᠬᠢᠯᠡᠨ᠂ ᠬᠥᠬᠡᠬᠣᠲᠠ 《ᠥᠯᠥ᠍ ᠬᠦᠷᠦᠯᠴᠡᠬᠦ᠌》 ᠴᠢᠳᠠᠮᠵᠢ ᠪᠥᠬᠥᠶ ᠭᠤᠷᠪᠡᠳᠡᠬᠢ ᠬᠡᠪ᠎ᠤᠨ ᠨᠡᠢᠭᠡᠮ᠎ᠦᠨ ᠪᠠᠲᠤᠯᠠᠭ᠎ᠠ᠎ᠶ᠋ᠢᠨ ᠺᠠᠷᠲ᠎ᠢ ᠲᠠᠷᠬᠠᠭᠠᠬᠤ᠎ᠪᠠᠷ ᠪᠤᠢ᠃

• ᠰᠢᠨ᠎ᠡ ᠡᠨᠧᠷᠬᠢ᠎ᠶᠢᠨ ᠮᠠᠰᠢᠨ ᠲᠡᠷᠭᠡᠨ᠎ᠳᠦ ᠴᠠᠬᠢᠯᠭᠠᠨ ᠴᠡᠨᠡᠭᠯᠡᠬᠦ ᠪᠠᠭᠠᠨ᠎ᠠ ᠲᠤᠳᠠᠭᠳᠠᠵᠦ ᠪᠠᠢᠭ᠎ᠠ ᠠᠰᠠᠭᠤᠳᠠᠯ᠎ᠳᠦ ᠴᠢᠭᠯᠡᠭᠦᠯᠦᠨ᠂ ᠬᠥᠬᠡᠬᠣᠲᠠ 2024 ᠤᠨ ᠪᠤᠯᠳᠠᠯ᠎ᠠ ᠪᠥᠬᠥ᠌ ᠬᠣᠲᠠ᠎ᠶ᠋ᠢᠨ ᠬᠡᠪᠴᠢᠶᠡᠨ᠎ᠳᠦ 1 ᠲᠦᠮᠡᠨ ᠴᠠᠬᠢᠯᠭᠠᠨ ᠴᠡᠨᠡᠭ᠌ᠯᠡᠬᠦ᠌ ᠪᠠᠭᠠᠨ᠎ᠠ᠎ᠶᠢ ᠰᠢᠨ᠎ᠡ ᠪᠡᠷ ᠤᠭᠰᠠᠷᠠᠬᠤ ᠪᠡᠷ ᠲᠦᠯᠦᠪᠯᠡᠵᠦ ᠪᠤᠢ᠃
• ᠤᠢᠷ᠎ᠠ᠎ᠳᠦ ᠤᠷᠳᠤᠰ ᠬᠤᠳᠠ 150 ᠲᠦᠮᠡᠨ ᠲᠦᠭᠦᠷᠢᠭ᠎ᠤᠨ ᠬᠡᠷᠡᠭᠯᠡᠭᠡᠨ᠎ᠤ ᠲᠡᠮᠳᠡᠭᠳᠦ ᠶᠢ ᠲᠠᠷᠬᠠᠭᠠᠵᠦ᠂ ᠤᠷᠳᠤᠰ ᠬᠤᠳᠠ᠎ᠶᠢᠨ ᠵᠠᠬ᠎ᠠ ᠲᠡᠯᠭᠡᠭᠦᠷ᠎ᠤᠨ ᠬᠡᠷᠡᠭᠯᠡᠭᠡ᠎ᠶᠢ ᠲᠠᠢᠴᠢᠯᠠᠪᠠ᠃

• ᠡᠧᠡᠩᠬᠢ ᠬᠤᠰᠢᠭᠤᠨ᠎ᠤ ᠬᠤᠢ ᠰᠤᠮᠤ᠎ᠶᠢᠨ ᠬᠠᠺᠧᠮᠦ ᠭᠠᠴᠠᠭ᠎ᠠ᠂ ᠤᠩᠭᠤᠨᠳᠤᠬᠤᠢ ᠭᠠᠴᠠᠭ᠎ᠠ 《8•1》᠎ᠤ ᠴᠡᠷᠢᠭ ᠪᠠᠢᠭᠤᠯᠤᠭᠳᠠᠭᠰᠠᠨ ᠪᠠᠶᠠᠷ᠎ᠤᠨ ᠡᠳᠦᠷ᠎ᠢ ᠪᠡᠯᠭᠡᠯᠡᠬᠦ ᠠᠵᠢᠯᠯᠠᠭ᠎ᠠ ᠦᠷᠨᠢᠭᠦᠯᠵᠡᠢ᠃
• 7 ᠰᠠᠷ᠎ᠠ᠎ᠶ᠋ᠢᠨ 1᠎ᠦ ᠡᠳᠦᠷ ᠵᠣᠨ᠎ᠤ ᠠᠮᠠᠷᠠᠯᠲᠠ ᠶ᠋ᠢᠨ ᠵᠥᠭᠡᠭᠡᠪᠦᠷᠢ ᠡᠬᠢᠯᠡᠭ᠌ᠰᠡᠨ᠎ᠡᠴᠡ 27᠎ᠤ ᠡᠳᠦᠷ ᠪᠣᠯᠲᠠᠯ᠎ᠠ᠂ ᠪᠥᠬᠥ᠌ ᠤᠯᠤᠰ᠎ᠤᠨ ᠲᠡᠮᠦᠷ ᠵᠠᠮ ᠠᠶᠠᠨᠴᠢᠳ᠎ᠢ ᠨᠡᠢᠲᠡ 1.94 ᠳ᠋ᠦᠩᠱᠢᠭᠤᠷ ᠬᠥᠮᠦᠨ ᠤᠳᠠᠭ᠎ᠠ ᠬᠦᠷᠭᠡᠪᠡ᠃
ᠰᠤᠶᠤᠯ
• 7 ᠰᠠᠷ᠎ᠠ᠎ᠶᠢᠨ 30᠎ᠤ ᠡᠳᠦᠷ᠂ ᠠᠷᠪᠠ ᠶᠢᠰᠦᠳᠦᠭᠡᠷ ᠬᠤᠭᠤᠴᠠᠭᠠᠨ᠎ᠤ ᠲᠤᠮᠳᠠᠳᠤ ᠤᠯᠤᠰ • ᠦᠪᠦᠷ ᠮᠤᠩᠭᠤᠯ᠎ᠤᠨ ᠲᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠡᠬᠢᠯᠡᠯᠳᠡ᠎ᠶᠢᠨ ᠶᠤᠰᠤᠯᠠᠯ ᠵᠢᠴᠢ 《ᠪᠢ ᠲᠠᠯ᠎ᠠ ᠨᠤᠳᠤᠭ ᠲᠠᠢ ᠪᠡᠨ ᠪᠤᠯᠵᠤᠭ᠎ᠠ ᠲᠠᠢ》 — ᠦᠪᠦᠷ ᠮᠤᠩᠭᠤᠯ᠎ᠤᠨ ᠰᠤᠩᠭᠤᠳᠠᠭ ᠲᠠᠭᠤᠤ᠎ᠶᠢᠨ ᠦᠳᠡᠰᠢᠯᠡᠭᠡ ᠦᠪᠦᠷ ᠮᠤᠩᠭᠤᠯ ᠤᠨ ᠪᠡᠶ᠎ᠡ᠎ᠶᠢᠨ ᠲᠠᠮᠢᠷ᠎ᠤᠨ ᠤᠷᠳᠤᠨ᠎ᠳᠦ ᠶᠠᠪᠤᠭᠳᠠᠨ᠎ᠠ᠃
• 7 ᠰᠠᠷ᠎ᠠ᠎ᠶᠢᠨ 30᠎ᠤ ᠡᠳᠦᠷ᠂《ᠢᠯᠢ ᠬᠤᠨᠳᠠᠭᠠᠳᠤ》ᠦᠪᠦᠷ ᠮᠤᠩᠭᠤᠯ᠎ᠤᠨ ᠦᠵᠡᠮᠵᠢ᠎ᠶᠢᠨ ᠬᠡᠷᠡᠯ ᠵᠢᠷᠤᠭ᠎ᠤᠨ ᠦᠵᠡᠰᠭᠦᠯᠡᠩ ᠦᠪᠦᠷ ᠮᠤᠩᠭᠤᠯ᠎ᠤᠨ ᠤᠷᠠᠨ ᠵᠢᠷᠤᠭ᠎ᠤᠨ ᠤᠷᠳᠤᠨ᠎ᠳᠦ ᠡᠬᠢᠯᠡᠨ᠎ᠡ᠃
• 7 ᠰᠠᠷ᠎ᠠ᠎ᠶᠢᠨ 30᠎ᠤ ᠡᠳᠦᠷ᠂《ᠦᠵᠡᠰᠭᠦᠯᠡᠩᠳᠦ ᠰᠠᠢᠬᠠᠨ ᠲᠤᠮᠳᠠᠳᠤ ᠤᠯᠤᠰ • ᠦᠪᠦᠷ ᠮᠤᠩᠭᠤᠯ᠎ᠤᠨ ᠲᠦᠷᠢ ᠲᠦᠷᠬᠦ》 ᠭᠤᠤᠯ ᠰᠡᠳᠦᠪᠳᠦ ᠤᠷᠠᠨ ᠵᠢᠷᠤᠭ᠎ᠤᠨ ᠪᠦᠳᠦᠭᠡᠯ᠎ᠤᠨ ᠦᠵᠡᠰᠭᠦᠯᠡᠩ ᠦᠪᠦᠷ ᠮᠤᠩᠭᠤᠯ᠎ᠤᠨ ᠤᠷᠠᠨ ᠵᠢᠷᠤᠭ᠎ᠤᠨ ᠤᠷᠳᠤᠨ᠎ᠳᠦ ᠡᠬᠢᠯᠡᠨ᠎ᠡ᠃

• ᠰᠠᠶᠢᠬᠠᠨ ᠦᠨᠳᠦᠷᠯᠡᠭᠰᠡᠨ ᠪᠥᠬᠥ ᠤᠯᠤᠰ᠎ᠤ᠋ᠨ ᠴᠢᠯᠥᠭᠡᠲᠦ ᠪᠥᠬᠡ᠎ᠤ᠋ᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠡᠮᠡᠭᠳᠡᠢ᠎ᠶᠢᠨ 72 ᠺᠢᠯᠦᠭᠷᠡᠮ᠎ᠤᠨ ᠲᠡᠰ᠎ᠤᠨ ᠤᠷᠤᠯᠳᠤᠭᠠᠨ ᠳᠦ ᠮᠠᠨ᠎ᠤ ᠤᠷᠤᠨ᠎ᠤ ᠲᠠᠮᠢᠷᠴᠢᠨ ᠤᠶᠤᠨᠵᠢᠭᠦᠷ ᠠᠯᠲᠠᠨ ᠮᠧᠳᠠᠯ ᠣᠯᠵᠠᠶ᠃

• ᠬᠥᠬᠡᠬᠣᠲᠠ᠎ᠶ᠋ᠢᠨ ᠬᠣᠶᠠᠳᠤᠭᠠᠷ ᠬᠤᠭᠤᠴᠠᠭᠠᠨ᠎ᠤ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠤᠨ ᠤᠷᠠᠨ ᠵᠢᠷᠤᠭ᠂ ᠤᠷᠠᠨ ᠪᠢᠴᠢᠯᠭᠡ᠂ ᠬᠡᠷᠡᠯ ᠵᠢᠷᠤᠭ᠎ᠤᠨ ᠦᠵᠡᠰᠭᠦᠯᠡᠩ 7 ᠰᠠᠷ᠎ᠠ᠎ᠶᠢᠨ 30 ᠡᠴᠡ 8 ᠰᠠᠷ᠎ᠠ᠎ᠶᠢᠨ 10᠎ᠤ ᠡᠳᠦᠷ ᠪᠤᠯᠳᠠᠯ᠎ᠠ ᠬᠦᠬᠡᠬᠤᠳᠠ᠎ᠶᠢᠨ ᠤᠷᠠᠨ ᠵᠢᠷᠤᠭ᠎ᠤᠨ ᠤᠷᠳᠤᠨ᠎ᠳᠦ ᠶᠠᠪᠤᠭᠳᠠᠬᠤ ᠪᠡᠷ ᠪᠤᠢ᠃

• 7 ᠰᠠᠷ᠎ᠠ᠎ᠶᠢᠨ 29᠎ᠤ ᠡᠳᠦᠷ᠂《ᠳᠤᠮᠳᠠᠳᠤ᠎ᠶ᠋ᠢᠨ ᠰᠤᠶᠤᠯ᠎ᠢ ᠤᠢᠯᠠᠭᠠᠨ ᠤᠬᠠᠪᠤᠷᠢᠯᠠᠵᠦ ᠡᠬᠡ ᠤᠯᠤᠰ᠎ᠤᠨ ᠤᠮᠠᠷᠠᠲᠤ ᠬᠢᠯᠢ ᠪᠡᠷ ᠵᠢᠭᠤᠯᠴᠢᠯᠠᠬᠤᠢ》 ᠲᠠᠯ᠎ᠠ ᠨᠤᠲᠤᠭ᠎ᠤᠨ ᠱᠢᠷᠢᠰ ᠠᠵᠢᠯᠯᠠᠭ᠎ᠠ᠎ᠶᠢᠨ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ 32 ᠳ᠋ᠤᠭᠠᠷ ᠬᠤᠭᠤᠴᠠᠭᠠᠨ᠎ᠤ ᠵᠢᠭᠤᠯᠴᠢᠯᠠᠯ᠎ᠤᠨ ᠨᠠᠭᠠᠳᠤᠮ ᠰᠢᠯᠢᠩᠬᠤᠳᠠ᠎ᠳᠤ ᠦᠪᠡᠳᠡᠭ᠌ᠰᠢ ᠶᠡᠬᠡᠪᠡᠷ ᠡᠬᠢᠯᠡᠵᠡᠢ᠃
•ᠤᠢᠷ᠎ᠠ᠎ᠳᠦ 2022 ᠤᠨ᠎ᠤ《ᠲᠡᠳ᠋ ᠦᠨᠳᠦᠷᠯᠢᠭ ᠬᠤᠨᠳᠠᠭᠠᠳᠤ》 ᠪᠦᠬᠦ ᠤᠯᠤᠰ᠎ᠤᠨ ᠵᠠᠯᠠᠭᠤᠴᠤᠳ ᠪᠠᠭᠠᠴᠤᠳ᠎ᠤᠨ ᠬᠦᠯ ᠪᠦᠮᠪᠦᠭᠡ᠎ᠶᠢᠨ ᠤᠷᠤᠯᠳᠤᠭᠠᠨ ᠤᠷᠳᠤᠰ ᠬᠤᠳᠠ᠎ᠶᠢᠨ ᠳ᠋ᠦᠩᠱᠧᠩ ᠲᠤᠭᠤᠷᠢᠭ᠎ᠲᠦ ᠶᠠᠪᠤᠭᠳᠠᠵᠠᠢ᠃

• ᠰᠢᠨ᠎ᠡ ᠪᠠᠷᠭᠤ ᠵᠡᠭᠦᠨ ᠬᠤᠰᠢᠭᠤᠨ᠎ᠤ ᠲᠡᠮᠡᠭᠡᠨ ᠰᠤᠶᠤᠯ᠎ᠤᠨ ᠨᠡᠢᠭᠡᠮᠯᠢᠭ᠎ᠤᠨ ᠡᠷᠬᠢᠯᠡᠨ ᠶᠠᠪᠤᠭᠳᠠᠭᠤᠯᠤᠭᠰᠠᠨ ᠠᠩᠬᠠᠳᠤᠭᠠᠷ ᠬᠤᠭᠤᠴᠠᠭᠠᠨ᠎ᠤ 《ᠬᠤᠷᠳᠤᠨ ᠵᠢᠭᠠᠰᠤ》ᠬᠤᠨᠳᠠᠭᠠᠳᠤ ᠲᠡᠮᠡᠭᠡᠨ ᠪᠦᠮᠪᠦᠭᠡ᠎ᠶᠢᠨ ᠤᠷᠢᠯᠭ᠎ᠠ᠎ᠶᠢᠨ ᠤᠷᠤᠯᠳᠤᠭᠠᠨ ᠲᠦᠷᠦᠭᠦᠭᠡᠨ ᠰᠢᠨ᠎ᠡ ᠪᠠᠷᠭᠤ ᠵᠡᠭᠦᠨ ᠬᠤᠰᠢᠭᠤᠨ᠎ᠤ ᠭᠠᠨᠵᠤᠤᠷ ᠰᠤᠮᠤᠨ᠎ᠳᠦ ᠶᠠᠪᠤᠭᠳᠠᠵᠠᠢ᠃
• ᠲᠤᠬᠠᠶ᠎ᠶ᠋ᠢᠨ ᠭᠠᠵᠠᠷ᠎ᠤᠨ ᠴᠠᠭ᠎ᠢᠶᠠᠷ 27 ᠤ ᠡᠳᠦᠷ᠂ ᠫᠷᠠᠬᠠ ᠵᠢᠨ ᠡᠮᠡᠭ᠌ᠲᠡᠶ᠎ᠶ᠋ᠢᠨ ᠲᠣᠣᠷ ᠪᠥᠮᠪᠥᠭᠡ᠎ᠶ᠋ᠢᠨ ᠢᠯᠠ ᠤᠷᠤᠯᠳᠤᠭᠠᠨ᠎ᠤ ᠡᠮᠡᠭ᠌ᠲᠡᠶᠶ᠋ᠢᠨᠳᠠᠩᠢᠶᠡᠷ ᠴᠤᠬᠢᠬᠤ ᠬᠣᠶᠠᠳᠤᠭᠠᠷ ᠡᠭᠡᠯᠵᠢ᠎ᠶ᠋ᠢᠨ ᠲᠡᠮᠡᠴᠡᠭᠡᠨ ᠶᠠᠪᠤᠭᠳᠠᠵᠦ᠂ ᠮᠠᠨ᠎ᠤ ᠤᠯᠤᠰ᠎ᠤᠨ ᠲᠠᠮᠢᠷᠴᠢᠨ ᠸᠠᠩ ᠴᠢᠶᠠᠩ ᠰᠯᠤᠧᠧᠨᠢᠶᠠ ᠵᠢᠨ ᠲᠠᠮᠢᠷᠴᠢᠨ᠎ᠢ ᠢᠯᠠᠵᠤ᠂ ᠨᠠᠢ᠍ᠮᠠᠨ ᠬᠦᠴᠦᠷᠬᠡᠭ᠎ᠲᠦ ᠳᠠᠪᠱᠢᠪᠠ᠃


ᠦᠢᠯᠡᠴᠢᠯᠡᠭᠡ
• ᠮᠠᠨᠵᠤᠤᠷ ᠬᠤᠳᠠ᠎ᠶᠢᠨ ᠠᠷᠠᠳ᠎ᠤᠨ ᠡᠮᠨᠡᠯᠭᠡ᠎ᠶᠢᠨ ᠬᠤᠷᠢᠶ᠎ᠠ ᠢᠯᠡ ᠪᠡᠷ ᠠᠵᠢᠯᠳᠠᠨ ᠡᠯᠰᠡᠬᠦ ᠪᠡᠷ ᠪᠤᠢ᠃
• ᠵᠠᠷᠢᠮ ᠬᠦᠮᠦᠨ ᠬᠤᠭᠤᠯᠠ ᠪᠡᠨ ᠢᠳᠡᠵᠦ ᠪᠠᠷᠠᠮᠠᠭᠴᠠ ᠬᠡᠪᠳᠡᠭᠡᠳ ᠠᠮᠠᠷᠠᠳᠠᠭ ᠲᠠᠳᠬᠠᠯ ᠲᠠᠢ ᠪᠠᠢᠳᠠᠭ᠂ ᠦᠨᠡᠨ᠎ᠳᠡᠭᠡᠨ ᠢᠩᠬᠢᠪᠡᠯ ᠬᠤᠳᠤᠭᠤᠳᠤᠨᠤ ᠴᠢᠰᠤᠨ᠎ᠤ ᠬᠠᠩᠭᠠᠯᠳᠠ ᠬᠦᠷᠦᠯᠴᠡᠬᠦ ᠦᠭᠡᠢ ᠪᠤᠯᠵᠦ ᠰᠢᠩᠭᠡᠭᠡᠯᠳᠡ᠎ᠶᠢ ᠮᠠᠭᠤᠳᠠᠭᠤᠯᠳᠠᠭ ᠪᠠᠢᠨ᠎ᠠ᠃ ᠬᠤᠭᠤᠯᠠᠨ᠎ᠤ ᠲᠠᠷᠠᠭ᠎ᠠ ᠠᠳᠠᠭᠲᠡᠭᠠᠨ ᠬᠠᠭᠠᠰ ᠴᠠᠭ᠎ᠤᠨ ᠲᠠᠷᠠᠭ᠎ᠠ ᠤᠨᠳᠠᠪᠠᠯ ᠨᠡᠯᠢᠶᠡᠳ ᠲᠤᠬᠢᠷᠠᠮᠵᠢᠳᠠᠢ᠂ ᠢᠯᠠᠩᠭᠤᠶ᠎ᠠ ᠦᠳᠡ᠎ᠳᠦ ᠤᠨᠳᠠᠬᠤ ᠦᠶ᠎ᠡ᠎ᠳᠦ ᠨᠡᠩ ᠠᠩᠬᠠᠷᠪᠠᠯ ᠵᠤᠬᠢᠨ᠎ᠠ᠃
ᠵᠠᠯᠭᠠᠭᠠᠳ 《ᠵᠡᠭᠦᠨ ᠪᠤᠯᠠᠭ》 ᠲᠠᠭᠤᠤ ᠪᠡᠷ ᠠᠶ᠎ᠠ ᠪᠠᠷᠢᠵᠦ᠍ ᠨᠡᠪᠳᠡᠷᠡᠭᠦᠯᠭᠡ ᠪᠡᠨ ᠵᠢᠷᠭᠠᠭᠠᠶ᠎ᠠ᠃ ᠨᠡᠪᠲᠡᠷᠡᠭᠦᠯᠭᠡ ᠮᠠᠨᠢ ᠲᠠ ᠪᠦᠬᠦᠨ᠎ᠳᠤ ᠲᠠᠭᠠᠯᠠᠬ᠍ᠳᠠᠬ᠍ᠰᠠᠨ ᠪᠤᠯ᠂ ᠪᠢᠳᠡᠨ᠎ᠳᠤ ᠤᠷᠮ᠎ᠠ ᠬᠠᠢ᠌ᠷᠠᠯᠠᠭᠠᠷᠠᠢ! ᠲᠠ ᠪᠦᠬᠦᠨ ᠤ ᠬᠦᠯᠢᠶᠡᠨ ᠠᠪᠴᠤ᠌ ᠰᠤᠨᠤᠰᠤᠬ᠍ᠰᠠᠨ ᠳ᠋ᠸ᠋ ᠪᠠᠶᠠᠷᠯᠠᠯ᠎ᠠ᠂ ᠪᠠᠶᠠᠷᠳᠠᠢ!
